ᠬᠦᠭᠵᠢᠯᠳᠡ  ᠡᠷᠬᠦᠭᠰᠡᠨ ᠤᠬᠠᠭᠠᠨ ᠳᠠᠮᠢᠷ          — ᠠᠯᠠᠱᠠ ᠵᠡᠬᠦᠨ ᠬᠤᠰᠢᠭᠤᠨ ᠤ ᠴᠤᠭᠳᠤᠬᠦ᠋ᠷᠢᠶ᠎ᠠ ᠰᠤᠮᠤᠨ ᠤ  ᠠᠷᠠᠳ ᠤᠨ ᠳᠦᠯᠦᠭᠡᠯᠡᠭᠴᠢᠳ  ᠎ ᠤᠨ  ᠶᠡᠭᠡ ᠬᠤᠷᠠᠯ ᠤᠨ ᠳᠡᠷᠢᠬᠦᠯᠡᠭᠴᠢ ᠂  ᠵᠠᠭᠳᠤ ᠭᠠᠴᠠᠭᠠᠨ ᠤ ᠨᠢᠬᠡᠳᠦᠬᠡᠷ ᠱᠦᠵᠢ ᠰᠧᠷᠳᠤᠤ ᠎ ᠶᠢᠨ  ᠦᠢᠯᠡ  ᠠᠵᠢᠯᠯᠭ᠎ᠠ ᠶᠢ ᠳᠡᠮᠳᠡᠭ᠊
ᠨᠡᠶᠢᠲᠡᠯᠡᠭᠰᠡᠨ ᠴᠠᠭ᠄
2021/12/15
ᠡᠷᠳᠡᠨᠢᠠᠠᠭᠤᠯᠠ  ᠨᠠᠷᠠᠨ᠎ᠠ  ᠡᠷᠳᠡᠨᠢᠬᠦᠦ                    ᠳᠠᠪᠤᠨ ᠰᠠᠷ᠎ᠠ ᠶᠢᠨ ᠰᠡᠬᠦᠯᠴᠢ ᠶᠢᠨ ᠳᠡᠭᠷᠢ ᠬᠡᠵᠦ ᠡᠳᠦᠷ ᠤᠨ  ᠭᠤᠷᠪᠠ ᠬᠤᠪᠢᠷᠠᠨ᠎ᠠ᠃  ᠦᠳᠡ ᠳᠤ  ᠳᠦᠬᠡᠨᠡᠵᠦ ᠰᠢᠷᠠᠮᠠᠷ ᠬᠠᠯᠠᠭᠤᠨ ᠪᠠᠶᠢᠭᠰᠠᠨ ᠢᠶᠠᠨ  ᠤᠷᠤᠢ ᠪᠤᠯᠬᠤ ᠳᠤ  ᠰᠠᠯᠬᠢᠯᠠᠵᠦ ᠬᠦᠢᠳᠡᠷᠡᠪᠡ᠃  ᠳᠡᠭᠷᠢ ᠡᠯᠡᠰᠦᠨ ᠤ  ᠬᠦᠨ ᠳᠤ  ᠴᠠᠭᠠᠨ ᠦᠩᠭᠡᠳᠡᠢ  ᠨᠢᠬᠡ ᠪᠠᠭ᠎ᠠ ᠮᠠᠰᠢᠨ ᠡᠯᠡᠰᠦᠨ ᠤ  ᠴᠤᠬᠢᠶᠠᠳ ᠤᠷᠤᠢ  ᠎ ᠶᠢ ᠳᠡᠷᠬᠡᠨ ᠎ ᠤ  ᠴᠢᠳᠠᠯ᠂ ᠵᠢᠯᠤᠭᠤᠴᠢ ᠶᠢᠨ ᠮᠡᠷᠬᠡᠵᠢᠯ ᠢᠶᠠᠷ  ᠳᠤᠭᠤᠯᠵᠤ ᠶᠠᠪᠤᠨ᠎ᠠ᠃ ᠠᠯᠠᠱᠠ ᠵᠡᠬᠦᠨ ᠬᠤᠰᠢᠭᠤᠨ ᠤ ᠴᠤᠭᠳᠤᠬᠦ᠋ᠷᠢᠶ᠎ᠠ ᠰᠤᠮᠤᠨ ᠤ  ᠠᠷᠠᠳ ᠤᠨ  ᠳᠦᠯᠦᠭᠡᠯᠡᠭᠴᠢᠳ ᠤᠨ  ᠶᠡᠭᠡ ᠬᠤᠷᠠᠯ ᠤᠨ ᠳᠡᠷᠢᠬᠦᠯᠡᠭᠴᠢ  ᠂ ᠵᠠᠭᠳᠤ ᠭᠠᠴᠠᠭᠠᠨ ᠤ ᠨᠢᠬᠡᠳᠦᠬᠡᠷ ᠱᠦᠵᠢ ᠰᠧᠷᠳᠤᠤ ᠭᠤᠸᠠᠢ  ᠨᠢᠬᠡ ᠡᠳᠦᠷ ᠠᠶᠠᠯᠠᠭᠠᠳ᠂ ᠶᠡᠭᠡ ᠡᠯᠡᠰᠦᠨ ᠤ  ᠬᠦᠨ ᠳᠠᠬᠢ ᠳᠦᠷᠪᠡᠨ ᠠᠶᠢᠯ ᠢᠶᠠᠷ ᠤᠷᠤᠵᠤ᠂  ᠮᠠᠯᠴᠢᠳ ᠤᠨ  ᠦᠢᠯᠡᠳᠪᠦᠷᠢᠯᠡᠯ ᠠᠮᠢᠳᠤᠷᠠᠯ  ᠂ ᠤᠷᠤᠯᠭ᠎ᠠ ᠵᠠᠷᠤᠯᠭ᠎ᠠ ᠶᠢᠨ ᠪᠠᠶᠢᠳᠠᠯ ᠢ  ᠤᠶᠢᠯᠠᠭᠠᠨ᠂  ᠰᠢᠨ᠎ᠠ ᠲᠢᠳᠢᠮᠯᠢᠭ ᠠᠭᠤᠰᠬᠢᠨ ᠦᠷᠪᠢᠰᠦᠯ ᠤᠨ ᠳᠠᠷᠢᠯᠭ᠎ᠠ ᠶᠢᠨ ᠵᠡᠬᠦᠦ ᠳᠠᠷᠢᠬᠤ ᠬᠦᠮᠦᠰ ᠢ  ᠪᠦᠷᠢᠳᠬᠡᠨ ᠳᠠᠩᠰᠠᠯᠠᠵᠦ ᠠᠪᠤᠭᠠᠳ᠂ ᠳᠠᠪᠤᠳᠠᠬᠢ ᠠᠶᠢᠯ ᠳᠤ ᠠᠮᠵᠢᠨ ᠬᠦᠷᠴᠦ ᠬᠤᠨᠤᠭ ᠳᠠᠯᠪᠢᠬᠤ ᠬᠡᠵᠦ ᠶᠠᠭᠠᠷᠠᠨ ᠶᠠᠪᠤᠭ᠎ᠠ ᠠᠵᠢ᠃  ᠳᠡᠷᠡ ᠨᠢᠬᠡᠨᠳᠡ  ᠡᠶᠢᠮᠦᠷᠬᠡᠣ ᠵᠠᠮ ᠢᠶᠠᠷ ᠳᠦᠷᠪᠡᠨ ᠵᠢᠯ ᠠᠶᠠᠯᠠᠵᠦ᠂  ᠡᠯᠡᠰᠦᠨ ᠎ ᠳᠤ ᠰᠠᠭᠤᠭ᠎ᠠ ᠵᠠᠭᠳᠦ ᠵᠢᠨ‌ᠭᠤᠴᠢᠭᠠᠳ ᠡᠷᠦᠬᠡ ᠠᠶᠢᠯ  ᠎ ᠢᠶᠠᠷ ᠬᠡᠴᠢᠨᠠᠨ ᠤᠷᠤᠭᠰᠠᠨ ᠢᠶᠠᠨ  ᠦᠪᠡᠷ  ᠎ ᠢᠶᠠᠨ ᠴᠦ
ᠳᠤᠭᠠᠯᠠᠵᠦ ᠭᠠᠷᠬᠤ ᠦᠬᠡᠢ ᠪᠤᠯᠵᠡᠢ᠃
          ᠵᠠᠭᠳᠤ ᠭᠠᠴᠠᠭ᠎ᠠ ᠪᠤᠯ ᠳᠡᠭᠷᠢ ᠡᠯᠡᠰᠦᠨ ᠤ  ᠬᠦᠨ ᠳᠤ ᠪᠠᠶᠢᠷᠢᠯᠠᠭ᠎ᠠ ᠠᠯᠠᠱᠠ ᠵᠡᠬᠦᠨ ᠬᠤᠰᠢᠭᠤᠨ ᠤ ᠴᠤᠷ ᠤᠨ  ᠭᠠᠭᠴᠠ ᠵᠠᠰᠠᠮᠠᠯ ᠵᠠᠮ ᠨᠡᠪᠳᠡᠷᠡᠭᠡ ᠦᠬᠡᠢ ᠭᠠᠴᠠᠭ᠎ᠠ ᠪᠢᠯᠡ᠃ ᠡ᠊ᠨᠳᠡᠬᠢ ᠠᠶᠢᠯ ᠤᠳ ᠨᠡᠯᠦᠬᠡᠷ ᠡᠯᠡᠰᠦᠨ ᠎ ᠳᠤ  ᠳᠤᠮᠳᠠᠬᠢ ᠨᠤᠭᠤᠭᠠᠨ ᠪᠦᠷᠢᠳᠦ ᠳᠤ ᠳᠠᠷᠬᠠᠨ ᠰᠠᠭᠤᠳᠠᠭ᠃ ᠳᠡᠶᠢᠮᠦ ᠳᠡᠭᠡᠨ ᠬᠦᠮᠦᠰ  ᠵᠠᠭᠳᠤ  ᠎ ᠶᠢᠨ ᠬᠢᠨ ᠢ ︽ ᠳᠡᠭᠷᠢ ᠶᠢᠨ ᠬᠠᠯᠢᠪ ︵ ᠪᠦᠷᠬᠦᠬᠦᠯ︶᠎ ᠲᠠᠢ᠂  ᠡᠯᠡᠰᠦᠨ ᠬᠠᠰᠢᠶ᠎ᠠ ᠲᠠᠢ︾ ᠬᠡᠵᠦ ᠵᠦᠢᠷᠯᠡᠨ ᠬᠡᠯᠡᠳᠡᠭ᠃ ᠦᠩᠭᠡᠷᠡᠭᠰᠡᠨ ᠳᠤ ᠳᠡᠮᠡᠭᠡ ᠮᠠᠯ ᠢᠶᠠᠷ ᠶᠠᠪᠤᠪᠠᠯ ᠠᠶᠢᠯ ᠠᠶᠢᠯ ᠤᠨ  ᠬᠤᠭᠤᠷᠤᠨᠳᠦ ᠪᠠᠨ ᠡᠳᠦᠷᠵᠢᠨ ᠠᠶᠠᠯᠠᠵᠦ ᠪᠠᠶᠢᠮᠠᠨ ᠬᠦᠷᠴᠦ  ᠵᠤᠯᠭᠠᠨ ᠬᠡᠯᠡ ᠤᠯᠠ ᠠᠪᠤᠯᠴᠠᠳᠠᠭ ᠪᠠᠶᠢᠭᠰᠠᠨ ᠬᠡᠳᠡᠭ᠃ ᠤᠳᠤ  ᠴᠦ ᠬᠡᠰᠡᠨ ᠳᠡᠷᠭᠡ ᠪᠠᠷ ᠬᠡᠳᠦᠨ ᠴᠠᠭ
ᠰᠠᠵᠢᠯᠠᠵᠦ ᠪᠠᠶᠢᠮᠠᠨ ᠨᠢᠬᠡ ᠠᠶᠢᠯ ᠤᠨ ᠪᠠᠷ᠎ᠠ ᠤᠯᠵᠤ ᠬᠠᠷᠠᠳᠠᠭ  ᠠᠵᠢ  ᠃
          ᠰᠧᠷᠳᠤᠤ ᠭᠤᠸᠠᠢ 2018 ᠤᠨ ᠳᠤ ᠵᠠᠭᠳᠤ ᠭᠠᠴᠠᠭᠠᠨ ᠤ ᠨᠢᠬᠡᠳᠦᠬᠡᠷ ᠱᠦᠵᠢ ᠪᠠᠷ ᠳᠤᠮᠢᠯᠠᠭᠳᠠᠨ ᠪᠠᠭᠤᠭᠰᠠᠨ ᠪᠢᠯᠡ᠃   ᠳᠤᠬᠠᠢ ᠶᠢᠨ ᠦᠶ᠎ᠠ ᠳᠤ ᠵᠠᠭᠳᠤ ᠭᠠᠴᠠᠭ᠎ᠠ ᠭᠡᠭᠴᠢ ᠵᠠᠭᠤᠭᠠᠳ ᠡᠷᠦᠬᠡ ᠠᠶᠢᠯ ᠲᠠᠢ ᠴᠤᠯ ᠮᠠᠯᠵᠢᠬᠤ ᠭᠠᠴᠠᠭ᠎ᠠ  ᠂   ᠡᠬᠦᠨ ᠤ  ᠳᠤᠳᠤᠷ᠎ᠠ 35  ᠡᠷᠦᠬᠡ ᠨᠢ ᠶᠠᠳᠠᠭᠤ ᠬᠦᠴᠢᠷᠳᠡᠯᠳᠡᠢ ᠡᠷᠦᠬᠡ ᠪᠠᠷ ᠳᠠᠩᠰᠠᠯᠠᠭᠳᠠᠵᠦ᠂ ᠪᠦᠬᠦ ᠠᠶᠢᠯ ᠡᠷᠦᠬᠡ ᠶᠢᠨ ᠭᠤᠷᠪᠠᠨ ᠤ  ᠨᠢᠬᠡ ᠬᠤᠪᠢ ᠶᠢ ᠨᠢ ᠡᠵᠡᠯᠡᠵᠦ ᠪᠠᠶᠢᠪᠠ᠃ ᠵᠠᠮ ᠨᠡᠪᠳᠡᠷᠡᠯᠬᠡ ᠳᠦᠬᠦᠮ ᠦᠬᠡᠢ  ᠪᠤᠶᠢᠳᠡ ᠪᠦᠭᠯᠡᠬᠦᠦ ᠤᠷᠤᠨ ᠪᠤᠯᠬᠤᠷ ᠭᠤᠷᠪᠠᠨ ᠤ  ᠨᠢᠬᠡ ᠬᠤᠪᠢ ᠶᠢᠨ ᠠᠶᠢᠯ ᠨᠢ ᠡᠯᠡᠰᠦᠨ ᠳᠤ ᠮᠠᠯ ᠬᠠᠷᠢᠭᠤᠯᠵᠤ᠂  ᠪᠠᠰᠠ ᠭᠤᠷᠪᠠᠨ ᠤ  ᠨᠢᠬᠡ ᠬᠤᠪᠢ ᠶᠢᠨ ᠠᠶᠢᠯ ᠨᠢ ᠬᠤᠶᠠᠷᠬᠤᠤᠳᠤᠭ ᠤᠨ ᠬᠦᠳᠡᠭᠡ ᠳᠤ ᠨᠡᠬᠦᠨ ᠳᠠᠷᠢᠶᠠᠯᠠᠵᠦ᠂  ᠦᠯᠡᠳᠡᠭᠰᠡᠨ ᠭᠤᠷᠪᠠᠨ ᠤ  ᠨᠢᠬᠡ ᠶᠢᠨ ᠡᠷᠦᠬᠡ ᠨᠢ ᠪᠠᠶᠠᠨᠬᠤᠳᠠ ᠵᠡᠷᠬᠡ ᠭᠠᠵᠠᠷ ᠎ ᠢᠶᠠᠷ  ᠬᠦᠯᠦᠰᠦᠨ ᠠᠵᠢᠯ  ᠪᠤᠶᠤ ᠠᠷᠠᠯᠵᠢᠶ᠎ᠠ ᠮᠠᠶᠢᠮᠠᠢ ᠬᠢᠵᠦ ᠠᠵᠤ ᠳᠦᠷᠦᠵᠦ ᠪᠠᠶᠢᠪᠠ᠃ ᠭᠠᠴᠠᠭ᠎ᠠ ᠨᠢ ᠠᠯᠪᠠᠯᠠᠬᠤ ᠭᠡᠷ ᠤᠷᠤᠨ ᠴᠦ ᠦᠬᠡᠢ  ᠂ ᠭᠤᠷᠪᠠᠳᠤᠭᠠᠷ ᠲᠦᠷᠦᠯ ᠤᠨ ᠭᠠᠴᠠᠭ᠎ᠠ ᠳᠤ ᠬᠠᠷᠢᠶᠠᠯᠠᠭᠳᠠᠵᠦ ᠪᠠᠶᠢᠵᠡᠢ᠃ ᠶᠠᠭᠠᠬᠢᠪᠠᠯ ᠡᠨᠡᠬᠦ ᠨᠤᠳᠤᠭ ᠤᠰᠤᠨ ᠳᠤ ᠬᠤᠪᠢᠷᠠᠯᠳᠠ ᠭᠠᠷᠭᠠᠵᠦ᠂ ᠠᠷᠠᠳ ᠤᠯᠠᠨ ᠳᠠᠭᠠᠨ ᠤᠬᠠᠭᠠᠨ ᠳᠠᠮᠢᠷ᠂ ᠬᠦᠭᠵᠢᠯ ᠵᠢᠷᠭᠠᠯ ᠎ ᠢ ᠤᠯᠭᠤᠵᠤ ᠦᠭᠳᠡᠭ ᠪᠢᠯᠡ︖  ᠰᠧᠷᠳᠤᠤ ᠭᠤᠸᠠᠢ ᠠᠩᠬ᠎ᠠ ᠡᠬᠢᠯᠡᠵᠦ ᠶᠡᠭᠡ ᠡᠯᠡᠰᠦᠨ ᠤ ᠬᠦᠨ ᠳᠤ ᠤᠷᠤᠬᠤ
᠎ ᠪᠠᠷ ᠵᠠᠮᠨᠠᠬᠤ ᠠᠴᠠ  ᠎ ᠪᠠᠨ ᠡᠬᠢᠯᠡᠨ ᠪᠤᠳᠤᠵᠤ ᠰᠤᠪᠢᠵᠦ  ᠶᠠᠪᠤᠪᠠ᠃
   ᠰᠧᠷᠳᠤᠤ ᠭᠤᠸᠠᠢ  ᠵᠠᠮ ᠬᠠᠷᠢᠯᠴᠠᠭ᠎ᠠ᠂ ᠴᠢᠮᠡᠭᠡ ᠬᠤᠯᠪᠤᠭ᠎ᠠ᠂  ᠴᠠᠬᠢᠯᠭᠠᠨ ᠨᠡᠪᠳᠡᠷᠡᠬᠦᠯᠬᠦ᠂  ᠮᠠᠯᠴᠢᠳ ᠤᠨ  ᠤᠷᠤᠨ ᠰᠠᠭᠤᠴᠠ ᠶᠢ ᠰᠠᠶᠢᠵᠢᠷᠠᠭᠤᠯᠬᠤ ᠬᠡᠳ ᠦᠨᠳᠦᠰᠦᠨ ᠪᠦᠳᠦᠬᠡᠨ ᠪᠠᠶᠢᠭᠤᠯᠤᠯᠳᠠ ᠠᠴᠠ ᠭᠠᠷᠳᠠᠵᠦ ᠲᠡᠬᠡᠷ᠎ᠠ ᠱᠠᠳᠤᠨ ᠳᠤ  ᠠᠰᠠᠭᠤᠳᠠᠯ ᠢᠶᠠᠨ ᠳᠤᠰᠬᠠᠵᠦ ᠪᠠᠶᠢᠳᠠᠯ ᠢᠶᠠᠨ ᠮᠡᠳᠡᠬᠦᠯᠦᠨ ᠤᠯᠠᠨ ᠳᠠᠯ᠎ᠠ ᠶᠢᠨ ᠠᠷᠭ᠎ᠠ ᠵᠠᠮ ᠢᠶᠠᠷ  ᠳᠦᠷᠦᠯ ᠵᠦᠢᠯ ᠤᠯᠬᠤ ᠪᠠᠷ ᠴᠢᠷᠮᠠᠶᠢᠵᠦ ᠶᠠᠪᠤᠵᠡᠢ᠃  ᠬᠡᠪᠡᠴᠦ ᠡᠯᠡᠰᠦ ᠮᠠᠩᠬᠠᠨ ᠳᠤ ᠵᠠᠮ ᠵᠠᠰᠠᠬᠤ ᠳᠤ  ᠬᠦᠴᠢᠷᠳᠡᠯ  ᠠᠷᠪᠢᠨ ᠮᠦᠷᠳᠡᠬᠡᠨ ᠡ᠊ᠨᠳᠡᠬᠢ  ᠎ ᠶᠢᠨ ᠬᠦᠮᠦᠨ ᠠᠮᠠ ᠴᠦᠬᠡᠨ᠂  ᠲᠠᠷᠠᠬᠠᠢ ᠪᠤᠳᠠᠷᠬᠠᠢ  ᠰᠠᠭᠤᠷᠢᠰᠢᠵᠦ ᠪᠠᠶᠢᠭ᠎ᠠ ᠳᠤᠯᠠ ᠪᠡᠯᠡ ᠤᠷᠤᠭᠤᠯᠤᠯᠳᠠ ᠶᠡᠭᠡ  ᠂  ᠠᠰᠢᠭ ᠤᠷᠤᠯᠭ᠎ᠠ ᠪᠠᠭ᠎ᠠ  ᠭᠡᠳ ᠴᠠᠬᠢᠯᠭᠠᠨ᠂ ᠴᠢᠮᠡᠭᠡ  
ᠬᠤᠯᠪᠤᠭᠠᠨ ᠤ ᠠᠵᠤ ᠠᠬᠤᠶᠢᠯᠠᠯ ᠤᠨ  ᠎ ᠬᠢᠨ  ᠪᠦᠳᠦᠬᠡᠨ ᠪᠠᠶᠢᠭᠤᠯᠤᠯᠳᠠ ᠬᠢᠬᠦ  ᠳᠤᠷ᠎ᠠ ᠦᠬᠡᠢ ᠪᠠᠶᠢᠪᠠ᠃
          ᠵᠠᠭᠳᠦ ᠶᠢᠨ ᠡᠯᠡᠰᠦ ᠶᠢ ᠪᠤᠶᠢᠳᠠ ᠪᠦᠭᠯᠡᠬᠦᠦ ᠬᠡᠬᠦ ᠳᠤ ᠡ᠊ᠨᠳᠡᠬᠢ ᠪᠠᠶᠢᠭᠠᠯᠢ ᠤᠩᠭᠤᠨ ᠳᠠᠷᠬᠠᠨ ᠡᠪᠳᠡᠭᠳᠡᠭᠡ ᠦᠬᠡᠢ ᠬᠡᠪ ᠢᠶᠠᠷ ᠢᠶᠠᠨ᠃ ᠵᠠᠮ ᠬᠠᠷᠢᠯᠴᠠᠭ᠎ᠠ᠂ ᠴᠢᠮᠡᠭᠡ ᠬᠤᠯᠪᠤᠭ᠎ᠠ᠂ ᠴᠠᠬᠢᠯᠭᠠᠨ ᠦᠬᠡᠢ ᠬᠡᠬᠦ ᠳᠤ ᠡ᠊ᠨᠳᠡ ᠴᠢᠮᠡᠭᠡ ᠱᠤᠤᠬᠢᠶᠠᠨ ᠦᠬᠡᠢ ᠰᠠᠳᠬᠢᠯ ᠰᠠᠨᠠᠭ᠎ᠠ ᠪᠠᠨ ᠠᠷᠢᠭᠤᠳᠬᠠᠵᠦ ᠴᠡᠪᠡᠷᠰᠢᠬᠦᠯᠬᠦ ᠠᠷᠢᠭᠤᠨ ᠳᠠᠭᠱᠢᠨ ᠤᠷᠤᠨ ᠪᠠᠶᠢᠭ᠎ᠠ ᠶᠤᠮ᠃ ᠰᠧᠷᠳᠤᠤ ᠭᠤᠸᠠᠢ ᠵᠠᠭᠳᠤ ᠭᠠᠴᠠᠭ᠎ᠠ ᠶᠢᠨ ᠡᠨᠡᠬᠦ ᠨᠦᠬᠦᠴᠡᠯ ᠨᠢ ᠤᠯᠳᠠᠭᠳᠠᠰᠢ ᠦᠬᠡᠢ ︽ ᠤᠷᠴᠢᠯᠠᠩ ᠤᠨ  ᠭᠠᠳᠠᠨᠠᠬᠢ  ᠵᠢᠷᠭᠠᠯᠠᠩ ᠤᠨ  ᠤᠷᠤᠨ︾  ᠪᠠᠶᠢᠭ᠎ᠠ ᠶᠢ ᠦᠵᠡᠵᠦ ᠭᠠᠷᠤᠭᠠᠳ ᠭᠠᠴᠠᠭᠠᠨ ᠎ ᠤ ᠬᠤᠶᠠᠷ ᠵᠦᠪᠯᠡᠯ ᠤᠨ ᠬᠢᠨ ᠲᠠᠢ ᠪᠠᠨ ᠵᠦᠪᠳᠡᠯᠴᠡᠵᠦ᠂  ᠡᠯᠡᠰᠦᠨ ᠤ ᠠᠵᠦ ᠦᠢᠯᠡᠰ ᠢ ᠬᠦᠭᠵᠢᠬᠦᠯᠬᠦ᠂ ᠵᠤᠭᠠᠴᠠᠯ ᠎ ᠤᠨ ᠦᠢᠯᠡᠰ ᠢ ᠬᠦᠭᠵᠢᠬᠦᠯᠬᠦ᠂ ᠲᠡᠮᠡᠭᠡ ᠦᠬᠡᠷ  ᠵᠡᠷᠬᠡ ᠨᠤᠳᠤᠭ ᠤᠨ  ᠡᠬᠦᠯᠳᠡᠷ ᠢ ᠬᠦᠭᠵᠢᠬᠦᠯᠬᠦ  ᠠᠷᠭ᠎ᠠ ᠵᠠᠮ ᠢ ᠳᠤᠭᠳᠠᠭᠠᠨ᠂ ᠠᠷᠠᠳ ᠢᠶᠠᠨ ᠪᠠᠶᠠᠵᠢᠭᠤᠯᠵᠤ᠂ ᠬᠦᠳᠡᠭᠡ ᠳᠤᠰᠬᠤᠨ ᠤ  ᠦᠩᠭᠡ ᠦᠵᠡᠮᠵᠢ ᠪᠠᠨ ᠬᠤᠪᠢᠷᠠᠭᠤᠯᠬᠤ ᠎ ᠪᠠᠷ ᠴᠢᠷᠮᠠᠶᠢᠭᠰᠠᠨ ᠪᠠᠶᠢᠯ᠎ᠠ᠃  ᠢᠩᠬᠢᠬᠡᠳ ᠰᠧᠷᠳᠤᠤ ᠭᠤᠸᠠᠢ ᠡᠨᠡᠬᠦ ᠨᠡᠯᠦᠬᠡᠷ ᠶᠡᠭᠡ ᠡᠯᠡᠰᠦᠨ ᠳᠠᠯᠠᠢ ᠪᠠᠷ ᠬᠦᠨᠳᠡᠯᠡᠨ ᠭᠤᠤᠯᠳᠦ ᠳᠤᠭ᠎ᠠ ᠦᠬᠡᠢ ᠤᠯᠠᠨ ᠠᠶᠠᠯᠠᠵᠦ᠂  ᠤᠬᠠᠭᠤᠯᠵᠤ ᠳᠡᠮᠵᠢᠬᠦ ᠤᠯᠠᠨ ᠠᠵᠢᠯ ᠢ ᠬᠢᠵᠦ ᠶᠠᠪᠤᠵᠡᠢ᠃
          ᠰᠧᠷᠳᠤᠤ ᠭᠤᠸᠠᠢ ᠶᠢᠨ  ᠦᠨᠦᠳᠦᠷ ᠤᠨ ᠠᠶᠠᠯᠠᠯ ᠤᠨ  ᠨᠢᠬᠡᠳᠦᠬᠡᠷ ᠲᠤ ᠤᠴᠢᠬᠤ ᠠᠶᠢᠯ ᠢ ᠪᠠᠭᠠᠨ᠎ᠠ ᠎ ᠶᠢᠨ ᠬᠢ ᠬᠡᠳᠡᠭ᠃   ᠳᠡᠷᠬᠡ ᠡᠯᠡᠰᠦᠨ ᠳᠠᠪᠠᠭ᠎ᠠ  ᠳᠠᠮᠵᠢᠨ ᠶᠠᠪᠤᠭᠰᠠᠭᠠᠷ ᠬᠡᠨᠡᠳᠳᠡ ᠦᠨᠳᠦᠷ ᠴᠤᠬᠢᠶᠠᠨ ᠤ ᠳᠡᠬᠡᠷ᠎ᠠ ᠎ ᠠᠴᠠ  ᠳᠤᠩᠭᠤᠶᠢᠵᠦ ᠦᠩᠭᠡᠶᠢᠬᠦ ᠳᠤ ᠲᠡᠷᠠ ᠳᠤᠤᠷ᠎ᠠ ᠤᠭᠴᠢᠨ ᠳᠤ ᠵᠢᠵᠢᠭᠬᠡᠨ ᠨᠤᠭᠤᠭᠠᠨ ᠪᠦᠷᠢᠳᠦ ᠪᠦᠯᠳᠡᠶᠢᠵᠦ ᠬᠠᠷᠠᠭᠳᠠᠬᠤᠯᠠᠷ ᠰᠤᠴᠢᠵᠦ ᠠᠪᠤᠮᠠᠷ  ᠪᠤᠯᠤᠯ᠎ᠠ᠃   ᠡᠯᠡᠰᠦᠨ‌‍ᠳᠥ  ᠤᠳᠠᠭᠠᠨ ᠶᠠᠪᠤᠭᠰᠠᠨ ᠤ ᠬᠢ ᠪᠤᠯᠪᠠᠤ᠂ ᠭᠡᠨᠡᠳᠳᠡ ᠨᠤᠭᠤᠭᠠᠨ ᠪᠦᠷᠢᠳᠦ᠂ ᠠᠶᠢᠯ ᠬᠦᠮᠦᠨ  ᠦᠵᠡᠭᠳᠡᠬᠦᠯᠡᠷ ᠰᠤᠨᠢᠬᠠᠨ ᠰᠠᠨᠠᠭᠳᠠᠵᠦ ᠪᠢᠯᠡ᠃ ᠨᠢᠳᠦ  ᠰᠢᠭ ᠮᠡᠯᠳᠡᠶᠢᠬᠦ ᠵᠢᠵᠢᠭᠭᠡᠨ ᠨᠠᠭᠤᠷ ᠲᠠᠢ ᠨᠤᠭᠤᠭᠠᠨ ᠪᠦᠷᠢᠳᠦ ᠳᠤ ᠪᠠᠭᠠᠨ᠎ᠠ ᠶᠢᠨ ᠬᠢ ᠭᠠᠭᠴᠠ ᠠᠶᠢᠯ ᠰᠠᠭᠤᠷᠢᠰᠢᠳᠠᠭ᠃  ᠳᠡᠳᠡ ᠦᠩᠭᠡᠷᠡᠭᠰᠡᠨ ᠳᠤ ᠭᠠᠳᠠᠭᠰᠢ ᠶᠠᠪᠤᠵᠤ ᠠᠵᠢᠯ ᠬᠢᠵᠦ ᠵᠤᠭᠤᠰ ᠤᠯᠵᠤ ᠪᠠᠶᠢᠭᠰᠠᠨ ᠢᠶᠠᠨ ᠤᠷᠴᠢᠮ ᠤᠨ ᠵᠢᠯ ᠳᠤ ᠨᠤᠳᠤᠭ  ᠎ ᠲᠠᠭᠠᠨ ᠪᠤᠴᠠᠵᠦ  ᠮᠠᠯᠵᠢᠯ ᠡᠷᠬᠢᠯᠡᠨ ᠨᠤᠳᠤᠭ  ᠤᠰᠤ ᠪᠠᠨ ᠪᠦᠳᠦᠬᠡᠨ ᠪᠠᠶᠢᠭᠤᠯᠤᠭᠰᠠᠨ ᠡᠷᠦᠬᠡ  ᠪᠤᠯᠤᠨ᠎ᠠ᠃  ᠳᠡᠳᠡ ᠤᠷᠴᠢᠮ ᠤᠨ  ᠵᠢᠯ ᠳᠤ ᠬᠤᠨᠢ ᠢᠮᠠᠭ᠎ᠠ᠂ ᠦᠬᠡᠷ  ᠳᠤᠰᠬᠠᠶᠢᠯᠠᠨ ᠮᠠᠯᠵᠢᠵᠦ ᠦᠩᠭᠡᠷᠡᠭᠰᠡᠨ ᠪᠦᠬᠡᠳ  ᠤᠳᠤ  ᠵᠦᠪᠬᠡᠨ ᠳᠡᠮᠡᠭᠡ ᠬᠠᠷᠢᠭᠤᠯᠵᠤ ᠦᠰᠬᠡᠵᠦ ᠪᠠᠶᠢᠭ᠎ᠠ ᠶᠤᠮ ᠪᠠᠶᠢᠨ᠎ᠠ᠃  ᠦᠪᠡᠷ ᠤᠨ  ᠪᠡᠯᠴᠢᠬᠡᠷ ᠎ ᠠᠴᠠ ᠭᠠᠳᠠᠨ᠎ᠠ ᠪᠤᠰᠤᠳ ᠤᠨ  ᠪᠡᠯᠴᠢᠬᠡᠷ  ᠎ ᠢ ᠳᠦᠷᠢᠶᠡᠰᠦᠯᠡᠨ ᠳᠡᠮᠡᠭᠡ ᠪᠠᠨ  ᠪᠡᠯᠴᠢᠬᠡᠳᠡᠭ ᠬᠡᠨ᠎ᠠ᠃  ᠳᠡᠬᠡᠬᠡᠳ ᠪᠡᠯᠴᠢᠬᠡᠷ ᠤᠨ  ᠪᠠᠭᠳᠠᠭᠠᠮᠵᠢ ᠠᠴᠠ ᠪᠤᠯᠵᠤ ᠨᠢᠳᠤᠨᠤᠨ ᠡᠪᠦᠯ  ᠳᠡᠮᠡᠭᠡ ᠪᠠᠨ ᠴᠦᠬᠡᠴᠢᠯᠡᠵᠦ᠂ ᠳᠡᠭᠰᠢᠳᠬᠡᠬᠡᠳ ᠳᠦᠮᠡᠨ ᠳᠦᠬᠦᠷᠢᠭ ᠤᠨ  ᠦᠨ᠎ᠠ ᠪᠠᠷ 48 ᠬᠠᠶᠢᠮᠠᠯ ᠢᠩᠭᠡ᠂ ᠬᠡᠳᠦᠨ ᠠᠳᠠ ᠬᠤᠳᠠᠯᠳᠤᠵᠤ ᠤᠳᠤ ᠶᠡᠷᠡᠭᠡᠳ ᠲᠡᠮᠡᠭᠡ ᠦᠯᠡᠳᠡᠬᠡᠨ ᠬᠠᠷᠢᠭᠤᠯᠵᠤ ᠪᠠᠶᠢᠨ᠎ᠠ᠃  ᠳᠡᠳᠡᠨ ᠤ ᠪᠠᠰᠠ ᠨᠢᠬᠡᠨ ᠤᠷᠤᠯᠭ᠎ᠠ ᠨᠢ ᠤᠯᠠᠭᠠᠨ ᠭᠤᠶᠤᠤ ᠶᠢᠨ ᠤᠷᠤᠯᠭ᠎ᠠ  ᠪᠤᠯᠤᠨ᠎ᠠ᠃  ᠮᠠᠯᠴᠢᠨ ᠪᠠᠭᠠᠨ᠎ᠠ᠄ ︽ᠬᠠᠮᠤᠭ ᠰᠠᠶᠢᠨ ᠵᠢᠯ ᠳᠡᠭᠡᠨ 10 ᠳᠦᠮᠡᠨ ᠳᠦᠬᠦᠷᠢᠭ ᠤᠨ  ᠭᠤᠶᠤᠤ  ᠮᠠᠯᠳᠠᠵᠦ ᠬᠤᠳᠠᠯᠳᠤᠳᠠᠭ᠂ ᠡᠨᠡ ᠵᠢᠯ ᠭᠤᠶᠤᠤ ᠶᠢᠨ  ᠦᠨ᠎ᠠ  ᠬᠢᠮᠳᠠ  ᠰᠢᠭ᠋  ᠪᠠᠶᠢᠨ᠎ᠠ᠃ ᠬᠡᠪᠡᠴᠦ 5 — 6  ᠳᠦᠮᠡᠨ ᠳᠦᠬᠦᠷᠢᠭ ‍ᠤᠨ‌ᠤᠷᠤᠯᠭ᠎ᠠ ᠤᠯᠬᠤ ᠪᠤᠢ︾ ᠬᠡᠵᠦ ᠬᠦᠷᠢᠶ᠎ᠠ ᠳᠦᠬᠦᠷᠡᠩ ᠬᠠᠳᠠᠭᠠᠭᠰᠠᠨ ᠤᠯᠠᠭᠠᠨ ᠭᠤᠶᠤᠤ ᠪᠠᠨ ᠵᠢᠭᠠᠵᠦ ᠶᠠᠷᠢᠨ᠎ᠠ᠃ ᠮᠠᠯᠴᠢᠨ ᠪᠠᠭᠠᠨ᠎ᠠ ᠲᠠᠢ ᠠᠳᠠᠯᠢ ᠪᠠᠷ ᠵᠠᠭᠳᠤ ᠭᠠᠴᠠᠭᠠᠨ ᠳᠤ ᠵᠠᠭᠤᠭᠠᠳ ᠳᠡᠮᠡᠭᠡ ᠎ ᠲᠠᠢ ᠠᠶᠢᠯ ᠤᠯᠠᠰᠢᠷᠠᠵᠦ᠂ ᠭᠠᠴᠠᠭᠠᠨ ᠤ ᠳᠡᠮᠡᠬᠡᠨ ᠤ ᠳᠤᠭ᠎ᠠ ᠨᠢ 1500  ᠎ ᠶᠢ ᠭᠠᠳᠤᠯᠵᠤ᠂ ᠪᠦᠬᠦ ᠰᠤᠮᠤᠨ ᠤ  ᠳᠡᠮᠡᠬᠡᠨ ᠤ  ᠶᠡᠷᠦᠩᠭᠡᠢ ᠳᠤᠭ᠎ᠠ ᠶᠢᠨ ᠭᠤᠷᠪᠠᠨ ᠤ  ᠨᠢᠬᠡ ᠬᠤᠪᠢ ᠶᠢ ᠡᠵᠡᠯᠡᠭᠰᠡᠨ ᠪᠠᠶᠢᠨ᠎ᠠ᠃ ᠡᠨᠡ ᠬᠤᠶᠠᠷ ᠵᠢᠯ ᠳᠤ ᠡ᠊ᠨᠳᠡᠬᠢ ᠶᠢᠨ ᠮᠠᠯᠴᠢᠳ ᠤᠨ  ᠨᠤᠳᠤᠭ ᠤᠨ ᠰᠢᠷ᠎ᠠ ᠦᠬᠡᠷ ᠢᠶᠠᠨ ᠬᠠᠮᠠᠭᠠᠯᠠᠵᠦ ᠦᠰᠬᠡᠬᠦ ᠤᠷᠮᠠᠰᠢᠯ ᠦᠨᠳᠦᠷᠵᠢᠵᠦ᠂ ᠪᠦᠬᠦ ᠭᠠᠴᠠᠭᠠᠨ ᠤ  ᠦᠬᠡᠷ ᠤᠨ  ᠳᠤᠭ᠎ᠠ ᠴᠦ400 ᠭᠠᠷᠤᠢ ᠳᠤᠯᠤᠭᠠᠢ ᠳᠤ ᠬᠦᠷᠴᠦ᠂ ᠭᠠᠴᠠᠭᠠᠨ ᠤ  ᠨᠠᠮ ᠤᠨ  ᠡᠬᠦᠷ ᠤᠨ  ᠱᠦᠵᠢ᠂ ᠭᠠᠴᠠᠭᠠᠨ ᠳᠠᠷᠤᠭ᠎ᠠ  ᠴᠢ ᠴᠸᠡᠭ ᠮᠢᠩ ᠤᠨ ᠦᠬᠡᠷ ᠤᠨ  ᠰᠦᠷᠦᠭ  ᠎ ᠨᠢ ᠤᠯᠤᠰ ᠤᠨ  ᠳᠡᠰ ᠤᠨ ᠮᠤᠩᠭᠤᠯ ᠦᠬᠡᠷ ᠤᠨ ᠡᠬᠦᠯᠳᠡᠷ ᠬᠠᠮᠠᠭᠠᠯᠠᠬᠤ ᠰᠠᠭᠤᠷᠢᠨ ᠢᠶᠠᠷ ᠨᠡᠷᠡᠶᠢᠳᠦᠭᠳᠡᠵᠦ᠂  ᠵᠠᠭᠳᠤ  ᠭᠠᠴᠠᠭᠠᠨ ᠤ  
ᠨᠤᠳᠤᠭ ᠤᠨ ᠴᠡᠪᠡᠷ ᠡᠬᠦᠯᠳᠡᠷ ‍ᠤᠨ‌ᠦᠬᠡᠷ  ᠬᠠᠮᠠᠭᠠᠯᠠᠭᠳᠠᠨ ᠦᠰᠬᠦ ᠰᠠᠶᠢᠬᠠᠨ ᠪᠠᠶᠢᠳᠠᠯ ᠲᠠᠢ ᠪᠤᠯᠤᠭᠰᠠᠨ ᠪᠠᠶᠢᠨ᠎ᠠ᠃
       ᠰᠧᠷᠳᠤᠤ ᠭᠤᠸᠠᠢ ᠶᠢᠨ ᠠᠶᠠᠯᠠᠯ ᠤᠨ  ᠬᠤᠶᠠᠳᠠᠬᠢ ᠦᠷᠳᠡᠭᠡ ᠨᠢ ᠬᠠᠷ᠎ᠠ ᠳᠠᠪᠤᠰᠤᠨ ᠨᠠᠭᠤᠷ ᠬᠡᠳᠡᠭ  ᠭᠠᠵᠠᠷ ᠲᠤ ᠪᠠᠶᠢᠭ᠎ᠠ ᠫᠸᠡᠭ ᠵᠢᠶᠠ ᠴᠦᠡᠭ ᠤᠨ  ᠎ ᠬᠢ᠃  ᠭᠡᠷ ᠤᠨ  ᠬᠦᠮᠦᠨ ᠨᠢ ᠬᠤᠤᠷᠳᠤ ᠴᠢᠨ᠋ᠸ᠎ᠠ‌ᠵᠢᠨ ᠳᠤᠯᠤᠭᠠᠢ ᠬᠡᠢ ᠡᠪᠡᠳᠴᠢᠨ ᠳᠤ ᠨᠡᠷᠪᠡᠭᠳᠡᠵᠦ᠂  ᠵᠠᠷᠤᠯᠭ᠎ᠠ ᠶᠡᠬᠡᠳᠡᠵᠦ ᠠᠮᠢᠳᠤᠷᠠᠯ ᠨᠢ ᠬᠦᠴᠢᠷᠳᠡᠵᠡᠢ᠃ ᠰᠧᠷᠳᠤᠤ  ᠤᠯᠠᠨ ᠢ ᠤᠷᠢᠶᠠᠯᠠᠨ ᠵᠤᠭᠤᠰ ᠳᠤᠰᠠᠯᠠᠬᠤ ᠠᠵᠢᠯᠯᠠᠭ᠎ᠠ ᠦᠷᠨᠢᠬᠦᠯᠵᠦ ᠳᠡᠮᠵᠢᠭᠰᠡᠨ ᠪᠦᠬᠡᠳ  ᠮᠠᠯᠵᠢᠬᠤ ᠳᠠᠷᠢᠶᠠᠯᠠᠬᠤ ᠤᠷᠤᠨ ᠤ  ᠨᠤᠷᠠᠬᠤ ᠠᠶᠤᠯᠳᠠᠢ  ᠬᠡᠷ ᠪᠠᠶᠢᠰᠢᠩ ᠢ  ᠵᠠᠰᠠᠵᠦ ᠦᠬᠡᠷᠡᠴᠢᠯᠡᠬᠦ ᠳᠦᠷᠦᠯ ᠵᠦᠢᠯ ᠢᠶᠠᠷ ᠭᠡᠷ ᠪᠠᠶᠢᠰᠢᠩ ᠢ ᠨᠢ  ᠵᠠᠰᠠᠵᠦ ᠰᠢᠨᠡᠳᠬᠡᠵᠡᠢ᠃  ᠨᠠᠮ ᠵᠠᠰᠠᠭ᠂ ᠮᠠᠯᠴᠢᠨ ᠳᠦᠮᠡᠨ ᠤ  ᠳᠡᠮᠵᠢᠯᠬᠡ ᠪᠠᠷ ᠡᠪᠡᠳᠴᠢᠨ ᠢᠶᠠᠨ ᠵᠠᠰᠠᠵᠦ ᠡᠳᠡᠭᠡᠷᠡᠬᠦᠯᠦᠨ᠂ ᠬᠡᠷ ᠪᠠᠶᠢᠰᠢᠩ ᠢᠶᠠᠨ ᠵᠠᠰᠠᠵᠦ ᠰᠢᠨᠡᠳᠭᠡᠭᠰᠡᠨ ᠫᠸᠡᠭ ᠵᠢᠶᠠ ᠴᠦᠡᠭ ᠤᠨ  ᠎ ᠬᠢᠨ ᠤ  ᠠᠮᠢᠳᠤᠷᠠᠯ ᠎ ᠢᠶᠠᠨ ᠦᠬᠡᠳᠡ ᠳᠠᠳᠠᠬᠤ  ᠤᠷᠮ᠎ᠠ ᠵᠤᠷᠢᠭ ᠨᠢ ᠬᠦᠪᠴᠢᠯᠡᠭᠳᠡᠵᠦ᠂ ᠵᠠᠭ ᠳᠠᠷᠢᠵᠦ ᠴᠠᠭᠠᠨ ᠭᠤᠶᠤᠤ ᠤᠷᠭᠤᠭᠤᠯᠤᠨ  ᠴᠢᠨᠡᠭᠡᠯᠢᠭᠵᠢᠬᠦ ᠵᠠᠮ ᠢᠶᠠᠷ ᠵᠠᠮᠨᠠᠪᠠ᠃ ᠳᠡᠳᠡ ᠤᠶᠢᠷ᠎ᠠ ᠶᠢᠨ ᠬᠡᠳᠦᠨ ᠵᠢᠯ ᠳᠤ ᠨᠡᠶᠢᠳᠡ5000 ᠮᠤ᠋ ᠵᠠᠭ ᠳᠠᠷᠢᠵᠦ᠂ ᠨᠢᠳᠤᠨᠤᠨ ᠤ ᠴᠠᠭᠠᠨ ᠭᠤᠶᠤᠤ ᠶᠢᠨ ᠤᠷᠤᠯᠭ᠎ᠠ ᠨᠢ ᠠᠷᠪᠠᠨ  ᠲᠦᠮᠡᠨ ᠲᠦᠬᠦᠷᠢᠭ ᠲᠤ ᠬᠦᠷᠦᠭᠰᠡᠨ ᠪᠠᠶᠢᠪᠠ᠃ ᠫᠸᠡᠭ ᠵᠢᠶᠠ ᠴᠦᠡᠭ᠄ ︽ᠰᠧᠷᠳᠤᠤ  ᠱᠦᠵᠢ ᠪᠢᠳᠠᠨ ᠢ  ᠳᠤᠰᠠᠯᠠᠵᠦ ᠳᠡᠮᠵᠢᠨ ᠠᠮᠢᠳᠤᠷᠠᠬᠤ ᠶᠢᠨ ᠢᠳᠡᠬᠡᠯ ᠵᠤᠷᠢᠭ ᠎ ᠢ  ᠤᠯᠭᠤᠭᠰᠠᠨ ᠪᠦᠬᠡᠳ ᠪᠠᠶᠠᠵᠢᠬᠤ ᠴᠢᠨᠡᠬᠡᠯᠢᠭᠵᠢᠬᠦ ᠶᠢᠨ ᠠᠷᠭ᠎ᠠ ᠰᠡᠳᠦᠪᠦᠷᠢ ᠶᠢ ᠦᠷᠬᠦᠯᠵᠢ ᠭᠠᠷᠭᠠᠵᠦ ᠦᠭᠳᠡᠭ᠃ ᠳᠡᠷᠡ ᠪᠢᠳᠠᠨ ᠢ ᠳᠠᠭᠠᠭᠤᠯᠤᠨ ᠬᠤᠶᠠᠷᠬᠤᠳᠳᠤᠭ ᠤᠨ  ᠬᠦᠳᠡᠭᠡ ᠳᠤ ᠤᠴᠢᠵᠦ ᠵᠠᠭ ᠳᠠᠷᠢᠵᠦ ᠴᠠᠭᠠᠨ ᠭᠤᠶᠤᠤ ᠤᠷᠭᠤᠭᠤᠯᠬᠤ  ᠠᠷᠭ᠎ᠠ ᠮᠡᠷᠬᠡᠵᠢᠯ ᠢ  ᠰᠤᠷᠤᠯᠴᠠᠭᠤᠯᠤᠭᠰᠠᠨ ᠶᠤᠮ᠃  ᠳᠡᠭᠡᠭᠡᠳ  ᠪᠢ ᠡᠨᠡᠬᠦ ᠮᠡᠷᠬᠡᠵᠢᠯ ᠢ  ᠰᠤᠷᠴᠦ ᠠᠰᠢᠭ ᠬᠦᠷᠳᠡᠵᠦ ᠪᠠᠶᠢᠨ᠎ᠠ᠃   ᠤᠷᠤᠯᠭ᠎ᠠ ᠵᠢᠯ ᠠᠴᠠ ᠵᠢᠯ ᠨᠡᠮᠡᠭᠳᠡᠵᠦ ᠠᠮᠢᠳᠤᠷᠠᠯ ᠵᠢᠯ ᠠᠴᠠ ᠵᠢᠯ ᠰᠠᠶᠢᠵᠢᠷᠠᠵᠦ ᠪᠠᠶᠢᠨ᠎ᠠ︾ ᠬᠡᠵᠦ ᠪᠠᠶᠢᠯ᠎ᠠ᠃  ᠤᠶᠢᠷ᠎ᠠ ᠶᠢᠨ ᠵᠢᠯ ᠳᠤ ᠵᠠᠭᠳᠤ ᠭᠠᠴᠠᠭᠠᠨ ᠳᠤ ᠵᠠᠭ ᠪᠦᠬᠡᠷᠢᠭ ᠳᠠᠷᠢᠵᠦ ᠴᠠᠭᠠᠨ ᠭᠤᠶᠤᠤ᠂ ᠤᠯᠠᠭᠠᠨ ᠭᠤᠶᠤᠤ ᠳᠠᠷᠢᠭᠰᠠᠳ ᠤᠯᠠᠰᠢᠷᠠᠵᠦ ᠪᠠᠶᠢᠨ᠎ᠠ᠃  ᠡ᠊ᠨᠳᠡᠬᠢ ᠠᠶᠢᠯ  ᠎ ᠤᠳ ᠤᠨ ᠵᠦᠪᠬᠡᠨ ᠤᠯᠠᠭᠠᠨ  ᠭᠤᠶᠤᠤ ᠠᠴᠠ ᠤᠯᠤᠭᠰᠠᠨ ᠵᠢᠯ ᠤᠨ  ᠤᠷᠤᠯᠭ᠎ᠠ ᠨᠢ ᠬᠡᠳᠦᠨ ᠳᠦᠮᠡᠨ ᠳᠦᠬᠦᠷᠢᠭ ᠲᠤ ᠬᠦᠷᠳᠡᠭ  
ᠪᠤᠯᠪᠠ᠃
       ᠪᠦᠬᠡᠬᠠᠰ ᠤᠨ ᠬᠢ  ᠭᠡᠭᠴᠢ  ᠬᠦᠢᠳᠦ ᠬᠡᠳᠡᠭ ᠨᠡᠷ᠎ᠠ ᠲᠠᠢ  ᠨᠠᠭᠤᠷ ᠤᠨ  ᠬᠦᠪᠡᠬᠡᠨ ᠳᠤ  ᠰᠠᠭᠤᠷᠢᠰᠢᠵᠦ ᠭᠠᠳᠠᠨ᠎ᠠ ᠪᠠᠨ  ᠭᠤᠷᠪᠠᠨ ᠮᠤᠩᠭᠤᠯ ᠬᠡᠷ  ᠪᠠᠷᠢᠵᠦ᠂ ᠬᠠᠰᠢᠶ᠎ᠠ ᠬᠤᠷᠤᠭ᠎ᠠ ᠪᠠᠨ ᠬᠦᠷᠳᠡᠯ᠎ᠠ‌ᠮᠤᠩᠭᠤᠯ ᠬᠡᠷ ᠤᠨ ᠬᠡᠯᠪᠡᠷᠢ ᠲᠠᠢ  ᠪᠠᠶᠢᠭᠤᠯᠤᠭᠰᠠᠨ ᠠᠶᠢᠯ ᠪᠠᠶᠢᠯ᠎ᠠ᠃  ᠨᠠᠭᠤᠷ ᠢᠶᠠᠷ ᠭᠡᠭᠡᠷ᠎ᠡ ᠶᠢᠨ ᠪᠠ ᠳᠡᠵᠢᠬᠡᠪᠦᠷᠢ ᠭᠠᠯᠠᠭᠤ ᠨᠤᠭᠤᠰᠦ  ᠤᠮᠪᠠᠵᠦ᠂  ᠬᠦᠪᠡᠭᠡ ᠪᠠᠷ ᠨᠢ ᠳᠠᠨᠢᠬᠤ ᠳᠠᠨᠢᠬᠤ ᠦᠬᠡᠢ ᠤᠯᠠᠨ ᠰᠢᠪᠠᠭᠤᠳ ᠨᠠᠶᠢᠷᠯᠠᠯᠳᠤᠨ᠎ᠠ᠃ ᠰᠧᠷᠳᠤᠤ ᠭᠤᠸᠠᠢ ᠎ ᠶᠢᠨ ᠵᠤᠷᠢᠵᠦ ᠤᠴᠢᠭ᠎ᠠ ᠭᠤᠷᠪᠠᠳᠤᠭᠠᠷ ᠠᠶᠢᠯ ᠪᠠᠶᠢᠭ᠎ᠠ ᠶᠤᠮ᠃  ᠪᠦᠬᠡᠬᠠᠰ ᠦᠩᠭᠡᠷᠡᠭᠰᠡᠨ ᠳᠤ ᠮᠠᠯ ᠰᠦᠷᠦᠭ ᠴᠦᠬᠡᠨᠳᠠᠢ᠂ ᠠᠮᠢᠳᠤᠷᠠᠯ ᠳᠠᠭᠠᠷᠠᠤᠬᠠᠨ ᠠᠶᠢᠯ ᠪᠠᠶᠢᠭᠰᠡᠨ ᠭᠡᠳᠡᠭ᠃ ᠬᠡᠪᠡᠴᠦ ᠤᠶᠢᠷ᠎ᠠ ᠶᠢᠨ ᠬᠡᠳᠦᠨ ᠵᠢᠯ ᠳᠤ ᠵᠤᠭᠠᠴᠠᠯ ᠳᠤ ᠤᠷᠤᠯᠴᠠᠵᠦ ᠬᠦᠷᠦᠩᠭᠡᠵᠢᠬᠡᠳ ᠵᠡᠭᠡᠬᠢᠭᠰᠡᠨ ᠠᠮᠢᠳᠤᠷᠠᠯ ᠲᠠᠢ ᠪᠤᠯᠵᠡᠢ᠃  ᠪᠦᠬᠡᠬᠠᠰ  ᠭᠠᠳᠠᠨ᠎ᠠ ᠤᠷᠤᠨ ᠠᠴᠠ ᠢᠷᠡᠭᠰᠡᠨ‌ᠵᠤᠭᠠᠴᠠᠯ ᠤᠨ ᠪᠦᠯᠬᠦᠮ ᠢ  ᠳᠠᠭᠠᠭᠤᠯᠵᠤ  ᠶᠠᠪᠤᠭᠠᠳ ᠬᠡᠷ  ᠎ ᠲᠡᠭᠡᠨ ᠪᠠᠶᠢᠭᠰᠠᠨ ᠦᠬᠡᠢ᠃ ᠰᠧᠷᠳᠤᠤ ᠭᠡᠷ ᠤᠨ  ᠬᠦᠮᠦᠰ ᠲᠠᠢ ᠨᠢ ᠶᠠᠷᠢᠯᠴᠠᠨ᠂  ᠠᠰᠠᠭᠤᠵᠤ ᠰᠤᠷᠠᠬᠤ ᠵᠦᠢᠯ ᠢᠶᠠᠨ ᠠᠰᠠᠭᠤᠵᠤ᠂ ᠬᠦᠰᠦᠨᠦᠭ ᠪᠦᠷᠢᠳᠬᠡᠯ ᠢᠶᠠᠨ ᠬᠢᠵᠦ ᠠᠮᠵᠢᠭᠤᠯᠵᠤ ᠪᠠᠶᠢᠪᠠ᠃  ᠵᠠᠭᠳᠤ ᠭᠠᠴᠠᠭᠠᠨ ᠳᠤ ᠪᠦᠬᠡᠬᠠᠰ ᠰᠢᠭ᠋ ᠵᠤᠭᠠᠴᠠᠯ ᠳᠤ ᠤᠷᠤᠯᠴᠠᠨ᠂ ᠠᠰᠢᠭ ᠤᠷᠤᠯᠭ᠎ᠠ ᠤᠯᠵᠤ ᠪᠠᠶᠢᠭ᠎ᠠ ᠮᠠᠯᠴᠢᠨ‌ᠠᠷᠪᠠ ᠭᠠᠷᠤᠢ ᠠᠶᠢᠯ  ᠪᠠᠶᠢᠳᠠᠭ ᠠᠵᠢ᠃ ᠳᠡᠳᠡᠨ ᠤ ᠵᠠᠷᠢᠮ ᠨᠢ ᠵᠤᠭᠠᠴᠠᠯ ᠤᠨ ᠭᠠᠵᠠᠷ ᠦᠢᠯᠡᠴᠢᠯᠠᠨ᠂ ᠵᠠᠷᠢᠮ ᠨᠢ ᠡᠯᠡᠰᠦᠨ ᠳᠤ ᠠᠶᠠᠯᠠᠬᠤ ᠬᠦᠮᠦᠰ ᠢ ᠳᠠᠳᠠᠬᠤ  ᠎ ᠳᠤ ᠦᠢᠯᠡᠴᠢᠯᠡᠵᠦ᠂ ᠵᠠᠷᠢᠮ ᠨᠢ ᠪᠠᠷᠳᠠᠭ᠎ᠠ ᠰᠢᠨᠵᠢᠯᠡᠬᠦ ᠶᠠᠪᠠᠭᠠᠨ ᠠᠶᠠᠯᠠᠬᠤ ᠬᠦᠮᠦᠰ ᠢ ᠳᠠᠭᠠᠭᠤᠯᠬᠤ᠂ ᠵᠠᠷᠢᠮ ᠨᠢ ᠬᠤᠭᠤᠯᠠ ᠪᠤᠳᠠᠭ᠎ᠠ ᠬᠢᠵᠦ ᠦᠢᠯᠡᠴᠢᠯᠡᠬᠦ ᠮᠡᠳᠦ ᠪᠠᠷ ᠤᠷᠤᠯᠭ᠎ᠠ ᠪᠠᠨ ᠨᠡᠮᠡᠭᠳᠡᠬᠦᠯᠵᠦ ᠪᠠᠶᠢᠳᠠᠭ ᠶᠤᠮ ᠪᠠᠶᠢᠨ᠎ᠠ᠃  ᠳᠠᠨᠢᠯᠴᠠᠭᠤᠯᠬᠤ ᠪᠠᠷ  ᠂  ᠠᠷᠪᠢᠨ ᠰᠢᠭ᠋ ᠬᠦᠮᠦᠨ ᠲᠠᠢ ᠵᠤᠭᠠᠴᠠᠯ  ᠎ ᠢ  ᠨᠢᠬᠡ ᠤᠳᠠᠭ᠎ᠠ ᠳᠠᠭᠠᠭᠤᠯᠬᠤ ᠳᠤ ᠪᠠᠷᠤᠭ ᠬᠡᠳᠦᠨ ᠮᠢᠩᠭ᠎ᠠ ᠠᠴᠠ ᠳᠦᠮᠡᠨ ᠳᠦᠬᠦᠷᠢᠭ ᠤᠷᠴᠢᠮ ᠤᠨ  ᠤᠷᠤᠯᠭ᠎ᠠ ᠤᠯᠳᠠᠭ᠂ ᠬᠡᠷᠪᠡ ᠢᠳᠡᠬᠦ ᠤᠤᠭᠤᠬᠤ ᠳᠠᠯ᠎ᠠ
᠎ ᠪᠠᠷ ᠦᠢᠯᠡᠴᠢᠯᠡᠪᠡᠯ ᠤᠷᠤᠯᠭ᠎ᠠ ᠨᠢ ᠨᠡᠩ ᠠᠷᠪᠢᠨ ᠪᠤᠯᠳᠠᠭ ᠬᠡᠨ᠎ᠠ᠃
        ᠰᠧᠷᠳᠤᠤ ᠭᠤᠸᠠᠢ ᠶᠢᠨ ᠤᠴᠢᠬᠤ ᠳᠦᠷᠪᠡᠳᠡᠬᠢ ᠠᠶᠢᠯ ᠨᠢ ᠠᠳᠠᠭ ᠰᠤᠶᠢᠭ ᠭᠡᠭᠴᠢ ᠨᠠᠭᠤᠷ ᠤᠨ ᠬᠠᠵᠠᠭᠤ ᠎ ᠳᠤ ᠰᠠᠭᠤᠷᠢᠰᠢᠭ᠎ᠠ ᠯᠢᠤ ᠴᠢᠶᠠᠩ ᠤᠨ  ᠎ ᠬᠢ ᠬᠡᠳᠡᠭ ᠠᠶᠢᠯ ᠪᠠᠶᠢᠯ᠎ᠠ᠃  ᠯᠢᠦ ᠴᠢᠶᠠᠩ  ᠦᠩᠭᠡᠷᠡᠭᠰᠡᠨ ᠳᠤ ᠭᠠᠳᠠᠭᠰᠢ ᠭᠠᠷᠴᠦ ᠬᠦᠯᠦᠰᠦᠨ ᠠᠵᠢᠯ ᠬᠢᠬᠦ ᠪᠤᠶᠤ ᠵᠤᠭᠠᠴᠠᠯ ᠤᠨ ᠭᠠᠵᠠᠷ ᠳᠡᠷᠬᠡ ᠵᠢᠯᠤᠭᠤᠳᠴᠦ ᠪᠠᠶᠢᠵᠡᠢ᠃  ᠡᠨᠡ ᠵᠢᠯ ᠠᠴᠠ ᠭᠠᠳᠠᠨ᠎ᠠ ᠤᠷᠤᠨ ᠤ ᠪᠡᠯᠡ ᠤᠷᠤᠭᠤᠯᠤᠭᠴᠢ ᠲᠠᠢ ᠬᠤᠯᠪᠤᠭᠠᠯᠠᠨ ᠬᠡᠷ ᠤᠨ ᠢᠶᠠᠨ  ᠵᠡᠬᠦᠨ ᠡᠮᠦᠨᠡᠬᠢ ᠦᠨᠳᠦᠷ ᠡᠯᠡᠰᠦᠨ ᠤ  ᠤᠷᠤᠢ ᠳᠤ ᠵᠤᠭᠠᠴᠠᠯ ᠤᠨ ᠦᠢᠯᠡᠴᠢᠯᠡᠬᠡᠨ ᠤ  ᠰᠠᠭᠤᠷᠢᠨ ᠪᠠᠶᠢᠭᠤᠯᠵᠤ᠂ ᠡᠳᠦᠷ ᠲᠤ 500 ᠬᠦᠮᠦᠨ ᠎ ᠢ  ᠬᠦᠯᠢᠶᠡᠨ ᠠᠪᠴᠦ  ᠬᠤᠨᠤᠵᠤ ᠠᠮᠠᠷᠠᠬᠤ᠂ ᠢᠳᠡᠵᠦ ᠤᠤᠭᠤᠵᠤ᠂ ᠨᠠᠶᠢᠷᠯᠠᠵᠦ ᠴᠡᠩᠭᠡᠯᠳᠦᠬᠦ ᠳᠤ ᠦᠢᠯᠡᠴᠢᠯᠡᠬᠦ  ᠎ ᠪᠠᠷ ᠪᠦᠳᠦᠬᠡᠨ ᠪᠠᠶᠢᠭᠤᠯᠤᠯᠳᠠ ᠬᠢᠵᠦ ᠪᠠᠶᠢᠯ᠎ᠠ᠃  ᠪᠠᠷᠢᠯᠭ᠎ᠠ ᠪᠠᠨ6 ᠰᠠᠷ᠎ᠠ ᠶᠢᠨ ᠳᠤᠮᠳᠠᠴᠢ ᠪᠤᠯᠬᠤ ᠳᠤ ᠳᠠᠭᠤᠰᠬᠠᠵᠦ ᠠᠰᠢᠭᠯᠠᠯᠳᠠ ᠳᠤ ᠤᠷᠤᠭᠤᠯᠬᠤ ᠪᠠᠷ ᠴᠢᠷᠮᠠᠶᠢᠵᠦ ᠪᠠᠶᠢᠭ᠎ᠠ ᠬᠡᠨ᠎ᠠ᠃  ᠡᠨᠡᠬᠦ ᠪᠦᠳᠦᠬᠡᠨ ᠪᠠᠶᠢᠭᠤᠯᠤᠯᠳᠠ ᠠᠰᠢᠭᠯᠠᠯᠳᠠ ᠳᠤ ᠤᠷᠤᠪᠠᠯ ᠤᠶᠢᠷ᠎ᠠ ᠤᠷᠴᠢᠮ ᠤᠨ  ᠠᠶᠢᠯ ᠡᠷᠦᠬᠡ ᠶᠢᠨ ᠵᠤᠭᠠᠴᠠᠯ ᠳᠤ ᠤᠷᠤᠯᠴᠠᠬᠤ᠂ ᠮᠠᠯ ᠤᠨ ᠠᠰᠢᠭ ᠰᠢᠮ᠎ᠠ ᠶᠢᠨ ᠪᠤᠷᠤᠯᠠᠭᠤᠯᠤᠯᠳᠠ ᠶᠢ ᠠᠬᠢᠭᠤᠯᠬᠤ ᠵᠡᠷᠬᠡ ᠤᠯᠠᠨ ᠳᠠᠯ᠎ᠠ ᠶᠢᠨ ᠢᠳᠡᠪᠬᠢ ᠦᠢᠯᠡᠳᠦᠯ
ᠦᠵᠡᠬᠦᠯᠵᠦ᠂  ᠳᠤᠰ ᠭᠠᠴᠠᠭᠠᠨ ᠤ ᠵᠤᠭᠠᠴᠠᠯ ᠤᠨ ᠦᠢᠯᠡᠰ ᠢ ᠰᠢᠨ᠎ᠠ ᠨᠢᠬᠡᠨ ᠳᠡᠭᠳᠡᠷ ᠲᠤ ᠭᠠᠷᠭᠠᠬᠤ  ᠪᠤᠯᠤᠨ᠎ᠠ᠃
    ᠰᠧᠷᠳᠤᠤ᠄ ︽ᠵᠠᠭᠳᠤ  ᠭᠠᠴᠠᠭ᠎ᠠ ᠪᠤᠶᠢᠳᠠ ᠪᠦᠭᠯᠡᠬᠦᠦ ᠪᠠᠶᠢᠭᠰᠠᠨ ᠤ  ᠬᠠᠷᠠᠭ᠎ᠠ ᠪᠠᠷ ᠪᠠᠶᠢᠭᠠᠯᠢ ᠤᠷᠴᠢᠨ ᠡᠪᠳᠡᠭᠳᠡᠭᠡ ᠦᠬᠡᠢ᠂  ᠮᠠᠯ ᠰᠦᠷᠦᠭ ᠢ  ᠡᠷᠯᠢᠰᠵᠢᠬᠦᠯᠦᠬᠡ ᠦᠬᠡᠢ᠃ ᠬᠦᠮᠦᠨ ᠠᠷᠠᠳ ᠨᠢ ᠡᠶᠡᠯᠰᠡᠭ ᠴᠠᠭᠠᠪᠤᠷ ᠵᠠᠩ ᠎ ᠢᠶᠠᠨ ᠬᠠᠳᠠᠭᠠᠯᠠᠵᠦ᠂  ᠤᠯᠠᠮᠵᠢᠯᠠᠯᠳᠤ ᠰᠤᠶᠤᠯ ᠢᠶᠠᠨ ᠬᠡᠭᠡᠭᠳᠡᠬᠦᠯᠦᠯ ᠦᠬᠡᠢ  ᠤᠯᠠᠮᠵᠢᠯᠠᠵᠦ ᠪᠠᠶᠢᠨ᠎ᠠ᠃  ᠡᠨᠡ ᠨᠢ ᠪᠢᠳᠠᠨ ᠤ  ᠬᠠᠮᠤᠭ ᠶᠡᠭᠡ ᠦᠪ ᠬᠦᠷᠦᠩᠭᠡ ᠪᠠᠶᠢᠭ᠎ᠠ ᠶᠤᠮ᠃  ᠦᠢᠮᠡᠬᠡᠨ ᠱᠤᠤᠬᠢᠶᠠᠨ ᠲᠠᠢ ᠬᠤᠳᠠ ᠶᠢᠨ  ᠠᠮᠢᠳᠤᠷᠠᠯ ᠠᠴᠠ ᠤᠶᠢᠳᠤᠭᠰᠠᠨ ᠬᠦᠮᠦᠰ  ᠮᠠᠨ ᠤ   ᠡ᠊ᠨᠳᠡ  ᠢᠷᠡᠪᠡᠯ  ᠶᠠᠮᠠᠷ  ᠴᠦ ᠬᠦᠮᠦᠨ ᠳᠡᠬᠦᠨ ᠢ  ᠡᠷᠢᠬᠦ ᠪᠤᠶᠤ ᠤᠳᠠᠰᠤᠳᠠᠵᠦ ᠤᠶᠢᠮᠡᠬᠦᠯᠵᠦ ᠬᠠᠷᠰᠢᠯᠠᠬᠤ ᠤᠴᠢᠷ ᠦᠬᠡᠢ ᠨᠠᠮ ᠰᠡᠯᠡᠬᠦᠬᠡᠨ ᠤᠷᠴᠢᠨ ᠳᠤ ᠠᠮᠠᠷᠠᠵᠦ ᠴᠢᠳᠠᠨ᠎ᠠ᠃  ᠡᠯᠡᠰᠦ ᠮᠠᠩᠬ᠎ᠠ ᠶᠢ ᠳᠤᠭᠤᠯᠵᠤ ᠵᠤᠷᠢᠭ ᠳᠡᠪᠴᠢᠶᠡᠷᠢ ᠪᠠᠨ ᠰᠢᠯᠭᠠᠵᠤ ᠪᠤᠯᠪᠠᠰᠤᠷᠠᠭᠤᠯᠵᠤ ᠪᠤᠯᠤᠨ᠎ᠠ᠃  ᠭᠤᠪᠢ ᠬᠦᠳᠡᠭᠡ ᠶᠢᠨ ᠠᠮᠢᠳᠤᠷᠠᠯ ᠢ ᠡᠳ᠋ᠯᠡᠵᠦ᠂ ᠦᠩᠭᠡᠷᠡᠯᠳᠡ ᠮᠡᠳᠡᠯᠬᠡ ᠢᠶᠠᠨ ᠵᠤᠵᠠᠭᠠᠳᠬᠠᠵᠦ ᠪᠤᠯᠤᠨ᠎ᠠ᠃ ᠢᠩᠬᠢᠬᠡᠳ  ᠪᠢᠳᠠ ᠦᠩᠭᠡᠷᠡᠭᠰᠡᠨ ᠤ  ᠪᠤᠶᠢᠳᠠ ᠪᠦᠭᠯᠡᠬᠦᠦ ᠶᠢᠨ ᠬᠢᠵᠠᠭᠠᠷᠳᠠᠮᠠᠯ ᠴᠢᠨᠠᠷ ᠢ  ᠬᠦᠭᠵᠢᠯᠳᠡ ᠶᠢᠨ ᠳᠠᠪᠠᠭᠤᠯᠢᠭ ᠪᠤᠯᠭᠠᠨ ᠳᠠᠨᠢᠵᠦ᠂ ᠭᠠᠴᠠᠭᠠᠨ ᠠᠴᠠ ᠮᠠᠯᠴᠢᠨ ᠳᠦᠮᠡᠨ ᠤ ᠵᠤᠭᠠᠴᠠᠯ ᠳᠤ ᠤᠷᠤᠯᠴᠠᠬᠤ ᠶᠢᠨ ᠤᠷᠮ᠎ᠠ ᠵᠤᠷᠢᠭ ᠢ  ᠎ ᠨᠢ ᠳᠠᠶᠢᠴᠢᠯᠠᠭᠰᠠᠨ ᠶᠤᠮ᠃ ᠵᠤᠭᠠᠴᠠᠯ ᠬᠦᠭᠵᠢᠪᠡᠯ ᠪᠢᠳᠠᠨ ᠤ  ᠡᠯᠡᠰᠦᠨ ᠤ  ᠦᠢᠯᠡᠰ ᠪᠤᠯᠤᠨ ᠤᠯᠠᠮᠵᠢᠯᠠᠯᠳᠤ ᠮᠠᠯ ᠠᠵᠤ ᠠᠬᠤᠢ ᠶᠢᠨ ᠪᠦᠳᠦᠭᠳᠡᠬᠦᠨ ᠤ  ᠪᠤᠷᠤᠯᠠᠭᠤᠯᠤᠯᠳᠠ ᠰᠠᠶᠢᠵᠢᠷᠠᠵᠦ᠂ ᠮᠠᠯᠴᠢᠳ ᠤᠨ ᠤᠷᠤᠯᠭ᠎ᠠ ᠯᠠᠪᠳᠠᠭᠤᠨ ᠢᠶᠠᠷ ᠳᠡᠭᠡᠭᠰᠢᠯᠡᠵᠦ ᠴᠢᠳᠠᠨ᠎ᠠ᠃  ᠤᠳᠤ ᠮᠠᠨ ᠤ ᠭᠤᠷᠪᠠᠨ ᠵᠦᠢᠯ ᠤᠨ ᠠᠵᠤ ᠦᠢᠯᠡᠰ  ᠳᠦᠷᠬᠡᠨ ᠬᠦᠭᠵᠢᠵᠦ᠂ ᠶᠠᠳᠠᠭᠤ ᠡᠷᠦᠬᠡ ᠪᠦᠬᠦᠨ ᠢᠶᠠᠷ ᠶᠠᠳᠠᠭᠤ ᠠᠴᠠ ᠠᠩᠬᠢᠵᠢᠷᠠᠵᠦ᠂ ᠭᠠᠴᠭᠠᠨ ᠤ  ᠦᠩᠭᠡ ᠳᠦᠷᠰᠦ ᠬᠤᠪᠢᠷᠠᠨ  ᠂  ᠮᠠᠯᠴᠢᠳ ᠎ ᠤᠨ ᠠᠮᠢᠳᠤᠷᠠᠯ ᠤᠯᠠᠮ ᠴᠢᠨᠠᠷᠯᠢᠭ ᠢᠶᠠᠷ ᠳᠡᠭᠡᠭᠰᠢᠯᠡᠵᠦ  ᠰᠢᠨ᠎ᠡ ᠬᠦᠳᠡᠭᠡ ᠲᠤᠰᠬᠤᠨ ᠤ ᠴᠡᠴᠡᠭᠯᠡᠯ ᠬᠦᠭᠵᠢᠯ ᠤᠨ ᠠᠩᠬᠠᠨ ᠤ ᠲᠦᠷᠢ ᠶᠢ ᠪᠤᠢ ᠪᠤᠯᠭᠠᠵᠦ ᠪᠠᠶᠢᠨ᠎ᠠ︾ ᠬᠡᠵᠦ ᠳᠠᠨᠢᠯᠴᠠᠭᠤᠯᠤᠨ᠎ᠠ᠃
        ᠤᠷᠤᠢ ᠶᠢᠨ ᠨᠠᠷᠠᠨ ᠤ ᠤᠯᠠᠪᠤᠷ ᠳᠤᠶᠠᠭᠠᠨ ᠳᠤ᠂  ᠵᠢᠵᠢᠭ ᠴᠠᠭᠠᠨ ᠮᠠᠰᠢᠨ  ᠡᠯᠡᠰᠦ ᠳᠠᠮᠵᠢᠨ ᠪᠦᠮᠪᠦᠷᠢᠬᠦᠯᠦᠨ᠎ᠠ᠃  ᠰᠧᠷᠳᠤᠤ ᠭᠤᠸᠠᠢ ᠳᠠᠷᠠᠭᠠᠴᠢ ᠶᠢᠨ ᠠᠶᠢᠯ ᠳᠤ ᠤᠷᠤᠵᠤ ᠠᠵᠢᠯ ᠢᠶᠠᠨ ᠦᠷᠨᠢᠬᠦᠯᠬᠦ ᠪᠠᠷ ᠶᠠᠭᠠᠷᠠᠤ ᠳᠠᠪᠬᠢᠭᠤᠯᠤᠨ᠎ᠠ᠃ ᠦᠨᠦᠳᠦᠷ ᠤᠨ ᠳᠦᠷᠪᠡᠨ ᠠᠶᠢᠯ  ᠎ ᠠᠴᠠ ᠤᠶᠢᠯᠠᠭᠠᠭᠰᠠᠨ ᠦᠯᠢᠬᠡᠷ ᠡᠬᠦᠪᠡᠷ ᠵᠤᠭᠰᠤᠬᠤ ᠪᠢᠰᠢ᠂ ᠰᠧᠷᠳᠤᠤ ᠳᠠᠷᠤᠭ᠎ᠠ ᠶᠢᠨ ᠶᠠᠳᠠᠭᠤ ᠶᠢ ᠳᠡᠳᠬᠦᠬᠦ  ᠠᠵᠢᠯ ᠤᠨ  ᠳᠤᠮᠳᠠ 35  ᠡᠷᠦᠬᠡ ᠶᠢᠨ  ᠳᠡᠮᠳᠡᠭᠯᠡᠯ  ᠪᠦᠷᠢᠳᠬᠡᠯ ᠢ ᠳᠤᠰ ᠪᠦᠷᠢ ᠳᠤᠯᠤᠭ᠎ᠠ ᠤᠳᠠᠭ᠎ᠠ ᠬᠢᠵᠦ᠂ 240 ᠭᠠᠷᠤᠢ ᠨᠤᠮ ᠰᠢᠭ᠋ ᠵᠤᠵᠠᠭᠠᠨ ᠳᠡᠪᠳᠡᠷ ᠭᠠᠷᠭᠠᠭᠰᠠᠨ  ᠂  ᠰᠤᠶᠤᠯ ᠰᠤᠷᠭᠠᠨ ᠬᠦᠮᠦᠵᠢᠯ ᠢᠶᠠᠷ ᠭᠠᠴᠠᠭ᠎ᠠ ᠪᠠᠨ ᠬᠦᠭᠵᠢᠬᠦᠯᠬᠦ ᠶᠢ ᠵᠤᠷᠢᠵᠦ᠂  ᠰᠤᠷᠤᠭᠴᠢᠳ ᠢ ᠳᠡᠮᠵᠢᠭᠰᠡᠨ  ᠵᠡᠷᠬᠡ ᠤᠯᠠᠨ ᠰᠠᠶᠢᠬᠠᠨ ᠦᠯᠢᠬᠡᠷ  ᠶᠠᠷᠢᠭᠳᠠᠵᠦ ᠪᠠᠶᠢᠭᠰᠠᠨ  ᠶᠤᠮ᠃  ᠳᠡᠬᠦᠨ ᠤ ᠨᠤᠳᠤᠭ ᠤᠰᠤᠨ ᠎ ᠳᠠᠭᠠᠨ ᠬᠦᠭᠵᠢᠯ  ᠮᠠᠨᠳᠤᠯ ᠠᠪᠴᠢᠷᠠᠬᠤ ᠪᠠᠷ ᠵᠢᠳᠬᠦᠭᠰᠡᠨ  ᠨᠡᠩ ᠤᠯᠠᠨ‌ᠦᠯᠢᠬᠡᠷ ᠤᠳ  ᠠᠮᠠ ᠳᠠᠮᠵᠢᠨ ᠶᠠᠷᠢᠭᠳᠠᠬᠤ ᠎ ᠨᠢ  ᠶᠠᠷᠢᠶᠠᠨ ᠦᠭᠡᠢ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号