ᠡᠷᠳᠡᠨᠢᠴᠡᠴᠡᠭ | ᠶᠡᠷᠤᠨᠢ ᠲᠡᠭᠡᠷ᠎ᠡ ᠵᠠᠭᠤᠨ ᠤ ᠲᠠᠯ᠎ᠠ ᠨᠠᠶᠠᠭᠠᠳ ᠤᠨ ᠳᠤ ᠬᠤᠪᠢ ᠶᠢᠨ ᠵᠤᠭᠤᠰ ᠢᠶᠠᠷ ᠢᠶᠠᠨ ᠲᠤᠮᠤ ᠠᠴᠢᠶᠠᠨ ᠤ | ᠮᠠᠰᠢᠨ ᠲᠡᠷᠭᠡ ᠠᠪᠴᠦ ᠵᠢᠯᠤᠭᠤᠳᠤᠭᠰᠠᠨ ᠮᠠᠯᠴᠢᠨ ᠴᠦᠬᠡᠨ ᠪᠠᠶᠢᠬ᠎ᠠ᠃ ᠠᠯᠠᠱᠠ ᠳᠤ ᠪᠤᠤ ᠬᠡᠯᠡ᠂ ᠪᠦᠬᠦ ᠦᠪᠦᠷ | ᠮᠤᠩᠭᠤᠯ ᠤᠷᠤᠨ ᠳᠤ ᠴᠤ ᠬᠤᠪᠤᠷᠬᠠᠨ ᠪᠠᠶᠢᠵᠦ ᠲᠠᠭᠠᠷᠠᠨ᠎ᠠ᠃ ᠬᠠᠳᠠ ᠪᠤᠯ ᠲᠡᠬᠦᠨ ᠤ ᠨᠢᠭᠡ ᠨᠢ ᠶᠤᠮ᠃ ᠲᠡᠷᠡ | 1979 ᠤᠨ ᠳᠤ ᠴᠢᠯᠦᠭᠡᠯᠡᠬᠦ ᠳᠡᠮᠳᠡᠭᠳᠤ ᠠᠴᠢᠶᠠᠨ ᠤ ᠮᠠᠰᠢᠨ ᠲᠡᠷᠭᠡ ᠠᠪᠴᠤ ᠵᠢᠯᠤᠭᠤᠳᠤᠨ ᠤᠶᠢᠷ᠎ᠠ ᠤᠷᠴᠢᠮ | ᠤᠨ ᠮᠠᠯᠴᠢᠳ ᠲᠠᠭᠠᠨ ᠦᠢᠯᠡᠴᠢᠯᠡᠵᠦ᠂ ᠨᠤᠳᠤᠭ ᠤᠰᠤᠨ ᠳᠠᠭᠠᠨ ᠬᠠᠷᠢᠨ ᠬᠠᠮᠤᠭ ᠠᠩᠬ᠎ᠠ ᠲᠤᠮᠤ ᠮᠠᠰᠢᠨ ᠲᠡᠷᠭᠡ | ᠠᠪᠴᠤ ᠵᠢᠯᠤᠭᠤᠳᠤᠭᠰᠠᠨ ᠮᠠᠯᠴᠢᠨ ᠪᠤᠯᠤᠭᠰᠠᠨ ᠪᠠᠶᠢᠨ᠎ᠠ᠃ | | | | | | | ᠡᠨᠡ ᠵᠢᠯ ᠳᠠᠯᠠᠠ ᠲᠥᠷᠪᠡᠲᠠᠢ ᠬᠠᠳᠠ ᠪᠤᠯ ᠠᠯᠠᠱᠠ ᠵᠡᠬᠦᠨ ᠬᠤᠰᠢᠭᠤᠨ ᠤ ᠤᠤᠯ ᠤᠨ ᠲᠥᠬᠦᠮ ᠰᠤᠮᠤᠨ ᠤ ︵ | ᠤᠳᠤ ᠶᠢᠨ ᠤᠯᠠᠨᠪᠤᠯᠠᠭ ᠪᠠᠯᠭᠠᠰᠤᠨ︶ ᠤ ᠰᠢᠨ᠋ᠬᠤᠰᠤ ᠭᠠᠴᠠᠭᠠᠠ ᠤ ᠮᠠᠯᠴᠢᠨ᠃ ᠲᠠᠪᠢ ᠭᠠᠷᠤᠢ ᠵᠢᠯ ᠮᠠᠰᠢᠨ ᠲᠡᠷᠭᠡ | ᠵᠢᠯᠤᠭᠤᠳᠴᠤ᠂ ᠤᠳᠤ ᠲᠡᠷᠡ ᠲᠠᠪᠤᠳᠤᠭᠠᠷ ᠮᠠᠰᠢᠨ ᠲᠡᠷᠭᠡ ᠪᠤᠯᠬᠤ ᠪᠢᠶᠤᠤ ᡁᠢ ᠳᠡᠮᠳᠡᠭᠳᠤ ᠮᠠᠰᠢᠨ ᠲᠡᠷᠭᠡ ᠪᠠᠨ | ᠵᠢᠯᠤᠭᠤᠳᠴᠤ ᠪᠠᠶᠢᠭ᠎ᠠ ᠪᠢᠯᠡ᠃ | ᠥᠪᠡᠷ ᠤᠨ ᠬᠤᠪᠢᠨ ᠤ ᠮᠠᠰᠢᠨ ᠲᠡᠷᠭᠡᠨ ᠤ ᠵᠠᠯᠠᠭᠤᠷ ᠢ ᠪᠠᠷᠢᠭᠠᠳ ᠱᠤᠮᠳᠠᠢ ᠰᠠᠭᠤᠵᠤ ᠮᠠᠰᠢᠨ ᠵᠢᠯᠤᠭᠤᠳᠴᠤ | ᠶᠠᠪᠤᠨ᠎ᠠ ᠭᠡᠭᠴᠢ ᠳᠡᠭᠡᠷ᠎ᠠ ᠵᠠᠭᠤᠨ ᠤ ᠳᠠᠯᠠᠭᠠᠳ ᠤᠨ ᠳᠤ ᠠᠪᠴᠤ ᠭᠡᠯᠡᠪᠠᠯ ᠡᠳᠦᠷ ᠤᠨ ᠤᠳᠤ ᠰᠢᠬ ᠤᠴᠢᠷ᠂ | ᠮᠠᠰᠢᠨ ᠲᠡᠷᠭᠡ ᠪᠢᠳᠡᠭᠡᠢ ᠭᠡᠯᠡ᠂ ᠲᠤᠭᠤᠢ ᠲᠡᠷᠭᠡ ᠲᠠᠢ ᠬᠥᠮᠦᠨ ᠴᠤ ᠴᠥᠭᠡᠨ ᠪᠠᠶᠢᠬᠰᠠᠠ ᠨᠢ ᠥᠨᠡᠡ᠃ ᠮᠠᠰᠢᠨ | ᠲᠡᠷᠭᠡ ᠵᠢᠯᠤᠭᠤᠳᠴᠤ ᠱᠤᠤᠬᠢᠭᠤᠯᠵᠤ ᠪᠠᠶᠢᠨ᠎ᠠ ᠭᠡᠵᠤ ᠵᠡᠬᠦᠳᠤᠯᠡᠳᠡᠭ ᠬᠦᠮᠦᠰ ᠲᠤᠶᠢᠯ ᠤᠨ ᠠᠷᠪᠢᠨ ᠪᠠᠶᠢᠬᠰᠠᠠ | ᠮᠠᠭᠠᠳ᠂ ᠤᠳᠤ ᠪᠠᠷ ᠠᠪᠴᠤ ᠪᠤᠳᠤᠪᠠᠯ ᠪᠠᠷᠤᠬ ᠨᠢᠰᠭᠡᠯ ᠠᠪᠤᠬᠰᠠᠠ ᠲᠠᠢ ᠲᠡᠩᠴᠡᠨ᠎ᠠ᠃ ᠭᠡᠪᠡᠴᠤ ᠨᠢᠭᠡ ᠮᠠᠰᠢᠨ | ᠲᠡᠷᠭᠡ ᠶᠢ ᠬᠤᠪᠢᠨ ᠤ ᠵᠤᠭᠤᠰ ᠢᠶᠠᠷ ᠢᠶᠠᠨ ᠬᠤᠳᠠᠯᠳᠤᠨ ᠠᠪᠤᠨ᠎ᠠ ᠭᠡᠳᠡᠭ ᠨᠢ ᠲᠤᠮᠤ ᠪᠠᠶᠠᠨ ᠪᠢᠰᠢ ᠪᠤᠯ ᠠᠪᠴᠤ | ᠬᠦᠴᠦᠷᠡᠭᠦ ᠥᠬᠡᠢ ᠮᠥᠷᠳᠡᠭᠡᠨ ᠮᠠᠰᠢ ᠶᠡᠭᠡ ᠬᠥᠳᠡᠯᠮᠤᠷᠢ ᠵᠠᠷᠤᠴᠠᠭᠤᠯᠬᠤ ᠥᠬᠡᠢ ᠪᠤᠯ ᠰᠠᠨᠠᠳᠠᠬ ᠭᠡᠷᠡᠭ ᠪᠢᠰᠢ ᠠᠵᠢ᠃ | | | | | | ᠬᠥᠮᠦᠨ ᠪᠤᠯᠭᠠᠠ ᠥᠪᠡᠷ ᠤᠨ ᠬᠥᠰᠡᠯ ᠮᠥᠷᠦᠭᠡᠳᠤᠯ ᠲᠠᠢ᠃ ᠴᠢᠨᠠᠬᠰᠢᠯᠠᠪᠠᠯ ᠠᠯᠢᠪᠠ ᠪᠥᠬᠦᠨ ᠲᠤᠷ᠎ᠠ | ᠰᠤᠨᠢᠷᠬᠠᠯ ᠠᠴᠠ ᠡᠬᠢᠯᠡᠬᠦ ᠶᠤᠰᠤᠳᠠᠢ᠃ ᠬᠠᠳᠠ ᠬᠤᠷᠸ᠎ᠠ ᠶᠢᠨ ᠠᠭᠤᠳᠠᠮ ᠵᠠᠢ ᠳᠤ ᠠᠮᠢᠳᠤᠷᠠᠵᠤ ᠲᠡᠮᠡᠤᠯᠡᠵᠤ | ᠶᠠᠪᠤᠬᠤ ᠳᠠᠭᠠᠨ ᠮᠠᠰᠢ ᠶᠡᠭᠡ ᠰᠥᠰᠤ ᠵᠤᠷᠢᠬ ᠲᠠᠢ᠂ ᠥᠪᠡᠷ ᠲᠡᠭᠡᠨ ᠬᠤᠯᠠ ᠶᠢ ᠤᠬᠠᠭᠠᠷᠠᠬᠤ ᠪᠤᠳᠤᠯ ᠢᠶᠠᠨ ᠲᠡᠯᠡᠵᠦ | ᠰᠤᠷᠴᠤ ᠰᠤᠳᠤᠯᠬᠤ ᠵᠤᠷᠢᠬ ᠰᠠᠨᠠᠭ᠎ᠠ ᠪᠠᠨ ᠪᠠᠷᠢᠮᠳᠠᠯᠠᠳᠠᠬ᠃ ᠲᠤᠷ᠎ᠠ ᠳᠤ ᠰᠢᠷ᠎ᠠ ᠥᠬᠡᠢ ᠭᠡᠭᠴᠢ ᠪᠠᠷ ᠭᠡᠨ ᠴᠤ ᠭᠡᠳ | ᠥᠪᠡᠷ ᠤᠨ ᠲᠤᠷ᠎ᠠ ᠪᠠᠭ᠋ᠠᠳᠠᠢ ᠵᠦᠢᠯ ᠳᠡᠭᠡᠨ ᠮᠠᠰᠢ ᠴᠢᠷᠮᠠᠶᠢᠳᠠᠬ ᠨᠢ ᠲᠠᠮᠵᠢᠭ ᠦᠭᠡᠢ᠃ ᠬᠠᠳᠠ ᠶᠢᠨ ᠮᠠᠰᠢᠨ ᠲᠡᠷᠭᠡ | ᠵᠢᠯᠤᠭᠤᠳᠬᠤ ᠲᠤᠷᠠᠳᠠᠢ ᠭᠡᠳᠡᠭ ᠶᠢ ᠶᠠᠭᠤ ᠬᠡᠯᠡᠬᠦ ᠪᠤᠢ︖ 1965 ᠤᠨ ᠳᠤ ᠬᠠᠳᠠ ᠶᠢᠨ ᠤᠤᠯ ᠤᠨ ᠬᠥᠳᠡᠭᠡ | ᠭᠡᠷ ᠨᠢ ᠰᠢᠨ᠋ᠬᠤᠰᠤ ᠭᠠᠴᠠᠭᠠᠠ ᠤ ᠤᠯᠠᠭᠠᠨᠳᠠᠯ ᠭᠡᠳᠡᠭ ᠭᠠᠵᠠᠷ ᠲᠤ ᠨᠤᠳᠤᠬᠰᠢᠨ ᠰᠠᠭᠤᠵᠤ᠂ ᠵᠠᠰᠠᠮᠠᠯ ᠵᠠᠮ ᠠᠴᠠ 15 | ᠺᠢᠯᠦᠮᠧᠲᠷ ᠵᠠᠶᠢᠳᠠᠢ ᠪᠠᠶᠢᠵᠠᠢ᠃ ᠲᠡᠷᠡ 15 ᠺᠢᠯᠦᠮᠧᠲᠷ ᠭᠠᠵᠠᠷ ᠢ ᠨᠢᠭᠡ ᠯᠡ ᠴᠠᠬ ᠬᠥᠶᠦᠭᠡᠳ ᠵᠠᠮ ᠤᠨ ᠬᠦᠪᠡᠭᠡᠨ | ᠳᠤ ᠬᠦᠷᠴᠦ ᠠᠶᠠᠨᠴᠢᠳ ᠤᠨ ᠡᠭᠡᠯᠵᠢᠨ ᠤ ᠮᠠᠰᠢᠨ ᠲᠡᠷᠭᠡᠨ ᠤ ᠵᠢᠯᠤᠭᠤᠴᠢ ᠶᠢ ᠭᠤᠶᠤᠵᠤ ᠪᠠᠶᠢᠭᠠᠳ ᠱᠤᠪᠤᠩ ᠭᠡᠳᠡᠭ | ᠭᠠᠵᠠᠷ ᠠᠴᠠ ᠬᠤᠷᠢᠭᠠᠳ ᠭᠠᠵᠠᠷ ᠤᠨ ᠵᠠᠶᠢᠳᠠᠢ ᠰᠢᠨ᠋ᠬᠤᠰᠤ ᠭᠠᠴᠠᠭ᠎ᠠ ᠬᠥᠷᠳᠡᠯ᠎ᠠ ᠲᠡᠷᠭᠡ ᠵᠢᠯᠤᠭᠤᠳᠴᠤ᠂ ᠮᠠᠰᠢᠨ | ᠲᠡᠷᠭᠡ ᠵᠢᠯᠤᠭᠤᠳᠴᠤ ᠰᠤᠷᠬᠤ ᠬᠦᠰᠡᠯ ᠢᠶᠠᠨ ᠪᠡᠶᠡᠯᠡᠬᠦᠯᠵᠦ ᠪᠠᠶᠢᠭᠰᠠᠨ ᠤᠳᠠᠭ᠎ᠠ ᠲᠠᠢ᠃ ᠲᠡᠷᠡ ᠦᠶ᠎ᠡ ᠳᠤ ᠮᠠᠰᠢᠨ | ᠲᠡᠷᠭᠡ ᠬᠤᠪᠤᠷᠬᠠᠨ ᠪᠠᠶᠢᠭᠰᠠᠨ ᠴᠠᠭ᠂ ᠵᠦᠪᠬᠡᠨ ᠠᠶᠠᠨᠴᠢᠳ ᠤᠨ ᠡᠭᠡᠯᠵᠢᠨ ᠤ ᠮᠠᠰᠢᠨ ᠲᠡᠷᠭᠡ ᠨᠠᠭᠠᠰᠢ ᠴᠠᠭᠠᠰᠢ | ᠵᠤᠷᠴᠢᠵᠦ ᠬᠠᠷᠠᠭᠳᠠᠳᠠᠭ᠃ ᠬᠠᠳᠠ ᠲᠡᠷᠡ ᠥᠶ᠎ᠡ ᠳᠤ ᠴᠤ ᠭᠡᠰᠡᠡ ᠬᠢᠳᠡᠳ ᠭᠡᠯᠡ ᠳᠡᠭᠡᠨ ᠨᠡᠯᠢᠶᠡᠳ ᠰᠠᠶᠢᠨ᠂ | ᠬᠢᠳᠠᠳ ᠵᠢᠯᠤᠭᠤᠴᠢ ᠲᠠᠢ ᠬᠡᠯᠡᠯᠴᠡᠭᠡ ᠤᠯᠳᠠᠨ ᠵᠠᠷᠢᠮ ᠳᠠᠭᠠᠨ ᠬᠠᠶᠠ ᠨᠢᠭᠡ ᠪᠥᠰ ᠤᠨ ᠫᠢᠶᠤᠤ ︵ᠲᠤᠯᠤᠭ᠎ᠠ ᠨᠠᠢᠮᠠᠠ | ᠲᠤᠬᠤᠢ ᠪᠥᠰᠡ ᠰᠤᠯᠢᠵᠤ ᠠᠪᠴᠦ ᠪᠤᠯᠳᠠᠭ︶ ᠪᠠᠷ ᠠᠷᠭᠠᠳᠠᠵᠦ ᠪᠠᠶᠢᠭᠠᠳ ᠵᠠᠯᠠᠭᠤᠷ ᠢ ᠨᠢ ᠪᠠᠷᠢᠴᠢᠬᠠᠳᠠᠭ᠃ | ᠢᠩᠬᠢᠭᠡᠳ ᠯᠡ ᠵᠠᠮ ᠤᠨ ᠵᠡᠬᠦᠨ ᠲᠠᠯ᠎ᠠ ᠳᠤ ᠨᠢᠭᠡ ᠭᠠᠷᠤᠭᠠᠳ ᠵᠠᠮ ᠤᠨ ᠪᠠᠷᠠᠭᠤᠨ ᠲᠠᠯ᠎ᠠ ᠵᠦᠭ ᠨᠢᠭᠡ ᠮᠤᠷᠦ᠋ᠢᠭᠠᠳ | ᠭᠡᠳᠤ ᠤᠳᠠᠭ᠎ᠠ ᠵᠢᠯᠤᠭᠤᠳᠴᠤ ᠪᠠᠶᠢᠭᠠᠳ ᠠᠮᠠᠷᠬᠠᠠ ᠡᠪ ᠢ ᠨᠢ ᠤᠯᠴᠢᠬᠠᠬᠰᠠᠠ ᠪᠠᠶᠢᠯ᠎ᠠ᠃ | | | | | | | | ᠬᠠᠳᠠ 1975 ᠤᠨ ᠳᠤ ᠠᠶᠢᠯ ᠡᠷᠦᠭᠡ ᠪᠠᠨ ᠪᠤᠰᠠᠬᠵᠤ᠂ 1979 ᠤᠨ ᠳᠤ ᠪᠠᠩᠬᠢ ᠠᠴᠠ ᠲᠥᠮᠡᠡ | ᠲᠥᠬᠦᠷᠢᠭ ᠤᠨ ᠵᠢᠭᠡᠯᠡᠯᠭᠡ ᠠᠪᠴᠦ᠂ ᠯᠢᠨ ᠾᠧ ᠬᠤᠳᠠ ᠶᠢᠨ 279 ᠴᠡᠷᠢᠭ ᠤᠨ ᠡᠮᠨᠡᠯᠭᠡ ᠶᠢᠨ ᠬᠤᠷᠢᠶᠠᠨ ᠤ | ᠬᠠᠭᠤᠴᠢᠨ ᠴᠢᠯᠦᠭᠡᠯᠡᠬᠦ ᠳᠡᠮᠳᠡᠭᠳᠤ ᠠᠴᠢᠶᠠᠨ ᠤ ᠮᠠᠰᠢᠨ ᠲᠡᠷᠭᠡ ᠶᠢ ᠬᠤᠳᠠᠯᠳᠤᠨ ᠠᠪᠴᠡᠢ᠃ ᠲᠡᠷᠡ ᠨᠤᠳᠤᠭ ᠲᠠᠭᠠᠨ | ᠬᠠᠷᠢᠵᠤ ᠢᠷᠡᠭᠡᠳ ᠮᠠᠯ ᠢᠶᠠᠨ ᠮᠠᠯᠵᠢᠬᠤ ᠶᠢᠨ ᠳᠠᠭᠠᠤ ᠡᠳᠦᠷ ᠰᠥᠨᠢ ᠥᠬᠡᠢ ᠴᠢᠷᠮᠠᠶᠢᠨ ᠬᠤᠪᠢ ᠠᠶᠢᠯ ᠪᠤᠶᠤ ᠰᠤᠮᠤ | ᠭᠠᠴᠠᠭᠠᠠ ᠳᠤ ᠴᠢᠯᠠᠭᠤ ᠮᠤᠳᠤ ᠲᠠᠳᠠᠬᠤ ᠵᠡᠷᠭᠡ ᠠᠵᠢᠯ ᠬᠢᠵᠦ᠂ ᠬᠤᠶᠠᠷ ᠵᠢᠯ ᠤᠨ ᠲᠤᠳᠤᠷ᠎ᠠ ᠥᠷᠢ ᠪᠠᠨ ᠲᠥᠯᠦᠵᠤ | ᠪᠠᠷᠠᠴᠢᠬᠠᠭᠠᠳ ᠪᠠᠰᠠ ᠨᠡᠯᠢᠶᠡᠳ ᠵᠤᠭᠤᠰ ᠬᠠᠳᠠᠭᠠᠯᠠᠬᠰᠠᠠ ᠪᠠᠶᠢᠨ᠎ᠠ᠃ ᠨᠤᠳᠤᠭ ᠤᠨ ᠬᠥᠮᠦᠰ ᠨᠢ ᠵᠢᠯ ᠴᠠᠭᠠᠠ ᠰᠠᠷ᠎ᠠ | ᠪᠤᠯᠬᠤ ᠳᠤ ᠰᠤᠮᠤᠨ ᠳᠤ ᠲᠡᠮᠡᠭᠡ ᠤᠨᠤᠨ ᠬᠥᠷᠴᠤ ᠪᠠᠭ᠎ᠠ ᠰᠠᠭ᠎ᠠ ᠴᠠᠭᠠᠠ ᠰᠠᠷ᠎ᠠ ᠶᠢᠨ ᠶᠠᠭᠤᠮ᠎ᠠ ᠬᠡᠤᠮ᠎ᠠ ᠪᠠᠨ | ᠠᠪᠬᠤ ᠳᠤ ᠬᠠᠳᠠ ᠬᠠᠷᠢᠨ ᠭᠡᠷ ᠢᠶᠠᠷ ᠢᠶᠠᠨ ᠪᠠᠶᠠᠨᠬᠤᠳᠠ᠂ ᠵᠢᠷᠠᠳᠠᠢ᠂ ᠯᠢᠨ ᠾᠧ ᠵᠡᠷᠭᠡ ᠭᠠᠵᠠᠷ ᠲᠤ ᠮᠠᠰᠢᠨ ᠢᠶᠠᠨ | ᠵᠢᠯᠤᠭᠤᠳᠤᠨ ᠬᠥᠷᠴᠤ ᠴᠠᠭ᠎ᠠ ᠨᠤᠭᠤᠭ᠎ᠠ ᠶᠢᠨ ᠶᠠᠭᠤᠮ᠎ᠠ ᠪᠠᠨ ᠠᠪᠳᠠᠬ ᠪᠠᠶᠢᠯ᠎ᠠ᠃ ᠡᠨᠡ ᠨᠢ ᠲᠡᠬᠦᠨ ᠤ ᠠᠮᠢᠳᠤᠷᠠᠯ | ᠪᠠ ᠦᠵᠡᠯᠳᠡ ᠲᠠᠨᠢᠯᠳᠠ ᠳᠤ ᠮᠠᠰᠢ ᠶᠡᠭᠡ ᠬᠤᠪᠢᠷᠠᠯᠳᠠ ᠶᠢ ᠠᠪᠴᠢᠷᠠᠬᠰᠠᠠ ᠨᠢ ᠦᠨᠡᠨ᠃ ᠥᠭᠡᠷ᠎ᠠ ᠬᠥᠮᠦᠰ ᠬᠤᠤᠷ | ᠡᠪᠡᠰᠤ ᠲᠡᠬᠦᠭᠡᠳ ᠭᠡᠳᠤᠨ ᠠᠷᠪᠠᠨ ᠵᠤᠭᠤᠰ ᠤᠯᠵᠦ ᠪᠠᠶᠢᠬᠤ ᠳᠤ ᠬᠠᠳᠠ ᠬᠠᠷᠢᠨ ᠪᠥᠳᠦᠨ ᠵᠢᠯ ᠢᠶᠠᠷ ᠲᠥᠬᠦᠮ | ᠰᠤᠮᠤ᠂ ᠢᠡᠭᠭᠡᠨ ᠰᠤᠮᠤ᠂ ᠥᠯᠵᠡᠢ ᠰᠤᠮᠤ᠂ ᠬᠤᠨᠭ᠍ᠭᠤᠷᠠᠦ᠋ᠯᠥᠩ ᠰᠤᠮᠤᠨ ᠤ ᠡᠯ᠎ᠠ ᠪᠠᠶᠢᠭᠤᠯᠭ᠎ᠠ ᠶᠢᠨ ᠨᠡᠬᠦᠷᠡᠰᠤ᠂ | ᠮᠤᠳᠤ᠂ ᠲᠤᠭᠤᠰᠬ᠎ᠠ ᠵᠡᠷᠭᠡ ᠡᠯᠳᠡᠪ ᠵᠦᠢᠯ ᠤᠨ ᠡᠳ᠋ ᠪᠠᠷᠠᠭ᠎ᠠ ᠵᠥᠭᠡᠭᠡᠪᠤᠷᠢᠯᠡᠵᠤ᠂ ᠤᠨᠳᠠᠬᠤ ᠪᠠᠨ ᠮᠠᠷᠳᠠᠨ ᠥᠷ ᠢ | ᠳᠡᠮᠳᠡᠷᠢᠭᠰᠡᠡ ᠤᠳᠠᠭ᠎ᠠ ᠴᠤ ᠵᠥᠡᠭᠳᠡᠭᠡᠨ ᠤᠯᠠᠠ ᠪᠠᠶᠢᠵᠠᠢ᠃ | | | | | | | | ᠬᠠᠳᠠ᠄ ︽ᠲᠠᠷᠠ ᠥᠶ᠎ᠡ ᠳᠤ ᠬᠦᠯᠳᠡᠬᠦ ᠠᠴᠠ ᠰᠡᠷᠭᠡᠶᠢᠯᠡᠬᠦ ᠤᠰᠤ ᠭᠡᠰᠡᠡ ᠶᠠᠭᠤᠮ᠎ᠠ ᠪᠠᠶᠢᠬᠤ ᠥᠬᠡᠢ᠂ | ᠵᠠᠷᠢᠮ ᠳᠠᠭᠠᠨ ᠡᠪᠤᠯ ᠤᠨ ᠬᠦᠢᠳᠡᠨ ᠳᠤ ᠤᠰᠤ ᠪᠤᠴᠠᠯᠭᠠᠵᠤ ᠬᠢᠨ᠎ᠡ᠂ ᠭᠠᠯ ᠲᠥᠯᠡᠵᠤ ᠲᠡᠷᠭᠡ ᠪᠠᠨ ᠨᠤᠴᠤᠭᠠᠬᠤ | ᠤᠴᠢᠷ ᠪᠠᠶᠢᠡᠭᠭᠤ ᠲᠤᠬᠢᠶᠠᠯᠳᠤᠨ᠎ᠠ᠃ ᠤᠳᠤᠬᠢ ᠰᠢᠬ ᠲᠡᠷᠭᠡᠨ ᠪᠤᠯᠤ ᠬᠠᠯᠠᠬᠤ ᠪᠤᠶᠤ ᠲᠡᠷᠭᠡ ᠮᠠᠰᠢᠨ ᠡᠪᠳᠡᠷᠡᠪᠠᠯ | ᠵᠠᠰᠠᠬᠤ ᠭᠠᠵᠠᠷ ᠤᠴᠢᠳᠠᠭ ᠰᠠᠶᠢᠬᠠᠨ ᠤᠴᠢᠷ ᠪᠠᠶᠢᠬᠰᠠᠠ ᠥᠬᠡᠢ᠂ ᠪᠥᠷ ᠯᠡ ᠥᠪᠡᠷ ᠢᠶᠠᠨ ᠨᠤᠴᠤᠯᠳᠤᠵᠤ | ᠪᠠᠶᠢᠭᠠᠳ ᠯᠡ ᠰᠠᠯᠪᠢᠨ ᠵᠠᠰᠠᠵᠤ ᠲᠤᠳᠤᠮᠳᠠᠵᠤ ᠠᠪᠳᠠᠭ︾ ᠭᠡᠵᠤ ᠪᠠᠶᠢᠪᠠ᠃ ᠬᠠᠳᠠ ᠲᠠᠢ ᠨᠢᠭᠡ ᠭᠠᠴᠠᠭᠠᠠ ᠤ | ᠮᠠᠯᠴᠢᠨ ᠳᠠᠯᠠᠨᠳᠠᠢ ᠢᠩᠬᠢᠵᠦ ᠶᠠᠷᠢᠵᠦ ᠪᠢᠯᠡ᠄ ︽ᠲᠡᠷᠡ ᠥᠶ᠎ᠡ ᠳᠤ ᠮᠠᠠ ᠤ ᠭᠠᠴᠠᠭᠠᠨ ᠳᠤ ᠪᠢᠳᠡᠭᠡᠢ ᠭᠡᠯᠡ᠂ ᠮᠡᠡ ᠤ | ᠠᠯᠠᠱᠠ ᠳᠤ ᠴᠤ ᠭᠡᠰᠡᠡ ᠬᠤᠪᠢ ᠪᠠᠷ ᠢᠶᠠᠨ ᠲᠤᠮᠤ ᠮᠠᠰᠢᠨ ᠲᠡᠷᠭᠡ ᠵᠢᠯᠤᠭᠤᠳᠤᠬᠰᠠᠠ ᠬᠥᠮᠦᠨ ᠠᠯᠠᠭ᠎ᠠ ᠪᠠᠶᠢᠬᠤ ᠳᠤ | ᠬᠠᠳᠠ ᠠᠩᠬ᠎ᠠ ᠡᠬᠢᠯᠡᠵᠤ ᠲᠤᠮᠤ ᠮᠠᠰᠢᠨ ᠲᠡᠷᠭᠡ ᠵᠢᠯᠤᠭᠤᠳᠴᠤ ᠮᠠᠯᠴᠢᠨ ᠲᠥᠮᠡᠡ ᠤ ᠨᠠᠬᠦᠷᠡᠰᠤ᠂ ᠮᠤᠳᠤ᠂ ᠴᠢᠯᠠᠭᠤ | ᠲᠠᠳᠠᠳᠠᠭ ᠪᠠᠶᠢᠭᠰᠠᠨ᠃ ᠪᠠᠶᠠᠨᠬᠤᠳᠠ᠂ ᠵᠢᠷᠠᠳᠠᠢ᠂ ᠥᠯᠵᠡᠢ ᠂ ᠱᠠᠮᠪᠠ ᠵᠡᠷᠭᠡ ᠭᠠᠵᠠᠷ ᠢᠶᠠᠷ ᠨᠠᠭᠠᠰᠢ ᠴᠠᠭᠠᠰᠢ | ᠶᠠᠪᠤᠬᠤ ᠳᠤ ᠪᠠᠷᠤᠬ ᠤᠳᠠᠭ᠎ᠠ ᠪᠤᠯᠭᠠᠠ ᠠᠷᠪᠠᠨ ᠭᠡᠳᠤ ᠪᠤᠶᠤ ᠬᠤᠷᠢᠭᠠᠳ ᠬᠥᠮᠦᠨ ᠢ ᠥᠨ᠎ᠡ ᠲᠥᠯᠦᠪᠤᠷᠢ ᠥᠬᠡᠢ ᠪᠠᠷ | ᠠᠴᠢᠶᠠᠨ ᠤ ᠪᠠᠨ ᠳᠡᠭᠡᠷ᠎ᠠ ᠰᠠᠭᠤᠯᠭᠠᠭᠠᠳ ᠶᠠᠪᠤᠳᠠᠭ᠃ ᠪᠢ ᠴᠤ ᠭᠡᠰᠡᠡ ᠭᠡᠷ ᠤᠨ ᠠᠬᠠᠮᠠᠳ ᠲᠠᠢ ᠪᠠᠨ ᠱᠠᠮᠪᠠ᠂ | ᠵᠢᠷᠠᠳᠠᠢ ᠳᠤ ᠶᠠᠪᠤᠬᠤ ᠳᠤ ᠬᠠᠳᠠ ᠶᠢᠨ ᠲᠡᠷᠭᠡᠨ ᠳᠤ ᠭᠡᠳᠤ ᠤᠳᠠᠭ᠎ᠠ ᠰᠠᠭᠤᠬᠰᠠᠠ ᠰᠢᠤ︾ ᠭᠡᠵᠤ ᠦᠩᠭᠡᠷᠡᠯᠳᠡ ᠪᠠᠨ | ᠶᠠᠷᠢᠵᠦ ᠪᠠᠶᠢᠪᠠ᠃ | 1982 ᠤᠨ ᠳᠤ ᠬᠠᠳᠠ ᠭᠤᠷᠪᠠᠨ ᠵᠢᠯ ᠵᠢᠯᠤᠭᠤᠳᠤᠬᠰᠠᠠ ᠮᠠᠰᠢᠨ ᠲᠡᠷᠭᠡ ᠪᠠᠨ ᠡᠵᠡᠨ᠎ᠠ ᠬᠤᠰᠢᠭᠤᠨ ᠤ ᠨᠢᠭᠡ | ᠬᠥᠮᠦᠨ ᠳᠤ 15000 ᠲᠥᠬᠦᠷᠢᠭ ᠢᠶᠠᠷ ᠬᠤᠳᠠᠯᠳᠤᠨ ᠥᠭᠴᠠᠢ᠃ 1983 ᠤᠨ ᠳᠤ ᠬᠤᠶᠠᠳᠤᠭᠠᠷ ᠴᠢᠯᠦᠭᠡᠯᠡᠬᠦ | ᠳᠡᠮᠳᠡᠭᠳᠤ ᠰᠢᠨ᠎ᠡ ᠮᠠᠰᠢᠨ ᠲᠡᠷᠭᠡ ᠪᠠᠨ 15370 ᠲᠥᠬᠦᠷᠢᠭ ᠢᠶᠠᠷ ᠬᠤᠳᠠᠯᠳᠤᠨ ᠠᠪᠴᠤ ᠶᠢᠰᠤᠨ ᠵᠢᠯ ᠡᠳ᠋ᠯᠡᠭᠡᠳ | 1992 ᠤᠨ ᠳᠤ 35000 ᠲᠥᠬᠦᠷᠢᠭ ᠢᠶᠠᠷ ᠪᠤᠷᠤᠯᠠᠭᠤᠯᠵᠤ᠂ ᠭᠤᠷᠪᠠᠳᠤᠭᠠᠷ ᠮᠠᠰᠢᠨ ᠲᠡᠷᠭᠡ ᠪᠠᠨ 11000 | ᠲᠥᠬᠦᠷᠢᠭ ᠢᠶᠠᠷ ᠬᠤᠳᠠᠯᠳᠤᠨ ᠠᠪᠴᠤ ᠭᠤᠷᠪᠠᠨ ᠵᠢᠯ ᠡᠳ᠋ᠯᠡᠭᠡᠳ 1995 ᠤᠨ ᠳᠤ ᠪᠤᠰᠤᠳ ᠲᠤ ᠬᠤᠳᠠᠯᠳᠤᠨ | ᠥᠭᠴᠡᠢ᠃ 2012 ᠤᠨ ᠳᠤ ᠲᠥᠷᠪᠡᠳᠤᠭᠡᠷ ᠮᠠᠰᠢᠨ ᠲᠡᠷᠭᠡ ᠪᠠᠨ 10000 ᠭᠠᠷᠤᠢ ᠲᠥᠬᠦᠷᠢᠭ ᠢᠶᠠᠷ | ᠬᠤᠳᠠᠯᠳᠤᠨ ᠠᠪᠴᠤ᠂ 2016 ᠤᠨ ᠳᠤ ᠲᠠᠪᠤᠳᠤᠭᠠᠷ ᠮᠠᠰᠢᠨ ᠲᠡᠷᠭᠡ ᠪᠤᠯᠬᠤ ᠪᠢᠶᠤᠤ ᡁᠢ ᠳᠡᠮᠳᠡᠭᠳᠤ ᠲᠡᠷᠭᠡ ᠪᠠᠨ | 30000 ᠭᠠᠷᠤᠢ ᠲᠥᠬᠦᠷᠢᠭ ᠢᠶᠠᠷ ᠬᠤᠳᠠᠯᠳᠤᠨ ᠠᠪᠴᠤ ᠤᠳᠤ ᠪᠤᠯᠳᠠᠯ᠎ᠠ ᠵᠢᠯᠤᠭᠤᠳᠴᠤ ᠪᠠᠶᠢᠨ᠎ᠠ᠃ | | | | | | | | ᠬᠠᠳᠠ ᠲᠠᠪᠢᠨ ᠵᠢᠷᠭᠤᠭᠠᠠ ᠵᠢᠯ ᠮᠠᠰᠢᠨ ᠲᠡᠷᠭᠡ ᠵᠢᠯᠤᠭᠤᠳᠬᠤ ᠲᠤᠮᠳᠠ ᠮᠠᠰᠢ ᠤᠯᠠᠠ ᠲᠤᠷᠰᠢᠯᠭ᠎ᠠ ᠰᠤᠷᠭᠠᠮᠵᠢ | ᠬᠤᠷᠠᠮᠳᠤᠭᠤᠯᠵᠡᠢ᠃ ︽ᠮᠠᠰᠢᠨ ᠲᠡᠷᠭᠡ ᠶᠢ ᠵᠢᠯᠤᠭᠤᠳᠬᠤ ᠳᠤ ᠮᠠᠰᠢᠨ ᠤ ᠭᠤᠯᠭᠤᠭᠤᠷ ᠲᠤᠰᠤ ᠶᠢ ᠨᠢ ᠴᠠᠬ ᠲᠤᠬᠠᠢ | ᠳᠤᠨᠢ ᠰᠤᠯᠢᠬᠤ ᠪᠤᠯ ᠨᠢᠭᠡ ᠴᠢᠬᠤᠯᠠ ᠶᠠᠪᠤᠳᠠᠯ᠃ ᠶᠡᠷᠤᠨᠢ ᠮᠠᠰᠢᠨ ᠲᠡᠷᠭᠡ ᠶᠢ ᠠᠭᠠᠵᠢᠭᠤ ᠰᠢᠬ ᠵᠢᠯᠤᠭᠤᠳᠴᠤ | ᠶᠠᠪᠤᠪᠠᠯ ᠠᠮᠢ ᠨᠠᠰᠤ ᠨᠢ ᠤᠷᠳᠤ ᠪᠠᠶᠢᠵᠤ᠂ ᠵᠢᠯᠤᠭᠤᠳᠤᠬᠰᠠᠠ ᠬᠥᠮᠦᠨ ᠨᠢ ᠴᠤ ᠠᠮᠤᠷ ᠲᠥᠪᠰᠢᠨ ᠪᠠᠶᠢᠳᠠᠬ ᠪᠤᠯᠬᠤᠷ | ᠵᠠᠯᠠᠭᠤᠴᠤᠳ ᠢᠳᠡᠷᠴᠤᠳ ᠮᠠᠨᠢ ᠮᠠᠰᠢᠨ ᠲᠡᠷᠭᠡ ᠪᠠᠨ ᠯᠠᠪᠳᠠᠭᠤᠨ ᠪᠤᠯᠭᠤᠮᠵᠢᠳᠠᠢ ᠪᠠᠷ ᠠᠭᠠᠵᠢᠭᠤ ᠵᠢᠯᠤᠭᠤᠳᠪᠠᠯ | ᠵᠤᠬᠢᠨ᠎ᠠ︾ ᠭᠡᠮᠡᠨ ᠪᠤᠰᠤᠳ ᠲᠤ ᠰᠠᠨᠠᠭᠤᠯᠵᠦ ᠪᠠᠶᠢᠯ᠎ᠠ᠃ | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |