ᠬᠤᠷᠳᠤᠨ ᠮᠤᠷᠢᠨ ᠤ ᠨᠢᠷᠤᠭᠤᠨ ᠲᠡᠬᠡᠷ᠎ᠡ ᠦᠢᠯᠡᠰ ᠪᠤᠰᠬᠠᠬᠰᠠᠨ ᠠᠯᠳᠠᠷ ᠭᠦᠨᠳᠦ
ᠨᠡᠶᠢᠲᠡᠯᠡᠭᠰᠡᠨ ᠴᠠᠭ᠄
2021/6/4
 ᠤᠳᠤᠮᠰᠢᠵᠤ ᠴᠢᠳᠠᠭᠰᠠᠨ ᠤᠨᠠᠭᠠᠨ ᠵᠢᠷᠤᠭ᠎ᠠ ᠮᠣᠷᠢᠨ ᠤ ᠶᠠᠪᠤᠳᠠᠯ ᠢ ᠨᠢ ᠠᠬᠢᠭᠤᠯᠤᠨ ᠲᠣᠭᠲᠠᠭᠠᠵᠤ ᠂ ᠪᠠᠭ᠎ᠠ ᠵᠠᠯᠠᠭᠤ ᠠᠳᠤᠭᠤᠨ ᠳᠤ ᠵᠢᠷᠤᠭ᠎ᠠ ᠶᠠᠪᠤᠳᠠᠯ ᠣᠷᠣᠭᠤᠯᠵᠤ᠂ ᠬᠤᠷᠳᠣᠨ ᠵᠢᠷᠤᠭ᠎ᠠ ᠬᠦᠯᠦᠭ ᠢ ᠰᠢᠨᠵᠢᠨ ᠳᠠᠨᠢᠵᠣ᠂ ᠰᠠᠶᠢᠬᠠᠨ ᠣᠶᠠᠵᠣ ᠰᠦᠢᠵᠦ ᠬᠤᠷᠳᠣᠯᠠᠭᠤᠯᠳᠠᠭ ᠮᠡᠳᠡᠯᠭᠡ ᠠᠪᠢᠶᠠᠰ ᠢᠶᠠᠷ ᠢᠶᠠᠨ ᠣᠯᠠᠨ ᠳᠤ ᠪᠠᠨ ᠬᠦᠨᠳᠦᠯᠡᠭᠳᠡᠵᠦ ᠭᠠᠶᠢᠬᠠᠭᠳᠠᠭᠰᠠᠨ ᠠᠯᠠᠱᠠ ᠵᠡᠬᠦᠨ ᠬᠤᠰᠢᠭᠤᠨ ᠤ ᠤᠨᠳᠤᠷᠤᠯᠳᠤ ᠪᠠᠯᠭᠠᠰᠤᠨ ᠤ ᠠᠯᠳᠠᠨᠴᠢᠯᠠᠭᠤ ᠠᠴᠠ ᠵᠢᠷᠤᠭ᠎ᠠ ᠮᠣᠷᠢ ᠳᠠᠷᠤᠬᠤ ᠠᠷᠭ᠎ᠠ ᠤᠬᠠᠭᠠᠨ᠂ ᠲᠤᠭᠤᠯᠵᠤ ᠥᠩᠭᠡᠷᠡᠭᠦᠯᠦᠭᠰᠡᠨ ᠠᠮᠢᠳᠤᠷᠠᠯ ᠤᠨ ᠬᠢᠨᠢ ᠲᠤᠬᠠᠢ ᠬᠥᠭᠡᠷᠦᠯᠳᠦᠭᠰᠡᠨ ᠪᠢᠯᠡ
ᠠᠯᠲᠠᠨᠴᠢᠯᠠᠭᠤ ᠭᠤᠸᠠᠢ ᠪᠣᠯ ᠠᠷᠪᠠᠨ ᠳᠣᠯᠣᠭᠠᠨ ᠨᠠᠰᠣᠨ ᠠᠴᠠ ᠪᠠᠨ ᠪᠠᠷᠢᠭᠠᠳᠠ ᠶᠢᠨ ᠬᠠᠮᠳᠣ ᠶᠢᠨ ᠠᠳᠣᠭᠤᠨ ᠰᠦᠷᠦᠭ ᠢ ᠬᠠᠷᠢᠭᠤᠯᠵᠣ ᠬᠤᠷᠳᠣᠨ ᠮᠣᠷᠢᠨ ᠤ ᠬᠦᠯᠦᠰᠣ ᠶᠢ ᠠᠪᠴᠣ ᠣᠶᠠᠵᠣ ᠰᠣᠷᠢᠵᠣ ᠡᠬᠢᠯᠡᠬᠦ ᠳᠡᠭᠡᠨ ᠳᠡᠭᠡᠳᠦᠰ ᠠᠴᠠ ᠣᠯᠠᠮᠵᠢᠯᠠᠭᠰᠠᠨ ᠳᠣᠷᠰᠢᠯᠭ᠎ᠠ ᠶᠢ ᠦᠪᠯᠡᠨ ᠬᠠᠳᠠᠭᠠᠯᠠᠵᠣ᠂ ᠠᠬᠠᠮᠠᠳ ᠣᠶᠠᠭᠠᠴᠢᠳ ᠤᠨ ᠡᠷᠳᠡᠮ ᠢ ᠰᠢᠨᠵᠢᠨ ᠰᠣᠷᠴᠣ᠂ ᠴᠢᠨᠠᠭᠰᠢᠳᠠ ᠬᠤᠷᠠᠮᠳᠣᠭᠤᠯᠣᠨ ᠪᠣᠯᠪᠠᠰᠣᠷᠠᠭᠤᠯᠣᠭᠰᠠᠭᠠᠷ ᠪᠠᠶᠢᠵᠣ ᠮᠣᠷᠢᠨ ᠳᠤ ᠵᠢᠷᠤᠭ᠎ᠠ ᠰᠤᠷᠭᠠᠨ ᠵᠥᠪ ᠰᠠᠶᠢᠬᠠᠨ ᠡᠳ᠋ᠯᠡᠳᠡᠭ ᠬᠠᠰᠢᠷ ᠮᠠᠯᠴᠢᠨ ᠪᠣᠯᠣᠨ᠎ᠠ᠃
ᠠᠯᠳᠠᠨᠴᠢᠯᠠᠭᠤ ᠭᠤᠸᠠᠢ ᠬᠤᠷᠳᠤᠨ ᠮᠣᠷᠢ᠂ ᠵᠢᠷᠤᠭ᠎ᠠ ᠮᠤᠷᠢ ᠰᠢᠨᠵᠢᠨ ᠳᠠᠨᠢᠬᠤ ᠳᠠᠭᠠᠨ ᠰᠠᠶᠢᠨ᠂ ᠢᠯᠠᠩᠭᠤᠶ᠎ᠠ ᠵᠢᠷᠤᠭ᠎ᠠ ᠮᠤᠷᠢ ᠲᠠᠰᠬᠠᠬᠤ ᠳᠠᠭᠠᠨ ᠡᠷᠳᠡᠮ ᠲᠠᠢ᠃ ᠵᠢᠷᠤᠭ᠎ᠠ ᠰᠠᠭᠤᠯᠭᠠᠬᠤ ᠮᠡᠷᠭᠡᠵᠢᠯ ᠢ ᠠᠯᠳᠠᠨᠴᠢᠯᠠᠭᠤ ᠶᠠᠷᠣᠨᠢ ᠦᠪᠡᠷ ᠤᠨ ᠤᠷ᠎ᠠ ᠤᠬᠠᠭᠠᠨ ᠢᠶᠠᠷ ᠢᠶᠠᠨ ᠮᠡᠳᠡᠷᠡᠵᠣ᠂ ᠤᠷᠤᠯᠳᠤᠭᠰᠠᠭᠠᠷ ᠤᠳᠦ ᠪᠤᠯᠵᠦ ᠪᠠᠶᠢᠭ᠎ᠠ ᠠᠵᠢ᠃ ᠲᠡᠷᠡ ᠲᠤᠬᠠᠢ ᠪᠠᠨ ᠠᠯᠳᠠᠨᠴᠢᠯᠠᠭᠤ᠄ ︽ᠮᠣᠷᠢᠨ ᠳᠤ ᠡᠪ ᠭᠡᠵᠣ ᠪᠤᠢ᠂ ᠡᠨᠡᠬᠦ ᠡᠪ ᠢ ᠮᠣᠷᠢᠨ ᠳᠤ ᠲᠠᠰᠬᠠᠬᠤ ᠨᠢ ᠬᠠᠮᠤᠭ ᠴᠢᠬᠤᠯᠠ᠃ ᠵᠢᠷᠤᠭ᠎ᠠ ᠰᠣᠷᠭᠠᠬᠤ ᠳᠤ ᠬᠠᠮᠤᠭ ᠪᠠᠭ᠎ᠠ ᠳᠠᠭᠠᠨ 60 ᠡᠳᠣᠷ ᠢᠶᠠᠷ᠂ ᠬᠠᠮᠤᠭ ᠶᠡᠭᠡ ᠳᠡᠭᠡᠨ ᠬᠠᠭᠠᠰ ᠵᠢᠯ ᠢᠶᠠᠷ ᠳᠠᠷᠣᠵᠣ ᠰᠣᠷᠭᠠᠳᠠᠭ︾ ᠬᠡᠵᠦ ᠪᠠᠶᠢᠬᠰᠠᠨ ᠪᠢᠯᠡ᠃ ︽ᠮᠠᠯᠴᠢᠨ ᠬᠦᠮᠣᠨ ᠮᠢᠩᠭᠠᠨ ᠮᠡᠷᠭᠡᠵᠢᠯ ᠲᠠᠢ︾ ᠭᠡᠳᠡᠭ ᠢᠶᠠᠷ ᠠᠯᠳᠠᠨᠴᠢᠯᠠᠭᠤ ᠶᠢᠨ ᠭᠠᠭᠴᠠᠬᠦ ᠵᠢᠷᠤᠭ᠎ᠠ ᠳᠠᠷᠣᠬᠤ ᠮᠡᠷᠭᠡᠵᠢᠯ ᠢ ᠶᠡᠷᠦᠨᠢ  ᠲᠡᠶᠢᠮᠦ ᠠᠮᠠᠷᠬᠠᠨ ᠢᠶᠠᠷ ᠡᠵᠡᠮᠰᠢᠵᠣ ᠴᠢᠳᠠᠳᠠᠭ ᠦᠭᠡᠢ᠃ ᠵᠢᠷᠤᠭ᠎ᠠ ᠮᠣᠷᠢᠨ ᠳᠤ ᠣᠨᠠᠭᠠᠨ ᠵᠢᠷᠤᠭ᠎ᠠ ︵ᠳᠦᠷᠦᠯᠬᠢ ᠵᠢᠷᠤᠭ᠎ᠠ︶᠂ ᠳᠠᠷᠣᠭᠰᠠᠨ ᠵᠢᠷᠤᠭ᠎ᠠ ︵ᠳᠠᠭ᠎ᠠ ᠠᠴᠠ ᠨᠢ ᠳᠠᠷᠣᠬᠤ︶ ᠭᠡᠵᠣ ᠪᠠᠶᠢᠳᠠᠭ᠂ ᠮᠥᠨ ᠴᠦ ᠳᠠᠷᠣᠵᠣ ᠴᠢᠳᠠᠳᠠᠭ ᠦᠭᠡᠢ ᠵᠢᠷᠤᠭ᠎ᠠ ᠮᠣᠷᠢ᠂ ᠶᠠᠪᠣᠭ ᠦᠭᠡᠢ ᠬᠤᠨᠢᠨ ᠵᠢᠷᠤᠭ᠎ᠠ ᠭᠡᠵᠣ ᠴᠦ ᠪᠠᠶᠢᠳᠠᠭ᠃ ᠳᠡᠷᠠ ᠮᠠᠨᠢ ᠭᠤᠴᠢᠭᠠᠳ ᠮᠣᠷᠢ ᠶᠢ ᠪᠣᠰᠣᠳ ᠲᠤ ᠬᠠᠪᠰᠣᠷᠴᠣ ᠳᠠᠷᠣᠵᠣ ᠰᠣᠷᠭᠠᠨ᠂ ᠦᠪᠡᠷ ᠤᠨ ᠢᠶᠠᠨ ᠬᠤᠷᠢ ᠬᠦᠷᠬᠦ ᠮᠣᠷᠢ ᠪᠠᠨ ᠵᠢᠷᠤᠭ᠎ᠠ ᠰᠣᠷᠭᠠᠭᠰᠠᠨ ᠠᠵᠢ᠃ ︽ᠮᠣᠷᠢ ᠭᠡᠵᠣ ᠦᠨᠡᠭᠡᠷ ᠡᠩᠬᠦᠷᠡᠢ ᠠᠮᠢᠳᠠᠨ᠂ ᠰᠦᠢᠯᠭ᠎ᠠ᠂ ᠳᠡᠵᠢᠭᠡᠯ ᠢ ᠨᠢ ᠴᠠᠭ ᠳᠣᠬᠠᠢ ᠳᠤᠨᠢ ᠦᠭᠬᠦ ᠭᠡᠷᠡᠭᠳᠡᠢ᠂ ᠨᠡᠩ ᠴᠦ ᠵᠢᠷᠤᠭ᠎ᠠ ᠮᠣᠷᠢ ᠪᠠᠨ ᠠᠷᠠᠴᠢᠯᠠᠵᠣ ᠳᠣᠳᠣᠮᠳᠠᠬᠤ ᠳᠤ ᠡᠪᠡᠰᠣ ᠶᠢ ᠨᠢ ᠪᠠᠭ᠎ᠠ ᠪᠠᠭ᠎ᠠ ᠪᠠᠷ ᠦᠭᠴᠣ ᠬᠤᠷᠳᠣᠴᠠ ᠶᠢ ᠨᠢ ᠬᠠᠳᠠᠭᠠᠯᠠᠨ᠎ᠠ᠃ ᠦᠷᠯᠦᠭᠡ ᠡᠪᠡᠰᠦ ᠲᠡᠵᠢᠭᠡᠯ ᠥᠭᠭᠦᠭᠰᠡᠨ ᠤ ᠬᠠᠭᠠᠰ ᠴᠠᠭ ᠤᠨ ᠳᠠᠷᠠᠭ᠎ᠠ ᠡᠳ᠋ᠯᠡᠪᠡᠯ ᠵᠣᠬᠢᠰᠳᠠᠢ᠃ ᠵᠢᠷᠤᠭ᠎ᠠ ᠰᠤᠷᠭᠠᠭᠴᠢ ᠪᠤᠶᠤ ᠤᠨᠤᠭᠠᠴᠢ ᠨᠢ ᠵᠠᠪᠠᠯ ᠵᠢᠩ ᠶᠡᠬᠡᠲᠡᠢ ᠬᠥᠮᠥᠨ ᠪᠠᠶᠢᠪᠠᠯ ᠲᠣᠬᠢᠷᠠᠮᠵᠢᠲᠠᠢ︾ ᠭᠡᠯ᠎ᠡ᠃ ᠠᠯᠲᠠᠨᠴᠢᠯᠠᠭᠤ ᠶᠢᠨ ᠳᠠᠷᠤᠭᠰᠠᠨ ᠵᠢᠷᠤᠭ᠎ᠠ ᠮᠣᠷᠢ ᠨᠢ ᠬᠦᠬᠡᠨᠠᠭᠤᠷ᠂ ᠰᠢᠨᠵᠢᠶᠠᠩ᠂ ᠭᠠᠨᠰᠣ ᠵᠡᠷᠭᠡ ᠭᠠᠵᠠᠷ ᠨᠣᠳᠤᠭ ᠤᠨ ᠬᠦᠮᠣᠰ ᠲᠤ ᠪᠣᠷᠣᠯᠠᠭᠤᠯᠤᠭᠳᠠᠵᠤ᠂ ᠲᠤᠬᠠᠢ ᠶᠢᠨ ᠭᠠᠵᠠᠷ ᠤᠨ ᠬᠥᠮᠥᠰ ᠳᠡᠬᠦᠨ ᠤ ᠳᠠᠷᠤᠭᠰᠠᠨ ᠮᠣᠷᠢ ᠶᠢ  ᠵᠠᠯᠭᠠᠪᠠᠷ ᠳᠠᠰᠬᠠᠵᠤ ᠳᠣᠳᠣᠮᠳᠠᠨ᠂ ᠴᠠᠭᠠᠰᠢ ᠪᠠᠨ ᠰᠧᠴᠤᠸᠠᠨ᠂ ᠲᠦᠪᠡᠳ ᠵᠡᠷᠭᠡ ᠭᠠᠵᠠᠷ ᠣᠷᠣᠨ ᠳᠤ ᠬᠡᠳᠦᠨ ᠲᠦᠮᠡ᠂ ᠠᠷᠪᠠᠨ ᠬᠡᠳᠦᠨ ᠲᠦᠮᠡ ᠪᠠᠷ ᠪᠣᠷᠣᠯᠠᠭᠤᠯᠳᠠᠭ ᠨᠢ᠂ ᠲᠠᠪᠤᠨ ᠬᠤᠰᠢᠭᠤ ᠮᠠᠯ ᠢᠶᠠᠨ ᠲᠠᠪᠠ ᠲᠤᠬ᠎ᠠ ᠶᠢ ᠨᠢ ᠣᠯᠵᠤ ᠵᠥᠪ ᠰᠠᠶᠢᠬᠠᠨ ᠳᠣᠳᠣᠮᠳᠠᠳᠠᠭ ᠶᠤᠮ  ᠪᠣᠯ ᠥᠪᠡᠷ ᠥᠪᠡᠷ ᠤᠨ ᠭᠡᠰᠡᠨ ᠥᠨᠳᠥᠷ ᠣᠨᠤᠭ᠎ᠠ ᠲᠠᠢ ᠵᠠᠬ᠎ᠠ ᠳᠡᠯᠭᠡᠭᠦᠷ ᠲᠠᠢ ᠪᠥᠭᠡᠳ ᠠᠯᠳᠠᠨᠴᠢᠯᠠᠭᠤ ᠭᠤᠸᠠᠢ ᠶᠢᠨ ᠵᠢᠷᠤᠭ᠎ᠠ ᠰᠣᠷᠭᠠᠬᠤ ᠮᠡᠷᠭᠡᠵᠢᠯ ᠨᠢ ᠵᠢᠷᠤᠭ᠎ᠠ ᠮᠣᠷᠢᠲᠠᠳ ᠤᠨ ᠵᠠᠬ᠎ᠠ ᠳᠤ  ᠤᠷ᠎ᠠ ᠮᠡᠷᠭᠡᠵᠢᠯ ᠤᠨ ᠨᠡᠷ᠎ᠡ ᠲᠥᠷᠥ ᠪᠠᠨ ᠨᠢᠭᠡᠨᠲᠡ ᠲᠣᠳᠣᠷᠬᠠᠢ ᠲᠠᠮᠠᠭᠠᠯᠠᠭᠰᠠᠨ ᠠᠵᠢ᠃
ᠠᠯᠳᠠᠨᠴᠢᠯᠠᠭᠤ ᠭᠤᠸᠠᠢ ︽ᠳᠠᠯ᠎ᠠ ᠨᠣᠳᠤᠭ ᠤᠨ ᠮᠣᠷᠢᠳᠡᠨ︾ ᠬᠡᠮᠡᠬᠦ ᠰᠡᠶᠢᠬᠠᠨ ᠴᠣᠯᠠ ᠶᠢ ᠬᠦᠷᠳᠡᠵᠣ ᠶᠠᠪᠣᠭᠰᠠᠨ ᠭᠠᠷᠮᠠᠭᠠᠢ ᠠᠳᠤᠭᠤᠴᠢᠨ᠂ ᠮᠥᠨ ᠴᠦ ᠣᠶᠢᠷ᠎ᠠ ᠬᠠᠪᠢ ᠶᠢᠨ ᠮᠠᠯᠴᠢᠨ ᠳᠦᠮᠡᠨ ᠤ ᠪᠠᠨ ᠳᠣᠮᠳᠠᠬᠢ ᠰᠢᠯᠢᠳᠡᠭ ᠣᠶᠠᠭᠠᠴᠢ ᠶᠣᠮᠰᠠᠨ᠃ ᠳᠡᠷᠡᠪᠡᠷ 1997 ᠣᠨ ᠠᠴᠠ ᠨᠠᠭᠠᠰᠢ ᠬᠦᠭᠡᠨᠠᠭᠤᠷ᠂ ᠭᠠᠨᠰᠣ᠂ ᠦᠪᠦᠷ ᠮᠣᠩᠭᠤᠯ ᠤᠨ ᠡᠯ᠎ᠡ ᠭᠠᠵᠠᠷ ᠨᠣᠳᠤᠭ ᠤᠨ ᠨᠠᠶᠢᠷ ᠴᠣᠭᠯᠠᠭᠠᠨ ᠢᠶᠠᠷ ᠶᠠᠪᠣᠵᠣ᠂ ᠬᠤᠷᠢᠭᠠᠳ ᠵᠢᠯ ᠤᠨ ᠬᠤᠭᠤᠴᠠᠭᠠᠨ ᠳᠤ ᠵᠢᠯ ᠪᠣᠯᠭᠠᠨ ᠳᠤ ᠳᠣᠯᠤᠭ᠎ᠠ ᠨᠠᠢᠮᠠᠨ ᠣᠳᠠᠭ᠎ᠠ ᠪᠠᠷ ᠭᠠᠳᠠᠭᠰᠢ ᠭᠠᠷᠴᠣ᠂ ᠨᠡᠶᠢᠳᠡ ᠵᠠᠭᠤ ᠭᠠᠷᠦᠢ ᠣᠷᠣᠯᠳᠣᠭᠠᠨ ᠳᠤ ᠤᠷᠤᠯᠴᠠᠵᠤ ᠦᠡᠭᠭᠡᠷᠠᠵᠠᠢ᠃ ᠡᠬᠦᠨ ᠤ ᠳᠣᠳᠣᠷ᠎ᠠ ᠬᠤᠰᠢᠭᠤ ᠨᠠᠶᠢᠷ ᠲᠤ ᠳᠣᠯᠤᠭ᠎ᠠ ᠣᠳᠠᠭ᠎ᠠ ᠳᠡᠷᠢᠬᠦᠯᠡᠵᠣ ᠪᠠᠶᠢᠭᠰᠠᠨ ᠬᠢᠯᠠᠯᠵᠠᠮ᠎ᠠ ᠠᠮᠵᠢᠯᠳᠠ ᠲᠠᠢ ᠶᠤᠮ᠃ ᠲᠡᠷᠡ ᠦᠪᠡᠷ ᠤᠨ ᠢᠶᠠᠨ ᠠᠩᠬᠠᠨ ᠤ ᠠᠳᠣᠭᠤ ᠲᠠᠢ ᠪᠣᠯᠣᠭᠰᠠᠨ ᠴᠠᠭ ᠠᠴᠠ ᠡᠬᠢᠯᠡᠵᠣ ᠠᠳᠣᠭᠤᠨ ᠠᠴᠠ ᠶᠡᠷᠣᠨᠢ ᠵᠠᠶᠢᠳᠠᠭ᠎ᠠ ᠦᠭᠡᠢ ᠶᠠᠪᠣᠵᠣ᠂ ᠬᠦᠭᠡᠨᠠᠭᠤᠷ᠂ ᠭᠠᠨᠰᠣ ᠠᠴᠠ ᠳᠣᠰᠬᠠᠢ ᠠᠵᠢᠷᠭ᠎ᠠ ᠭᠡᠬᠦᠣ ᠬᠤᠳᠠᠯᠳᠣᠨ ᠠᠪᠴᠣ ᠠᠳᠣᠭᠤ ᠪᠠᠨ ᠠᠳᠤᠭᠤᠯᠠᠵᠤ ᠦᠰᠭᠡᠭᠡᠳ ᠢᠷᠡᠵᠡᠢ᠃ ᠬᠠᠮᠤᠭ ᠭᠤᠣᠯ ᠨᠢ ᠮᠣᠷᠢ ᠰᠠᠶᠢᠨ ᠰᠢᠨᠵᠢᠳᠡᠭ ᠬᠦᠮᠣᠨ ᠲᠤᠯᠨ ᠬᠠᠷᠢ ᠬᠤᠯᠠ ᠠᠴᠠ ᠰᠠᠶᠢᠨ ᠡᠬᠦᠯᠳᠠᠷ ᠤᠨ ᠮᠣᠷᠢ ᠶᠢ ᠳᠣᠰᠬᠠᠢ ᠰᠣᠩᠭᠤᠨ ᠠᠪᠴᠢᠷᠠᠵᠣ᠂ ᠦᠪᠡᠷ ᠤᠨ ᠢᠶᠠᠨ ᠠᠳᠣᠭᠤᠨ ᠤ ᠡᠬᠦᠯᠳᠡᠷ ᠢ ᠰᠠᠶᠢᠵᠢᠷᠠᠭᠤᠯᠵᠣ᠂ ᠬᠤᠷᠳᠣᠨ ᠬᠦᠯᠦᠭ ᠭᠠᠷᠳᠠᠭ ᠰᠦᠷᠦᠭ ᠪᠣᠯᠭᠠᠵᠣ ᠴᠢᠳᠠᠭᠰᠠᠨ ᠪᠠᠶᠢᠨ᠎ᠠ᠃ ᠣᠳᠣ ᠪᠣᠯᠬᠤ ᠳᠤ ᠣᠨᠠᠭᠠᠨ ᠵᠢᠷᠤᠭ᠎ᠠ ᠮᠣᠷᠢᠳ ᠨᠢ ᠠᠷᠪᠢᠳᠴᠣ᠂ ᠵᠢᠷᠤᠭ᠎ᠠ ᠳᠠᠷᠣᠵᠣ ᠰᠣᠷᠭᠠᠬᠤ ᠲᠠᠯ᠎ᠠ ᠪᠠᠷ ᠲᠡᠶᠢᠮᠤ ᠴᠦ ᠶᠡᠭᠡ ᠬᠦᠴᠢᠷᠳᠡᠳᠡᠭ ᠦᠭᠡᠢ ᠪᠣᠯᠣᠭᠰᠠᠨ ᠪᠠᠶᠢᠯ᠎ᠠ᠃
ᠠᠯᠳᠠᠨᠴᠢᠯᠠᠭᠤ ᠭᠤᠸᠠᠢ ︽ᠮᠣᠷᠢ ᠲᠠᠢ ᠨᠢᠭᠡᠨ ᠪᠠᠭᠤᠵᠤ ᠬᠠᠷᠠᠮᠠᠷ᠂ ᠶᠠᠪᠠᠭᠠᠨ ᠨᠢᠭᠡᠨ ᠰᠠᠭᠤᠵᠤ ᠱᠠᠭᠰᠢᠮᠠᠷ︾ ᠰᠠᠶᠢᠬᠠᠨ ᠵᠢᠷᠤᠭ᠎ᠠ ᠮᠣᠷᠢ ᠳᠠᠷᠤᠵᠤ  ᠳᠠᠰᠬᠠᠨ᠂ ᠨᠡᠷ᠎ᠡ ᠲᠠᠢ ᠠᠯᠳᠠᠷ ᠲᠠᠢ ᠪᠣᠯᠣᠭᠰᠠᠨ ᠢᠶᠠᠷ᠂ ᠬᠤᠯᠠ ᠣᠶᠢᠷ᠎ᠠ ᠶᠢᠨ ᠬᠦᠮᠣᠰ ᠳᠠᠩᠳᠠ ᠳᠡᠬᠦᠨ ᠠᠴᠠ ᠵᠢᠷᠤᠭ᠎ᠠ ᠮᠣᠷᠢ ᠬᠤᠳᠠᠯᠳᠣᠨ ᠠᠪᠬᠤ ᠪᠣᠶᠣ ᠮᠣᠷᠢ ᠪᠠᠨ ᠦᠭᠴᠣ ᠵᠢᠷᠤᠭ᠎ᠠ ᠰᠤᠷᠭᠠᠬᠤ ᠶᠢ ᠨᠠᠶᠢᠳᠠᠳᠠᠭ ᠪᠠᠶᠢᠨ᠎ᠠ᠃ ᠠᠯᠲᠠᠨᠴᠢᠯᠠᠭᠤ ᠭᠤᠸᠠᠢ ᠵᠢᠷᠤᠭ᠎ᠠ ᠮᠣᠷᠢ ᠪᠠᠨ 16000 ᠳᠦᠬᠦᠷᠢᠭ ᠤᠨ ᠰᠠᠶᠢᠨ ᠦᠨ᠎ᠡ ᠳᠤ ᠬᠦᠷᠭᠡᠵᠣ ᠴᠢᠳᠠᠭᠰᠠᠨ ᠪᠦᠬᠡᠳ ᠦᠷᠢᠶ᠎ᠡ ᠪᠠᠨ 8000 — 10000 ᠳᠦᠬᠦᠷᠢᠭ᠂ ᠪᠠᠶᠢᠳᠠᠰᠣ ᠪᠠᠨ 5000 — 6000 ᠳᠦᠬᠦᠷᠢᠭ ᠤᠨ ᠦᠨ᠎ᠡ ᠳᠤ ᠬᠦᠷᠭᠡᠨ᠂ ᠣᠨᠠᠭᠠᠨ ᠵᠢᠷᠤᠭ᠎ᠠ ᠪᠠᠨ 8000 ᠳᠦᠬᠦᠷᠢᠭ ᠢᠶᠠᠷ ᠰᠢᠭᠤᠳ ᠬᠤᠳᠠᠯᠳᠣᠳᠠᠭ ᠠᠵᠢ᠃ ᠡᠳᠡᠬᠡᠷ ᠪᠦᠬᠦᠨ ᠨᠢ ᠠᠳᠣᠭᠤ ᠮᠠᠯ ᠤᠨ ᠠᠴᠢ ᠪᠣᠶᠠᠨ᠂ ᠮᠦᠨ ᠴᠦ ᠳᠡᠬᠦᠨ ᠤ ᠠᠵᠢᠯᠴᠢ ᠬᠦᠳᠡᠯᠮᠣᠷᠢᠴᠢ᠂ ᠭᠠᠷᠮᠠᠭᠠᠢ ᠴᠢᠳᠠᠮᠠᠭᠠᠢ ᠰᠣᠷᠴᠣ ᠰᠣᠳᠣᠯᠬᠤ ᠵᠠᠩ ᠠᠷᠠᠨᠰᠢᠨ᠂ ᠣᠳᠠᠭᠠᠨ ᠵᠢᠯ ᠢᠶᠠᠷ ᠬᠢᠭᠰᠡᠭᠡᠷ ᠢᠷᠡᠭᠰᠡᠨ ᠡᠷᠳᠡᠮ ᠴᠢᠳᠠᠪᠤᠷᠢ ᠶᠢᠨ ᠬᠢᠨᠢ ᠦᠷ᠎ᠠ ᠦᠭᠭᠦᠬᠡᠵᠢ ᠪᠠᠶᠢᠯ᠎ᠠ᠃ ᠳᠡᠷᠡ ᠮᠠᠨᠢ ᠠᠳᠣᠭᠤᠨ ᠰᠣᠶᠣᠯ ᠢᠶᠠᠨ ᠳᠡᠭᠡᠳᠦᠯᠡᠨ᠂ ᠣᠯᠠᠮᠵᠢᠯᠠᠨ ᠵᠠᠯᠭᠠᠮᠵᠢᠯᠠᠬᠤ ᠪᠠᠷ ᠬᠢᠴᠢᠶᠡᠨ ᠵᠢᠳᠭᠦᠵᠦ᠂ ᠠᠵᠣ ᠠᠬᠤᠢ ᠨᠡᠶᠢᠭᠡᠮ ᠤᠨ ᠬᠤᠷᠴᠠ ᠰᠢᠷᠦᠬᠦᠨ ᠦᠷᠢᠰᠦᠯᠳᠦᠬᠡᠨ ᠤ ᠲᠤᠮᠳᠠ ᠦᠢᠯᠡᠳᠪᠦᠷᠢᠯᠡᠯ ᠠᠮᠢᠳᠣᠷᠠᠯ ᠳᠠᠭᠠᠨ ᠣᠯᠠᠮᠵᠢᠯᠠᠯ ᠰᠢᠨᠡᠴᠢᠯᠡᠯ ᠲᠠᠢ ᠰᠢᠨ᠎ᠡ ᠠᠷᠭ᠎ᠠ ᠣᠬᠠᠭᠠᠨ ᠢ ᠵᠤᠷᠢᠳᠡᠢ ᠰᠦᠪᠡᠭᠴᠢᠯᠡᠨ᠂ ᠦᠪᠡᠷ ᠤᠨ ᠬᠡᠰᠡᠨ ᠠᠵᠣ ᠠᠬᠤᠢ ᠶᠢᠨ ᠣᠷᠣᠯᠭ᠎ᠠ ᠪᠠᠷ ᠢᠶᠠᠨ ᠠᠳᠠᠯ ᠠᠮᠢᠳᠣᠷᠠᠯ ᠢᠶᠠᠨ ᠬᠡᠶᠢᠮᠣᠷᠢ ᠲᠠᠢ ᠴᠤᠬᠴᠠᠯᠠᠵᠦ  ᠶᠠᠪᠤᠨᠠᠮ᠃
ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号