ᠡᠷ᠎ᠠ ᠵᠤᠷᠢᠭ ᠤᠨ ᠴᠢᠷᠮᠠᠶᠢᠯᠭ᠎ᠠ
ᠨᠡᠶᠢᠲᠡᠯᠡᠭᠰᠡᠨ ᠴᠠᠭ᠄
2021/12/15
 ᠡᠷᠳᠡᠨᠢᠠᠠᠭᠤᠯᠠ  ᠨᠠᠷᠠᠨ᠎ᠠ  ᠡᠷᠳᠡᠨᠢᠬᠦᠦ                 ᠳᠡᠭᠷᠢ ᠡᠯᠡᠰᠦᠨ ᠤ ᠦᠨᠳᠦᠷ ᠴᠤᠬᠢᠶᠠᠳ ᠢᠶᠠᠷ ᠮᠤᠲ᠋ᠤᠷ ᠨᠢᠰᠬᠡᠨ ᠳᠠᠪᠬᠢᠭᠤᠯᠵᠤ᠂ ᠳᠡᠨᠢᠬᠦᠨ ᠭᠤᠪᠢ ᠶᠢᠨ ᠦᠷᠬᠡᠨ ᠴᠢᠯᠦᠬᠡ ᠪᠠᠷ ᠰᠡᠳᠬᠢᠯ ᠰᠡᠷᠬᠦᠳᠡᠯ᠎ᠠ ᠬᠦᠬᠡᠮᠡᠶᠢᠳᠡᠵᠦ ᠰᠠᠭᠤᠬᠤ ᠭᠡᠭᠴᠢ ᠡᠷ᠎ᠠ ᠬᠦᠮᠦᠨ ᠤ ᠬᠡᠶᠢᠮᠦᠷᠢ ᠵᠢᠷᠭᠠᠯ ᠪᠠᠶᠢᠳᠠᠭ ᠪᠢᠯᠢᠤ᠃ ᠠᠯᠠᠱᠠ ᠶᠢᠨ ᠴᠡᠬᠡᠯ ᠬᠡᠳᠡᠭ ᠨᠢᠬᠡᠨ ᠬᠦᠦ ᠡᠷ᠎ᠠ ᠬᠦᠮᠦᠨ ᠰᠢᠭ ᠬᠠᠨᠠᠶᠢᠵᠦ ᠶᠠᠪᠤᠬᠤ ᠶᠢ ᠬᠦᠰᠡᠨ᠂ ᠦᠪᠡᠷ ᠤᠨ ᠤᠷᠤᠯᠳᠤᠯᠭ᠎ᠠ ᠴᠢᠷᠮᠠᠶᠢᠯᠭ᠎ᠠ ᠪᠠᠷ ᠡᠷ᠎ᠠ ᠬᠦᠮᠦᠨ ᠤ ᠬᠡᠶᠢᠮᠦᠷᠢ ᠵᠢᠪᠬᠤᠭ᠎ᠠ ᠶᠢ ᠡᠷᠢᠯᠬᠢᠯᠡᠵᠦ ᠶᠠᠪᠤᠨ᠎ᠠ᠃
     ᠴᠡᠬᠡᠯ ᠬᠡᠮᠡᠭᠴᠢ ᠠᠭᠤᠯᠠ ᠶᠢᠨ ᠦᠨᠳᠦᠷ ᠤᠰᠤᠨ ᠤ ᠬᠦᠨ ᠢ ᠵᠦᠢᠷᠯᠡᠵᠦ᠂ ᠴᠠᠴᠠᠨ ᠰᠠᠨᠠᠭ᠎ᠠ᠂ ᠤᠷᠠᠨ ᠠᠶᠠᠯᠭᠤ ᠶᠢ ᠵᠢᠭᠠᠳᠠᠭ ᠤᠳᠬ᠎ᠠ ᠲᠠᠢ ᠪᠠᠷ ᠠᠪᠤ ᠡᠵᠢ ᠨᠢ ᠡᠶᠢᠮᠦ ᠰᠠᠶᠢᠬᠠᠨ ᠨᠡᠷ᠎ᠠ ᠦᠭᠬᠦᠭᠰᠡᠨ ᠪᠠᠶᠢᠯᠬᠦᠢ᠃ ᠠᠯᠠᠱᠠ ᠵᠡᠬᠦᠨ ᠬᠤᠰᠢᠭᠤᠨ ᠤ ᠣᠨᠳᠣᠷᠣᠯᠳᠣ ᠪᠠᠯᠭᠠᠰᠣᠨ ᠤ ᠳᠠᠪᠤᠨᠬᠤᠳᠳᠤᠭ ᠭᠠᠴᠠᠭᠠᠨ ᠳᠤ ᠨᠣᠳᠣᠭᠳᠠᠢ᠂ ᠬᠤᠷᠢᠨ ᠨᠠᠰᠦ ᠎ ᠶᠢ ᠳᠠᠪᠠᠵᠦ ᠶᠠᠪᠤᠭ᠎ᠠ ᠵᠠᠯᠠᠭᠤ ᠪᠢᠯᠡ᠃ ᠳᠡᠷᠡᠪᠡᠷ ᠠᠯᠠᠱᠠ ᠵᠡᠬᠦᠨ ᠬᠤᠰᠢᠭᠤᠨ ᠤ ᠮᠤᠩᠭᠤᠯ ᠦᠨᠳᠦᠰᠦᠳᠡᠨ ᠤ ᠰᠤᠷᠭᠠᠭᠤᠯᠢ ᠠᠴᠠ ᠠᠩᠬ᠎ᠠ ᠳᠣᠮᠳᠠᠳᠣ ᠪᠠᠨ ᠳᠡᠬᠦᠰᠭᠡᠭᠡᠳ ᠣᠷᠳᠣᠰ ᠬᠤᠳᠠ ᠶᠢᠨ ᠣᠳᠤᠭ ᠤᠨ ᠡᠮᠣᠨᠡᠳᠣ ᠬᠤᠰᠢᠭᠤᠨ ᠤ ᠦᠨᠳᠣᠰᠣᠳᠡᠨ ᠤ ᠠᠵᠢᠯ ᠮᠡᠷᠭᠡᠵᠢᠯ ᠤᠨ ᠳᠡᠭᠡᠳᠣ ᠰᠣᠷᠭᠠᠭᠤᠯᠢ ᠳᠤ ᠳᠠᠮᠢᠷ ᠤᠨ ᠮᠡᠷᠭᠡᠵᠢᠯ ᠢᠶᠠᠷ ᠰᠤᠷᠤᠯᠴᠠᠭᠰᠠᠨ ᠶᠤᠮ᠃ ᠴᠡᠬᠡᠯ ᠶᠡᠭᠡ ᠵᠤᠷᠢᠭᠳᠠᠢ ᠬᠦᠦ᠂ ᠳᠠᠮᠢᠷᠴᠢᠨ ᠪᠤᠯᠬᠤ ᠬᠦᠰᠡᠯ ᠲᠠᠢ᠂ ᠬᠦᠶᠦᠵᠦ ᠬᠠᠷᠠᠶᠢᠬᠤ ᠎ ᠳᠠᠭᠠᠨ ᠴᠢᠳᠠᠮᠠᠭᠠᠢ᠂ ᠳᠡᠬᠡᠬᠡᠳ ᠰᠣᠷᠭᠠᠭᠤᠯᠢ ᠶᠢᠨ ᠬᠦᠨᠳᠣ ᠬᠦᠩᠭᠡᠨ ᠳᠡᠮᠢᠷ ᠤᠨ ᠣᠷᠣᠯᠳᠣᠭᠠᠨ ᠤ 400 ᠮᠧᠲᠷ ᠎ ᠤᠨ ᠣᠷᠣᠯᠳᠣᠭᠠᠨ ᠤ ᠳᠡᠮᠳᠡᠭᠯᠡᠯ ᠢ ᠰᠢᠨᠡᠳᠬᠡᠵᠦ᠂ ᠠᠩᠭᠢ ᠨᠢᠭᠡᠴᠡ ᠪᠠᠨ ᠠᠯᠳᠠᠷᠰᠢᠭᠤᠯᠵᠣ ᠶᠠᠪᠣᠭᠰᠠᠨ ᠣᠳᠠᠭ᠎ᠠ ᠎ ᠲᠠᠢ᠃ ᠪᠠᠭ᠎ᠠ ᠠᠴᠠ ᠪᠠᠨ ᠡᠮᠨᠢᠭ ᠵᠠᠶᠢᠳᠠᠯᠠᠵᠦ᠂ ᠪᠦᠬᠡ ᠪᠠᠷᠢᠯᠳᠤᠬᠤ ᠳᠤᠷᠠᠳᠠᠢ᠃ ᠡᠷ᠎ᠠ ᠬᠦᠮᠦᠨ ᠭᠡᠭᠴᠢ ᠡᠷ᠎ᠠ ᠶᠢᠨ ᠭᠤᠷᠪᠠᠨ ᠨᠠᠭᠠᠳᠤᠮ ᠳᠤ ᠰᠢᠯᠭᠠᠷᠠᠭᠰᠠᠨ ᠪᠠᠶᠢᠬᠤ ᠶᠤᠰᠤᠳᠠᠢ ᠬᠡᠵᠦ ᠪᠤᠳᠤᠳᠠᠭ ᠪᠠᠶᠢᠵᠡᠢ᠃ ᠬᠡᠪᠡᠴᠦ ᠠᠳᠤᠭᠤ ᠮᠤᠷᠢ ᠴᠦᠬᠡᠷᠡᠭᠰᠡᠨ ᠤ ᠤᠴᠢᠷ ᠠᠮᠠᠷᠠᠯᠳᠠ ᠪᠠᠷ ᠬᠠᠷᠢᠵᠦ ᠢᠷᠡᠪᠡᠯ ᠮᠤᠲ᠋ᠤᠷ ᠤᠨᠤᠵᠤ ᠨᠠᠭᠠᠳᠬᠤ ᠳᠤᠷᠠᠳᠠᠢ ᠪᠤᠯᠵᠡᠢ᠃ ᠠᠵᠢᠯ ᠮᠡᠷᠬᠡᠵᠢᠯ ᠤᠨ ᠰᠤᠷᠭᠠᠭᠤᠯᠢ ᠳᠤ ᠤᠷᠤᠭᠰᠠᠨ ᠠᠴᠠ ᠬᠤᠶᠢᠰᠢ ᠬᠠᠶᠠ ᠪᠠᠰᠠ ᠮᠣᠲ᠋ᠣᠷ ᠳᠡᠷᠭᠡᠨ ᠤ ᠡᠯᠡᠰᠣ ᠮᠠᠩᠬᠠᠨ ᠤ ᠭᠡᠭᠡᠷᠡᠯᠡᠨ ᠣᠷᠣᠯᠳᠣᠬᠤ ᠣᠷᠣᠯᠳᠣᠭᠠᠨ ᠳᠤ ᠣᠷᠣᠯᠴᠠᠳᠠᠭ᠃ ᠬᠡᠪᠡᠴᠦ ᠡᠯᠡᠰᠣ ᠮᠠᠩᠬᠠᠨ ᠳᠤ ᠮᠣᠲ᠋ᠣᠷ ᠤᠷᠤᠯᠳᠤᠨ᠎ᠠ ᠭᠡᠭᠴᠢ ᠠᠶᠣᠯ ᠪᠠᠷᠳᠠᠭ᠎ᠠ ᠲᠠᠢ ᠪᠠᠶᠢᠳᠠᠭ ᠢᠶᠠᠷ ᠢᠶᠠᠨ ᠠᠪᠤ ᠡᠵᠢ ᠨᠢ ᠵᠦᠪᠰᠢᠶᠡᠷᠡᠳᠡᠭ ᠦᠬᠡᠢ ᠬᠡᠨ᠎ᠠ᠃ ᠳᠡᠭᠡᠭᠡᠳ ᠳᠡᠷᠡ ᠬᠡᠷ ᠤᠨ ᠬᠦᠮᠦᠨ ᠢᠶᠠᠨ ᠰᠠᠨᠠᠭ᠎ᠠ ᠵᠤᠪᠠᠭᠤᠯᠬᠤ ᠦᠬᠡᠢ ᠶᠢᠨ ᠳᠦᠯᠦᠬᠡ ᠦᠪᠡᠷ ᠤᠨ ᠤᠷᠤᠯᠳᠤᠭᠠᠨ ᠎ ᠤ ᠮᠤᠲ᠋ᠤᠷ ᠢᠶᠠᠨ ᠬᠤᠳᠠᠯᠳᠤᠵᠡᠢ᠃ ᠴᠡᠬᠡᠯ ᠦᠪᠡᠷ ᠤᠨ ᠬᠦᠰᠡᠯ ᠢᠶᠠᠨ ᠳᠡᠷᠬᠡᠯᠰᠢᠬᠦᠯᠬᠦ ᠪᠠᠷ CK ᠺᠯᠦ᠋ᠪ᠂ ᠸᠧᠢ ᠸᠧᠢ ᠮᠤᠲ᠋ᠤᠷ ᠳᠡᠷᠬᠡᠨ ᠤ ᠰᠡᠯᠪᠢᠨ ᠵᠠᠰᠠᠬᠤ ᠭᠠᠵᠠᠷ ᠤᠨ ᠳᠡᠮᠵᠢᠯᠬᠡ ᠲᠠᠢ ᠪᠠᠷ ᠡᠯᠡᠰᠣ ᠮᠠᠩᠬᠠᠨ ᠤ ᠮᠣᠲ᠋ᠣᠷ ᠳᠡᠷᠭᠡᠨ ᠎ ᠤ ᠣᠷᠣᠯᠳᠣᠭᠠᠨ ᠳᠤ ᠬᠡᠳᠦᠨ ᠤᠳᠠᠭ᠎ᠠ ᠤᠷᠤᠯᠴᠠᠭᠠᠳ ᠳᠦᠷᠦᠬᠦᠯᠡᠵᠦ ᠦᠩᠭᠡᠷᠡᠭᠰᠡᠨ ᠪᠦᠬᠡᠳ ᠤᠯᠠᠨ ᠤᠳᠠᠭ᠎ᠠ ᠳᠡᠰ ᠲᠤ ᠤᠷᠤᠭᠰᠠᠨ ᠪᠠᠶᠢᠯ᠎ᠠ᠃ ᠴᠡᠬᠡᠯ᠄ ︽ᠦᠨᠳᠦᠷ ᠴᠤᠬᠢᠶᠠᠳ ᠢ ᠮᠤᠲ᠋ᠤᠷ ᠨᠢᠰᠬᠡᠨ ᠳᠠᠪᠠᠵᠦ ᠶᠠᠪᠤᠬᠤ ᠬᠡᠭᠴᠢ ᠦᠨᠡᠬᠡᠷ ᠪᠠᠭ᠋ᠠᠳᠠᠢ ᠰᠠᠶᠢᠬᠠᠨ ᠶᠠᠪᠤᠳᠠᠯ᠂ ᠵᠤᠷᠢᠭ ᠰᠢᠨᠳᠠᠰᠦ᠂ ᠤᠷ᠎ᠠ ᠮᠡᠷᠬᠡᠵᠢᠯ ᠰᠢᠯᠭᠠᠳᠠᠭ ᠪᠡᠶ᠎ᠠ ᠶᠢᠨ ᠳᠠᠮᠢᠷ ᠪᠠᠶᠢᠭ᠎ᠠ ᠶᠤᠮ᠃ ᠬᠡᠪᠡᠴᠦ ᠠᠪᠤ ᠡᠵᠢ ᠮᠢᠨᠢ ᠨᠠᠮᠠᠢᠢ ᠬᠡᠮᠳᠦᠵᠦ ᠪᠡᠷᠬᠡᠳᠡᠬᠦ ᠠᠴᠠ ᠵᠤᠪᠠᠭ᠋ᠤ ᠳᠤᠯᠠ ᠪᠢ ᠡᠬᠦᠨ ᠢ ᠨᠠᠰᠦᠨ ᠤ ᠬᠦᠬᠡᠬᠡᠴᠡᠯᠳᠦᠯ ᠢᠶᠠᠨ ᠪᠤᠯᠭᠠᠭᠰᠠᠨ ᠦᠬᠡᠢ᠂  ᠳᠤᠷ᠎ᠠ ᠪᠠᠬ᠎ᠠ ᠶᠢᠨ ᠨᠢᠬᠡ ᠳᠦᠷᠦᠯ ᠢᠶᠠᠨ ᠪᠤᠯᠭᠠᠵᠦ᠂ ᠦᠪᠡᠷ ᠤᠨ ᠳᠡᠰᠪᠦᠷᠢ ᠵᠤᠷᠢᠭ ᠢᠶᠠᠨ ᠪᠤᠯᠪᠠᠰᠤᠷᠠᠭᠤᠯᠬᠤ ᠬᠦᠴᠦᠨ ᠢᠶᠠᠨ ᠪᠤᠯᠭᠠᠵᠦ ᠪᠠᠶᠢᠳᠠᠭ ᠶᠤᠮ︾ ᠬᠡᠵᠦ ᠶᠠᠷᠢᠨ᠎ᠠ᠃
    ᠳᠡᠶᠢᠨᠬᠦ ᠴᠡᠬᠡᠯ ᠳᠣᠷ᠎ᠠ ᠰᠣᠨᠢᠷᠬᠠᠯ ᠢᠶᠠᠨ ᠬᠦᠭᠡᠮᠡᠢ᠂ ᠮᠣᠷᠢᠨ ᠬᠤᠭᠤᠷ ᠲᠤ ᠰᠢᠯᠵᠢᠬᠦᠯᠵᠡᠢ᠃ ᠶᠠᠭᠤ ᠤᠷᠤᠯᠳᠤᠭᠰᠠᠨ ᠴᠦ ᠳᠡᠬᠦᠨ ᠢᠶᠠᠨ ᠦᠵᠦᠬᠦᠷ ᠲᠤᠨᠢ ᠭᠠᠷᠳᠠᠯ᠎ᠠ ᠰᠠᠶᠢᠬᠠᠨ ᠡᠵᠡᠮᠰᠢᠶ᠎ᠠ ᠬᠡᠳᠡᠭ ᠪᠤᠳᠤᠯ ᠲᠠᠢ ᠳᠠᠷᠠᠪᠠᠷ᠂ ᠤᠳᠤᠭ ᠤᠨ ᠡᠮᠦᠨᠡᠳᠦ ᠬᠤᠰᠢᠭᠤᠨ ᠤ ᠨᠡᠷᠡᠳᠦ ᠬᠦᠬᠡᠮᠡᠶᠢᠴᠢᠨ ᠠᠭᠤᠯᠠ ᠪᠠᠭᠰᠢ ᠠᠴᠠ ᠭᠤᠷᠪᠠᠨ ᠵᠢᠯ ᠬᠦᠬᠡᠮᠡᠢ ᠰᠣᠷᠴᠣ᠂ ᠣᠳᠣ ᠪᠣᠯᠬᠤ ᠳᠤ ᠡᠨᠡ ᠳᠠᠯ᠎ᠠ ᠪᠠᠷ ᠬᠦᠭᠵᠢᠬᠦ ᠬᠠᠨᠳᠣᠰᠢ ᠲᠠᠢ ᠪᠣᠯᠣᠭᠰᠠᠨ ᠪᠠᠶᠢᠯ᠎ᠠ᠃ ᠪᠢᠳᠠ ᠳᠡᠬᠦᠨ ᠎ ᠲᠠᠢ ᠠᠭᠤᠯᠵᠠᠬᠤ ᠳᠤ ᠳᠡᠷᠡ ᠠᠮᠠᠷᠠᠯᠳᠠ ᠶᠢᠨ ᠡᠳᠣᠷ ᠲᠤ ᠪᠠᠶᠠᠨᠬᠤᠳᠠ ᠳᠤ ᠪᠠᠭᠠᠴᠣᠳ ᠭᠡᠣᠭᠡᠳ ᠲᠤ ᠮᠣᠷᠢᠨ ᠬᠤᠭᠤᠷ ᠵᠢᠭᠠᠵᠣ ᠪᠠᠷᠠᠭᠠᠳ ᠰᠤᠷᠭᠠᠭᠤᠯᠢ ᠳᠠᠭᠠᠨ ᠪᠤᠴᠠᠵᠦ ᠶᠡᠭᠡ ᠰᠤᠷᠭᠠᠭᠤᠯᠢ ᠳᠤ ᠰᠢᠯᠭᠠᠯᠳᠠ ᠳᠤ ᠤᠷᠤᠬᠤ ᠪᠠᠷ ᠪᠡᠯᠡᠳᠬᠡᠵᠦ ᠪᠠᠶᠢᠯ᠎ᠠ᠃
    ᠴᠡᠭᠡᠯ ᠪᠣᠯ ᠠᠪᠤ ᠡᠵᠢ ᠶᠢᠨ ᠢᠶᠠᠨ ᠠᠴᠢᠯᠠᠯᠳᠣ ᠬᠦᠣ᠃ ᠢᠮᠠᠭᠳᠠ ᠠᠪᠤ ᠡᠵᠢ ᠶᠢ ᠪᠠᠨ ᠪᠠᠶᠠᠷᠯᠠᠭᠤᠯᠬᠤ ᠶᠢ ᠪᠣᠳᠣᠵᠣ᠂ ᠬᠠᠮᠢᠭ᠎ᠠ ᠶᠠᠪᠣᠭᠰᠠᠨ ᠴᠦ᠂ ᠶᠠᠮᠠᠷ ᠠᠵᠢᠯ ᠠᠬᠤᠢ ᠶᠢ ᠬᠢᠵᠣ ᠣᠷᠣᠯᠳᠣᠭᠰᠠᠨ ᠴᠦ ᠠᠪᠤ ᠡᠵᠢ ᠤᠨ ᠢᠶᠠᠨ ᠰᠠᠨᠠᠯ ᠪᠣᠳᠣᠯ ᠢ ᠰᠠᠶᠢᠨ ᠲᠣᠩᠭᠠᠵᠣ ᠶᠠᠪᠣᠳᠠᠭ᠃ ᠳᠡᠬᠦᠨ ᠢ ᠠᠩᠬ᠎ᠠ ᠳᠣᠮᠳᠠᠳᠣ ᠶᠢᠨ ᠬᠤᠶᠠᠳᠣᠭᠠᠷ ᠣᠨ ᠤ ᠦᠶ᠎ᠡ ᠎ ᠳᠤ ᠠᠪᠤ ᠨᠢ ᠬᠦᠨᠳᠣ ᠡᠪᠡᠳᠴᠢᠯᠡᠭᠰᠡᠨ ᠠᠴᠠ ᠪᠣᠯᠵᠣ᠂ ᠡᠷᠳᠡ ᠣᠬᠠᠭᠠᠵᠢᠵᠣ᠂ ᠠᠵᠢᠯ ᠬᠦᠳᠡᠯᠮᠣᠷᠢ ᠳᠤ ᠣᠷᠣᠯᠴᠠᠨ ᠂ ᠭᠡᠷ ᠪᠦᠯᠢ ᠶᠢᠨ ᠳᠠᠷᠣᠭᠠᠰᠣ ᠶᠢ ᠬᠦᠩᠭᠡᠯᠡᠵᠣ᠂ ᠭᠡᠷ ᠪᠦᠯᠢ ᠳᠡᠭᠡᠨ ᠳᠣᠰᠠ ᠪᠣᠯᠬᠤ ᠶᠢ ᠦᠷᠬᠦᠯᠵᠢ ᠳᠡᠭᠡᠨ ᠪᠣᠳᠣᠵᠣ ᠪᠡᠶᠡᠯᠡᠬᠦᠯᠦᠭᠰᠡᠭᠡᠷ ᠢᠷᠡᠵᠡᠢ᠃  ᠠᠮᠠᠷᠠᠯᠳᠠ ᠪᠠᠷ ᠬᠠᠷᠢᠪᠠᠯ ᠣᠯᠠᠨ ᠵᠦᠢᠯ ᠤᠨ ᠠᠵᠢᠯ ᠢ ᠬᠢᠵᠣ ᠣᠷᠣᠯᠳᠣᠳᠠᠭ᠃ ᠨᠠᠭᠠᠴᠣ ᠠᠪᠤ ᠪᠠᠨ ᠬᠠᠪᠰᠣᠷᠴᠣ ᠮᠠᠯ ᠠᠬᠤᠢ ᠳᠣᠳᠣᠮᠳᠠᠬᠤ᠂ ᠠᠪᠤ ᠪᠠᠨ ᠬᠠᠪᠰᠤᠷᠴᠦ ᠠᠷᠠᠯᠵᠢᠶ᠎ᠠ ᠬᠢᠬᠦ᠂ ᠭᠡᠣᠭᠡᠳ ᠲᠤ ᠮᠣᠷᠢᠨ ᠬᠤᠭᠤᠷ ᠳᠤᠪᠰᠢᠭᠤᠷ ᠵᠢᠭᠠᠵᠦ ᠤᠷᠤᠯᠭ᠎ᠠ ᠤᠯᠬᠤ ᠮᠡᠳᠦ ᠶᠠᠭᠠᠷᠠᠵᠦ ᠪᠠᠶᠢᠳᠠᠭ ᠬᠡᠨ᠎ᠠ᠃ ᠨᠢᠳᠣᠨᠣᠨ ᠵᠤᠨ ᠠᠪᠤ ᠪᠠᠨ ᠬᠠᠪᠰᠣᠷᠴᠣ ᠭᠡᠰᠡᠭ ᠬᠤᠭᠤᠴᠠᠭ᠎ᠠ ᠪᠠᠷ ᠶᠦᠨᠨᠠᠨ᠂ ᠬᠦᠢᠵᠸᠣ ᠵᠡᠷᠭᠡ ᠡᠮᠣᠨ᠎ᠡ ᠣᠷᠣᠨ ᠵᠢᠴᠢ᠂ ᠸᠢᠶᠧᠲᠨᠠᠮ ᠵᠡᠷᠭᠡ ᠣᠯᠣᠰ ᠤᠳ ᠢᠶᠠᠷ ᠶᠠᠪᠣᠵᠣ ᠠᠷᠠᠯᠵᠢᠶ᠎ᠠ ᠬᠢᠵᠡᠢ᠃ ᠢᠩᠭᠢᠭᠡᠳ ᠶᠡᠭᠡ ᠰᠣᠷᠭᠠᠭᠤᠯᠢ ᠳᠤ ᠰᠢᠯᠭᠠᠬᠤ ᠨᠡᠷ᠎ᠠ ᠮᠡᠳᠡᠬᠦᠯᠬᠦ ᠡᠳᠣᠷ ᠲᠤ ᠠᠮᠵᠢᠵᠣ ᠢᠷᠡᠵᠣ ᠴᠢᠳᠠᠭᠰᠠᠨ ᠦᠭᠡᠢ ᠠᠴᠠ ᠶᠡᠭᠡ ᠰᠣᠷᠭᠠᠭᠤᠯᠢ ᠳᠤ ᠰᠢᠯᠭᠠᠬᠤ ᠳᠣᠬᠢᠶᠠᠯ ᠢᠶᠠᠨ ᠠᠯᠳᠠᠭᠰᠠᠨ ᠪᠠᠶᠢᠪᠠ᠃ ᠳᠡᠷᠡ ᠶᠡᠷᠣ ᠠᠴᠠ ᠡᠨᠡ ᠣᠴᠢᠷ ᠲᠤ ᠬᠠᠷᠠᠮᠰᠠᠭ᠎ᠠ ᠦᠭᠡᠢ᠂ ᠡᠷ᠎ᠠ ᠦᠰᠪᠡᠯ ᠬᠡᠷ ᠡᠷᠦᠬᠡ ᠪᠠᠨ ᠳᠤᠯᠭᠠᠭᠤᠷᠢᠯᠠᠵᠦ ᠶᠠᠪᠤᠬᠤ ᠶᠤᠰᠤᠳᠠᠢ ᠬᠡᠵᠦ ᠪᠤᠳᠤᠳᠠᠭ ᠢᠶᠠᠷ ᠦᠪᠡᠷ ᠢ ᠪᠠᠨ ᠨᠢᠬᠡ ᠦᠩᠭᠡᠷᠡᠯᠳᠡ ᠳᠠᠪᠳᠠᠯᠳᠠ ᠲᠠᠢ ᠪᠤᠯᠤᠯ᠎ᠠ᠂ ᠠᠷᠠᠯᠵᠢᠶ᠎ᠠ ᠮᠠᠶᠢᠮᠠᠢ ᠬᠢᠬᠦ ᠶᠢᠨ ᠠᠷᠭ᠎ᠠ ᠳᠤᠷᠰᠢᠯᠭ᠎ᠠ ᠤᠯᠵᠤ ᠴᠢᠳᠠᠯ᠎ᠠ ᠬᠡᠵᠦ ᠤᠯᠵᠠᠷᠬᠠᠵᠦ᠂ ᠶᠡᠭᠡ ᠰᠣᠷᠭᠠᠭᠤᠯᠢ ᠶᠢᠨ ᠰᠢᠯᠭᠠᠯᠳᠠ ᠳᠤ ᠳᠠᠬᠢᠵᠣ ᠨᠢᠭᠡ ᠵᠢᠯ ᠳᠠᠪᠳᠠᠵᠣ ᠰᠢᠯᠭᠠᠭᠤᠯᠬᠤ ᠪᠠᠷ ᠰᠡᠮᠡᠭᠡᠷ ᠵᠤᠷᠢᠭ ᠰᠢᠭᠤᠳᠤᠭᠰᠠᠨ ᠪᠠᠶᠢᠵᠡᠢ᠃
     ᠴᠡᠭᠡᠯ ᠡᠨᠡ ᠵᠢᠯ ᠣᠷᠠᠯᠢᠭ ᠤᠨ ᠳᠣᠰᠬᠠᠢ ᠮᠡᠷᠭᠡᠵᠢᠯ ᠢᠶᠠᠷ ᠶᠡᠭᠡ ᠰᠣᠷᠭᠠᠭᠤᠯᠢ ᠳᠤ ᠰᠢᠯᠭᠠᠵᠣ ᠪᠠᠶᠢᠭ᠎ᠠ ᠶᠤᠮ ᠬᠡᠨ᠎ᠠ᠂ ᠳᠡᠷᠡᠪᠡᠷ ᠣᠷᠠᠯᠢᠭ ᠤᠨ ᠳᠣᠰᠬᠠᠢ ᠮᠡᠷᠭᠡᠵᠢᠯ ᠤᠨ ᠰᠢᠯᠭᠠᠯᠳᠠ ᠢᠶᠠᠨ 203 ᠬᠤᠪᠢ ᠶᠢᠨ ᠦᠨᠳᠣᠷ ᠬᠢᠷᠢ ᠪᠦᠳᠦᠮᠵᠢ ᠪᠠᠷ ᠰᠢᠯᠭᠠᠵᠣ᠂ ᠣᠳᠣ ᠰᠤᠶᠤᠯ ᠤᠨ ᠬᠢᠴᠢᠶᠡᠯ ᠤᠨ ᠰᠢᠯᠭᠠᠯᠳᠠ ᠳᠠᠭᠠᠨ ᠤᠷᠤᠬᠤ ᠪᠠᠷ ᠴᠢᠷᠮᠠᠶᠢᠵᠣ ᠪᠤᠢ᠃ ᠳᠡᠬᠦᠨ ᠤ ᠬᠦᠰᠡᠯ ᠪᠡᠶᠡᠯᠡᠭᠳᠡᠵᠦ᠂ ᠬᠦᠬᠡᠮᠡᠢ ᠶᠢᠨ ᠠᠶ᠎ᠠ ᠪᠠᠨ ᠨᠡᠩ ᠬᠤᠯᠠ ᠳᠤ ᠰᠤᠨᠤᠷᠳᠠᠭᠤᠯᠵᠤ᠂ ᠦᠩᠭᠡ ᠲᠠᠢ ᠦᠨ᠎ᠠ ᠲᠠᠢ ᠰᠠᠶᠢᠬᠠᠨ ᠶᠠᠪᠤᠬᠤ ᠶᠢᠨ ᠢᠷᠤᠬᠡᠯ ᠢᠶᠠᠨ ᠡᠷᠬᠦᠶ᠎ᠠ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号