ᠠᠯᠠᠱᠠ ᠵᠡᠭᠦᠨ ᠬᠤᠰᠢᠭᠤᠨ ᠤ ᠵᠠᠰᠠᠭ ᠤᠨ ᠶᠠᠪᠤᠳᠠᠯ ᠤᠨ  ᠦᠢᠯᠡᠴᠢᠯᠡᠭᠡᠨ ᠤ ᠶᠡᠭᠡ ᠲᠢᠩᠬᠢᠮ ᠤᠨ ᠳᠣᠲᠣᠭᠠᠳᠤ ᠶᠢ ᠬᠠᠮᠠᠭᠠᠯᠠᠬᠤ  ᠦᠢᠯᠡᠴᠢᠯᠡᠭᠡᠨ ᠤ ᠲᠣᠭᠤᠷᠢᠭ ᠤᠨ ᠬᠢᠨ ᠠᠵᠢᠯ ᠤᠨ ᠰᠤᠷᠲᠠᠯ ᠤᠨ ᠲᠠᠯ᠎ᠠ ᠪᠠᠷ ᠲᠠᠰᠤᠷᠠᠯᠲᠠ ᠥᠬᠡᠶ ᠰᠢᠨ᠎ᠡ ᠶᠢ ᠡᠭᠦᠳᠪᠡ
ᠨᠡᠶᠢᠲᠡᠯᠡᠭᠰᠡᠨ ᠴᠠᠭ᠄
2021/6/16
       ᠨᠢᠭᠡ ᠳᠤ ᠪᠣᠯᠪᠠᠰᠤᠨ ᠢ ᠰᠠᠨᠠᠭᠠᠴᠢᠯᠠᠵᠤ᠂ ᠳᠣᠲᠣᠭᠠᠳᠤ ᠶᠢ ᠬᠠᠮᠠᠭᠠᠯᠠᠬᠤ ᠰᠠᠶᠢᠨ ᠰᠠᠶᠢᠬᠠᠨ ᠲᠦᠷᠢ ᠲᠥᠷᠬᠦ ᠶᠢ ᠪᠤᠢ ᠪᠣᠯᠭᠠᠪᠠ᠃ ᠠᠵᠢᠯ ᠮᠡᠷᠭᠡᠵᠢᠯ ᠤᠨ ᠪᠣᠯᠪᠠᠰᠤᠨ ᠤ ᠪᠠᠷᠢᠮᠵᠢᠶ᠎ᠠ ᠶᠢ ᠡᠳᠦᠷ ᠲᠤᠲᠤᠮ ᠤᠨ ᠠᠵᠢᠯ ᠤᠨ ᠳᠤᠮᠳᠠ ᠲᠤᠭᠤᠰᠢᠯᠠᠭᠤᠯᠵᠤ᠂ ᠪᠣᠳᠠᠲᠤ ᠠᠵᠢᠯᠯᠠᠭ᠎ᠠ ᠪᠠᠷ ᠢᠶᠠᠨ ᠲᠤᠬᠠᠶᠢᠯᠠᠭᠰᠠᠨ ᠠᠵᠢᠯ ᠳᠠᠭᠠᠨ ᠰᠠᠭᠤᠷᠢᠯᠠᠬᠤ᠂ ᠠᠵᠢᠯ ᠤᠨ ᠪᠠᠶᠢᠷᠢ ᠪᠠᠨ ᠬᠠᠶᠢᠷᠠᠯᠠᠵᠤ ᠠᠵᠢᠯ  ᠦᠢᠯᠡᠰ ᠢᠶᠠᠨ ᠳᠡᠭᠡᠳᠦᠯᠡᠬᠦ ᠬᠠᠷᠠᠮ ᠥᠬᠡᠶ ᠵᠣᠷᠢᠭᠤᠯᠬᠤ ᠵᠣᠷᠢᠭ ᠰᠠᠨᠠᠭ᠎ᠠ ᠶᠢ  ᠭᠦᠢᠴᠡᠳ ᠢᠯᠡᠷᠡᠭᠦᠯᠪᠡ᠃
ᠬᠤᠶᠠᠷ ᠲᠤ᠂ ᠴᠢᠳᠠᠪᠤᠷᠢ ᠪᠠᠨ ᠳᠡᠭᠡᠭᠰᠢᠯᠡᠭᠦᠯᠵᠦ᠂ ᠥᠨᠳᠥᠷ ᠬᠡᠪ ᠪᠣᠯᠪᠠᠰᠤᠷᠠᠯ ᠲᠠᠢ ᠡᠩᠨᠡᠭᠡ ᠶᠢ ᠪᠠᠶᠢᠭᠤᠯᠪᠠ᠃ ᠬᠥᠮᠦᠨ ᠪᠣᠯᠭᠠᠨ ᠲᠡᠷᠢᠭᠦᠨ ᠳᠤ ᠣᠷᠣᠬᠤ ᠪᠠᠷ ᠴᠢᠷᠮᠠᠶᠢᠵᠤ ᠰᠢᠯᠢᠳᠡᠭ ᠢ ᠡᠭᠦᠳᠴᠦ᠂ ᠠᠵᠢᠯ ᠤᠨ ᠪᠠᠶᠢᠷᠢ ᠳᠠᠭᠠᠨ ᠰᠠᠭᠤᠷᠢᠯᠠᠬᠤ᠂ ᠠᠷᠠᠳ ᠲᠦᠮᠡᠨ ᠳᠤ  ᠦᠢᠯᠡᠴᠢᠯᠡᠬᠦ ᠰᠠᠶᠢᠨ ᠰᠠᠶᠢᠬᠠᠨ ᠠᠭᠤᠷ ᠠᠮᠢᠰᠬᠤᠯ ᠢ ᠪᠤᠢ ᠪᠣᠯᠭᠠᠪᠠ᠃ ᠭᠤᠷᠪᠠ ᠳᠤ  ᠦᠢᠯᠡᠴᠢᠯᠡᠭᠡ ᠶᠢ ᠰᠢᠯᠢᠳᠡᠭᠵᠢᠭᠦᠯᠵᠦ᠂ ᠣᠯᠠᠨ ᠲᠦᠮᠡᠨ ᠤ ᠬᠠᠨᠤᠮᠵᠢ ᠶᠢᠨ ᠬᠡᠮᠵᠢᠶ᠎ᠡ ᠶᠢ ᠳᠡᠭᠡᠭᠰᠢᠯᠡᠭᠦᠯᠦᠨ᠎ᠡ᠃ ᠦᠢᠯᠡᠴᠢᠯᠡᠭᠡᠨ ᠤ  ᠴᠢᠨᠠᠷ ᠴᠢᠨᠰᠠᠭ᠎ᠠ ᠶᠢ ᠴᠢᠩᠭ᠎ᠠ ᠠᠳᠬᠤᠨ᠂ ᠦᠢᠯᠡᠴᠢᠯᠡᠭᠡᠨ ᠤ ᠠᠷᠭ᠎ᠠ ᠮᠠᠶ᠋ᠢᠭ ᠢ ᠰᠢᠯᠢᠳᠡᠭᠵᠢᠭᠦᠯᠵᠦ᠂ ᠴᠠᠭ ᠢ ᠤᠷᠲᠤᠳᠬᠠᠬᠤ᠂ ᠤᠷᠢᠳᠴᠢᠯᠠᠨ ᠪᠣᠯᠵᠣᠬᠤ᠂ ᠭᠡᠷ ᠲᠤᠨᠢ ᠣᠴᠢᠬᠤ᠂ ᠳᠤᠲᠠᠭᠤ ᠶᠢ ᠪᠠᠭᠲᠠᠭᠠᠬᠤ ᠵᠡᠷᠭᠡ ᠦᠢᠯᠡᠴᠢᠯᠡᠭᠡ ᠶᠢ ᠬᠡᠷᠡᠭᠵᠢᠭᠦᠯᠵᠦ᠂ ᠣᠨᠴᠠᠭᠠᠶ ᠶᠠᠪᠤᠳᠠᠯ ᠢ ᠣᠨᠴᠠᠭᠠᠶ ᠰᠢᠢᠳᠪᠦᠷᠢᠯᠡᠵᠦ᠂ ᠤᠷᠢᠳ ᠢᠶᠠᠷ ᠭᠦᠢᠴᠡᠳᠬᠡᠬᠦ ᠳᠤ ᠪᠡᠷᠬᠡᠲᠡᠶ ᠪᠠᠶᠢᠬᠤ ᠶᠢᠨ ᠬᠠᠮᠲᠤ ᠥᠪᠡᠰᠦᠪᠡᠨ ᠦᠢᠯᠡᠴᠢᠯᠡᠬᠦ ᠦᠵᠦᠭᠦᠷ ᠲᠥᠬᠦᠭᠡᠷᠦᠮᠵᠢ ᠶᠢ ᠲᠣᠬᠢᠷᠠᠭᠤᠯᠵᠤ᠂ ᠤᠯᠠᠨ ᠲᠦᠮᠡᠨ ᠤ ᠠᠵᠢᠯ ᠶᠠᠪᠤᠳᠠᠯ ᠬᠢᠬᠦ ᠳᠤ ᠨᠡᠩ ᠳᠥᠭᠦᠮ ᠳᠥᠲᠡ᠂ ᠪᠤᠰᠢᠭᠤ ᠲᠦᠷᠭᠡᠨ ᠪᠣᠯᠭᠠᠨ᠎ᠠ᠃ ᠨᠠᠮ ᠤᠨ ᠭᠡᠰᠢᠭᠦᠨ ᠤ ᠬᠤᠰᠢᠭᠤᠴᠢ ᠠᠵᠢᠯ ᠤᠨ ᠪᠠᠶᠢᠷᠢ ᠭᠠᠷᠭᠠᠵᠤ᠂ ᠨᠠᠮ ᠤᠨ ᠭᠡᠰᠢᠭᠦᠨ ᠠᠷᠠᠳ ᠤᠨ ᠴᠠᠭᠳᠠᠭ᠎ᠠ  ᠠᠴᠠ ᠬᠡᠪ ᠳᠠᠭᠤᠷᠢᠶᠠᠯ ᠪᠣᠯᠭᠠᠵᠤ᠂ ᠬᠥᠲᠥᠯᠦᠨ ᠳᠠᠭᠠᠭᠤᠯᠬᠤ  ᠦᠢᠯᠡᠳᠦᠯ ᠢ ᠨᠢ ᠪᠠᠳᠠᠷᠠᠭᠤᠯᠪᠠ᠃ 2020 ᠣᠨ ᠳᠤ ︽ᠠᠯᠠᠱᠠ ᠵᠡᠭᠦᠨ ᠬᠤᠰᠢᠭᠤᠨ ᠤ ᠵᠠᠰᠠᠭ ᠤᠨ ᠶᠠᠪᠤᠳᠠᠯ ᠤᠨ  ᠦᠢᠯᠡᠴᠢᠯᠡᠭᠡᠨ ᠤ ᠶᠡᠭᠡ ᠲᠢᠩᠬᠢᠮ ᠤᠨ ᠲᠢᠩᠬᠢᠮ ᠳᠤ ᠰᠠᠭᠤᠭ᠎ᠠ ᠰᠠᠯᠠᠭ᠎ᠠ ᠮᠥᠴᠢᠷ ᠤᠨ ᠲᠡᠷᠢᠭᠦᠨ ᠤ ᠬᠠᠮᠲᠤ︾ ᠭᠡᠬᠦ ᠢᠷᠠᠭᠤ ᠠᠯᠳᠠᠷ ᠤᠨ ᠴᠣᠯᠠ ᠭᠥᠷᠳᠡᠪᠡ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号