| ᠨᠢᠭᠡ᠂ ᠳᠤᠮᠳᠠ ᠵᠢᠵᠢᠭ ᠠᠵᠤ ᠠᠬᠤᠶᠢᠯᠠᠯ ᠤᠨ ᠵᠠᠬ᠎ᠠ ᠳᠡᠯᠭᠡᠭᠦᠷ ᠤᠨ ᠡᠷᠬᠡ ᠲᠡᠭᠰᠢ ᠠᠷᠠᠯᠵᠢᠶ᠎ᠠ ᠳᠤ | ᠣᠷᠣᠯᠴᠠᠬᠤ ᠶᠢ ᠤᠯᠠᠮ ᠠᠬᠢᠭᠤᠯᠤᠨ ᠲᠡᠭᠦᠯᠳᠡᠷᠵᠢᠭᠦᠯᠬᠦ ᠬᠡᠷᠡᠭᠲᠡᠶ | | ᠲᠤᠮᠤ ᠠᠵᠤ ᠠᠬᠤᠶᠢᠯᠠᠯ ᠤᠳ ᠳᠤᠮᠳᠠ ᠵᠢᠵᠢᠭ ᠠᠵᠤ ᠠᠬᠤᠶᠢᠯᠠᠯ ᠳᠤ ᠪᠡᠯᠡ ᠮᠥᠩᠭᠦ ᠥᠭᠬᠦ ᠴᠡᠭ ᠳᠡᠭᠡᠷ᠎ᠡ | ᠲᠦᠢᠯ ᠤᠨ ᠶᠡᠭᠡ ᠦᠭᠡ ᠬᠡᠯᠡᠬᠦ ᠡᠷᠬᠡ ᠲᠠᠢ ᠪᠠᠶᠢᠳᠠᠭ ᠤᠴᠢᠷ ᠠᠴᠠ ᠲᠡᠭᠦᠨ ᠳᠤ ᠪᠡᠯᠡ ᠮᠥᠩᠭᠦ ᠥᠭᠬᠦ ᠴᠡᠭ ᠳᠡᠭᠡᠷ᠎ᠡ | ᠲᠦᠢᠯ ᠤᠨ ᠶᠡᠭᠡ ᠦᠭᠡ ᠬᠡᠯᠡᠬᠦ ᠡᠷᠬᠡ ᠲᠠᠢ ᠪᠠᠶᠢᠳᠠᠭ᠃ ᠳᠤᠮᠳᠠ ᠵᠢᠵᠢᠭ ᠠᠵᠤ ᠠᠬᠤᠶᠢᠯᠠᠯ ᠨᠢ ᠵᠠᠬ᠎ᠠ ᠳᠡᠯᠭᠡᠭᠦᠷ ᠤᠨ | ᠥᠷᠢᠰᠥᠯᠳᠦᠭᠡᠨ ᠤ ᠳᠤᠮᠳᠠ ᠵᠣᠬᠢᠬᠤ ᠬᠤᠪᠢ ᠶᠢᠨ ᠲᠤᠭ᠎ᠠ ᠶᠢ ᠤᠯᠬᠤ ᠶᠢᠨ ᠲᠥᠯᠥᠭᠡ ᠶᠡᠷᠦᠨᠢ ᠲᠤᠮᠤ ᠠᠵᠤ | ᠠᠬᠤᠶᠢᠯᠠᠯ ᠤᠨ ᠳᠤᠷᠠᠳᠤᠭᠰᠠᠨ ᠵᠦᠢ ᠵᠤᠬᠢᠰ ᠦᠭᠡᠢ ᠨᠥᠬᠦᠴᠡᠯ ᠵᠢᠴᠢ ᠵᠠᠷᠢᠮ ᠪᠡᠯᠡ ᠮᠥᠩᠭᠦ ᠶᠢ ᠤᠳᠠᠭᠠᠰᠢᠷᠠᠭᠤᠯᠤᠨ | ᠥᠷᠢᠲᠦᠬᠦ ᠠᠵᠢᠯᠯᠠᠭ᠎ᠠ ᠶᠢ ᠯᠠ ᠬᠦᠯᠢᠶᠡᠨ ᠠᠪᠲᠠᠭ᠃ | | ᠠᠯᠢ ᠡᠷᠲᠡ 2012 ᠣᠨ ᠳᠤ᠂ ︽ᠵᠢᠵᠢᠭ ᠬᠡᠯᠪᠡᠷᠢ ᠶᠢᠨ ᠪᠠ ᠪᠢᠴᠢᠯ ᠬᠡᠯᠪᠡᠷᠢ ᠶᠢᠨ ᠠᠵᠤ | ᠠᠬᠤᠶᠢᠯᠠᠯ ᠤᠨ ᠡᠷᠡᠭᠦᠯ ᠢᠶᠠᠷ ᠬᠥᠭᠵᠢᠬᠦ ᠶᠢ ᠤᠯᠠᠮ ᠠᠬᠢᠭᠤᠯᠤᠨ ᠳᠡᠮᠵᠢᠬᠦ ᠲᠤᠬᠠᠶ ᠲᠦᠷᠦ ᠶᠢᠨ ᠶᠠᠪᠤᠳᠠᠯ ᠤᠨ | ᠬᠤᠷᠢᠶᠠᠨ ᠤ ᠰᠠᠨᠠᠯ︾ ᠳᠤ ᠳᠠᠷᠤᠶ ︽ᠲᠤᠮᠤ ᠠᠵᠤ ᠠᠬᠤᠶᠢᠯᠠᠯ ᠤᠨ ᠵᠢᠵᠢᠭ ᠬᠡᠯᠪᠡᠷᠢ ᠶᠢᠨ ᠪᠠ ᠪᠢᠴᠢᠯ ᠬᠡᠯᠪᠡᠷᠢ ᠶᠢᠨ | ᠠᠵᠤ ᠠᠬᠤᠶᠢᠯᠠᠯ ᠤᠨ ᠪᠡᠯᠡ ᠮᠥᠩᠭᠦ ᠶᠢ ᠤᠷᠳᠤ ᠬᠤᠭᠤᠴᠠᠭ᠎ᠠ ᠪᠠᠷ ᠥᠷᠢᠲᠦᠬᠦ ᠶᠢ ᠰᠡᠷᠭᠡᠶᠢᠯᠡᠬᠦ ᠲᠦᠷᠦ ᠶᠢᠨ | ᠪᠤᠳᠤᠯᠭ᠎ᠠ ᠠᠷᠭ᠎ᠠ ᠬᠡᠮᠵᠢᠶ᠎ᠡ ᠶᠢ ᠰᠤᠳᠤᠯᠤᠨ ᠲᠣᠭᠲᠠᠭᠠᠨ᠎ᠠ︾ ᠭᠡᠵᠦ ᠳᠤᠷᠠᠳᠤᠨ ᠭᠠᠷᠭᠠᠵᠠᠶ᠃ 2018 ᠣᠨ ᠳᠤ | ᠬᠡᠷᠡᠭᠵᠢᠭᠦᠯᠦᠭᠰᠡᠨ ᠳᠤᠮᠳᠠ ᠵᠢᠵᠢᠭ ᠠᠵᠤ ᠠᠬᠤᠶᠢᠯᠠᠯ ᠢ ᠠᠬᠢᠭᠤᠯᠬᠤ ᠬᠠᠤᠯᠢ ᠳᠤ ᠨᠠᠢᠮᠠᠳᠤᠭᠠᠷ ᠪᠦᠯᠦᠭ ︽ᠡᠷᠬᠡ | ᠠᠰᠢᠭ ᠤᠨ ᠬᠠᠮᠠᠭᠠᠯᠠᠯᠲᠠ︾ ᠶᠢ ᠨᠡᠮᠡᠨ ᠪᠠᠶᠢᠭᠤᠯᠵᠤ᠂ ᠲᠠᠪᠢᠨ ᠭᠤᠷᠪᠠᠳᠤᠭᠠᠷ ᠵᠦᠢᠯ ᠳᠤ ︽ᠲᠦᠷᠤ ᠶᠢᠨ | ᠪᠠᠶᠢᠭᠤᠯᠭ᠎ᠠ᠂ ᠠᠵᠢᠯ ᠦᠢᠯᠡᠰ ᠤᠨ ᠨᠢᠭᠡᠴᠢ ᠪᠠ ᠲᠤᠮᠤ ᠬᠡᠯᠪᠡᠷᠢ ᠶᠢᠨ ᠠᠵᠤ ᠠᠬᠤᠶᠢᠯᠠᠯ ᠨᠢ ᠳᠤᠮᠳᠠ ᠵᠢᠵᠢᠭ ᠠᠵᠤ | ᠠᠬᠤᠶᠢᠯᠠᠯ ᠳᠤ ᠥᠷᠢᠲᠦᠵᠦ ᠪᠠᠶᠢᠭ᠎ᠠ ᠡᠳ᠋ ᠪᠠᠷᠠᠭ᠎ᠠ᠂ ᠪᠠᠷᠢᠯᠭ᠎ᠠ᠂ ᠦᠢᠯᠡᠴᠢᠯᠡᠭᠡᠨ ᠤ ᠪᠡᠯᠡ ᠮᠥᠩᠭᠦ ᠶᠢ ᠭᠡᠷ᠎ᠡ ᠶᠢ | ᠵᠥᠷᠢᠴᠡᠨ ᠥᠷᠢᠲᠦᠵᠦ ᠪᠣᠯᠬᠤ ᠦᠭᠡᠢ᠂ ᠳᠤᠮᠳᠠ ᠵᠢᠵᠢᠭ ᠠᠵᠤ ᠠᠬᠤᠶᠢᠯᠠᠯ ᠨᠢ ᠥᠷᠢᠲᠦᠵᠦ ᠪᠠᠶᠢᠭ᠎ᠠ ᠲᠠᠯ᠎ᠠ ᠪᠠᠷ | ᠥᠷᠢᠲᠦᠵᠦ ᠪᠠᠶᠢᠭ᠎ᠠ ᠪᠡᠯᠡ ᠮᠥᠩᠭᠦ ᠶᠢ ᠲᠦᠯᠦᠬᠦᠯᠬᠦ ᠪᠠᠷ ᠱᠠᠭᠠᠷᠳᠠᠬᠤ ᠡᠷᠬᠡ ᠲᠠᠢ ᠪᠥᠭᠡᠳ ᠥᠷᠢᠲᠦᠵᠦ | ᠤᠳᠠᠭᠠᠰᠢᠷᠠᠭᠤᠯᠤᠭᠰᠠᠨ ᠠᠴᠠ ᠪᠣᠯᠤᠭᠰᠠᠨ ᠬᠤᠬᠢᠷᠠᠯ ᠢ ᠲᠦᠯᠦᠬᠦᠯᠬᠦ ᠪᠠᠷ ᠱᠠᠭᠠᠷᠳᠠᠬᠤ ᠡᠷᠬᠡ ᠲᠠᠢ︾ ᠭᠡᠵᠦ | ᠲᠣᠳᠣᠷᠬᠠᠶ ᠲᠣᠭᠲᠠᠭᠠᠵᠠᠶ᠃ ︽ᠲᠦᠷᠢᠮ︾ ᠳᠤ ᠭᠡᠷ᠎ᠡ ᠠᠴᠠ ᠵᠥᠷᠢᠴᠡᠨ ᠳᠤᠮᠳᠠ ᠵᠢᠵᠢᠭ ᠠᠵᠤ ᠠᠬᠤᠶᠢᠯᠠᠯ ᠳᠤ | ᠥᠷᠢᠲᠦᠵᠦ ᠪᠠᠶᠢᠭ᠎ᠠ ᠪᠡᠯᠡ ᠮᠥᠩᠭᠦ ᠶᠢ ᠥᠷᠢᠲᠦᠵᠦ ᠪᠠᠶᠢᠭ᠎ᠠ ᠠᠰᠠᠭᠤᠳᠠᠯ ᠢ ᠤᠷᠢᠳᠴᠢᠯᠠᠨ ᠰᠡᠷᠭᠡᠶᠢᠯᠡᠬᠦ ᠪᠠ ᠵᠠᠰᠠᠬᠤ | ᠲᠠᠯ᠎ᠠ ᠪᠠᠷ ᠤᠯᠠᠮ ᠠᠬᠢᠭᠤᠯᠤᠨ ᠪᠣᠳᠠᠲᠠᠶ ᠲᠣᠭᠲᠠᠭᠠᠯ ᠭᠠᠷᠭᠠᠵᠠᠶ᠃ | | ᠬᠤᠶᠠᠷ᠂ ᠬᠠᠤᠯᠢ ᠬᠡᠷᠡᠭᠵᠢᠭᠦᠯᠬᠦ ᠲᠣᠭᠲᠠᠭᠠᠯ ᠢ ᠤᠯᠠᠮ ᠠᠬᠢᠭᠤᠯᠤᠨ ᠲᠡᠭᠦᠯᠳᠡᠷᠵᠢᠭᠦᠯᠪᠡ | | ︽ᠲᠦᠷᠢᠮ︾ ᠳᠤ ᠳᠤᠮᠳᠠ ᠵᠢᠵᠢᠭ ᠠᠵᠤ ᠠᠬᠤᠶᠢᠯᠠᠯ ᠢ ᠠᠬᠢᠭᠤᠯᠬᠤ ᠬᠠᠤᠯᠢ ᠶᠢᠨ ᠰᠠᠭᠤᠷᠢᠨ ᠳᠡᠭᠡᠷ᠎ᠡ | ᠳᠤᠮᠳᠠ ᠵᠢᠵᠢᠭ ᠠᠵᠤ ᠠᠬᠤᠶᠢᠯᠠᠯ ᠤᠨ ᠲᠤᠰᠬᠠᠯ ᠶᠡᠬᠡᠲᠡᠶ ᠪᠠᠶᠢᠭ᠎ᠠ ᠪᠡᠯᠡ ᠮᠥᠩᠭᠦ ᠥᠭᠬᠦ ᠬᠤᠭᠤᠴᠠᠭ᠎ᠠ᠂ | ᠬᠤᠳᠠᠯᠳᠤᠭᠠᠨ ᠤ ᠭᠤᠪᠢᠭᠤᠯᠭ᠎ᠠ ᠶᠢᠨ ᠫᠢᠶᠣᠣ ᠶᠢ ᠬᠡᠷᠡᠭᠯᠡᠬᠦ᠂ ᠪᠡᠯᠡ ᠮᠥᠩᠭᠦ ᠥᠭᠬᠦ ᠶᠢ ᠬᠤᠶᠢᠰᠢᠯᠠᠭᠤᠯᠬᠤ | ᠬᠠᠷᠢᠭᠤᠴᠠᠯᠭ᠎ᠠ᠂ ᠬᠤᠷᠢᠶᠠᠬᠤ ᠶᠣᠰᠣᠲᠠᠶ ᠲᠠᠩᠰᠠᠨ ᠤ ᠪᠡᠯᠡ ᠮᠥᠩᠭᠦᠨ ᠤ ᠪᠡᠯᠡ ᠲᠤᠬᠢᠷᠠᠭᠤᠯᠭ᠎ᠠ ᠶᠢ ᠨᠤᠲᠠᠯᠠᠬᠤ | ᠵᠡᠷᠭᠡ ᠲᠠᠯ᠎ᠠ ᠪᠠᠷ ᠲᠣᠳᠣᠷᠬᠠᠶ ᠪᠥᠭᠡᠳ ᠬᠡᠷᠡᠭᠵᠢᠭᠦᠯᠵᠦ ᠪᠣᠯᠬᠤᠶᠢᠴᠠ ᠲᠣᠭᠲᠠᠭᠠᠯ ᠭᠠᠷᠭᠠᠭᠰᠠᠨ ᠨᠢ ᠴᠢᠬᠤᠯᠠ | ᠱᠠᠭᠠᠷᠳᠠᠯᠭ᠎ᠠ ᠲᠠᠢ ᠪᠣᠳᠠᠲᠤ ᠠᠴᠢ ᠬᠤᠯᠪᠣᠭᠳᠠᠯ ᠪᠠ ᠲᠡᠦᠬᠡᠲᠦ ᠠᠴᠢ ᠬᠤᠯᠪᠣᠭᠳᠠᠯ ᠲᠠᠢ ᠶᠤᠮ᠃ ᠳᠠᠷᠠᠭ᠎ᠠ ᠶᠢᠨ | ᠱᠠᠲᠤᠨ ᠳᠤ᠂ ᠲᠤᠤᠱᠯᠠᠭᠤᠯᠤᠨ ᠬᠡᠷᠡᠭᠵᠢᠭᠦᠯᠬᠦ ᠶᠢ ᠰᠠᠶᠢᠲᠤᠷ ᠲᠤᠤᠱᠯᠠᠭᠤᠯᠤᠨ᠂ ᠵᠠᠯᠬᠠᠭᠠᠨ ᠰᠢᠢᠳᠬᠡᠬᠦ ᠡᠷᠴᠢᠮ ᠢᠶᠠᠨ | ᠴᠢᠩᠭᠠᠷᠠᠭᠤᠯᠤᠨ᠂ ᠥᠷᠢᠲᠦᠵᠦ ᠤᠳᠠᠭᠠᠰᠢᠷᠠᠭᠤᠯᠤᠭᠰᠠᠨ ᠦᠢᠯᠡ ᠠᠵᠢᠯᠯᠠᠭ᠎ᠠ ᠳᠤ ᠦᠵᠡᠭᠦᠯᠬᠦ ᠬᠠᠤᠯᠢ ᠴᠠᠭᠠᠵᠠ ᠶᠢᠨ | ᠵᠠᠯᠬᠠᠭᠠᠨ ᠴᠡᠭᠡᠷᠯᠡᠭᠦᠯᠬᠦ ᠪᠠ ᠬᠢᠵᠠᠭᠠᠷᠯᠠᠬᠤ ᠦᠷ᠎ᠡ ᠨᠥᠯᠥᠭᠡ ᠶᠢ ᠭᠦᠢᠴᠡᠳ ᠪᠠᠳᠠᠷᠠᠭᠤᠯᠤᠨ᠎ᠠ᠃ | | ᠭᠤᠷᠪᠠ᠂ ᠳᠤᠮᠳᠠ ᠵᠢᠵᠢᠭ ᠠᠵᠤ ᠠᠬᠤᠶᠢᠯᠠᠯ ᠤᠨ ᠬᠤᠷᠢᠶᠠᠬᠤ ᠶᠣᠰᠣᠲᠠᠶ ᠲᠠᠩᠰᠠᠨ ᠪᠡᠯᠡ ᠮᠥᠩᠭᠦᠨ ᠤ | ᠪᠠᠯᠠ ᠲᠣᠬᠢᠷᠠᠭᠤᠯᠭ᠎ᠠ ᠳᠤ ᠠᠰᠢᠭᠲᠠᠶ | | ᠬᠤᠷᠢᠶᠠᠬᠤ ᠶᠣᠰᠣᠲᠠᠶ ᠳᠠᠩᠰᠠᠨ ᠵᠣᠭᠤᠰ ᠪᠣᠯ ᠠᠵᠤ ᠠᠬᠤᠶᠢᠯᠠᠯ ᠤᠨ ᠴᠢᠬᠤᠯᠠ ᠡᠳ᠋ ᠬᠥᠷᠥᠩᠭᠡ ᠮᠥᠨ᠃ | ᠳᠤᠮᠳᠠ ᠵᠢᠵᠢᠭ ᠠᠵᠤ ᠠᠬᠤᠶᠢᠯᠠᠯ ᠢ ᠠᠬᠢᠭᠤᠯᠬᠤ ᠬᠠᠤᠯᠢ ᠶᠢᠨ ᠬᠤᠷᠢᠳᠤᠭᠠᠷ ᠵᠦᠢᠯ ᠳᠤ᠄ ︽ᠳᠤᠮᠳᠠ ᠵᠢᠵᠢᠭ ᠠᠵᠤ | ᠠᠬᠤᠶᠢᠯᠠᠯ ᠬᠤᠷᠢᠶᠠᠬᠤ ᠶᠣᠰᠣᠲᠠᠶ ᠲᠠᠩᠰᠠᠨ ᠤ ᠵᠣᠭᠤᠰ ᠢᠶᠠᠷ ᠳᠠᠭᠠᠭᠠᠯᠲᠠ ᠭᠦᠢᠴᠡᠳᠬᠡᠵᠦ ᠪᠡᠯᠡ ᠲᠣᠬᠢᠷᠠᠭᠤᠯᠬᠤ ᠪᠠᠷ | ᠬᠦᠰᠡᠯᠲᠡ ᠭᠠᠷᠭᠠᠬᠤ ᠦᠶ᠎ᠡ ᠳᠤ᠂ ᠬᠤᠷᠢᠶᠠᠬᠤ ᠶᠣᠰᠣᠲᠠᠶ ᠲᠠᠩᠰᠠᠨ ᠤ ᠵᠣᠭᠤᠰ ᠢᠶᠠᠨ ᠥᠭᠬᠦ ᠲᠠᠯ᠎ᠠ ᠨᠢ ᠠᠪᠴᠠᠭ᠎ᠠ | ᠥᠭᠴᠡᠭᠡ ᠶᠢᠨ ᠬᠠᠷᠢᠴᠠᠭ᠎ᠠ ᠪᠠᠨ ᠬᠡᠨ ᠳᠠᠷᠤᠢ ᠳᠤᠨᠢ ᠨᠤᠲᠠᠯᠠᠨ ᠲᠣᠭᠲᠠᠭᠠᠵᠤ᠂ ᠳᠤᠮᠳᠠ ᠵᠢᠵᠢᠭ ᠠᠵᠤ | ᠠᠬᠤᠶᠢᠯᠠᠯ ᠤᠨ ᠪᠡᠯᠡ ᠲᠣᠬᠢᠷᠠᠭᠤᠯᠬᠤ ᠶᠢ ᠳᠡᠮᠵᠢᠬᠦ ᠬᠡᠷᠡᠭᠲᠡᠶ᠃ ᠤᠯᠤᠰ ᠠᠴᠠ ᠳᠤᠮᠳᠠ ᠵᠢᠵᠢᠭ ᠠᠵᠤ ᠠᠬᠤᠶᠢᠯᠠᠯ | ᠵᠢᠴᠢ ᠪᠡᠯᠡ ᠮᠥᠩᠭᠦ ᠥᠭᠬᠦ ᠲᠠᠯ᠎ᠠ ᠶᠢᠨ ᠬᠤᠷᠢᠶᠠᠬᠤ ᠶᠣᠰᠣᠲᠠᠶ ᠳᠠᠩᠰᠠᠨ ᠪᠡᠯᠡ ᠮᠥᠩᠭᠦᠨ ᠤ ᠪᠡᠯᠡ | ᠲᠤᠬᠢᠷᠠᠭᠤᠯᠭ᠎ᠠ ᠶᠢᠨ ᠦᠢᠯᠡᠴᠢᠯᠡᠭᠡᠨ ᠤ ᠲᠠᠪᠴᠠᠩ ᠢᠶᠠᠷ ᠳᠠᠮᠵᠢᠭᠤᠯᠤᠨ ᠠᠪᠴᠠᠭ᠎ᠠ ᠥᠭᠴᠡᠭᠡ ᠶᠢᠨ ᠬᠠᠷᠢᠴᠠᠭ᠎ᠠ ᠪᠠᠨ | ᠨᠤᠲᠠᠯᠠᠵᠤ᠂ ᠪᠡᠯᠡ ᠲᠤᠬᠢᠷᠠᠭᠤᠯᠭ᠎ᠠ ᠶᠢᠨ ᠦᠷ᠎ᠡ ᠪᠦᠲᠦᠮᠵᠢ ᠪᠠᠨ ᠳᠡᠭᠡᠭᠰᠢᠯᠡᠭᠦᠯᠵᠦ᠂ ᠪᠡᠯᠡ ᠲᠤᠬᠢᠷᠠᠭᠤᠯᠭ᠎ᠠ ᠶᠢᠨ | ᠥᠪᠡᠷ ᠤᠨ ᠦᠷᠳᠡᠭ ᠢ ᠪᠠᠭᠤᠷᠠᠭᠤᠯᠬᠤ ᠶᠢ ︽ᠲᠦᠷᠢᠮ︾ ᠳᠤ᠄ ︽ᠳᠤᠮᠳᠠ ᠵᠢᠵᠢᠭ ᠠᠵᠤ ᠠᠬᠤᠶᠢᠯᠠᠯ ᠬᠤᠷᠢᠶᠠᠬᠤ | ᠶᠣᠰᠣᠲᠠᠶ ᠲᠠᠩᠰᠠᠨ ᠤ ᠵᠣᠭᠤᠰ ᠢᠶᠠᠷ ᠢᠶᠠᠨ ᠪᠡᠯᠡ ᠲᠤᠬᠢᠷᠠᠭᠤᠯᠭ᠎ᠠ ᠶᠢᠨ ᠳᠠᠭᠠᠭᠠᠯᠲᠠ ᠬᠢᠭᠰᠡᠨ ᠲᠣᠬᠢᠶᠠᠯᠳᠤᠯ ᠳᠤ᠂ | ᠪᠠᠶᠢᠭᠤᠯᠭ᠎ᠠ᠂ ᠠᠵᠢᠯ ᠦᠢᠯᠡᠰ ᠤᠨ ᠨᠢᠭᠡᠴᠢ ᠪᠠ ᠲᠤᠮᠤ ᠬᠡᠯᠪᠡᠷᠢ ᠶᠢᠨ ᠠᠵᠤ ᠠᠬᠤᠶᠢᠯᠠᠯ ᠨᠢ ᠳᠤᠮᠳᠠ ᠵᠢᠵᠢᠭ ᠠᠵᠤ | ᠠᠬᠤᠶᠢᠯᠠᠯ ᠤᠨ ᠡᠷᠬᠡ ᠶᠢ ᠨᠤᠲᠠᠯᠠᠨ ᠲᠣᠭᠲᠠᠭᠠᠬᠤ ᠬᠦᠰᠡᠯᠲᠡ ᠭᠠᠷᠭᠠᠭᠰᠠᠨ ᠡᠳᠦᠷ ᠠᠴᠠ ᠡᠬᠢᠯᠡᠨ 30 ᠡᠳᠦᠷ ᠤᠨ | ᠳᠣᠲᠣᠷ᠎ᠠ ᠠᠪᠴᠠᠭ᠎ᠠ ᠥᠭᠴᠡᠭᠡ ᠶᠢᠨ ᠬᠠᠷᠢᠴᠠᠭ᠎ᠠ ᠶᠢ ᠨᠤᠲᠠᠯᠠᠵᠤ᠂ ᠳᠤᠮᠳᠠ ᠵᠢᠵᠢᠭ ᠠᠵᠤ ᠠᠬᠤᠶᠢᠯᠠᠯ ᠤᠨ ᠪᠡᠯᠡ | ᠲᠤᠬᠢᠷᠠᠭᠤᠯᠭ᠎ᠠ ᠶᠢ ᠳᠡᠮᠵᠢᠬᠦ ᠬᠡᠷᠡᠭᠲᠡᠶ︾ ᠭᠡᠵᠦ ᠤᠯᠠᠮ ᠠᠬᠢᠭᠤᠯᠤᠨ ᠲᠣᠳᠣᠷᠬᠠᠶ ᠲᠣᠭᠲᠠᠭᠠᠪᠠ᠃ ᠨᠤᠲᠠᠯᠠᠬᠤ | ᠡᠭᠦᠷᠭᠡ ᠶᠢᠨ ᠲᠤᠬᠠᠶ ᠤᠯᠠᠮ ᠠᠬᠢᠭᠤᠯᠤᠨ ᠳᠠᠬᠢᠨ ᠲᠣᠳᠣᠷᠬᠠᠶᠢᠯᠠᠭᠰᠠᠨ ᠪᠠ ᠨᠤᠲᠠᠯᠠᠬᠤ ᠴᠠᠭ ᠤᠨ ᠲᠤᠬᠠᠶ | ᠲᠣᠳᠣᠷᠬᠠᠶ ᠱᠠᠭᠠᠷᠳᠠᠯᠭ᠎ᠠ ᠨᠢ ᠳᠤᠮᠳᠠ ᠵᠢᠵᠢᠭ ᠠᠵᠤ ᠠᠬᠤᠶᠢᠯᠠᠯ ᠤᠨ ᠬᠤᠷᠢᠶᠠᠬᠤ ᠶᠣᠰᠣᠲᠠᠶ ᠲᠠᠩᠰᠠᠨ ᠪᠡᠯᠡ | ᠮᠥᠩᠭᠦᠨ ᠤ ᠪᠠᠯᠠ ᠲᠣᠬᠢᠷᠠᠭᠤᠯᠭ᠎ᠠ ᠶᠢᠨ ᠬᠠᠤᠯᠢ ᠴᠠᠭᠠᠵᠠ ᠲᠥᠷᠥ ᠶᠢᠨ ᠪᠣᠳᠣᠯᠭ᠎ᠠ ᠶᠢᠨ ᠣᠷᠴᠢᠨ ᠨᠥᠬᠦᠴᠡᠯ ᠢ | ᠤᠯᠠᠮ ᠠᠬᠢᠭᠤᠯᠤᠨ ᠰᠢᠯᠢᠳᠡᠭᠵᠢᠭᠦᠯᠵᠦ᠂ ᠬᠤᠷᠢᠶᠠᠬᠤ ᠶᠣᠰᠣᠲᠠᠶ ᠲᠠᠩᠰᠠᠨ ᠪᠡᠯᠡ ᠮᠥᠩᠭᠦᠨ ᠤ ᠪᠠᠯᠠ | ᠲᠣᠬᠢᠷᠠᠭᠤᠯᠭ᠎ᠠ ᠶᠢᠨ ᠬᠥᠭᠵᠢᠯᠲᠡ ᠶᠢ ᠤᠷᠤᠭᠰᠢ ᠠᠬᠢᠭᠤᠯᠬᠤ ᠪᠣᠯᠤᠨ᠎ᠠ᠃ | | ᠲᠦᠷᠪᠡ᠂ ᠲᠤᠮᠤ ᠠᠵᠤ ᠠᠬᠤᠶᠢᠯᠠᠯ ᠪᠣᠯᠤᠨ ᠳᠤᠮᠳᠠ ᠵᠢᠵᠢᠭ ᠠᠵᠤ ᠠᠬᠤᠶᠢᠯᠠᠯ ᠤᠨ ᠬᠤᠭᠤᠷᠣᠨᠳᠣᠬᠢ | ᠡᠷᠬᠡ ᠲᠡᠭᠰᠢ ᠪᠠᠷ ᠠᠷᠠᠯᠵᠢᠶᠠᠯᠠᠬᠤ ᠳᠤ ᠲᠦᠷᠢᠮ ᠤᠨ ᠪᠠᠲᠤᠯᠠᠭ᠎ᠠ ᠣᠯᠭᠤᠨ᠎ᠠ᠃ | | ᠨᠢᠭᠡᠳᠦᠭᠡᠷ ᠲᠤ᠂ ᠪᠡᠯᠡ ᠮᠥᠩᠭᠦ ᠥᠭᠬᠦ ᠱᠠᠭᠠᠷᠳᠠᠯᠭ᠎ᠠ ᠪᠠ ᠪᠡᠯᠡ ᠮᠥᠩᠭᠦ ᠥᠭᠬᠦ ᠬᠠᠷᠢᠭᠤᠴᠠᠯᠭ᠎ᠠ ᠶᠢᠨ | ᠲᠤᠬᠠᠶ ᠲᠣᠳᠣᠷᠬᠠᠶ ᠲᠣᠭᠲᠠᠭᠠᠯ ᠭᠠᠷᠭᠠᠪᠠ᠃ ︽ᠲᠦᠷᠢᠮ︾ ᠳᠤ ᠡᠩ ᠲᠡᠷᠢᠭᠦᠨ ᠳᠤ ᠡᠷᠬᠡ ᠲᠡᠭᠰᠢ ᠪᠠᠷ | ᠠᠷᠠᠯᠵᠢᠶᠠᠯᠠᠬᠤ ᠨᠥᠬᠦᠴᠡᠯ ᠤᠨ ᠲᠤᠬᠠᠶ ᠵᠠᠷᠴᠢᠮ ᠤᠨ ᠴᠢᠨᠠᠷᠲᠠᠶ ᠲᠣᠭᠲᠠᠭᠠᠯ ᠭᠠᠷᠭᠠᠵᠠᠶ᠂ ᠪᠠᠶᠢᠭᠤᠯᠭ᠎ᠠ᠂ ᠠᠵᠢᠯ | ᠦᠢᠯᠡᠰ ᠤᠨ ᠨᠢᠭᠡᠴᠢ ᠪᠠ ᠲᠤᠮᠤ ᠬᠡᠯᠪᠡᠷᠢ ᠶᠢᠨ ᠠᠵᠤ ᠠᠬᠤᠶᠢᠯᠠᠯ ᠨᠢ ᠳᠤᠮᠳᠠ ᠵᠢᠵᠢᠭ ᠠᠵᠤ ᠠᠬᠤᠶᠢᠯᠠᠯ ᠢ ᠵᠦᠢ | ᠵᠤᠬᠢᠰ ᠦᠭᠡᠢ ᠵᠣᠭᠤᠰ ᠲᠤᠰᠢᠶᠠᠬᠤ ᠬᠤᠭᠤᠴᠠᠭ᠎ᠠ᠂ ᠠᠷᠭ᠎ᠠ ᠪᠠᠷᠢᠯ᠂ ᠨᠥᠬᠦᠴᠡᠯ ᠪᠠ ᠭᠡᠷ᠎ᠡ ᠶᠢ ᠵᠥᠷᠢᠴᠡᠭᠰᠡᠨ | ᠬᠠᠷᠢᠭᠤᠴᠠᠯᠭ᠎ᠠ ᠵᠡᠷᠭᠡ ᠠᠷᠠᠯᠵᠢᠶᠠᠯᠠᠬᠤ ᠨᠥᠬᠦᠴᠡᠯ ᠢ ᠬᠦᠯᠢᠶᠡᠯᠭᠡᠬᠦ ᠪᠠᠷ ᠱᠠᠭᠠᠷᠳᠠᠵᠤ ᠪᠣᠯᠬᠤ ᠦᠭᠡᠢ᠂ ᠳᠤᠮᠳᠠ | ᠵᠢᠵᠢᠭ ᠠᠵᠤ ᠠᠬᠤᠶᠢᠯᠠᠯ ᠤᠨ ᠡᠳ᠋ ᠪᠠᠷᠠᠭ᠎ᠠ᠂ ᠪᠠᠷᠢᠯᠭ᠎ᠠ᠂ ᠦᠢᠯᠡᠴᠢᠯᠡᠭᠡᠨ ᠤ ᠪᠡᠯᠡ ᠮᠥᠩᠭᠦ ᠶᠢ ᠭᠡᠷ᠎ᠡ ᠠᠴᠠ | ᠵᠥᠷᠢᠴᠡᠨ ᠥᠷᠢᠲᠦᠵᠦ ᠪᠣᠯᠬᠤ ᠦᠭᠡᠢ᠃ ᠡᠳ᠋ ᠤᠨ ᠵᠠᠰᠠᠭ ᠤᠨ ᠪᠡᠯᠡ ᠮᠥᠩᠭᠦ ᠶᠢ ᠬᠡᠷᠡᠭᠯᠡᠨ ᠬᠤᠳᠠᠯᠳᠤᠨ ᠠᠪᠬᠤ | ᠠᠵᠢᠯᠯᠠᠭ᠎ᠠ ᠶᠢᠨ ᠲᠤᠬᠠᠶ ᠲᠤᠰᠬᠠᠶ ᠴᠢᠩᠭ᠎ᠠ ᠲᠣᠭᠲᠠᠭᠠᠯ ᠭᠠᠷᠭᠠᠵᠤ᠂ ᠪᠠᠶᠢᠭᠤᠯᠭ᠎ᠠ᠂ ᠠᠵᠢᠯ ᠦᠢᠯᠡᠰ ᠤᠨ ᠨᠢᠭᠡᠴᠢ | ᠡᠳ᠋ ᠤᠨ ᠵᠠᠰᠠᠭ ᠤᠨ ᠪᠡᠯᠡ ᠮᠥᠩᠭᠦ ᠶᠢ ᠬᠡᠷᠡᠭᠯᠡᠨ ᠳᠤᠮᠳᠠ ᠵᠢᠵᠢᠭ ᠠᠵᠤ ᠠᠬᠤᠶᠢᠯᠠᠯ ᠠᠴᠠ ᠪᠠᠷᠠᠭ᠎ᠠ᠂ ᠪᠠᠷᠢᠯᠭ᠎ᠠ᠂ | ᠦᠢᠯᠡᠴᠢᠯᠡᠭᠡ ᠬᠤᠳᠠᠯᠳᠤᠨ ᠠᠪᠬᠤ ᠳᠠᠭᠠᠨ ᠵᠥᠪᠰᠢᠶᠡᠷᠡᠭᠰᠡᠨ ᠲᠥᠰᠦᠪ ᠢ ᠴᠢᠩᠭ᠎ᠠ ᠵᠢᠷᠤᠮᠯᠠᠨ ᠭᠦᠢᠴᠡᠳᠬᠡᠬᠦ ᠬᠡᠷᠡᠭᠲᠡᠶ | ᠂ ᠲᠥᠰᠦᠪ ᠦᠭᠡᠢ ᠪᠠᠷ ᠪᠤᠶᠤ ᠲᠥᠰᠦᠪ ᠠᠴᠠ ᠳᠠᠪᠠᠭᠤᠯᠤᠨ ᠬᠤᠳᠠᠯᠳᠤᠨ ᠠᠪᠴᠤ ᠪᠣᠯᠬᠤ ᠦᠭᠡᠢ᠃ ᠵᠠᠰᠠᠭ ᠤᠨ | ᠣᠷᠳᠣᠨ ᠤ ᠪᠠᠯᠠ ᠣᠷᠣᠭᠤᠯᠤᠯᠲᠠ ᠶᠢᠨ ᠲᠥᠷᠥᠯ ᠵᠦᠢᠯ ᠳᠤ ᠱᠠᠭᠠᠷᠳᠠᠭᠳᠠᠬᠤ ᠪᠠᠯᠠ ᠮᠥᠩᠭᠦ ᠶᠢ ᠤᠯᠤᠰ ᠤᠨ | ᠬᠤᠯᠪᠣᠭᠳᠠᠬᠤ ᠲᠣᠭᠲᠠᠭᠠᠯ ᠶᠣᠰᠣᠭᠠᠷ ᠨᠠᠶᠢᠳᠠᠪᠤᠷᠢᠵᠢᠭᠤᠯᠤᠨ ᠪᠣᠳᠠᠲᠠᠶᠢᠵᠢᠭᠤᠯᠬᠤ ᠶᠢ ᠦᠨᠡᠨ ᠬᠦ | ᠪᠠᠲᠤᠯᠠᠭᠠᠵᠢᠭᠤᠯᠤᠨ᠎ᠠ᠂ ᠪᠠᠷᠢᠯᠭ᠎ᠠ ᠶᠢᠨ ᠨᠢᠭᠡᠴᠢ ᠠᠴᠠ ᠪᠠᠯᠠ ᠣᠷᠣᠯᠠᠨ ᠪᠥᠲᠥᠭᠡᠨ ᠪᠠᠶᠢᠭᠤᠯᠵᠤ ᠪᠣᠯᠬᠤ ᠥᠬᠡᠶ᠃ | | ᠬᠤᠶᠠᠳᠤᠭᠠᠷ ᠲᠤ᠂ ᠪᠡᠯᠡ ᠮᠥᠩᠭᠦ ᠥᠭᠬᠦ ᠬᠤᠭᠤᠴᠠᠭ᠎ᠠ ᠶᠢ ᠲᠣᠳᠣᠷᠬᠠᠶ ᠲᠣᠭᠲᠠᠭᠠᠪᠠ᠃ ︽ᠲᠦᠷᠢᠮ︾ ᠳᠤ | ᠪᠤᠰᠤᠳ ᠤᠯᠤᠰ ᠤᠨ ᠬᠠᠤᠯᠢ ᠵᠢᠭᠠᠭᠰᠠᠨ ᠲᠤᠷᠰᠢᠯᠭ᠎ᠠ ᠪᠠᠷ ᠯᠠᠪᠯᠠᠯᠲᠠ ᠪᠣᠯᠭᠠᠵᠤ᠂ ᠪᠠᠶᠢᠭᠤᠯᠭ᠎ᠠ᠂ ᠠᠵᠢᠯ | ᠦᠢᠯᠡᠰ ᠤᠨ ᠨᠢᠭᠡᠴᠢ ᠳᠤᠮᠳᠠ ᠵᠢᠵᠢᠭ ᠠᠵᠤ ᠠᠬᠤᠶᠢᠯᠠᠯ ᠠᠴᠠ ᠪᠠᠷᠠᠭ᠎ᠠ᠂ ᠪᠠᠷᠢᠯᠭ᠎ᠠ᠂ ᠦᠢᠯᠡᠴᠢᠯᠡᠭᠡ ᠬᠤᠳᠠᠯᠳᠤᠨ | ᠠᠪᠬᠤ ᠳᠠᠭᠠᠨ ᠪᠠᠷᠠᠭ᠎ᠠ᠂ ᠪᠠᠷᠢᠯᠭ᠎ᠠ᠂ ᠦᠢᠯᠡᠴᠢᠯᠡᠭᠡ ᠶᠢ ᠲᠤᠰᠢᠶᠠᠭᠰᠠᠨ ᠡᠳᠦᠷ ᠠᠴᠠ ᠡᠬᠢᠯᠡᠨ 30 ᠡᠳᠦᠷ ᠤᠨ | ᠳᠣᠲᠣᠷ᠎ᠠ ᠪᠡᠯᠡ ᠮᠥᠩᠭᠦ ᠥᠭᠬᠦ ᠬᠡᠷᠡᠭᠲᠡᠶ︔ ᠭᠡᠷ᠎ᠡ ᠳᠤ ᠠᠰᠲᠠᠭᠠᠨ ᠪᠣᠯᠵᠤᠭ᠎ᠠ ᠲᠠᠢ ᠲᠣᠬᠢᠶᠠᠯᠳᠤᠯ ᠳᠤ᠂ ᠮᠥᠩᠭᠦ | ᠲᠦᠯᠦᠬᠦ ᠬᠤᠭᠤᠴᠠᠭ᠎ᠠ ᠶᠢ ᠬᠠᠮᠤᠭ ᠤᠨ ᠤᠷᠳᠦ ᠳᠠᠭᠠᠨ 60 ᠡᠳᠦᠷ ᠠᠴᠠ ᠬᠡᠲᠦᠷᠡᠭᠦᠯᠵᠦ ᠪᠣᠯᠬᠤ ᠤᠢᠭᠡᠢ᠃ ᠲᠤᠮᠤ | ᠬᠡᠯᠪᠡᠷᠢ ᠶᠢᠨ ᠠᠵᠤ ᠠᠬᠤᠶᠢᠯᠠᠯ ᠤᠳ ᠠᠵᠢᠯ ᠲᠦᠷᠦᠯ ᠤᠨ ᠵᠢᠷᠤᠮᠵᠢᠯ᠂ ᠠᠷᠠᠯᠵᠢᠶᠠᠨ ᠤ ᠵᠤᠷᠰᠢᠯ ᠤᠨ ᠶᠣᠰᠣᠭᠠᠷ | ᠪᠡᠯᠡ ᠮᠥᠩᠭᠦ ᠥᠭᠬᠦ ᠬᠤᠭᠤᠴᠠᠭ᠎ᠠ ᠶᠢ ᠵᠦᠢ ᠵᠣᠬᠢᠰᠲᠠᠶ ᠪᠣᠯᠵᠣᠨ ᠲᠣᠭᠲᠠᠭᠠᠬᠤ ᠶᠢᠨ ᠬᠠᠮᠲᠤ ᠪᠡᠯᠡ ᠮᠥᠩᠭᠦ ᠶᠢ ᠬᠡᠨ | ᠳᠠᠷᠤᠢ ᠳᠤᠨᠢ ᠡᠭᠦᠨ ᠤ ᠵᠡᠷᠭᠡᠴᠡᠭᠡᠪᠡᠷ᠂ ︽ᠲᠦᠷᠢᠮ︾ ᠳᠤ ᠰᠢᠯᠭᠠᠨ ᠪᠠᠶᠢᠴᠠᠭᠠᠬᠤ ᠶᠢ ᠬᠤᠶᠢᠰᠢᠯᠠᠭᠤᠯᠬᠤ ᠪᠤᠶᠤ | ᠰᠢᠯᠭᠠᠨ ᠠᠪᠬᠤ ᠪᠠᠷ ᠪᠡᠯᠡ ᠮᠥᠩᠭᠦ ᠥᠭᠬᠦ ᠬᠤᠭᠤᠴᠠᠭ᠎ᠠ ᠶᠢ ᠬᠤᠶᠢᠰᠢᠯᠠᠭᠤᠯᠬᠤ ᠠᠵᠢᠯᠯᠠᠭ᠎ᠠ ᠶᠢ ᠰᠡᠷᠭᠡᠶᠢᠯᠡᠬᠦ ᠲᠤᠬᠠᠶ | ᠲᠣᠳᠣᠷᠬᠠᠶ ᠲᠣᠭᠲᠠᠭᠠᠯ ᠭᠠᠷᠭᠠᠵᠤ᠂ ᠪᠠᠶᠢᠭᠤᠯᠭ᠎ᠠ᠂ ᠠᠵᠢᠯ ᠦᠢᠯᠡᠰ ᠤᠨ ᠨᠢᠭᠡᠴᠢ ᠪᠠ ᠲᠤᠮᠤ ᠬᠡᠯᠪᠡᠷᠢ ᠶᠢᠨ ᠠᠵᠤ | ᠠᠬᠤᠶᠢᠯᠠᠯ ᠨᠢ ᠳᠤᠮᠳᠠ ᠵᠢᠵᠢᠭ ᠠᠵᠤ ᠠᠬᠤᠶᠢᠯᠠᠯ ᠲᠠᠢ ᠪᠠᠷᠠᠭ᠎ᠠ᠂ ᠪᠠᠷᠢᠯᠭ᠎ᠠ᠂ ᠦᠢᠯᠡᠴᠢᠯᠡᠭᠡ ᠶᠢ ᠲᠤᠰᠢᠶᠠᠭᠰᠠᠨ ᠤ | ᠲᠠᠷᠠᠭ᠎ᠠ ᠰᠢᠯᠭᠠᠨ ᠪᠠᠶᠢᠴᠠᠭᠠᠭᠰᠠᠨ ᠪᠤᠶᠤ ᠰᠢᠯᠭᠠᠨ ᠠᠪᠬᠤ ᠳᠤ ᠬᠢᠷᠢ ᠲᠡᠩᠴᠡᠭᠰᠡᠨ ᠢᠶᠠᠷ ᠳᠤᠮᠳᠠ ᠵᠢᠵᠢᠭ ᠠᠵᠤ | ᠠᠬᠤᠶᠢᠯᠠᠯ ᠤᠨ ᠪᠡᠯᠡ ᠮᠥᠩᠭᠦ ᠥᠭᠬᠦ ᠨᠥᠬᠦᠴᠡᠯ ᠪᠣᠯᠭᠠᠬᠤ ᠪᠠᠷ ᠪᠣᠯᠵᠣᠨ ᠲᠣᠭᠲᠠᠭᠰᠠᠨ ᠲᠣᠬᠢᠶᠠᠯᠳᠤᠯ ᠳᠤ᠂ ᠪᠡᠯᠡ | ᠮᠥᠩᠭᠦ ᠥᠭᠬᠦ ᠬᠤᠭᠤᠴᠠᠭ᠎ᠠ ᠶᠢ ᠪᠣᠯᠵᠣᠨ ᠲᠣᠭᠲᠠᠭᠰᠠᠨ ᠰᠢᠯᠭᠠᠨ ᠪᠠᠶᠢᠴᠠᠭᠠᠬᠤ ᠪᠤᠶᠤ ᠰᠢᠯᠭᠠᠨ ᠠᠪᠬᠤ | ᠬᠤᠭᠤᠴᠠᠭ᠎ᠠ ᠳᠦᠭᠦᠷᠦᠭᠰᠡᠨ ᠠᠴᠠ ᠡᠬᠢᠯᠡᠵᠦ ᠪᠤᠳᠤᠨ᠎ᠠ᠃ | | ᠭᠤᠷᠪᠠᠳᠤᠭᠠᠷ ᠲᠤ᠂ ᠠᠵᠤ ᠠᠬᠤᠶᠢᠯᠠᠯ ᠤᠨ ᠪᠡᠯᠡ ᠮᠥᠩᠭᠦ ᠥᠭᠬᠦ ᠬᠡᠪ ᠤᠨ ᠨᠥᠬᠦᠴᠡᠯ ᠠᠴᠠ ᠭᠠᠳᠠᠨ᠎ᠠ | ᠣᠷᠣᠰᠢᠵᠤ ᠮᠡᠳᠡᠬᠦ ︽ᠲᠠᠯᠳᠠ ᠬᠠᠷᠰᠢ ᠰᠠᠭᠠᠳ︾ ᠢ ᠲᠣᠳᠣᠷᠬᠠᠶ ᠬᠢᠵᠠᠭᠠᠷᠯᠠᠨ᠎ᠠ᠃ ᠵᠢᠱᠢᠶᠡᠯᠡᠪᠡᠯ᠂ ᠠᠯᠪᠠᠨ | ᠪᠠᠶᠢᠭᠤᠯᠭ᠎ᠠ᠂ ᠠᠵᠢᠯ ᠦᠢᠯᠡᠰ ᠤᠨ ᠨᠢᠭᠡᠴᠢ ᠪᠠ ᠲᠤᠮᠤ ᠬᠡᠯᠪᠡᠷᠢ ᠶᠢᠨ ᠠᠵᠤ ᠠᠬᠤᠶᠢᠯᠠᠯ ᠤᠨ ᠳᠤᠮᠳᠠ ᠵᠢᠵᠢᠭ ᠠᠵᠤ | ᠠᠬᠤᠶᠢᠯᠠᠯ ᠢ ᠠᠯᠪᠠᠳᠠᠵᠤ ᠪᠠᠶᠢᠭᠠᠳ ᠪᠡᠯᠡᠨ ᠵᠣᠭᠤᠰᠣᠨ ᠤ ᠪᠤᠰᠤ ᠲᠥᠯᠥᠪᠦᠷᠢ ᠶᠢᠨ ᠠᠷᠭ᠎ᠠ ᠪᠠᠷᠢᠯ ᠢ ᠬᠦᠯᠢᠶᠡᠯᠭᠡᠭᠰᠡᠨ | ᠂ ᠪᠡᠯᠡ ᠮᠥᠩᠭᠦ ᠥᠭᠬᠦ ᠬᠤᠭᠤᠴᠠᠭ᠎ᠠ ᠶᠢ ᠬᠡᠯᠪᠡᠷᠢ ᠶᠢ ᠨᠢ ᠥᠭᠡᠷᠡᠲᠦᠭᠦᠯᠦᠨ ᠤᠷᠲᠤᠳᠬᠠᠭᠰᠠᠨ᠂ ᠪᠠᠷᠢᠯᠭ᠎ᠠ ᠶᠢᠨ | ᠪᠦᠳᠦᠭᠡᠨ ᠪᠠᠶᠢᠭᠤᠯᠤᠯᠲᠠ ᠶᠢᠨ ᠳᠤᠮᠳᠠ ᠬᠠᠤᠯᠢ ᠲᠣᠭᠲᠠᠭᠠᠯ ᠤᠨ ᠵᠢᠭᠠᠯᠲᠠ ᠶᠢᠨ ᠳᠠᠭᠠᠤ ᠱᠠᠭᠠᠷᠳᠠᠭᠰᠠᠨ ᠪᠤᠰᠤ | ᠪᠠᠲᠤᠯᠠᠭ᠎ᠠ ᠶᠢᠨ ᠮᠥᠩᠭᠦ ᠶᠢ ᠠᠯᠪᠠᠳᠠᠯᠭ᠎ᠠ ᠪᠠᠷ ᠬᠤᠷᠢᠶᠠᠨ ᠠᠪᠤᠭᠰᠠᠨ ᠦᠢᠯᠡ ᠠᠵᠢᠯᠯᠠᠭ᠎ᠠ ᠵᠢᠴᠢ ᠬᠠᠤᠯᠢ ᠶᠢᠨ | ᠬᠥᠮᠦᠨ ᠢ ᠬᠤᠪᠢᠷᠠᠭᠤᠯᠤᠭᠰᠠᠨ ᠪᠤᠶᠤ ᠠᠵᠢᠯ ᠳᠠᠭᠤᠰᠤᠭᠰᠠᠨ ᠢ ᠰᠢᠯᠭᠠᠨ ᠠᠪᠤᠭᠰᠠᠨ ᠵᠡᠷᠭᠡ ᠰᠢᠯᠲᠠᠭᠠᠨ ᠢᠶᠠᠷ | ᠳᠤᠮᠳᠠ ᠵᠢᠵᠢᠭ ᠠᠵᠤ ᠠᠬᠤᠶᠢᠯᠠᠯ ᠤᠨ ᠥᠷᠢᠲᠦᠭᠰᠡᠨ ᠪᠡᠯᠡ ᠮᠥᠩᠭᠦ ᠶᠢ ᠥᠷᠢᠲᠦᠵᠦ ᠤᠳᠠᠭᠠᠰᠢᠷᠠᠭᠤᠯᠤᠭᠰᠠᠨ ᠵᠡᠷᠭᠡ | ᠪᠠᠶᠢᠳᠠᠯ ᠳᠤ ᠴᠢᠭᠯᠡᠭᠦᠯᠦᠨ ᠬᠢᠵᠠᠭᠠᠷᠯᠠᠬᠤ ᠴᠢᠨᠠᠷᠲᠠᠶ ᠲᠣᠭᠲᠠᠭᠠᠯ ᠭᠠᠷᠭᠠᠵᠠᠶ᠃ ︽ᠲᠦᠷᠢᠮ︾ ᠳᠤ ᠪᠠᠰᠠ | ᠣᠨᠴᠠᠭᠠᠶᠢᠯᠠᠨ ᠲᠣᠳᠣᠷᠬᠠᠶ ᠵᠢᠭᠠᠭᠰᠠᠨ ᠨᠢ᠂ ᠳᠤᠮᠳᠠ ᠵᠢᠵᠢᠭ ᠠᠵᠤ ᠠᠬᠤᠶᠢᠯᠠᠯ ᠬᠤᠷᠢᠶᠠᠬᠤ ᠶᠣᠰᠣᠲᠠᠶ ᠲᠠᠩᠰᠠᠨ ᠤ | ᠵᠣᠭᠤᠰ ᠢᠶᠠᠷ ᠳᠠᠭᠠᠭᠠᠯᠲᠠ ᠭᠦᠢᠴᠡᠳᠬᠡᠵᠦ ᠪᠠᠯᠠ ᠲᠣᠬᠢᠷᠠᠭᠤᠯᠬᠤ ᠳᠠᠭᠠᠨ ᠡᠷᠬᠡ ᠶᠢ ᠨᠤᠲᠠᠯᠠᠨ ᠲᠣᠭᠲᠠᠭᠠᠬᠤ | ᠬᠦᠰᠡᠯᠲᠡ ᠭᠠᠷᠭᠠᠭᠰᠠᠨ ᠲᠣᠬᠢᠶᠠᠯᠳᠤᠯ ᠳᠤ᠂ ᠬᠤᠭᠤᠴᠠᠭ᠎ᠠ ᠲᠣᠭᠲᠠᠭᠠᠨ ᠡᠷᠬᠡ ᠶᠢ ᠨᠤᠲᠠᠯᠠᠨ ᠲᠣᠭᠲᠠᠭᠠᠪᠠ᠃ | ᠡᠳᠡᠭᠡᠷ ᠵᠠᠷᠢᠮ ᠵᠦᠢᠯ᠂ ᠵᠢᠭᠠᠯᠲᠠ ᠢ ᠵᠢᠭᠠᠭᠰᠠᠨ ᠨᠢ ︽ᠠᠰᠠᠭᠤᠳᠠᠯ ᠢᠶᠠᠷ ᠤᠳᠤᠷᠢᠳᠤᠮᠵᠢ ᠪᠣᠯᠭᠠᠬᠤ︾ ᠬᠠᠤᠯᠢ | ᠲᠣᠭᠲᠠᠭᠠᠯᠲᠠ ᠶᠢ ᠪᠠᠷᠢᠮᠲᠠᠯᠠᠵᠤ᠂ ᠰᠢᠳᠤᠷᠭᠤ ᠪᠤᠰᠤ ᠠᠷᠠᠯᠵᠢᠶᠠᠨ ᠤ ᠠᠵᠢᠯᠯᠠᠭ᠎ᠠ ᠳᠤ ᠵᠣᠬᠢᠰᠲᠠᠶ ᠣᠷᠣᠯᠴᠠᠬᠤ ᠪᠠᠷ | ᠳᠠᠮᠵᠢᠭᠤᠯᠤᠨ᠂ ᠳᠤᠮᠳᠠ ᠵᠢᠵᠢᠭ ᠠᠵᠤ ᠠᠬᠤᠶᠢᠯᠠᠯ ᠤᠨ ᠮᠥᠨ ᠴᠢᠨᠠᠷ ᠴᠢᠨᠰᠠᠭ᠎ᠠ ᠶᠢᠨ ᠡᠷᠬᠡ ᠲᠡᠭᠰᠢ ᠪᠠᠶᠢᠷᠢ | ᠰᠠᠭᠤᠷᠢ ᠲᠠᠢ ᠪᠣᠯᠬᠤ ᠶᠢ ᠪᠠᠲᠤᠯᠠᠬᠤ ᠶᠢ ᠭᠦᠢᠴᠡᠳ ᠬᠠᠷᠠᠭᠤᠯᠵᠠᠶ᠃ | | ᠵᠠᠬ᠎ᠠ ᠳᠡᠯᠭᠡᠭᠦᠷ ᠤᠨ ᠠᠵᠤ ᠠᠬᠤᠶ ᠶᠢᠨ ᠳᠣᠣᠷ᠎ᠠ᠂ ᠠᠯᠢᠪᠠ ᠠᠷᠠᠯᠵᠢᠶᠠᠨ ᠤ ᠠᠵᠢᠯᠯᠠᠭ᠎ᠠ ᠨᠢ ᠡᠷᠬᠡ ᠲᠡᠭᠰᠢ | ᠲᠥᠪ ᠰᠢᠳᠤᠷᠭᠤ ᠪᠠᠶᠢᠬᠤ ᠶᠢ ᠭᠦᠢᠴᠡᠳ ᠢᠯᠡᠷᠡᠭᠦᠯᠵᠦ᠂ ᠶᠠᠮᠠᠷᠪᠠ ᠪᠡᠶᠡᠴᠢ ᠴᠣᠭᠴᠠ ᠴᠥᠮ ᠳᠠᠪᠠᠭᠤᠯᠢᠭ ᠪᠠᠶᠢᠷᠢ | ᠰᠠᠭᠤᠷᠢ ᠪᠠᠨ ᠳᠤᠷ᠎ᠠ ᠪᠠᠷ ᠢᠶᠠᠨ ᠬᠡᠷᠡᠭᠯᠡᠵᠦ ᠪᠣᠯᠬᠤ ᠦᠭᠡᠢ᠂ ᠴᠥᠮ ᠵᠠᠬ᠎ᠠ ᠳᠡᠯᠭᠡᠭᠦᠷ ᠤᠨ ᠡᠷᠬᠡ ᠲᠡᠭᠰᠢ | ᠠᠷᠠᠯᠵᠢᠶᠠᠨ ᠤ ᠳᠢᠭ ᠵᠢᠷᠤᠮ ᠢ ᠤᠬᠠᠮᠰᠠᠷ ᠠᠴᠠ ᠪᠠᠨ ᠬᠠᠮᠠᠭᠠᠯᠠᠨ᠎ᠠ᠂ ᠡᠨᠡ ᠪᠣᠯ ᠮᠠᠨ ᠤ ᠨᠡᠶᠢᠭᠡᠮ ᠵᠢᠷᠤᠮ ᠤᠨ ᠵᠠᠬ᠎ᠠ | ᠳᠡᠯᠭᠡᠭᠦᠷ ᠤᠨ ᠠᠵᠤ ᠠᠬᠤᠶ ᠶᠢᠨ ᠦᠷᠳᠡᠭ ᠤᠨ ᠬᠠᠨᠳᠤᠰᠢ ᠮᠥᠨ᠃ ︽ᠳᠦᠷᠢᠮ︾ ᠢ ᠨᠡᠶᠢᠲᠡᠯᠡᠵᠦ᠂ ᠠᠵᠤ | ᠠᠬᠤᠶ ᠶᠢᠨ ᠪᠠᠶᠢᠭᠤᠯᠤᠯ ᠤᠨ ᠨᠡᠮᠡᠯᠲᠡ᠂ ᠥᠭᠡᠷᠡᠴᠢᠯᠡᠯᠲᠡ ᠶᠢ ᠡᠷᠴᠢᠮᠲᠡᠢ ᠵᠢᠷᠡᠭᠦᠯᠬᠦ ᠶᠠᠪᠤᠴᠠ ᠳᠤ ᠵᠠᠰᠠᠭ ᠤᠨ | ᠣᠷᠳᠣᠨ ᠤ ᠦᠷ᠎ᠡ ᠨᠥᠯᠥᠭᠡ ᠶᠢ ᠨᠡᠩ ᠰᠠᠶᠢᠨ ᠪᠠᠳᠠᠷᠠᠭᠤᠯᠵᠤ᠂ ᠵᠠᠬ᠎ᠠ ᠳᠡᠯᠭᠡᠭᠦᠷ ᠤᠨ ᠪᠡᠶᠡᠴᠢ ᠴᠣᠭᠴᠠ ᠶᠢᠨ | ᠰᠢᠳᠤᠷᠭᠤ ᠬᠠᠷᠠᠭᠠᠯᠵᠠᠯ ᠢ ᠨᠠᠶᠢᠳᠠᠪᠤᠷᠢᠵᠢᠭᠤᠯᠵᠤ᠂ ᠰᠢᠳᠤᠷᠭᠤ ᠥᠷᠢᠰᠥᠯᠳᠦᠭᠡᠨ ᠤ ᠣᠷᠴᠢᠨ ᠨᠥᠬᠦᠴᠡᠯ ᠢ ᠪᠤᠶ | ᠪᠣᠯᠭᠠᠬᠤ ᠪᠦᠲᠦᠮᠵᠢᠲᠡᠶ ᠠᠷᠭ᠎ᠠ ᠪᠠᠷᠢᠯ ᠮᠥᠨ᠂ ᠡᠨᠡ ᠨᠢ ᠡᠮᠵᠡᠭ ᠳᠠᠪᠬᠤᠷᠭᠠᠨ ᠳᠤ ᠪᠠᠶᠢᠭ᠎ᠠ ᠳᠤᠮᠳᠠ ᠵᠢᠵᠢᠭ ᠠᠵᠤ | ᠠᠬᠤᠶᠢᠯᠠᠯ ᠤᠨ ᠥᠪᠡᠷ ᠤᠨ ᠬᠦᠴᠦᠨ ᠢᠶᠠᠷ ᠢᠶᠠᠨ ᠰᠢᠢᠳᠪᠦᠷᠢᠯᠡᠬᠦ ᠳᠤ ᠪᠡᠷᠬᠡᠲᠡᠶ ᠠᠯᠪᠠᠨ ᠪᠠᠶᠢᠭᠤᠯᠭ᠎ᠠ᠂ ᠠᠵᠢᠯ | ᠦᠢᠯᠡᠰ ᠤᠨ ᠨᠢᠭᠡᠴᠢ᠂ ᠲᠤᠮᠤ ᠬᠡᠯᠪᠡᠷᠢ ᠶᠢᠨ ᠠᠵᠤ ᠠᠬᠤᠶᠢᠯᠠᠯ ᠤᠨ ᠤᠷᠳᠤ ᠬᠤᠭᠤᠴᠠᠭ᠎ᠠ ᠪᠠᠷ ᠲᠠᠩᠰᠠᠨ ᠤ ᠪᠡᠯᠡ | ᠮᠥᠩᠭᠦ ᠶᠢ ᠥᠷᠢᠲᠦᠵᠦ ᠤᠳᠠᠭᠠᠰᠢᠷᠠᠭᠤᠯᠬᠤ ᠠᠰᠠᠭᠤᠳᠠᠯ ᠢ ᠰᠢᠢᠳᠪᠦᠷᠢᠯᠡᠬᠦ ᠳᠤ ᠲᠤᠰᠠᠲᠠᠶ᠂ ᠨᠡᠩ ᠡᠷᠬᠡ ᠲᠡᠭᠰᠢ᠂ | ᠲᠥᠪ ᠰᠢᠳᠤᠷᠭᠤ᠂ ᠡᠷᠡᠭᠦᠯ ᠰᠠᠷᠠᠭᠤᠯ ᠵᠠᠬ᠎ᠠ ᠳᠡᠯᠭᠡᠭᠦᠷ ᠤᠨ ᠣᠷᠴᠢᠨ ᠨᠥᠬᠦᠴᠡᠯ ᠢ ᠪᠤᠢ ᠪᠣᠯᠭᠠᠬᠤ ᠳᠤ ᠠᠰᠢᠭᠲᠠᠶ | ᠶᠤᠮ᠃ | | ᠲᠠᠶᠢᠯᠤᠮᠵᠢ ᠬᠢᠭᠴᠢ᠄ ᠯᠢᠨ ᠨᠠᠨ ᠠᠯᠠᠱᠠ ᠵᠡᠭᠦᠨ ᠬᠤᠰᠢᠭᠤᠨ ᠤ ᠠᠵᠤ ᠦᠢᠯᠡᠳᠪᠦᠷᠢ ᠬᠤᠳᠠᠯᠳᠤᠭᠠᠨ ᠤ | ᠶᠠᠪᠤᠳᠠᠯ ᠪᠠ ᠮᠡᠳᠡᠭᠡ ᠵᠠᠩᠭᠢᠵᠢᠯᠲᠠ ᠶᠢᠨ ᠲᠣᠪᠴᠢᠶᠠᠨ ᠤ ᠳᠡᠳ᠋ ᠳᠠᠷᠤᠭ᠎ᠠ | | ᠪᠢᠴᠢᠭ ᠮᠠᠲ᠋ᠧᠷᠢᠶᠠᠯ ᠤᠨ ᠲᠤᠬᠠᠢ ᠴᠠᠬᠢᠮ ᠬᠠᠭᠤᠳᠠᠰᠤ | | | ᠠᠯᠠᠱᠠ ᠵᠡᠭᠦᠨ ᠬᠤᠰᠢᠭᠤᠨ ᠤ ᠠᠵᠤ ᠦᠢᠯᠡᠳᠪᠦᠷᠢ ᠬᠤᠳᠠᠯᠳᠤᠭᠠᠨ ᠤ ᠶᠠᠪᠤᠳᠠᠯ ᠪᠠ ᠮᠡᠳᠡᠭᠡ | ᠵᠠᠩᠭᠢᠵᠢᠯᠲᠠ ᠶᠢᠨ ᠲᠣᠪᠴᠢᠶᠠᠨ ᠤ ᠳᠠᠮᠵᠢᠭᠤᠯᠤᠨ ᠨᠡᠶᠢᠲᠡᠯᠡᠬᠦ ︽ᠲᠦᠷᠦ ᠶᠢᠨ ᠶᠠᠪᠤᠳᠠᠯ ᠤᠨ ᠬᠤᠷᠢᠶᠠᠨ ᠠᠴᠠ | ᠨᠡᠶᠢᠲᠡᠯᠡᠭᠰᠡᠨ ︿ᠳᠤᠮᠳᠠ ᠵᠢᠵᠢᠭ ᠠᠵᠤ ᠠᠬᠤᠶᠢᠯᠠᠯ ᠤᠨ ᠲᠥᠯᠥᠪᠦᠷᠢ ᠶᠢᠨ ᠪᠠᠲᠤᠯᠠᠭ᠎ᠠ ᠬᠠᠩᠭᠠᠬᠤ ᠲᠦᠷᠢᠮ﹀︾ ᠤᠨ | ᠲᠤᠬᠠᠶ | | ᠡᠬᠢ ᠰᠤᠷᠪᠤᠯᠵᠢ᠄ ᠠᠯᠠᠱᠠ ᠵᠡᠭᠦᠨ ᠬᠤᠰᠢᠭᠤᠨ ᠤ ᠠᠵᠤ ᠦᠢᠯᠡᠳᠪᠦᠷᠢ ᠬᠤᠳᠠᠯᠳᠤᠭᠠᠨ ᠤ ᠶᠠᠪᠤᠳᠠᠯ ᠪᠠ | ᠮᠡᠳᠡᠭᠡ ᠵᠠᠩᠭᠢᠵᠢᠯᠲᠠ ᠶᠢᠨ ᠲᠣᠪᠴᠢᠶ᠎ᠠ | | | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |