ᠦᠨᠢ ᠡᠬᠦᠷᠢᠳᠡ ᠶᠢᠨ ᠢᠳᠡᠬᠡᠯ ᠬᠦᠰᠡᠯ  — ᠠᠯᠠᠱᠠ ᠶᠢᠨ ᠳᠠᠯᠠᠭᠠᠳ ᠨᠠᠰᠤᠳᠠᠢ ᠭᠤᠷᠪᠠᠨ ᠪᠤᠭᠤᠷᠤᠯ ᠤᠨ ᠨᠠᠮ ᠳᠤ ᠤᠷᠤᠬᠤ ᠬᠦᠰᠡᠯ ᠢᠶᠠᠨ ᠳᠡᠷᠬᠡᠯᠰᠢᠬᠦᠯᠬᠦ ᠪᠠᠷ ᠵᠢᠳᠬᠦᠭᠰᠡᠨ ᠰᠡᠳᠬᠢᠯ ᠬᠦᠳᠡᠯᠬᠡᠮ᠎ᠠ ᠦᠢᠯᠡ ᠶᠠᠪᠤᠳᠠᠯ ᠢ ᠳᠡᠮᠳᠡᠭ᠊
ᠨᠡᠶᠢᠲᠡᠯᠡᠭᠰᠡᠨ ᠴᠠᠭ᠄
2021/12/15
   ︽ᠳᠤᠮᠳᠠᠳᠤ ᠤᠯᠤᠰ ᠤᠨ ᠡᠪ ᠬᠠᠮᠳᠤ ᠨᠠᠮ ᠪᠢᠳᠠᠨ ᠢ ᠤᠳᠤᠷᠢᠳᠤᠨ ᠮᠠᠨ ᠤ ᠤᠯᠤᠰ ᠢᠶᠠᠨ ᠪᠠᠶᠠᠨ ᠴᠢᠨᠡᠬᠡᠯᠢᠭ ᠬᠦᠴᠦᠷᠭᠡᠭ ᠤᠯᠤᠰ ᠪᠤᠯᠭᠠᠨ ᠪᠦᠳᠦᠬᠡᠨ ᠪᠠᠶᠢᠭᠤᠯᠵᠤ᠂ ᠨᠡᠶᠢᠬᠡᠮ ᠬᠦᠭᠵᠢᠨ ᠠᠷᠠᠳ ᠪᠠᠶᠠᠵᠢᠵᠦ᠂ ᠠᠮᠢᠳᠤᠷᠠᠯ ᠤᠯᠠᠮ ᠠᠴᠠ ᠤᠯᠠᠮ ᠵᠤᠯ ᠵᠢᠷᠭᠠᠯ ᠢᠶᠠᠷ ᠪᠢᠯᠬᠠᠵᠦ ᠪᠠᠶᠢᠨ᠎ᠠ᠃ ᠨᠠᠮ ᠳᠠᠭᠠᠨ ᠳᠠᠯᠠᠷᠬᠠᠵᠦ᠂ ᠨᠠᠮ ᠤᠨ ᠢᠶᠠᠨ ᠨᠢᠬᠡᠨ ᠪᠦᠷᠢᠯᠳᠦᠬᠦᠨ ᠪᠤᠯᠵᠤ᠂ ᠨᠠᠮ᠂ ᠠᠷᠠᠳ ᠲᠦᠮᠠᠨ ᠳᠡᠭᠡᠨ ᠦᠢᠯᠡᠴᠢᠯᠡᠨ᠂ ᠦᠳᠡᠯᠦᠬᠡ ᠨᠠᠰᠦ ᠪᠠᠨ ᠤᠯᠠᠮ ᠦᠩᠭᠡ ᠬᠡᠷᠡᠯᠳᠡᠢ᠂ ᠤᠳᠬ᠎ᠠ ᠠᠭᠤᠯᠭ᠎ᠠ ᠲᠠᠢ ᠦᠩᠭᠡᠷᠡᠬᠦᠯᠦᠶ᠎ᠠ ᠬᠡᠵᠦ ᠪᠤᠳᠤᠵᠤ ᠪᠠᠶᠢᠨ᠎ᠠ︾᠃
   ᠠᠯᠠᠱᠠ ᠵᠡᠬᠦᠨ ᠬᠤᠰᠢᠭᠤᠨ ᠤ ᠤᠯᠠᠨᠪᠤᠯᠠᠬ ᠪᠠᠯᠭᠠᠰᠤᠨ ᠤ ᠲᠥᠬᠦᠮ ᠭᠠᠴᠠᠭᠠᠠ ᠤ ᠮᠠᠯᠴᠢᠨ ᠪᠥᠷᠢᠨᠳᠡᠬᠦᠰ᠂ ᠳᠡᠭᠷᠢ ᠠᠵᠤ ᠠᠬᠤᠢ ᠮᠡᠷᠬᠡᠵᠢᠯ ᠤᠨ ᠨᠡᠬᠡᠬᠡᠯᠳᠡ ᠶᠢᠨ ᠤᠷᠤᠨ ᠤ ᠳᠡᠭᠷᠢ ᠡᠯᠡᠰᠦ ᠪᠠᠯᠭᠠᠰᠤᠨ ᠤ ᠳᠡᠮᠡᠬᠡᠨ ᠠᠭᠤᠯᠠ ᠭᠠᠴᠠᠭᠠᠨ ᠤ ᠮᠠᠯᠴᠢᠨ ᠬᠡᠦᠬᠡᠢ᠂ ᠠᠯᠠᠱᠠ ᠵᠡᠬᠦᠨ ᠬᠤᠰᠢᠭᠤᠨ ᠤ ᠵᠢᠷᠠᠳᠠᠢ ᠪᠠᠯᠭᠠᠰᠦᠨ ᠤ ᠵᠤᠭᠤᠰᠳᠤᠯᠤᠭᠠᠢ ᠭᠠᠴᠠᠭᠠᠨ ᠤ ᠮᠠᠯᠴᠢᠨ ᠯᠢ ᠸᠠᠨ ᠵᠢᠢ ᠵᠡᠷᠬᠡ ᠨᠠᠮ ᠳᠤ ᠤᠷᠤᠬᠤ ᠪᠠᠷ ᠡᠷᠮᠡᠯᠵᠡᠯᠡᠵᠦ ᠪᠠᠶᠢᠭ᠎ᠠ ᠳᠠᠯᠠᠭᠠᠳ ᠨᠠᠰᠤᠳᠠᠢ ᠭᠤᠷᠪᠠᠨ ᠨᠠᠰᠤᠳᠠᠨ ᠢ ᠰᠤᠷᠪᠤᠯᠵᠢᠯᠠᠬᠤ ᠳᠤ ᠳᠡᠳᠡ ᠪᠦᠷ ᠢᠩᠬᠢᠵᠦ ᠶᠠᠷᠢᠵᠦ ᠪᠠᠶᠢᠭᠰᠠᠨ ᠶᠤᠮ᠃    ᠦᠳᠡᠯᠦᠬᠡ ᠨᠠᠰᠤᠨ ᠳᠠᠭᠠᠨ ᠨᠠᠮ ᠳᠤ ᠤᠷᠤᠬᠤ ᠪᠠᠷ ᠵᠢᠳᠬᠦᠵᠦ᠂ ᠦᠪᠡᠷ ᠤᠨ ᠨᠢᠬᠡ ᠨᠠᠰᠤᠨ ᠤ ᠬᠦᠰᠡᠯ ᠵᠤᠷᠢᠯᠳᠡ ᠪᠠᠨ ᠳᠡᠷᠬᠡᠯᠰᠢᠬᠦᠯᠬᠦ ᠪᠠᠷ ᠴᠢᠷᠮᠠᠶᠢᠵᠦ ᠪᠠᠶᠢᠭ᠎ᠠ ᠭᠤᠷᠪᠠᠨ ᠪᠤᠭᠤᠷᠤᠯ ᠢ ᠳᠠᠨᠢᠯᠴᠠᠭᠤᠯᠵᠤ᠂ ᠳᠠᠳᠡ ᠶᠠᠭᠤᠨ ᠳᠤ ᠢᠩᠬᠢᠵᠦ ᠶᠠᠷᠢᠵᠦ ᠪᠠᠶᠢᠭ᠎ᠠ ᠶᠢ ᠤᠶᠢᠯᠠᠭᠠᠶ᠎ᠠ᠃
   ︽ᠨᠠᠷᠠᠨ ᠤ ᠭᠡᠷᠡᠯ ᠲᠥᠮᠡᠡ ᠪᠤᠳᠠᠰ ᠢ ᠠᠮᠢᠯᠠᠭᠤᠯᠵᠤ᠂ ᠨᠠᠮ ᠤᠨ ᠠᠴᠢ ᠲᠥᠮᠡᠡ ᠤᠯᠠᠠ ᠢ ᠭᠡᠶᠢᠬᠦᠯᠦᠨ᠎ᠠ︾    ᠪᠥᠷᠢᠨᠳᠡᠬᠦᠰ ᠪᠤᠯ ᠠᠯᠠᠱᠠ ᠵᠡᠬᠦᠨ ᠬᠤᠰᠢᠭᠤᠨ ᠤ ᠤᠯᠠᠨᠪᠤᠯᠠᠬ ᠪᠠᠯᠭᠠᠰᠤᠨ ᠤ ᠲᠥᠬᠦᠮ ᠭᠠᠴᠠᠭᠠᠠ ᠤ ᠮᠠᠯᠴᠢᠨ᠃ ᠡᠨᠡ ᠵᠢᠯ ᠳᠠᠯᠠᠠ ᠭᠤᠷᠪᠠᠨ ᠨᠠᠰᠤ ᠲᠠᠢ᠂ ᠡᠭᠡᠯ ᠵᠢᠷ ᠤᠨ ᠬᠥᠳᠡᠭᠡ ᠶᠢᠨ ᠭᠤᠷᠪᠠᠳᠤᠭᠠᠷ ᠳᠡᠰ ᠤᠨ ᠵᠡᠮᠳᠡᠭ ᠪᠤᠷᠤ ᠮᠠᠯᠴᠢᠨ᠃ 2021 ᠤᠨ ᠤ 5 ᠰᠠᠷ᠎ᠠ ᠶᠢᠨ 7 ᠤ ᠡᠳᠦᠷ᠂ ᠠᠯᠠᠱᠠ ᠵᠡᠬᠦᠨ ᠬᠤᠰᠢᠭᠤᠨ ᠤ ᠤᠯᠠᠨᠪᠤᠯᠠᠬ ᠪᠠᠯᠭᠠᠰᠤᠨ ᠤ ᠲᠥᠬᠦᠮ ᠭᠠᠴᠠᠭᠠᠠ ᠤ ᠨᠠᠮ ᠤᠨ ᠡᠬᠦᠷ ᠤᠨ ᠶᠡᠭᠡ ᠬᠤᠷᠠᠯ ᠢᠶᠠᠷ ᠳᠠᠮᠵᠢᠨ ᠵᠦᠪᠰᠢᠶᠡᠷᠡᠭᠳᠡᠵᠦ᠂ ᠪᠡᠯᠡᠳᠭᠡᠯ ᠨᠠᠮ ᠤᠨ ᠭᠡᠰᠢᠬᠦᠨ ᠪᠤᠯᠵᠤ᠂ ᠨᠠᠮ ᠳᠠᠭᠠᠨ ᠳᠠᠩᠭᠠᠷᠢᠭᠯᠠᠨ ᠨᠠᠮ ᠳᠤ ᠤᠷᠤᠬᠤ ᠬᠡᠰᠡᠨ ᠬᠦᠰᠡᠯ ᠡᠷᠮᠡᠯᠵᠡᠯᠡᠯ ᠢᠶᠠᠨ ᠳᠡᠷᠬᠡᠯᠰᠢᠬᠦᠯᠵᠡᠢ᠃   ︽ᠪᠢ 1966 ᠤᠨ ᠠᠴᠠ 1978 ᠤᠨ ᠪᠤᠯᠳᠠᠯ᠎ᠠ ᠲᠤᠮᠳᠠᠳᠤ ᠤᠯᠤᠰ ᠤᠨ ᠡᠪ ᠬᠠᠮᠳᠤ ᠨᠠᠮ ᠤᠷᠤᠬᠤ ᠪᠠᠷ ᠤᠯᠠᠨᠳᠠ ᠭᠤᠶᠤᠴᠢᠯᠠᠭᠰᠠᠨ ᠶᠤᠮ᠃ ᠳᠤᠬᠠᠢ ᠶᠢᠨ ᠦᠶ᠎ᠠ ᠳᠤ ᠨᠢᠬᠡᠨ ᠡᠪ ᠬᠠᠮᠳᠤ ᠨᠠᠮ ᠤᠨ ᠬᠡᠰᠢᠬᠦᠨ ᠤ ᠪᠠᠷᠢᠮᠵᠢᠶ᠎ᠠ ᠳᠤ ᠬᠦᠷᠴᠦ ᠴᠢᠳᠠᠭᠰᠠᠨ ᠦᠬᠡᠢ ᠪᠠᠶᠢᠭᠰᠠᠨ ᠪᠠᠶᠢᠬ᠎ᠠ᠃ ᠬᠡᠪᠡᠴᠦ ᠪᠢ ᠵᠤᠷᠢᠭ ᠰᠢᠨᠳᠠᠷᠠᠵᠦ ᠢᠳᠡᠬᠡᠯ ᠠᠯᠳᠠᠭ᠎ᠠ ᠦᠬᠡᠢ᠃ ᠬᠦᠮᠦᠨ ᠤᠯᠠᠨ ᠳᠠᠭᠠᠨ ᠳᠤᠰᠠ ᠲᠠᠢ᠂ ᠠᠵᠢᠯ ᠬᠦᠳᠡᠯᠮᠦᠷᠢ ᠳᠡᠭᠡᠨ ᠴᠢᠷᠮᠠᠶᠢᠯᠳᠠ ᠲᠠᠢ ᠵᠢᠳᠬᠦᠭᠰᠡᠭᠡᠷ ᠢᠷᠡᠭᠰᠡᠨ᠃ 2019 ᠤᠨ ᠳᠤ ᠨᠢᠬᠡ ᠨᠠᠰᠤᠨ ᠤ ᠪᠠᠨ ᠬᠦᠰᠡᠯ ᠢᠶᠠᠨ ᠪᠡᠶᠡᠯᠡᠬᠦᠯᠬᠦ ᠬᠡᠵᠦ ᠲᠤᠮᠳᠠᠳᠤ ᠤᠯᠤᠰ ᠤᠨ ᠡᠪ ᠬᠠᠮᠳᠤ ᠨᠠᠮ ᠳᠤ ᠤᠷᠤᠬᠤ ᠪᠠᠷ ᠳᠠᠬᠢᠨᠳᠠ ᠭᠤᠶᠦᠴᠢᠯᠠᠬᠰᠠᠠ ᠪᠠᠶᠢᠨ᠎ᠠ᠃ ᠳᠡᠬᠡᠬᠡᠳ ᠡᠨᠡ ᠵᠢᠯ ᠢᠷᠠᠭᠤ ᠠᠯᠳᠠᠷᠳᠠᠢ ᠪᠠᠷ ᠨᠡᠮ ᠳᠤ ᠡᠯᠰᠡᠭᠳᠡᠵᠦ᠂ ᠰᠡᠳᠬᠢᠯ ᠮᠠᠰᠢ ᠪᠠᠶᠠᠷᠳᠠᠢ ᠪᠠᠶᠢᠨ᠎ᠠ᠃ ᠨᠠᠮ ᠠᠷᠠᠳ ᠲᠦᠮᠡᠨ ᠲᠡᠭᠡᠨ ᠨᠠᠩ ᠶᠡᠭᠡ ᠪᠤᠶᠠᠨ ᠳᠤᠰᠠ ᠪᠠᠨ ᠬᠦᠷᠬᠡᠶ᠎ᠠ ᠬᠡᠵᠦ ᠪᠤᠳᠤᠵᠤ ᠪᠠᠶᠢᠨ᠎ᠠ ᠬᠡᠵᠦ ᠪᠠᠶᠢᠯ᠎ᠠ᠃
   ᠪᠥᠷᠢᠨᠳᠡᠬᠦᠰ ᠭᠡᠳᠦ᠋ᠢᠪᠠᠷ ᠨᠠᠰᠤ ᠠᠬᠢᠵᠤ ᠬᠥᠯ ᠭᠠᠷ ᠨᠢ ᠵᠡᠮᠳᠡᠭ ᠪᠤᠯᠤᠬᠰᠠᠠ ᠨᠠᠰᠤᠳᠠᠨ ᠪᠤᠭᠤᠷᠤᠯ ᠪᠤᠯᠤᠬᠰᠠᠠ ᠪᠤᠯᠪᠠᠴᠤ ᠥᠵᠠᠯ ᠤᠬᠠᠮᠰᠠᠷ ᠢᠶᠠᠷ ᠮᠠᠰᠢ ᠥᠨᠳᠦᠷ ᠨᠢᠭᠡᠨ ᠰᠤᠳᠤᠨ ᠮᠠᠯᠴᠢᠨ᠃ ᠲᠡᠷᠡ 2016 ᠤᠨ ᠳᠤ ᠥᠪᠡᠷ ᠤᠨ ᠰᠠᠭᠤᠷᠢᠰᠢᠨ ᠠᠮᠢᠳᠤᠷᠠᠵᠤ ᠪᠠᠶᠢᠭ᠎ᠠ ᠨᠤᠳᠤᠭ ᠡᠬᠢ ᠶᠢᠨ ᠱᠠᠩᠳᠠ ᠭᠡᠳᠡᠭ ᠭᠠᠵᠠᠷ ᠲᠤ ᠤᠳᠠᠭᠠᠠ ᠵᠢᠯ ᠤᠨ ᠨᠠᠮ ᠤᠨ ᠬᠥᠮᠦᠵᠢᠯ ᠬᠦᠷᠳᠡᠭᠰᠡᠨ ᠤ ᠬᠠᠷᠢᠭᠤ ᠪᠤᠯᠭᠠᠨ᠂ ᠥᠳᠡᠯᠦᠭᠡ ᠨᠠᠰᠤ ᠪᠠᠨ ᠤᠳᠬ᠎ᠠ ᠠᠭᠤᠯᠭ᠎ᠠ ᠲᠠᠢ ᠥᠡᠭᠭᠡᠷᠡᠬᠦᠯᠬᠦ ᠪᠠᠷ ᠵᠤᠷᠢᠯᠭ᠎ᠠ ᠪᠠᠨ ᠪᠤᠯᠭᠠᠵᠤ ᠥᠪᠡᠷ ᠤᠨ ᠬᠠᠳᠠᠭᠠᠯᠠᠵᠤ ᠪᠠᠶᠢᠬᠰᠠᠠ ᠭᠡᠳᠤᠨ ᠵᠠᠭᠤᠨ ᠨᠤᠮ ᠰᠡᠳᠬᠦᠯ ᠢᠶᠠᠷ ᠢᠶᠠᠨ ᠨᠤᠳᠤᠭ ᠤᠰᠤᠨ ᠳᠠᠭᠠᠨ ᠬᠠᠮᠤᠭ ᠠᠩᠬᠠᠨ ᠤ ᠨᠤᠮ ᠤ ᠦᠷᠦᠬᠡ ᠪᠠᠶᠢᠭᠤᠯᠵᠤ᠂ ᠮᠠᠯᠴᠢᠨ ᠳᠦᠮᠡᠨ ᠳᠡᠭᠡᠨ ᠦᠨ᠎ᠠ ᠳᠦᠯᠦᠪᠦᠷᠢ ᠦᠬᠡᠢ ᠪᠠᠷ ᠰᠤᠶᠤᠯ ᠤᠨ ᠦᠢᠯᠡᠴᠢᠯᠡᠭᠡ ᠬᠠᠩᠭᠠᠵᠦ ᠡᠬᠢᠯᠡᠭᠰᠡᠨ ᠪᠠᠶᠢᠳᠠᠭ᠃ ᠳᠡᠬᠡᠬᠡᠳ ᠨᠠᠮ ᠵᠠᠰᠠᠬ ᠤᠨ ᠬᠠᠯᠠᠭᠤᠨ ᠳᠡᠮᠵᠢᠯᠭᠡ᠂ ᠠᠷᠠᠳ ᠤᠯᠠᠨ ᠪᠠ ᠨᠤᠮ ᠤᠨ ᠪᠠᠭ᠋ᠠᠳᠠᠳ ᠤᠨ ᠳᠡᠮᠵᠢᠯᠬᠡ ᠪᠠᠷ ᠨᠤᠮ ᠤᠨ ᠳᠤᠭ᠎ᠠ ᠪᠠᠨ ᠴᠥᠭᠡᠨ ᠠᠴᠠ ᠤᠯᠠᠠ ᠪᠤᠯᠭᠠᠠ᠂ ᠨᠤᠮ ᠤᠨ ᠦᠷᠦᠬᠡ ᠪᠠᠨ ᠪᠠᠭ᠎ᠠ ᠠᠴᠠ ᠶᠡᠭᠡ ᠪᠤᠯᠭᠠᠨ ᠪᠤᠵᠠᠭᠠᠶᠢᠷᠠᠭᠤᠯᠵᠦ᠂ ᠤᠳᠤ ᠪᠤᠯᠬᠤ ᠳᠤ ᠬᠤᠶᠠᠷ ᠲᠥᠮᠡ ᠰᠢᠬᠠᠮ ᠨᠤᠮ ᠲᠠᠢ ︽ᠪᠥᠷᠢᠨ ᠭᠡᠷᠡᠯᠳᠤ ᠨᠤᠮ ᠤᠨ ᠰᠠᠩ︾ ᠢᠶᠠᠨ ᠪᠠᠶᠢᠭᠤᠯᠵᠤ᠂ ᠠᠯᠠᠱᠠ ᠠᠶᠢᠮᠠᠬ ᠤᠨ ᠨᠤᠮ ᠤᠨ ᠰᠠᠩ ᠤᠨ ᠨᠡᠬᠦᠳᠡᠯ ᠤᠢᠢᠯᠡᠴᠢᠯᠡᠭᠡᠨ ᠤ ᠭᠠᠵᠠᠷ᠂ ᠠᠯᠠᠱᠠ ᠵᠡᠬᠦᠨ ᠬᠤᠰᠢᠭᠤᠨ ᠤ ᠨᠤᠮ ᠤᠨ ᠰᠠᠩ ᠤᠨ ᠨᠤᠮ ᠪᠢᠴᠢᠭ ᠤᠨ ᠬᠦᠢᠯᠭᠡᠭᠡᠨ ᠤ ᠴᠢᠭ᠂ ᠠᠯᠠᠱᠠ ᠠᠶᠢᠮᠠᠬ ᠤᠨ ᠵᠤᠬᠢᠶᠠᠯᠴᠢᠳ ᠤᠨ ᠨᠡᠶᠢᠬᠡᠮᠯᠢᠭ ᠤᠨ ᠥᠨᠳᠦᠰᠤᠨ ᠱᠠᠳᠤᠨ ᠳᠠᠬᠢ ᠵᠤᠬᠢᠶᠠᠨ ᠪᠥᠳᠦᠭᠡᠬᠦ ᠰᠠᠭᠤᠷᠢᠨ ᠭᠠᠵᠠᠷ᠂ ᠰᠢᠨᠬᠤᠸᠠ ᠨᠤᠮ ᠤᠨ ᠳᠡᠯᠭᠡᠬᠦᠷ ᠤᠨ ᠬᠥᠳᠡᠭᠡ ᠲᠤᠰᠬᠤᠨ ᠮᠠᠯᠵᠢᠬᠤ ᠲᠠᠷᠢᠶᠠᠯᠠᠬᠤ ᠤᠷᠤᠨ ᠤ ᠤᠢᠢᠯᠡᠴᠢᠯᠡᠭᠡ ᠶᠢᠨ ᠥᠷᠳᠡᠭᠡ᠂ ᠥᠪᠤᠷ ᠮᠤᠩᠭᠤᠯ ᠤᠨ ᠨᠤᠮ ᠤᠨ ᠰᠠᠩ ᠤᠨ ᠬᠤᠪᠢᠶᠠᠷᠢ ᠰᠠᠩ ᠪᠤᠯᠭᠠᠵᠦ ᠬᠦᠭᠵᠢᠬᠦᠯᠵᠡᠢ᠃    ᠪᠥᠷᠢᠨᠳᠡᠬᠦᠰ᠄ ︽ᠨᠠᠷᠠᠨ ᠤ ᠭᠡᠷᠡᠯ ᠲᠥᠮᠡᠡ ᠪᠤᠳᠠᠰ ᠢ ᠠᠮᠢᠯᠠᠭᠤᠯᠵᠤ᠂ ᠨᠠᠮ ᠤᠨ ᠠᠴᠢ ᠲᠥᠮᠡᠡ ᠤᠯᠠᠠ ᠢ ᠭᠡᠶᠢᠬᠦᠯᠦᠨ᠎ᠠ᠃ ᠲᠤᠮᠳᠠᠳᠤ ᠤᠯᠤᠰ ᠤᠨ ᠡᠪ ᠬᠠᠮᠳᠤ ᠨᠠᠮ ᠤᠨ ᠠᠬᠠᠮᠠᠳ ᠬᠤᠪᠢᠰᠬᠠᠯᠴᠢᠳ ᠤᠨ ᠠᠯᠳᠠᠨ ᠠᠮᠢ ᠠᠷᠢᠭᠤᠨ ᠴᠢᠰᠤ ᠪᠠᠷ ᠢᠶᠠᠨ ᠠᠷᠠᠳ ᠲᠦᠮᠠᠨ ᠤ ᠲᠤᠯᠤᠭᠠᠢ ᠳᠡᠭᠡᠷ᠎ᠠ ᠳᠠᠷᠤᠵᠤ ᠪᠠᠶᠢᠬᠰᠠᠠ ᠭᠤᠷᠪᠠᠨ ᠶᠡᠭᠡ ᠠᠭᠤᠯᠠ ᠶᠢ ᠲᠥᠯᠬᠢᠨ ᠤᠨᠠᠭᠠᠵᠤ᠂ ᠠᠷᠠᠳ ᠲᠥᠮᠡᠡ ᠳᠤ ᠵᠤᠯ ᠵᠢᠷᠭᠠᠯᠳᠤ ᠠᠮᠢᠳᠤᠷᠠᠯ ᠢ ᠠᠪᠴᠢᠷᠠᠭᠰᠠᠨ᠃ ᠲᠤᠮᠳᠠᠳᠤ ᠤᠯᠤᠰ ᠤᠨ ᠡᠪ ᠬᠠᠮᠳᠤ ᠨᠠᠮ ᠪᠠᠶᠢᠬᠤ ᠥᠬᠡᠢ ᠪᠤᠯ ᠰᠢᠨ᠎ᠠ ᠲᠤᠮᠳᠠᠳᠤ ᠤᠯᠤᠰ ᠪᠠᠶᠢᠬᠤ ᠥᠬᠡᠢ᠂ ᠪᠢᠳᠠᠨ ᠤ ᠵᠢᠷᠭᠠᠯᠳᠤ ᠠᠮᠢᠳᠤᠷᠠᠯ ᠪᠠᠶᠢᠬᠤ ᠦᠬᠡᠢ᠃ ᠪᠢᠳᠡ ᠵᠠᠪᠠᠯ ᠨᠠᠮ ᠤᠨ ᠠᠴᠢ ᠶᠢ ᠪᠤᠳᠠᠳᠠᠢ ᠠᠵᠢᠯᠯᠠᠭ᠎ᠠ ᠪᠠᠷ ᠤᠴᠢᠵᠤ ᠬᠠᠷᠢᠭᠤᠯᠬᠤ ᠭᠡᠷᠡᠭᠳᠡᠢ᠃ ᠪᠢ ᠨᠠᠮ ᠢᠶᠠᠨ ᠴᠢᠩ ᠰᠡᠳᠬᠢᠯ ᠠᠴᠠ ᠪᠠᠨ ᠬᠠᠶᠢᠷᠠᠯᠠᠠ ᠬᠥᠨᠳᠤᠳᠭᠡᠵᠤ᠂ ᠲᠦᠢᠯ ᠢᠶᠠᠷ ᠢᠳᠡᠭᠡᠨ ᠪᠢᠰᠢᠷᠠᠵᠦ᠂ ᠪᠥᠬᠦ ᠰᠡᠳᠬᠢᠯ ᠪᠥᠬᠦ ᠵᠤᠷᠢᠬ ᠢᠶᠠᠷ ᠢᠶᠠᠨ ᠠᠷᠠᠳ ᠲᠥᠮᠡᠡ ᠳᠤ ᠤᠢᠢᠯᠡᠴᠢᠯᠡᠬᠦ ᠨᠠᠮ ᠤᠨ ᠥᠨᠳᠦᠰᠤᠨ ᠵᠤᠷᠢᠯᠳᠡ ᠶᠢ ᠬᠦᠷᠢᠶᠡᠯᠡᠵᠦ ᠪᠠᠶᠢᠳᠠᠭ ᠳᠤᠯᠠ ᠥᠪᠡᠷ ᠤᠨ ᠠᠯᠢᠪᠠ ᠪᠥᠬᠦᠨ ᠢᠶᠠᠨ ᠨᠠᠮ ᠪᠤᠯᠤᠨ ᠠᠷᠠᠳ ᠲᠥᠮᠡᠡ ᠳᠡᠭᠡᠨ ᠵᠤᠷᠢᠭᠤᠯᠬᠤ ᠪᠠᠷ ᠰᠡᠳᠬᠢᠯ ᠰᠢᠭᠤᠳᠤᠨ᠂ ᠨᠠᠮ ᠳᠤ ᠤᠷᠤᠬᠤ ᠶᠢ ᠭᠤᠶᠤᠴᠢᠯᠠᠭᠰᠠᠨ᠃ ᠬᠤᠵᠢᠮ ᠪᠢ ᠨᠠᠮ ᠤᠨ ᠲᠥᠷᠢᠮ ᠢᠶᠠᠷ ᠪᠡᠶ᠎ᠠ ᠪᠠᠨ ᠴᠢᠩᠭ᠎ᠠ ᠱᠠᠭᠠᠷᠳᠠᠵᠦ᠂ ᠨᠠᠮ ᠠᠴᠠ ᠳᠠᠭᠠᠯᠭᠠᠭᠰᠠᠨ ᠠᠯᠢᠪᠠ ᠠᠵᠢᠯ ᠡᠬᠦᠷᠭᠡ ᠶᠢ ᠡᠷᠡᠰ ᠪᠡᠶᠡᠯᠡᠬᠦᠯᠦᠨ᠂ ᠠᠷᠠᠳ ᠲᠥᠮᠡᠡ ᠤ ᠲᠤᠮᠳᠠ ᠨᠠᠮ ᠤᠨ ᠭᠡᠰᠢᠬᠦᠨ ᠤ ᠲᠤᠯᠤᠭᠠᠢᠢᠯᠠᠬᠤ ᠵᠢᠱᠢᠶᠠᠴᠢ ᠤᠢᠢᠯᠡᠳᠤᠯ ᠢᠶᠠᠨ ᠪᠠᠳᠠᠷᠠᠭᠤᠯᠤᠨ᠂ ᠨᠤᠮ ᠢᠶᠠᠷ ᠲᠠᠷᠢᠬᠢ ᠪᠠᠨ ᠵᠡᠪᠰᠡᠭᠯᠡᠵᠤ᠂ ᠨᠤᠮ ᠢᠶᠠᠷ ᠰᠤᠶᠤᠨ ᠭᠡᠭᠡᠷᠡᠵᠤ᠂ ᠨᠠᠮ ᠪᠤᠯᠤᠨ ᠠᠷᠠᠳ ᠲᠥᠮᠡᠡ ᠳᠡᠭᠡᠨ ᠤᠢᠢᠯᠡᠴᠢᠯᠠᠨ᠎ᠠ︾ ᠭᠡᠵᠤ ᠪᠤᠳᠤᠯ ᠢᠶᠠᠨ ᠶᠠᠷᠢᠵᠦ ᠪᠠᠶᠢᠯ᠎ᠠ᠃
    ︽ᠨᠠᠮ ᠵᠠᠰᠠᠭ ᠲᠠᠭᠠᠨ ᠳᠠᠯᠠᠷᠬᠠᠬᠤ ᠶᠣᠰᠣᠳᠠᠢ᠂ ᠨᠠᠮ ᠳᠠᠭᠠᠨ ᠠᠯᠢᠪᠠ ᠪᠠᠨ ᠵᠣᠷᠢᠭᠤᠯᠬᠤ ᠶᠣᠰᠣᠳᠠᠢ︾
   ᠭᠡᠣᠭᠡᠢ ᠡᠨᠡ ᠵᠢᠯ 78 ᠨᠠᠰᠣᠳᠠᠢ᠂ ᠳᠡᠭᠷᠢ ᠡᠯᠡᠰᠣ ᠪᠠᠯᠭᠠᠰᠣᠨ ᠤ ᠳᠡᠮᠡᠭᠡᠨ ᠠᠭᠤᠯᠠ ᠭᠠᠴᠠᠭᠠᠨ ᠤ ᠮᠠᠯᠴᠢᠨ᠂ ᠤᠳᠤ ᠵᠢᠷᠭᠠᠯᠰᠠᠶᠢᠬᠠᠨ ᠪᠠᠯᠭᠠᠰᠤᠨ ᠳᠤ ᠠᠮᠢᠳᠤᠷᠠᠵᠦ ᠪᠤᠢ᠃ ᠵᠢᠷᠭᠠᠯᠰᠠᠶᠢᠬᠠᠨ ᠪᠠᠯᠭᠠᠰᠤᠨ ᠤ ᠨᠠᠮ ᠳᠤ ᠭᠤᠶᠤᠴᠢᠯᠠᠵᠦ ᠪᠠᠶᠢᠭ᠎ᠠ ᠬᠠᠮᠤᠭ ᠠᠬᠠᠮᠠᠳ ᠨᠠᠰᠤᠨ ᠤ ᠢᠳᠡᠪᠬᠢᠳᠡᠨ᠃    ︽ᠪᠢ ᠬᠠᠭᠤᠴᠢᠨ ᠨᠡᠶᠢᠬᠡᠮ ᠳᠤ ᠳᠦᠷᠦᠵᠦ᠂ ᠰᠢᠨ᠎ᠠ ᠨᠡᠶᠢᠬᠡᠮ ᠳᠤ ᠨᠠᠮ ᠤᠨ ᠬᠠᠶᠢᠷ᠎ᠠ ᠪᠠᠷ ᠦᠰᠴᠦ ᠬᠦᠮᠦᠵᠢᠭᠳᠡᠨ ᠵᠤᠯ ᠵᠢᠷᠭᠠᠯᠳᠤ ᠠᠮᠢᠳᠤᠷᠠᠯ ᠡᠳ᠋ᠯᠡᠵᠦ ᠶᠠᠪᠤᠭᠰᠠᠨ ᠡᠬᠡᠯ ᠵᠢᠷ ᠤᠨ ᠮᠠᠯᠴᠢᠨ ᠬᠦᠮᠦᠨ ᠶᠤᠮ᠃︾ 1958 ᠣᠨ ᠳᠤ 8 ᠨᠠᠰᠣᠨ ᠠᠴᠠ ᠪᠠᠨ ᠬᠤᠩᠭᠤᠷᠠᠦ᠋ᠯᠦᠩ ᠤᠨ ᠰᠣᠷᠭᠠᠭᠤᠯᠢ ᠳᠤ ᠰᠣᠷᠣᠯᠴᠠᠵᠣ᠂ ᠪᠢᠴᠢᠭ ᠳᠠᠨᠢᠵᠦ ᠨᠢᠳᠦ ᠨᠡᠬᠡᠬᠡᠭᠰᠡᠨ᠃ 16 ᠨᠠᠰᠤᠨ ᠳᠠᠭᠠᠨ ᠣᠨᠳᠣᠷᠣᠯᠳᠣ ᠳᠤ ᠬᠦᠷᠴᠣ ᠠᠵᠢᠯ ᠬᠦᠳᠡᠯᠮᠦᠷᠢ ᠳᠤ ᠤᠷᠤᠯᠴᠠᠨ᠂ ᠬᠤᠶᠢᠨ᠎ᠠ ᠨᠢ ᠳᠡᠭᠷᠢ ᠡᠯᠡᠰᠣ ᠪᠠᠯᠭᠠᠰᠣᠨ ᠤ ᠳᠡᠮᠡᠭᠡᠨ ᠠᠭᠤᠯᠠ ᠭᠠᠴᠠᠭᠠᠨ ᠳᠤ ᠠᠶᠢᠯ ᠭᠡᠷ ᠪᠤᠯᠵᠤ ᠠᠮᠢᠳᠣᠷᠠᠯ ᠢᠶᠠᠨ ᠴᠣᠭᠴᠠᠯᠠᠵᠣ ᠶᠠᠪᠣᠭᠰᠠᠨ ᠶᠤᠮ᠃ ᠳᠡᠷᠡ ᠦᠶ᠎ᠠ ᠳᠤ ᠠᠶᠠᠨ ᠤ ᠳᠡᠮᠡᠭᠡ ᠬᠦᠳᠦᠯᠵᠣ ᠬᠦᠨᠡᠰᠣ ᠠᠴᠢᠨ᠂ ᠬᠤᠣᠷᠠᠨ ᠪᠣᠶᠠ᠂ ᠳᠦᠩᠭᠡ ᠳᠡᠬᠦᠵᠣ ᠬᠤᠳᠠᠯᠳᠣᠨ ᠠᠵᠤ ᠠᠮᠢᠳᠤᠷᠠᠯ ᠢᠶᠠᠨ ᠦᠬᠡᠳᠡ ᠳᠠᠳᠠᠵᠦ ᠪᠠᠶᠢᠭᠰᠠᠨ᠃ ᠬᠠᠮᠳᠣᠷᠠᠯ ᠤᠨ ᠦᠶ᠎ᠡ ᠳᠤ 100 ᠭᠠᠷᠦᠢ ᠦᠭᠡᠷ ᠢ ᠬᠠᠷᠢᠭᠤᠯᠵᠣ᠂ ᠨᠡᠶᠢᠳᠡ ᠶᠢᠨ ᠰᠦᠷᠦᠭ ᠢ ᠮᠡᠨᠳᠦ ᠦᠰᠬᠡᠨ᠂ ᠠᠵᠢᠯ ᠢᠶᠠᠨ ᠬᠢᠯᠠᠯᠵᠠᠳᠠᠯ᠎ᠠ ᠰᠠᠶᠢᠬᠠᠨ ᠪᠡᠶᠡᠯᠡᠬᠦᠯᠵᠦ ᠶᠠᠪᠤᠭᠰᠠᠨ᠃ ᠶᠡᠭᠡ ᠳᠠᠭᠠᠭᠠᠴᠢᠯᠠᠯᠳᠠ ᠠᠴᠠ ᠰᠡᠬᠦᠯᠡᠷ ᠭᠡᠷ ᠤᠨ ᠢᠶᠠᠨ ᠵᠡᠬᠦᠨ ᠳᠤ 20 ᠮᠣ᠋ ᠳᠠᠷᠢᠶᠠᠨ ᠭᠠᠵᠠᠷ ᠭᠠᠷᠭᠠᠨ ᠡᠪᠡᠰᠣ ᠳᠠᠷᠢᠨ ᠮᠠᠯ ᠦᠭᠡᠷ ᠢᠶᠠᠨ ᠦᠨᠢᠷ ᠦᠰᠬᠡᠨ᠂ 200 ᠭᠠᠷᠦᠢ ᠪᠤᠭ ᠮᠠᠯ᠂ 20 ᠭᠠᠷᠦᠢ ᠳᠡᠮᠡᠭᠡ᠂ 40 ᠭᠠᠷᠦᠢ ᠦᠭᠡᠷ ᠦᠰᠭᠡᠭᠡᠳ ᠪᠠᠶᠠᠨ ᠴᠢᠨᠡᠬᠡᠯᠢᠭ ᠠᠮᠢᠳᠤᠷᠠᠵᠦ᠂ ᠤᠯᠠᠨ ᠤ ᠪᠠᠨ ᠳᠤᠮᠳᠠ ᠳᠠᠭᠤᠷᠢᠶᠠᠯ ᠪᠤᠯᠵᠤ᠂ ᠦᠩᠭᠡ ᠲᠠᠢ ᠦᠬᠡᠳᠡ ᠲᠠᠢ ᠠᠮᠢᠳᠤᠷᠠᠵᠦ ᠶᠠᠪᠤᠯ᠎ᠠ ᠬᠡᠵᠦ ᠦᠩᠭᠡᠷᠡᠭᠰᠡᠨ ᠤ ᠠᠵᠦ ᠠᠮᠢᠳᠤᠷᠠᠯ ᠢᠶᠠᠨ ᠳᠠᠨᠢᠯᠴᠠᠭᠤᠯᠤᠨ᠎ᠠ᠃
   ︽ᠪᠢ ᠨᠠᠮ ᠤᠨ ᠠᠴᠢ ᠪᠠᠷ ᠰᠠᠶᠢᠨ ᠰᠠᠶᠢᠬᠠᠨ ᠠᠮᠢᠳᠤᠷᠠᠵᠦ ᠪᠠᠶᠢᠨ᠎ᠠ ᠬᠡᠵᠦ ᠪᠤᠳᠤᠳᠠᠭ᠃ ᠨᠠᠮ ᠤᠨ ᠳᠦᠷᠦ ᠶᠢᠨ ᠪᠤᠳᠤᠯᠭ᠎ᠠ ᠶᠢᠨ ᠰᠠᠶᠢᠨ ᠢᠶᠠᠷ ᠪᠠᠶᠠᠨ ᠴᠢᠨᠠᠭᠡᠯᠢᠭ ᠠᠮᠢᠳᠤᠷᠠᠯ ᠢ ᠡᠳ᠋ᠯᠡᠭᠰᠡᠨ᠃ ᠨᠠᠮ ᠵᠠᠰᠠᠭ ᠮᠢᠨᠢ ᠡᠪᠡᠳᠴᠦ ᠵᠤᠪᠠᠭ᠋ᠤ ᠳᠤ ᠮᠢᠨᠢ ᠳᠤᠰᠠᠯᠠᠵᠦ᠂ ᠠᠵᠤ ᠠᠮᠢᠳᠤᠷᠠᠯ ᠤᠨ ᠬᠦᠴᠢᠷᠳᠠᠯ ᠢ ᠮᠢᠨᠢ ᠳᠡᠮᠵᠢᠵᠦ ᠢᠷᠡᠭᠰᠡᠨ᠃ ᠪᠢ ᠨᠠᠮ ᠳᠠᠭᠠᠨ ᠳᠠᠯᠠᠷᠬᠠᠨ᠎ᠠ᠃ ᠨᠠᠮ ᠤᠨ ᠢᠶᠠᠨ ᠠᠴᠢ ᠪᠠᠷ ᠨᠡᠶᠢᠭᠡᠮ ᠤᠨ ᠰᠠᠶᠢᠬᠠᠨ ᠢ ᠡᠳ᠋ᠯᠡᠵᠣ ᠶᠠᠪᠣᠭ᠎ᠠ ᠳᠠᠭᠠᠨ᠂ ᠨᠠᠮ ᠤᠨ ᠭᠡᠰᠢᠬᠦᠨ ᠪᠣᠯᠵᠣ ᠨᠠᠮ ᠠᠷᠠᠳ ᠲᠠᠭᠠᠨ ᠠᠰᠢᠭ ᠲᠠᠢ ᠳᠣᠰᠠ ᠲᠠᠢ ᠵᠦᠢᠯ ᠢ ᠬᠢᠵᠣ ᠶᠠᠪᠣᠶ᠎ᠠ ᠬᠡᠵᠦ ᠬᠦᠰᠡᠵᠦ ᠪᠤᠳᠤᠳᠠᠭ᠃ ᠪᠢ ᠤᠯᠠᠨ ᠵᠢᠯ ᠨᠠᠮ ᠳᠤ ᠤᠷᠤᠶ᠎ᠠ ᠬᠡᠵᠦ ᠬᠦᠰᠡᠵᠦ ᠶᠠᠪᠤᠭᠰᠠᠨ᠃ ᠬᠡᠪᠡᠴᠦ ᠨᠡᠮ ᠳᠤ ᠤᠷᠤᠬᠤ ᠡᠷᠬᠦᠳᠡᠯ ᠤᠨ ᠪᠢᠴᠢᠭ ᠪᠢᠴᠢᠵᠦ ᠴᠢᠳᠠᠬᠤ ᠦᠬᠡᠢ ᠬᠤᠶᠢᠰᠢᠯᠠᠭᠤᠯᠤᠭᠰᠠᠭᠠᠷ ᠪᠠᠶᠢᠭᠰᠠᠨ ᠶᠤᠮ᠃ ᠨᠢᠳᠤᠨᠤᠨ ᠪᠠᠯᠭᠠᠰᠤᠨ ᠤ ᠺᠠᠳ᠋ᠷ ᠰᠠᠷᠠᠨ᠎ᠠ ᠶᠢ ᠭᠤᠶᠤᠵᠦ ᠨᠠᠮ ᠳᠤ ᠣᠷᠣᠬᠤ ᠡᠷᠬᠦᠳᠡᠯ ᠤᠨ ᠪᠢᠴᠢᠭ ᠢ ᠪᠢᠴᠢᠬᠦᠯᠵᠣ ᠳᠤᠰᠢᠶᠠᠭᠰᠠᠨ ᠃ ᠤᠳᠤ ᠨᠠᠮ ᠠᠴᠠ ᠨᠠᠳᠠ ᠶᠢ ᠬᠦᠮᠦᠵᠢᠬᠦᠯᠵᠦ᠂ ᠨᠠᠮ ᠳᠤ ᠤᠷᠤᠬᠤ ᠢᠳᠡᠪᠬᠢᠳᠡᠨ ᠪᠤᠯᠭᠠᠭᠰᠠᠨ ᠳᠤ ᠪᠠᠶᠠᠷᠯᠠᠵᠦ ᠪᠠᠶᠢᠨ᠎ᠠ᠃ ᠡᠷᠳᠡ ᠨᠢᠬᠡᠨ ᠡᠳᠦᠷ ᠨᠠᠮ ᠳᠤ ᠤᠷᠤᠬᠤ ᠪᠠᠷ ᠴᠢᠷᠮᠠᠶᠢᠵᠦ ᠪᠠᠶᠢᠨ᠎ᠠ︾ ᠬᠡᠵᠦ ᠬᠡᠦᠬᠡᠢ ᠨᠠᠰᠤᠳᠠᠨ ᠶᠠᠷᠢᠵᠦ ᠪᠠᠶᠢᠯ᠎ᠠ᠃
   ᠭᠡᠣᠭᠡᠢ ᠣᠳᠣ ᠵᠢᠷᠭᠠᠯᠰᠠᠶᠢᠬᠠᠨ ᠪᠠᠯᠭᠠᠰᠣᠨ ᠤ ᠬᠤᠶᠠᠷᠬᠤᠳᠳᠤᠭ ᠤᠨ ᠨᠡᠶᠢᠭᠡᠮ ᠳᠣᠭᠤᠷᠢᠭ ᠲᠤ ᠪᠠᠶᠢᠭ᠎ᠠ ᠰᠠᠭᠤᠷᠢᠰᠢᠯ ᠳᠠᠭᠠᠨ ᠣᠯᠠᠨ ᠵᠢᠯ ᠡᠪᠡᠳᠴᠢᠳᠠᠢ ᠶᠠᠪᠣᠭᠰᠠᠨ ᠡᠪᠣᠭᠡᠨ ᠪᠠᠯᠽᠠᠨ ᠢᠶᠠᠨ ᠠᠰᠠᠷᠠᠵᠣ ᠬᠠᠷᠠᠭᠠᠯᠵᠠᠭᠠᠳ ᠰᠠᠭᠤᠵᠤ ᠪᠤᠢ᠃ ᠳᠡᠷᠠ ᠡᠳᠣᠷ ᠳᠣᠳᠣᠮ ᠳᠠᠭᠠᠨ ᠰᠠᠭᠤᠷᠢᠰᠢᠯ ᠤᠨ ᠢᠶᠠᠨ ᠵᠡᠭᠡᠯᠢ ᠭᠤᠳᠣᠮᠵᠢ᠂ ᠣᠶᠢᠷᠠᠯᠴᠠᠭ᠎ᠠ ᠵᠣᠷᠯᠣᠩ ᠵᠡᠷᠭᠡ ᠶᠢ ᠴᠡᠪᠡᠷᠯᠡᠨ᠂ ᠣᠯᠠᠨ ᠨᠡᠶᠢᠳᠡ ᠳᠡᠭᠡᠨ ᠳᠡᠮ ᠳᠣᠰᠠ ᠬᠦᠷᠭᠡᠭᠰᠡᠭᠡᠷ ᠢᠷᠡᠵᠡᠢ᠃ ᠨᠢᠳᠤᠨᠤᠨ ᠤᠯᠠᠨ ᠢᠶᠠᠷ ᠬᠢᠵᠢᠭ ᠢ ᠡᠰᠡᠷᠬᠦᠴᠡᠵᠣ ᠪᠠᠶᠢᠬᠤ ᠳᠤ ᠭᠡᠣᠭᠡᠢ ᠨᠠᠰᠣᠳᠠᠨ ᠬᠢᠵᠢᠭ ᠢ ᠡᠰᠡᠷᠬᠦᠴᠡᠬᠦ ᠬᠠᠨᠳᠢᠪ ᠤᠨ ᠮᠦᠩᠬᠦ 1000 ᠳᠦᠬᠦᠷᠢᠭ᠂ ᠰᠤᠮᠤ ᠪᠠᠯᠭᠠᠰᠤᠨ ᠤ ᠬᠢᠵᠢᠭ ᠢ ᠡᠰᠡᠷᠬᠦᠴᠡᠬᠦ ᠨᠢᠬᠡᠳᠦᠬᠡᠷ ᠹᠷᠦᠨᠲ ᠲᠤ ᠠᠵᠢᠯᠯᠠᠵᠦ ᠪᠠᠶᠢᠭ᠎ᠠ ᠬᠦᠮᠦᠰ ᠢ ᠪᠤᠯᠭᠤᠭᠠᠨ ᠳᠤᠬᠤᠨᠢᠭᠤᠯᠬᠤ ᠪᠠᠷ 400 ᠳᠦᠬᠦᠷᠢᠭ ᠳᠤᠰᠠᠯᠠᠵᠡᠢ᠃ ᠬᠡᠦᠭᠡᠢ ᠨᠠᠰᠤᠳᠠᠨ ᠨᠢᠳᠤᠨᠤᠨ ᠤ 6 ᠰᠠᠷ᠎ᠠ ᠳᠤ ᠡᠪᠦᠭᠡᠨ ᠪᠠᠯᠽᠠᠨ ᠭᠤᠸᠠᠢ ᠲᠠᠢ ᠪᠠᠨ ᠨᠠᠮ ᠵᠠᠰᠠᠭ ᠤᠨ ᠢᠶᠠᠨ ᠠᠴᠢ ᠶᠢ ᠬᠠᠷᠢᠭᠤᠯᠵᠤ᠂ ᠣᠯᠠᠨ ᠲᠦᠮᠡᠨ ᠳᠡᠭᠡᠨ ᠳᠡᠮ ᠲᠤᠰᠠ ᠪᠣᠯᠣᠶ᠎ᠠ ᠬᠡᠮᠡᠨ ᠨᠠᠮ ᠵᠠᠰᠠᠭ ᠲᠠᠭᠠᠨ ᠦᠪᠡᠷ ᠤᠨ ᠢᠶᠠᠨ ᠨᠢᠭᠡ ᠨᠠᠰᠣ ᠪᠠᠷ ᠢᠶᠠᠨ ᠬᠤᠷᠠᠮᠳᠣᠭᠤᠯᠵᠣ ᠴᠣᠭᠯᠠᠭᠤᠯᠣᠭᠰᠠᠨ 20 ᠲᠦᠮᠡᠨ ᠲᠥᠭᠦᠷᠢᠭ ᠤᠨ ᠬᠠᠨᠳᠢᠪ ᠡᠷᠭᠦᠵᠦ᠂ ᠨᠠᠮ ᠵᠠᠰᠠᠭ ᠤᠨ ᠬᠠᠶᠢᠷ᠎ᠠ ᠬᠠᠯᠠᠮᠵᠢ ᠳᠤ ᠳᠠᠯᠠᠷᠬᠠᠵᠣ ᠪᠠᠶᠢᠬᠤ ᠪᠠᠨ ᠢᠯᠡᠳᠭᠡᠭᠰᠡᠨ ᠪᠠᠶᠢᠪᠠ᠃ ᠬᠠᠨᠳᠢᠪ ᠢ ᠤᠯᠵᠦ ᠠᠪᠤᠭᠰᠠᠨ ᠤ ᠪᠠᠨ ᠳᠠᠷᠠᠭ᠎ᠠ ᠲᠡᠭᠷᠢ ᠠᠵᠤ ᠠᠬᠤᠢ ᠮᠡᠷᠭᠡᠵᠢᠯ ᠤᠨ ᠨᠡᠭᠡᠭᠡᠯᠳᠡ ᠶᠢᠨ ᠤᠷᠤᠨ ᠠᠴᠠ ᠬᠤᠶᠠᠷ ᠪᠤᠭᠤᠷᠤᠯ ᠳᠤ ︽ᠬᠠᠮᠤᠭ ᠤᠨ ᠰᠠᠶᠢᠬᠠᠨ ᠬᠤᠪᠢ ᠨᠡᠮᠡᠷᠢ ᠦᠵᠡᠭᠦᠯᠦᠭᠴᠢ︾ ᠭᠡᠮᠡᠬᠦ ᠢᠷᠠᠭᠤ ᠠᠯᠳᠠᠷ ᠢᠶᠠᠷ ᠳᠡᠳᠡᠨ ᠢ ᠱᠠᠩᠨᠠᠵᠦ᠂ ᠲᠠᠯᠠᠷᠬᠠᠯ ᠢᠶᠠᠨ ᠲᠡᠪᠰᠢᠭᠦᠯᠦᠭᠰᠡᠨ ᠪᠠᠶᠢᠨ᠎ᠠ᠃ ︽ᠡᠨᠡ ᠰᠠᠶᠢᠬᠠᠨ ᠨᠡᠶᠢᠭᠡᠮ ᠳᠤ ᠨᠠᠮ ᠤᠨ ᠢᠶᠠᠨ ᠠᠴᠢ ᠭᠠᠪᠢᠶ᠎ᠠ ᠪᠠᠷ ᠦᠨᠡᠭᠡᠷ ᠵᠣᠯ ᠵᠢᠷᠭᠠᠯᠳᠠᠢ ᠰᠠᠶᠢᠬᠠᠨ ᠠᠮᠢᠳᠣᠷᠠᠵᠣ ᠪᠠᠶᠢᠨ᠎ᠠ᠃ ᠨᠠᠮ ᠵᠠᠰᠠᠭ ᠲᠠᠭᠠᠨ ᠳᠠᠯᠠᠷᠬᠠᠬᠤ ᠶᠣᠰᠣᠳᠠᠢ᠂ ᠨᠠᠮ ᠳᠠᠭᠠᠨ ᠠᠯᠢᠪᠠ ᠪᠠᠨ ᠵᠣᠷᠢᠭᠤᠯᠬᠤ ᠶᠣᠰᠣᠳᠠᠢ︾ ᠭᠡᠵᠣ ᠭᠡᠣᠭᠡᠢ ᠰᠡᠳᠬᠢᠯ ᠳᠣᠭᠳᠣᠯᠣᠨ ᠨᠢᠯᠪᠣᠰᠣ ᠪᠦᠮᠪᠣᠷᠢᠬᠦᠯᠣᠨ ᠶᠠᠷᠢᠵᠣ ᠪᠠᠶᠢᠯ᠎ᠠ᠃     ︽ᠨᠠᠮ ᠳᠤ ᠤᠷᠤᠬᠤ ᠪᠤᠯ ᠮᠢᠨᠤ ᠬᠠᠮᠤᠭ ᠤᠨ ᠲᠤᠮᠤ ᠬᠦᠰᠡᠯ ᠮᠥᠷᠥᠭᠡᠳᠥᠯ︾    1974 ᠤᠨ ᠳᠤ ᠲᠥᠷᠥᠭᠰᠡᠨ ᠯᠢ ᠸᠠᠨ ᠵᠢᠢ ᠪᠤᠯ ᠠᠯᠠᠱᠠ ᠵᠡᠭᠦᠨ ᠬᠤᠰᠢᠭᠤᠨ ᠤ ᠵᠤᠭᠤᠰᠳᠤᠯᠤᠭᠠᠢ ᠭᠠᠴᠠᠭᠠᠨ ᠤ ᠮᠠᠯᠴᠢᠨ᠂ ᠤᠳᠤ ᠪᠠᠶᠠᠨᠬᠤᠳᠠ ᠳᠤ ᠠᠮᠢᠳᠤᠷᠠᠵᠦ ᠪᠤᠢ᠂ ᠨᠠᠮ ᠳᠤ ᠤᠷᠤᠬᠤ ᠬᠥᠭᠵᠢᠭᠦᠯᠭᠦ ᠡᠳᠡᠭᠡᠳ᠃     ︽ᠵᠠᠯᠠᠭᠤ ᠪᠠᠶᠢᠬᠤ ᠳᠠᠭᠠᠨ ᠨᠠᠮ ᠳᠤ ᠤᠷᠤᠶ᠎ᠠ ᠭᠡᠵᠦ ᠪᠤᠳᠤᠳᠠᠭ ᠪᠠᠶᠢᠭᠰᠠᠨ᠂ ᠭᠡᠳᠡᠯ᠎ᠡ ᠥᠪᠡᠷ ᠤᠨ ᠢᠶᠠᠨ ᠨᠥᠭᠦᠴᠡᠯ ᠬᠦᠷᠦᠯᠴᠡᠭᠦ ᠦᠭᠡᠢ ᠪᠠᠶᠢᠬ᠎ᠠ ᠭᠡᠵᠦ ᠪᠤᠳᠤᠭᠠᠳ ᠵᠤᠷᠢᠭᠯᠠᠵᠦ ᠭᠤᠶᠤᠴᠢᠯᠠᠯᠳᠠ ᠬᠢᠵᠦ ᠴᠢᠳᠠᠭ᠎ᠠ ᠦᠭᠡᠢ᠂ ᠲᠡᠭᠡᠭᠡᠳ ᠡᠨᠡᠬᠦ ᠬᠦᠰᠡᠯᠡᠩ ᠢᠶᠠᠨ ᠨᠢᠭᠡ ᠲᠠᠯ᠎ᠠ ᠳᠤᠨᠢ ᠲᠠᠯᠪᠢᠯ᠎ᠠ᠃︾ 1978 ᠤᠨ ᠳᠤ ᠯᠢ ᠸᠠᠨ ᠵᠢᠢ ᠦᠢᠯᠡᠳᠪᠤᠷᠢᠯᠡᠯ ᠤᠨ ᠪᠠᠷᠢᠭᠠᠳᠠ ᠶᠢᠨ ᠲᠷᠺᠲ᠋ᠤᠷᠴᠢᠨ ᠢᠶᠠᠷ ᠰᠤᠩᠭᠤᠭᠳᠠᠵᠦ᠂ ᠦᠨᠡᠨᠴᠢ ᠰᠢᠳᠦᠷᠭᠤ᠂ ᠬᠢᠨᠠᠭᠤᠷ ᠯᠠᠪᠳᠠᠭᠤᠨ᠂ ᠬᠦᠴᠢᠷ ᠪᠡᠷᠭᠡᠰᠢᠶᠡᠯ ᠠᠴᠠ ᠬᠠᠯᠠᠰᠢᠷᠠᠯ ᠦᠭᠡᠢ ᠤᠪᠤᠷ ᠰᠤᠷᠳᠠᠯ ᠲᠠᠢ ᠠᠵᠢᠯᠯᠠᠭᠰᠠᠨ ᠠᠴᠠ ᠪᠠᠷᠢᠭᠠᠳᠠ ᠬᠢᠭᠡᠳ ᠦᠢᠯᠡᠳᠪᠤᠷᠢᠯᠡᠯ ᠤᠨ ᠪᠠᠷᠢᠭᠠᠳᠠ ᠶᠢᠨ ᠤᠳᠤᠷᠢᠳᠤᠯᠭ᠎ᠠ ᠶᠢᠨ ᠢᠶᠠᠨ ᠮᠠᠭᠳᠠᠭᠠᠯ ᠰᠠᠶᠢᠰᠢᠶᠠᠯ ᠢ ᠬᠦᠷᠲᠡᠵᠦ᠂ ᠤᠯᠠᠨ ᠪᠦᠭᠦᠳᠡ ᠳᠤ ᠳᠠᠭᠠᠰᠢᠶᠠᠭᠳᠠᠵᠠᠢ᠃ ᠲᠡᠶᠢᠨᠬᠦ ᠬᠤᠶᠠᠷ ᠱᠠᠳᠤᠨ ᠤ ᠱᠦᠵᠢ ᠠᠴᠠ ᠲᠡᠭᠦᠨ ᠢ ᠨᠠᠮ ᠳᠤ ᠤᠷᠤᠭᠠᠷᠠᠢ ᠭᠡᠵᠦ ᠢᠳᠬᠠᠭᠰᠠᠨ ᠶᠤᠮ᠂ ᠯᠢ ᠸᠠᠨ ᠵᠢᠢ ᠴᠦ ᠨᠠᠮ ᠳᠤ ᠤᠷᠤᠬᠤ ᠭᠤᠶᠤᠴᠢᠯᠠᠯᠳᠠ ᠶᠢᠨ ᠪᠢᠴᠢᠭ ᠢᠶᠠᠨ ᠪᠢᠴᠢᠵᠦ ᠲᠤᠰᠢᠶᠠᠭᠰᠠᠨ ᠪᠠᠶᠢᠨ᠎ᠠ᠃ ︽ᠲᠡᠷᠡ ᠦᠶ᠎ᠡ ᠳᠤ ᠦᠢᠯᠡᠳᠪᠤᠷᠢᠯᠡᠯ ᠤᠨ ᠪᠠᠷᠢᠭᠠᠳᠠ ᠶᠢᠨ ᠠᠵᠢᠯ ᠢ ᠡᠭᠦᠷᠭᠡ ᠳᠠᠭᠠᠭᠠᠴᠢᠯᠠᠭᠤᠯᠬᠤ ᠳᠦᠷᠢᠮ ᠢᠶᠠᠷ ᠶᠠᠪᠤᠭᠳᠠᠭᠤᠯᠵᠦ ᠪᠠᠶᠢᠭᠰᠠᠨ ᠤᠴᠢᠷ ᠠᠴᠠ ᠮᠠᠰᠢ ᠤᠯᠠᠨ ᠬᠥᠮᠥᠨ ᠭᠠᠳᠠᠭᠰᠢ ᠭᠠᠷᠴᠤ ᠬᠥᠯᠥᠰᠥᠨ ᠠᠵᠢᠯ ᠬᠢᠵᠦ᠂ ᠪᠠᠷᠢᠭᠠᠳᠠ ᠶᠢᠨ ᠨᠠᠮ ᠤᠨ ᠵᠤᠬᠢᠶᠠᠨ ᠪᠠᠶᠢᠭᠤᠯᠤᠯᠳᠠ ᠶᠢᠨ ᠠᠵᠢᠯ ᠦᠨᠳᠦᠰᠦᠨ  ᠳᠡᠭᠡᠨ ᠵᠤᠭᠰᠤᠩᠭᠤᠶᠢᠷᠠᠭᠰᠠᠨ ᠪᠠᠶᠢᠳᠠᠯ ᠲᠠᠢ ᠪᠠᠶᠢᠭᠰᠠᠨ᠂ ᠨᠠᠮ ᠳᠤ ᠤᠷᠤᠬᠤ ᠤᠴᠢᠷ ᠮᠢᠨᠢ ᠲᠡᠭᠡᠭᠡᠳ ᠯᠡ ᠴᠢᠮᠡᠭᠡ ᠰᠤᠷᠠᠭ ᠦᠭᠡᠢ ᠪᠤᠯᠴᠢᠬᠠᠯ᠎ᠠ︾ ᠭᠡᠵᠦ ᠯᠢ ᠸᠠᠨ ᠵᠢᠢ ᠲᠤᠬᠠᠢ ᠶᠢᠨ ᠦᠶ᠎ᠡ ᠶᠢᠨ ᠪᠠᠶᠢᠳᠠᠯ ᠢᠶᠠᠨ ᠡᠷᠬᠢᠴᠡᠭᠦᠯᠦᠯ᠎ᠡ᠃
   2011 ᠤᠨ ᠳᠤ᠂ ᠯᠢ ᠸᠠᠨ ᠵᠢᠢ ᠶᠢᠨ ᠬᠢᠨ ᠬᠥᠳᠡᠭᠡ ᠨᠤᠲᠤᠭ ᠠᠴᠠ ᠪᠠᠶᠠᠨᠬᠤᠳᠠ ᠳᠤ ᠨᠡᠭᠦᠵᠦ ᠢᠷᠡᠵᠦ ᠰᠠᠭᠤᠷᠢᠰᠢᠭᠰᠠᠨ ᠶᠤᠮ᠃ ᠲᠤᠬᠠᠢ ᠶᠢᠨ ᠦᠶ᠎ᠡ ᠳᠤ ᠵᠢᠷᠠ ᠶᠢᠨ ᠳᠠᠪᠠᠭ᠎ᠠ ᠲᠠᠪᠠᠭᠰᠠᠨ ᠯᠢ ᠸᠠᠨ ᠵᠢᠢ ᠨᠠᠰᠤᠳᠠᠶᠢᠴᠤᠳ  ᠤᠨ ᠶᠡᠭᠡ ᠰᠤᠷᠭᠠᠭᠤᠯᠢ ᠳᠤ ᠨᠡᠷ᠎ᠡ ᠮᠡᠳᠡᠭᠦᠯᠵᠦ ᠤᠷᠠᠨ ᠪᠢᠴᠢᠯᠭᠡ ᠰᠤᠷᠤᠯᠴᠠᠭᠰᠠᠨ ᠪᠠᠶᠢᠨ᠎ᠠ᠂ ᠢᠯᠡᠷᠡᠯ ᠰᠠᠶᠢᠨ ᠪᠠᠶᠢᠭᠰᠠᠨ ᠠᠴᠠ ᠬᠤᠶᠠᠳᠤᠭᠠᠷ ᠵᠢᠯ ᠨᠢ ᠠᠩᠭᠢ ᠶᠢᠨ ᠳᠠᠷᠤᠭ᠎ᠠ ᠪᠠᠷ ᠰᠤᠩᠭᠤᠭᠳᠠᠵᠦ᠂ ᠬᠠᠮᠳᠤ ᠳᠤᠨᠢ ᠪᠠᠰᠠ ᠰᠤᠷᠭᠠᠭᠤᠯᠢ ᠶᠢᠨ ᠵᠥᠪᠯᠡᠯ ᠠᠴᠠ ᠨᠠᠰᠤᠳᠠᠶᠢᠴᠤᠳ ᠤᠨ ᠶᠡᠭᠡ ᠰᠤᠷᠭᠠᠭᠤᠯᠢ ᠶᠢᠨ ᠤᠷᠠᠨ ᠪᠢᠴᠢᠯᠭᠡ ᠤᠷᠠᠨ ᠵᠢᠷᠤᠭ  ᠤᠨ ᠠᠯᠪᠠᠨ ᠭᠡᠷ ᠤᠨ ᠡᠷᠬᠢᠯᠡᠭᠴᠢ ᠶᠢᠨ ᠠᠵᠢᠯ ᠢ ᠬᠠᠷᠢᠭᠤᠴᠠᠨ ᠬᠢᠵᠦ᠂ ᠰᠤᠷᠭᠠᠭᠤᠯᠢ ᠠᠴᠠ ᠬᠠᠮᠢᠶ᠎ᠠ ᠪᠦᠭᠦᠢ ᠠᠵᠢᠯ  ᠢ ᠡᠷᠬᠢᠯᠡᠨ ᠶᠠᠪᠤᠭᠳᠠᠭᠤᠯᠬᠤ ᠳᠤ ᠲᠡᠷᠡᠪᠡᠷ ᠬᠠᠮᠵᠢᠯᠴᠠᠨ ᠬᠢᠳᠡᠭ ᠪᠤᠯᠵᠠᠢ᠃ ᠡᠭᠦᠨ ᠤ ᠳᠠᠷᠠᠭᠠᠪᠡᠷ ᠯᠢ ᠸᠠᠨ ᠵᠢᠢ ᠪᠠᠰᠠ ᠠᠶᠢᠮᠠᠭ ᠤᠨ ᠨᠠᠰᠤᠳᠠᠶᠢᠴᠤᠳ ᠤᠨ ᠶᠡᠭᠡ ᠰᠤᠷᠭᠠᠭᠤᠯᠢ ᠶᠢᠨ ᠤᠷᠠᠨ ᠪᠢᠴᠢᠯᠭᠡᠳᠡᠳ ᠤᠷᠠᠨ ᠵᠢᠷᠤᠭᠴᠢᠳ ᠤᠨ ᠨᠡᠶᠢᠭᠡᠮᠯᠢᠭ ᠤᠨ ᠲᠡᠳ᠋ ᠨᠠᠷᠢᠨ ᠪᠢᠴᠢᠭ ᠤᠨ ᠳᠠᠷᠤᠭ᠎ᠠ᠂ ᠠᠯᠠᠱᠠ ᠠᠶᠢᠮᠠᠭ ᠤᠨ ᠤᠷᠠᠨ ᠪᠢᠴᠢᠯᠭᠡᠳᠡᠳ ᠤᠨ ᠨᠡᠶᠢᠭᠡᠮᠯᠢᠭ  ᠤᠨ ᠨᠡᠷ᠎ᠡ ᠬᠦᠨᠳᠦᠳᠦ ᠲᠡᠷᠢᠭᠦᠯᠡᠭᠴᠢ ᠵᠡᠷᠭᠡ ᠲᠤᠰᠢᠶᠠᠯ ᠢ ᠬᠠᠷᠢᠭᠤᠴᠠᠵᠠᠢ᠃ ᠠᠵᠢᠯ ᠨᠢ ᠬᠡᠳᠦᠶᠢᠪᠡᠷ ᠬᠦᠨᠳᠦ ᠪᠤᠯᠪᠠᠴᠤ ᠬᠥᠯᠥᠰᠥ ᠬᠠᠷᠠᠮᠵᠢ ᠪᠠᠶᠢᠬᠤ ᠦᠭᠡᠢ᠂ ᠭᠡᠭᠦ ᠳᠤ ᠮᠠᠰᠢ ᠤᠯᠠᠨ ᠬᠥᠮᠥᠨ ᠳᠤ ᠲᠤᠰᠠ ᠳᠡᠮ ᠪᠤᠯᠤᠭᠰᠠᠨ  ᠳᠠᠭᠠᠨ ᠲᠡᠷᠡ ᠤᠮᠤᠭᠰᠢᠵᠦ ᠶᠠᠪᠤᠳᠠᠭ᠃     2018 ᠤᠨ ᠤ 8 ᠰᠠᠷ᠎ᠠ ᠳᠤ᠂ ᠯᠢ ᠸᠠᠨ ᠵᠢᠢ ᠳᠤ ᠨᠠᠮ ᠳᠤ ᠭᠤᠶᠤᠴᠢᠯᠠᠬᠤ ᠪᠤᠳᠤᠯ ᠳᠠᠬᠢᠨ ᠤᠷᠭᠤᠭᠰᠠᠨ ᠪᠠᠶᠢᠯ᠎ᠠ᠃ ᠲᠡᠶᠢᠨᠬᠦ ᠠᠶᠢᠮᠠᠭ ᠤᠨ ᠨᠠᠰᠤᠳᠠᠶᠢᠴᠤᠳ ᠤᠨ ᠤᠷᠠᠨ ᠪᠢᠴᠢᠯᠭᠡᠳᠡᠳ ᠤᠨ ᠨᠡᠶᠢᠭᠡᠮᠯᠢᠭ ᠤᠨ ᠨᠠᠮ ᠤᠨ ᠡᠭᠦᠷ  ᠲᠤ ᠨᠠᠮ ᠳᠤ ᠤᠷᠤᠬᠤ ᠭᠤᠶᠤᠴᠢᠯᠠᠯᠳᠠ ᠶᠢᠨ ᠪᠢᠴᠢᠭ ᠢᠶᠠᠨ ᠳᠠᠬᠢᠨ ᠪᠢᠴᠢᠵᠦ ᠲᠤᠰᠢᠶᠠᠯ᠎ᠠ᠃ ᠡᠨᠡᠬᠦ ᠨᠠᠮ ᠤᠨ ᠡᠭᠦᠷ  ᠨᠢ ᠪᠠᠶᠢᠭᠤᠯᠤᠮᠵᠢ ᠶᠢᠨ ᠪᠤᠰᠤ ᠳᠦᠷᠢᠮ ᠳᠤ ᠬᠠᠷᠢᠶᠠᠯᠠᠭᠳᠠᠳᠠᠭ ᠠᠴᠠ ᠨᠢᠭᠡ ᠵᠢᠯ ᠤᠨ ᠳᠠᠷᠠᠭ᠎ᠠ ᠲᠡᠭᠦᠨ ᠤ ᠨᠠᠮ ᠳᠤ ᠤᠷᠤᠬᠤ ᠪᠠᠷ ᠭᠤᠶᠤᠴᠢᠯᠠᠭᠰᠠᠨ ᠬᠠᠮᠢᠶ᠎ᠠ ᠪᠦᠭᠦᠢ ᠭᠠᠷ ᠬᠦᠢᠴᠡᠳᠭᠡᠯ ᠢ ᠨᠢ ᠠᠯᠠᠱᠠ ᠶᠢᠨ ᠬᠤᠷᠢᠶᠠᠨ ᠬᠠᠳᠠᠭᠠᠯᠠᠭᠴᠢᠳ ᠤᠨ ᠨᠡᠶᠢᠭᠡᠮᠯᠢᠭ ᠤᠨ ᠨᠠᠮ ᠤᠨ ᠡᠭᠦᠷ ᠲᠤ ᠰᠢᠯᠵᠢᠭᠦᠯᠦᠭᠰᠡᠨ ᠪᠠᠶᠢᠨ᠎ᠠ᠃ ︽ᠥᠨᠥ ᠵᠢᠯ ᠤᠨ ᠡᠬᠢᠨ  ᠳᠤ ᠪᠢ ᠨᠠᠮ ᠳᠤ ᠤᠷᠤᠬᠤ ᠬᠥᠭᠵᠢᠭᠦᠯᠭᠦ ᠡᠳᠡᠭᠡᠳ ᠢᠶᠠᠷ ᠲᠤᠭᠳᠠᠭᠠᠭᠳᠠᠭᠰᠠᠨ ᠰᠢᠦ᠃ ᠳᠤᠮᠳᠠᠳᠤ ᠤᠯᠤᠰ ᠤᠨ ᠡᠪ ᠬᠠᠮᠳᠤ ᠨᠠᠮ ᠪᠤᠯ ᠠᠷᠠᠳ ᠲᠦᠮᠡᠨ ᠳᠡᠭᠡᠨ ᠵᠤᠯ ᠵᠢᠷᠭᠠᠯ ᠡᠳ᠋ᠯᠡᠭᠦᠯᠭᠦ ᠪᠠᠷ ᠵᠤᠷᠢᠯᠳᠠ ᠪᠠᠨ ᠪᠤᠯᠭᠠᠭᠰᠠᠨ ᠲᠥᠷᠥ ᠶᠢᠨ ᠨᠠᠮ ᠮᠥᠨ᠂ ᠪᠢ ᠨᠠᠮ ᠤᠨ ᠵᠤᠬᠢᠶᠠᠨ ᠪᠠᠶᠢᠭᠤᠯᠤᠯᠳᠠ ᠲᠠᠢ ᠤᠯᠠᠮ ᠢᠶᠠᠷ ᠤᠶᠢᠷᠠᠳᠴᠤ᠂ ᠨᠠᠮ ᠤᠨ ᠢᠶᠠᠨ ᠰᠢᠭᠤᠳ ᠤᠳᠤᠷᠢᠳᠤᠯᠭ᠎ᠠ ᠶᠢᠨ ᠲᠤᠤᠷ᠎ᠠ᠂ ᠠᠮᠢᠳᠤ ᠰᠡᠷᠡᠭᠦᠨ ᠪᠠᠶᠢᠭ᠎ᠠ ᠴᠠᠭ ᠲᠠᠭᠠᠨ ᠨᠠᠮ ᠪᠠ ᠤᠯᠠᠨ ᠲᠦᠮᠡᠨ ᠳᠡᠭᠡᠨ ᠢᠯᠡᠭᠦᠭᠡᠨ ᠰᠢᠭ ᠦᠢᠯᠡᠴᠢᠯᠡᠶ᠎ᠡ ᠭᠡᠵᠦ ᠪᠤᠳᠤᠳᠠᠭ︾ ᠭᠡᠵᠦ ᠲᠡᠷᠡ ᠶᠠᠷᠢᠨ᠎ᠠ᠃      ︽ᠯᠢ ᠸᠠᠨ ᠵᠢᠢ ᠨᠥᠭᠦᠷ ᠬᠡᠳᠦᠶᠢᠪᠡᠷ ᠳᠠᠯᠠ ᠭᠠᠷᠤᠭᠰᠠᠨ ᠪᠤᠯᠪᠠᠴᠤ ᠨᠠᠮ ᠤᠨ ᠵᠤᠬᠢᠶᠠᠨ ᠪᠠᠶᠢᠭᠤᠯᠤᠯᠳᠠ ᠳᠤ ᠤᠷᠤᠬᠤ ᠢᠳᠡᠪᠬᠢᠲᠡᠢ ᠭᠤᠶᠤᠴᠢᠯᠠᠵᠦ ᠪᠠᠶᠢᠨ᠎ᠠ᠂ ᠡᠶᠢᠮᠦᠷᠭᠦ ᠦᠢᠯᠡ ᠠᠵᠢᠯᠯᠠᠭ᠎ᠠ ᠨᠢ ᠲᠡᠭᠦᠨ ᠤ ᠬᠤᠪᠢ ᠬᠥᠮᠥᠨ ᠤ ᠬᠢᠨᠢ ᠬᠥᠰᠡᠯ ᠬᠥᠭᠡᠭᠡᠴᠡᠯᠳᠥᠯ ᠪᠤᠯᠬᠤ ᠪᠠᠷ ᠪᠠᠷᠠᠬᠤ ᠦᠭᠡᠢ ᠢᠷᠠᠭᠤ ᠠᠯᠳᠠᠷ ᠮᠥᠨ᠂ ᠨᠡᠩ ᠴᠦ ᠵᠠᠯᠠᠭᠤᠴᠤᠳ ᠲᠤ ᠰᠠᠶᠢᠨ ᠦᠯᠢᠭᠡᠷ ᠳᠠᠭᠤᠷᠢᠶᠠᠯ ᠪᠤᠯᠤᠭᠰᠠᠨ ᠪᠠᠶᠢᠨ᠎ᠠ︾ ᠭᠡᠵᠦ ᠠᠯᠠᠱᠠ ᠶᠢᠨ ᠬᠤᠷᠢᠶᠠᠨ ᠬᠠᠳᠠᠭᠠᠯᠠᠭᠴᠢᠳ ᠤᠨ ᠨᠡᠶᠢᠭᠡᠮᠯᠢᠭ ᠤᠨ ᠨᠠᠮ ᠤᠨ ᠡᠭᠦᠷ ᠤᠨ ᠱᠦᠵᠢ ᠹᠦ᠋ ᠶᠢᠦ ᠰᠢᠶᠠᠩ ᠶᠠᠷᠢᠨ᠎ᠠ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号