ᠴᠤᠭᠳᠤᠬᠦ᠋ᠷᠢᠶ᠎ᠠ ᠶᠢᠨ ᠤᠯᠠᠭᠠᠨ ᠳᠠᠪᠤᠰᠤᠨ ᠨᠠᠭᠤᠷ
ᠨᠡᠶᠢᠲᠡᠯᠡᠭᠰᠡᠨ ᠴᠠᠭ᠄
2021/12/15
ᠡᠷᠳᠡᠨᠢᠠᠠᠭᠤᠯᠠ  ᠨᠠᠷᠠᠨ᠎ᠠ  ᠡᠷᠳᠡᠨᠢᠬᠦᠦ       ᠠᠯᠠᠱᠠ ᠵᠡᠬᠦᠨ ᠬᠤᠰᠢᠭᠤᠨ ᠤ ᠴᠤᠭᠳᠤᠬᠦ᠋ᠷᠢᠶ᠎ᠠ ᠰᠤᠮᠤᠨ ᠤ ᠡᠮᠦᠨ᠎ᠠ ᠭᠤᠤᠯ ᠪᠠ ᠳᠤᠮᠳᠠ ᠭᠤᠤᠯ ᠤᠨ ᠬᠤᠭᠤᠷᠤᠨᠳᠤ ᠨᠢᠬᠡᠨ ᠤᠯᠠᠭᠠᠨ ᠳᠠᠪᠤᠰᠤᠨ ᠭᠡᠭᠴᠢ ᠭᠠᠵᠠᠷ ᠪᠤᠢ᠃ ᠡᠷᠬᠢᠨ ᠳᠤᠭᠤᠷᠢᠨ ᠢᠶᠠᠨ ᠪᠦᠬᠡᠷᠢᠭ  ᠂ ᠳᠦᠩᠭᠡ  ᠂ ᠴᠠᠬᠢᠯᠳᠠᠭ ᠲᠠᠢ᠂ ᠵᠢᠭᠳᠡ ᠮᠤᠳᠤ ᠤᠷᠭᠤᠭᠰᠠᠨ ᠵᠢᠵᠢᠭᠬᠡᠨ ᠨᠠᠭᠤᠷ ᠪᠠᠶᠢᠭ᠎ᠠ ᠶᠤᠮ᠃ ᠴᠡᠪᠡᠷ ᠰᠠᠶᠢᠬᠠᠨ ᠤᠯᠠᠭᠠᠨ ᠳᠠᠪᠤᠰᠤ ᠭᠠᠷᠳᠠᠭ ᠢᠶᠠᠷ ᠠᠯᠳᠠᠷᠳᠠᠢ᠃
   ᠤᠯᠠᠨ ᠵᠠᠭᠤᠨ ᠵᠢᠯ ᠤᠨ ᠳᠤᠷᠰᠢ ᠠᠯᠠᠱᠠᠴᠤᠳ ᠡ᠊ᠨᠳᠡᠬᠢ ᠶᠢᠨ ᠳᠠᠪᠤᠰᠦ ᠶᠢ  ᠮᠠᠯᠳᠠᠵᠦ ᠭᠠᠳᠠᠭᠰᠢ ᠳᠡᠬᠡᠬᠡᠵᠦ  ᠪᠤᠷᠤᠯᠠᠭᠤᠯᠤᠨ  ᠂ ᠴᠠᠢ ᠬᠦᠨᠡᠰᠦ  ᠂ ᠰᠢᠬᠢᠷ ᠵᠢᠮᠢᠰ᠂ ᠪᠦᠰ ᠪᠠᠷᠠᠭ᠎ᠠ ᠰᠤᠯᠢᠵᠦ ᠠᠪᠳᠠᠭ ᠪᠠᠶᠢᠵᠡᠢ᠃ ᠤᠯᠠᠭᠠᠨ ᠳᠠᠪᠤᠰᠤ ᠪᠠᠷ ᠨᠤᠭᠤᠭ᠎ᠠ ᠳᠠᠪᠤᠰᠤᠯᠠᠬᠤ᠂ ᠪᠤᠳᠠᠭ᠎ᠠ ᠨᠤᠭᠤᠭ᠎ᠠ ᠬᠢᠬᠦ᠂ ᠮᠢᠬ᠎ᠠ ᠴᠢᠨᠠᠬᠤ ᠳᠤ ᠠᠮᠳᠠᠳᠠᠢ ᠪᠤᠯᠳᠠᠭ  ᠃  ᠡ᠊ᠨᠳᠡ ᠪᠠᠰᠠ ᠬᠤᠯᠠ ᠤᠶᠢᠷ᠎ᠠ ᠶᠢᠨ ᠬᠦᠮᠦᠨ   ᠲᠤᠯᠤᠭᠠᠨ ᠰᠠᠷ᠎ᠠ ᠶᠢᠨ ᠶᠡᠭᠡ ᠬᠠᠯᠠᠭᠤᠨ ᠤ ᠦᠶ᠎ᠠ ᠳᠤ ᠢᠷᠡᠵᠦ ᠤᠯᠠᠭᠠᠨ ᠳᠠᠪᠤᠰᠤᠨ ᠤ ᠤᠰᠤᠨ  ᠎ ᠳᠤ ᠰᠠᠭᠤᠵᠤ ᠬᠦᠯ ᠨᠢᠷᠤᠭᠤ᠂ ᠬᠤᠶᠠᠩ ᠰᠢᠷ᠎ᠠ ᠤᠰᠤ᠂ ᠵᠢᠩ ᠬᠦᠢᠳᠡᠨ᠂ ᠶᠠᠷ᠎ᠠ ᠰᠢᠷᠬ᠎ᠠ᠂ ᠠᠷᠠᠰᠦ ᠮᠢᠬᠠᠨ ᠤ  ᠵᠠᠪᠰᠠᠷ ᠤᠨ ᠡᠪᠡᠳᠴᠢᠨ ᠵᠠᠰᠠᠬᠤ  ᠪᠦᠬᠡᠳ ᠡᠯᠡᠰᠦᠨ ᠵᠠᠰᠠᠯ ᠬᠢᠯᠬᠡᠳᠡᠭ ᠪᠠᠶᠢᠭᠰᠠᠨ  ᠪᠠᠶᠢᠵᠡᠢ᠃  ᠮᠠᠯᠴᠢᠳ ᠨᠠᠭᠤᠷ ᠤᠨ  ᠤᠰᠤᠨ ᠢᠶᠠᠷ ᠮᠠᠯ ᠰᠦᠷᠦᠭ ᠢᠶᠠᠨ ᠤᠬᠢᠶᠠᠵᠦ ᠰᠤᠶᠢᠵᠦ  ᠮᠠᠯ ᠤᠨ ᠡᠪᠡᠳᠴᠢᠨ ᠬᠢᠵᠢᠭ ᠢ  ᠰᠡᠷᠬᠡᠶᠢᠯᠡᠨ ᠵᠠᠰᠠᠳᠠᠭ ᠪᠠᠶᠢᠵᠡᠢ᠃
      ᠦᠩᠭᠡᠷᠡᠭᠰᠡᠨ ᠳᠤ ᠠᠯᠠᠱᠠ ᠸᠠᠩ ᠠᠴᠠ ᠳᠤᠰᠬᠠᠶᠢᠯᠠᠨ ᠬᠦᠮᠦᠨ ᠳᠤᠮᠢᠯᠠᠨ ᠡ᠊ᠨᠳᠡᠬᠢ ᠳᠠᠪᠤᠰᠦ ᠬᠠᠷᠠᠭᠤᠯᠵᠤ  ᠪᠠᠶᠢᠭᠰᠡᠨ ᠬᠡᠨ᠎ᠠ᠃ ᠡ᠊ᠨᠳᠡ ᠪᠠᠰᠠ ᠨᠢᠬᠡ ᠤᠪᠤᠭ᠎ᠠ ᠪᠠᠶᠢᠵᠦ  ᠨᠤᠳᠤᠭ ᠤᠨ ᠤᠯᠠᠨ ᠢᠶᠠᠷ ᠳᠠᠬᠢᠳᠠᠭ ᠪᠠᠶᠢᠵᠡᠢ᠃ ᠡ᠊ᠨᠳᠡᠬᠢ ᠪᠠᠰᠠ ᠨᠢᠬᠡᠨ ᠰᠤᠨᠢᠬᠠᠨ ᠦᠵᠡᠭᠳᠡᠯ ᠪᠤᠯ ᠨᠠᠭᠤᠷ ᠤᠨ ᠤᠰᠤ ᠨᠢ ᠱᠤᠷᠪᠤᠭ ᠳᠠᠪᠤᠰᠤ ᠲᠠᠢ ᠪᠠᠶᠢᠬᠤ ᠳᠤ ᠨᠠᠭᠤᠷ ᠤᠨ ᠬᠦᠪᠡᠬᠡᠨ ᠤ ᠭᠠᠵᠠᠷ ᠲᠤ ᠬᠤᠶᠠᠷ ᠳᠤᠬᠤᠢ ᠬᠢᠷᠢ ᠮᠠᠯᠳᠠᠪᠠᠯ ᠳᠤᠩᠭᠠᠯᠠᠭ ᠠᠮᠳᠠᠳᠠᠢ ᠤᠰᠤ ᠭᠠᠷᠳᠠᠭ ᠬᠡᠨ᠎ᠠ᠃
    ᠳᠤᠤᠷ᠎ᠠ ᠪᠢᠳᠠ ᠴᠤᠭᠳᠤᠬᠦ᠋ᠷᠢᠶ᠎ᠠ ᠰᠤᠮᠤᠨ ᠤ  ᠮᠦᠩᠭᠡᠨᠠᠰᠦᠨ ᠭᠤᠸᠠᠢ ᠤᠯᠠᠭᠠᠨ ᠳᠠᠪᠤᠰᠤᠨ ᠨᠠᠭᠤᠷ  ᠎ ᠤᠨ ᠳᠤᠬᠠᠢ ᠳᠠᠨᠢᠯᠴᠠᠭᠤᠯᠤᠭᠰᠠᠨ ᠢ  ᠤᠩᠰᠢᠭᠴᠢ  ᠤᠯᠠᠨ ᠳᠠᠭᠠᠨ  ᠬᠦᠷᠬᠡᠵᠦ ᠪᠠᠶᠢᠨ᠎ᠠ᠃  ᠳᠠᠭᠠᠯᠠᠨ ᠪᠤᠯᠭᠤᠭᠠᠨ᠎ᠠ ᠤᠤ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号