ᠪᠤᠤ ᠰᠠᠷᠠᠭᠤᠯ | ︽ᠬᠦᠮᠦᠨ ᠬᠤᠭᠤᠯᠠ ᠪᠠᠷ ᠬᠦᠯᠦᠭ ᠡᠪᠡᠰᠤ ᠪᠠᠷ︾ ᠬᠡᠳᠡᠭᠴᠢᠯᠡᠨ ᠬᠦᠮᠦᠨ ᠬᠠᠷ᠎ᠠ ᠳᠤ ᠬᠤᠭᠤᠯᠠ ᠬᠦᠨᠡᠰᠤ | ᠲᠤᠳᠠᠵᠤ ᠪᠤᠯᠬᠤ ᠦᠬᠡᠢ᠂ ᠠᠳᠤᠭᠤ ᠮᠠᠯ ᠳᠤ ᠡᠪᠡᠰᠤ ᠪᠤᠷᠳᠤᠭ᠎ᠠ ᠲᠤᠳᠠᠵᠤ ᠪᠤᠯᠬᠤ ᠦᠬᠡᠢ ᠶᠤᠮ᠃ ᠠᠮᠤ ᠪᠤᠳᠠᠭ᠎ᠠ | ᠪᠤᠯ ᠬᠦᠮᠦᠰ ᠤᠨ ᠡᠳᠤᠷ ᠪᠦᠷᠢ ᠶᠢᠨ ᠵᠠᠪᠠᠯ ᠢᠳᠡᠳᠡᠭ ᠬᠤᠭᠤᠯᠠ ᠬᠦᠨᠡᠰᠤ ᠮᠦᠨ᠃ ᠤᠯᠤᠰ ᠤᠷᠤᠨ ᠬᠦᠭᠵᠢᠨ | ᠴᠡᠴᠡᠭᠯᠡᠵᠤ ᠠᠮᠤ ᠪᠤᠳᠠᠭᠠᠨ ᠤ ᠲᠠᠷᠢᠮᠠᠯ ᠵᠢᠯ ᠳᠠᠷᠠᠭᠠᠯᠠᠨ ᠡᠯᠪᠡᠭ ᠬᠤᠷᠢᠶᠠᠯᠳᠠ ᠤᠯᠵᠦ ᠪᠠᠶᠢᠭ᠎ᠠ ᠪᠤᠯᠪᠠᠴᠦ ᠠᠮᠤ | ᠪᠤᠳᠠᠭᠠᠨ ᠤ ᠠᠮᠤᠷ ᠲᠦᠪᠰᠢᠨ ᠤ ᠲᠠᠯ᠎ᠠ ᠪᠠᠷ ᠢᠮᠠᠬᠳᠠ ᠲᠦᠭᠰᠢᠬᠦᠷᠢᠳᠦ ᠤᠬᠠᠮᠰᠠᠷ ᠲᠠᠢ ᠪᠠᠶᠢᠵᠤ ᠠᠷᠪᠢᠯᠠᠨ ᠭᠠᠮᠨᠠᠬᠤ | ᠴᠢᠬᠤᠯᠠᠳᠠᠢ᠃ ᠲᠠᠬᠡᠬᠦ ᠳᠤ ᠨᠡᠶᠢᠬᠡᠮ ᠨᠡᠶᠢᠳᠡ ᠳᠤ ᠬᠠᠷᠢᠨ ᠠᠮᠤ ᠪᠤᠳᠠᠭ᠎ᠠ ᠶᠢ ᠪᠦᠷᠢᠯᠬᠡᠨ ᠰᠦᠢᠳᠬᠡᠵᠤ ᠪᠠᠶᠢᠭ᠎ᠠ | ᠦᠵᠡᠭᠳᠡᠯ ᠬᠦᠨᠳᠤ ᠨᠤᠴᠢᠳᠠᠢ ᠤᠷᠤᠰᠢᠵᠤ᠂ ᠨᠢᠳᠤ ᠶᠢ ᠬᠠᠯᠢᠷᠠᠭᠤᠯᠵᠦ ᠵᠢᠷᠦᠭᠡ ᠶᠢ ᠰᠢᠮᠰᠢᠷᠡᠬᠦᠯᠤᠨᠠ᠃ | ᠲᠦᠪ ᠤᠨ ᠰᠠᠬᠢᠯᠭ᠎ᠠ ᠪᠠᠳᠤ ᠪᠠᠶᠢᠴᠠᠭᠠᠬᠤ ᠬᠤᠷᠢᠶ᠎ᠠ ᠤᠯᠤᠰ ᠤᠨ ᠬᠢᠨᠠᠨ ᠪᠠᠶᠢᠴᠠᠭᠠᠬᠤ ᠵᠦᠪᠯᠡᠯ ᠤᠨ ᠠᠯᠪᠠᠨ | ᠰᠦᠯᠵᠢᠶ᠎ᠡ ᠳᠤ ᠨᠡᠶᠢᠳᠡᠯᠡᠭᠰᠡᠨ ︽ᠤᠷᠳᠤ ᠬᠤᠭᠤᠴᠠᠭᠠᠨ ᠤ ᠪᠦᠳᠦᠮᠵᠢᠳᠠᠢ ᠲᠤᠭᠳᠠᠴᠠ ᠪᠠᠷ ᠲᠠᠮᠵᠢᠨ ᠢᠳᠡᠬᠡᠨ | ᠤᠮᠳᠠᠭᠠᠨ ᠢ ᠪᠦᠷᠢᠯᠬᠡᠨ ᠰᠦᠢᠳᠬᠡᠬᠦ ᠶᠢ ᠵᠤᠭᠰᠤᠭᠠᠶᠠ︾ ᠬᠡᠬᠦ ᠰᠢᠬᠦᠮᠵᠢ ᠶᠢᠨ ᠵᠤᠬᠢᠶᠠᠯ ᠳᠤ ︽ᠰᠤᠳᠤᠯᠭᠠᠨ ᠳᠤ | ᠬᠠᠷᠠᠭᠤᠯᠤᠭᠰᠠᠨ ᠢᠶᠠᠷ᠂ ᠮᠠᠨ ᠤ ᠤᠯᠤᠰ ᠤᠨ ᠵᠢᠯ ᠤᠨ ᠪᠦᠷᠢᠯᠬᠡᠨ ᠰᠦᠢᠳᠬᠡᠵᠤ ᠪᠠᠶᠢᠭ᠎ᠠ ᠠᠮᠤ ᠪᠤᠳᠠᠭ᠎ᠠ ᠪᠠᠷᠤᠭ | 3500 ᠲᠦᠮᠡᠨ ᠲᠤᠨ ᠪᠠᠶᠢᠵᠤ᠂ ᠪᠦᠬᠦ ᠤᠯᠤᠰ ᠤᠨ ᠠᠮᠤ ᠪᠤᠳᠠᠭᠠᠨ ᠤ ᠶᠠᠷᠤᠩᠬᠡᠢ ᠤᠨᠠᠯᠳᠠ ᠶᠢᠨ 6% ᠳᠤ | ᠲᠦᠬᠦᠵᠤ ᠪᠠᠶᠢᠨ᠎ᠠ᠃ ᠮᠠᠨ ᠤ ᠤᠯᠤᠰ ᠤᠨ ᠢᠳᠡᠬᠡᠨ ᠤᠮᠳᠠᠭᠠᠨ ᠤ ᠡᠵᠡᠩᠨᠡᠯᠳᠡ ᠶᠢᠨ ᠭᠠᠵᠠᠷ ᠲᠤ ᠬᠦᠮᠦᠨ | ᠲᠤᠮᠳᠠᠴᠢ ᠶᠢᠨ ᠤᠳᠠᠭ᠎ᠠ ᠪᠦᠷᠢ ᠶᠢᠨ ᠬᠤᠭᠤᠯᠠᠨ ᠳᠠᠬᠢ ᠢᠳᠡᠬᠡᠨ ᠤ ᠪᠦᠷᠢᠯᠬᠡᠯᠳᠡ ᠶᠢᠨ ᠬᠡᠮᠵᠢᠶ᠎ᠠ 93 ᠭᠷᠠᠮ ᠪᠠᠶᠢᠵᠤ | ᠂ ᠪᠦᠷᠢᠯᠬᠡᠯᠳᠡ ᠶᠢᠨ ᠨᠤᠷᠮ᠎ᠠ 11.7% ᠳᠤ ᠬᠦᠷᠴᠦ ᠪᠠᠶᠢᠨ᠎ᠠ︾ ᠬᠡᠵᠤ ᠲᠤᠰᠬᠠᠪᠠ᠃ | ᠲᠤᠭ᠎ᠠ ᠨᠤᠷᠮ᠎ᠠ ᠲᠠᠩ ᠴᠤᠯᠭᠤᠢ ᠪᠤᠯᠪᠠᠴᠦ ᠬᠠᠮᠤᠭ ᠤᠨ ᠢᠳᠡᠬᠡᠬᠦᠯᠬᠦ ᠬᠦᠴᠦᠨ ᠲᠠᠢ᠂ ᠡᠳᠡᠬᠡᠷ ᠲᠤᠭ᠎ᠠ ᠨᠤᠷᠮ᠎ᠠ ᠶᠢ | ᠰᠡᠳᠬᠢᠨ ᠲᠤᠩᠭᠠᠬᠤᠶᠠ ᠨᠡᠬᠡᠷᠡᠨ ᠬᠤᠶᠢᠬ᠎ᠠ ᠶᠢᠨ ᠦᠰᠤ ᠪᠤᠰᠤᠮᠠᠷ ᠶᠤᠮ᠃ ᠪᠠᠶᠠᠷᠯᠠᠭᠤᠰᠢᠳᠠᠢ ᠨᠢ᠂ ᠤᠢᠢᠷ᠎ᠠ ᠶᠢᠨ | ᠵᠢᠯ ᠠᠴᠠ ᠨᠠᠭᠠᠰᠢ ᠤᠯᠤᠰ ᠤᠷᠤᠨ ᠠᠴᠠ ᠠᠮᠤ ᠪᠤᠳᠠᠭ᠎ᠠ ᠶᠢ ᠠᠷᠪᠢᠯᠠᠨ ᠭᠠᠮᠨᠠᠬᠤ ᠶᠢ ᠡᠷᠭᠢᠮᠯᠠᠵᠤ ᠪᠦᠷᠢᠯᠭᠡᠨ | ᠰᠦᠢᠳᠭᠡᠬᠦ ᠶᠢ ᠡᠰᠡᠷᠬᠦᠴᠡᠬᠦ ᠶᠢ ᠤᠷᠢᠳ ᠭᠠᠷᠤᠭ᠎ᠠ ᠦᠬᠡᠢ ᠴᠢᠩᠭᠠᠳᠬᠠᠵᠤ᠂ ᠪᠦᠳᠦᠮᠵᠢᠳᠠᠢ ᠠᠷᠭ᠎ᠠ ᠬᠡᠮᠵᠢᠶ᠎ᠠ | ᠠᠪᠤᠭᠰᠠᠨ ᠠᠴᠠ ᠠᠮᠤ ᠪᠤᠳᠠᠭ᠎ᠠ ᠶᠢ ᠠᠷᠪᠢᠯᠠᠨ ᠭᠠᠮᠨᠠᠬᠤ ᠠᠭᠤᠷ ᠠᠮᠢᠰᠬᠤᠯ ᠪᠦᠷᠢᠯᠳᠦᠵᠤ ᠡᠬᠢᠯᠡᠭᠰᠡᠨ ᠪᠠᠶᠢᠨ᠎ᠠ᠃ | ᠵᠠᠷᠢᠮ ᠪᠠᠶᠢᠭᠤᠯᠭ᠎ᠠ ᠨᠢᠭᠡᠴᠢ ᠶᠢᠨ ᠬᠢᠨ ︽ᠪᠦᠷᠢᠯᠭᠡᠨ ᠰᠦᠢᠳᠭᠡᠬᠦ ᠶᠢ ᠡᠰᠡᠷᠬᠦᠴᠡᠵᠤ ᠠᠷᠪᠢᠯᠡᠨ ᠭᠠᠮᠨᠠᠬᠤ ᠶᠢ | ᠡᠷᠬᠢᠮᠯᠡᠬᠦ︾ ᠨᠠᠮ ᠤᠨ ᠡᠳᠦᠷ ᠤᠨ ᠠᠵᠢᠯᠯᠠᠭ᠎ᠠ ᠦᠷᠨᠢᠬᠦᠯᠵᠤ᠂ ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠲᠤ | ᠠᠮᠤ ᠬᠦᠨᠡᠰᠦ ᠶᠢ ᠠᠷᠪᠢᠯᠠᠨ ᠭᠠᠮᠨᠠᠬᠤ ᠰᠢᠯᠢᠳᠡᠭ ᠭᠡᠪ ᠰᠤᠷᠳᠠᠯ ᠢ ᠤᠬᠠᠭᠤᠯᠤᠨ᠂ ᠠᠵᠤ ᠠᠬᠤᠢᠢᠯᠠᠯ ᠠᠯᠪᠠᠨ | ᠪᠠᠶᠢᠭᠤᠯᠭ᠎ᠠ ᠶᠢᠨ ᠬᠤᠭᠤᠯᠠᠨ ᠭᠡᠷ ᠲᠤ ᠢᠳᠡᠭᠡᠨ ᠤᠮᠳᠠᠭᠠᠨ ᠬᠤᠲᠠᠯᠳᠤᠨ ᠤᠷᠤᠭᠤᠯᠬᠤ ᠠᠴᠠ ᠬᠤᠭᠤᠯᠠ ᠵᠠᠭᠤᠰᠢ | ᠪᠡᠯᠡᠳᠭᠦ ᠬᠦᠷᠳᠡᠯ᠎ᠠ ᠠᠷᠪᠢᠴᠢ ᠭᠠᠮᠳᠠᠢ ᠪᠠᠶᠢᠬᠤ ᠶᠢ ᠪᠠᠷᠢᠮᠲᠠᠯᠠᠵᠤ᠂ ᠵᠡᠭᠡᠯᠢ ᠭᠤᠳᠤᠮᠵᠢ ᠶᠢᠨ ᠬᠤᠭᠤᠯᠠᠨ ᠬᠡᠷ ᠲᠤ | ᠬᠡᠷᠡᠭᠴᠡᠭᠡ ᠪᠠᠨ ᠦᠨᠳᠦᠰᠦᠯᠡᠵᠤ ᠬᠤᠭᠤᠯᠠ ᠵᠠᠬᠢᠶᠠᠯᠠᠬᠤ᠂ ᠲᠤᠬᠲᠠᠬᠰᠠᠨ ᠬᠡᠮᠵᠢᠶᠡᠨ ᠤ ᠬᠤᠭᠤᠯᠠ ᠵᠠᠬᠢᠶᠠᠯᠠᠬᠤ᠂ | ᠦᠯᠡᠳᠡᠭᠰᠡᠨ ᠬᠤᠭᠤᠯᠠ ᠪᠠᠨ ᠰᠠᠪᠠᠯᠠᠬᠤ ᠰᠠᠨᠠᠭᠠᠴᠢᠯᠠᠭ᠎ᠠ ᠦᠭᠬᠦᠭᠰᠡᠨ ᠠᠴᠠ ᠢᠳᠡᠭᠡᠨ ᠤᠮᠳᠠᠭᠠᠨ ᠢ ᠪᠦᠷᠢᠯᠭᠡᠨ | ᠰᠦᠢᠳᠭᠡᠬᠦ ᠬᠢᠳᠡᠯ ᠢ ᠡᠬᠢ ᠡᠬᠦᠰᠦᠯ ᠠᠴᠠ ᠨᠢ ᠬᠤᠷᠢᠬᠯᠠᠵᠦ᠂ ᠪᠤᠯᠪᠠᠰᠤᠨ ᠢᠶᠠᠷ ᠬᠤᠭᠤᠯᠠᠯᠠᠬᠤ ᠰᠢᠨ᠎ᠠ ᠭᠡᠪ ᠰᠤᠷᠳᠠᠯ | ᠬᠦᠮᠤᠰ ᠤᠨ ᠤᠬᠠᠮᠰᠠᠷᠲᠦ ᠠᠵᠢᠯᠯᠠᠭ᠎ᠠ ᠪᠤᠯᠵᠤ ᠡᠬᠢᠯᠡᠯ᠎ᠠ᠃ ᠢᠯᠠᠩᠭᠤᠶ᠎ᠠ ᠳᠤᠮᠳᠠᠳᠤ ᠪᠠᠭ᠎ᠠ ᠰᠤᠷᠭᠠᠭᠤᠯᠢ ᠠᠴᠠ | ᠭᠡᠦᠭᠡᠳ ᠤᠨ ᠴᠡᠴᠡᠷᠯᠢᠭ ᠬᠦᠷᠳᠡᠯ᠎ᠠ ᠢᠳᠡᠭᠡᠨ ᠤᠮᠳᠠᠭᠠᠨ ᠢ ᠪᠦᠷᠢᠯᠭᠡᠬᠦ ᠬᠢᠳᠡᠯ ᠢ ᠡᠷᠡᠰ ᠬᠤᠷᠢᠬᠯᠠᠬᠤ ᠪᠤᠳᠠᠳᠠᠢ | ᠠᠷᠭ᠎ᠠ ᠭᠡᠮᠵᠢᠶ᠎ᠠ ᠠᠪᠴᠤ ᠡᠭᠢᠯᠡᠭᠰᠡᠨ ᠪᠦᠬᠡᠳ ︽ᠬᠤᠭᠤᠯᠠ ᠢᠳᠡᠬᠦ ᠳᠡᠭᠡᠨ ᠢᠯᠡᠬᠦᠦ ᠵᠠᠬᠢᠶᠠᠯᠠᠵᠦ ᠪᠤᠯᠬᠤ ᠦᠭᠡᠢ᠂ | ᠢᠳᠡᠭᠦ ᠭᠡᠮᠵᠢᠶ᠎ᠠ ᠪᠠᠷ ᠢᠶᠠᠨ ᠵᠠᠬᠢᠶᠠᠯᠠᠬᠤ ᠭᠡᠷᠡᠭᠲᠡᠢ︾᠂ ︽ᠪᠦᠷᠢᠯᠭᠡᠨ ᠰᠦᠢᠳᠬᠡᠬᠦ ᠨᠢ ᠢᠴᠢᠭᠦᠷᠢᠲᠡᠶ ᠠᠷᠪᠢᠯᠠᠨ | ᠭᠠᠮᠨᠠᠬᠤ ᠨᠢ ᠦᠩᠬᠡ ᠬᠡᠷᠡᠯᠳᠠᠢ︾ ᠮᠡᠳᠤ ᠶᠢᠨ ᠠᠮᠤ ᠪᠤᠳᠠᠭ᠎ᠠ ᠶᠢ ᠠᠷᠪᠢᠯᠠᠨ ᠭᠠᠮᠨᠠᠬᠤ ᠶᠢ ᠰᠤᠷᠳᠠᠯᠴᠢᠯᠠᠭᠰᠠᠨ | ᠤᠬᠠᠭᠤᠯᠭ᠎ᠠ ᠬᠦᠮᠦᠵᠢᠯ ᠢ ᠴᠢᠩᠭᠠᠳᠬᠠᠵᠤ᠂ ᠰᠢᠷᠭᠠᠭᠤ ᠬᠠᠳᠠᠭᠤᠵᠢᠯᠳᠠᠢ ᠲᠠᠮᠡᠴᠡᠵᠤ ᠠᠵᠢᠯᠴᠢ ᠠᠷᠪᠢᠴᠢ ᠪᠠᠷ | ᠠᠮᠢᠳᠤᠷᠠᠬᠤ ᠦᠵᠡᠯ ᠰᠠᠨᠠᠭ᠎ᠠ ᠶᠢ ᠬᠡᠤᠬᠡᠳ ᠪᠠᠭᠠᠴᠤᠳ ᠲᠤ ᠤᠯᠠᠮᠵᠢᠯᠠᠨ ᠦᠢᠯᠡᠳᠦᠯᠬᠡᠵᠢᠬᠦᠯᠵᠤ ᠪᠠᠶᠢᠬᠤ ᠨᠢ | ᠦᠨᠡᠯᠡᠬᠦᠰᠢᠳᠠᠢ᠃ | ︽ᠬᠠᠯᠠᠭᠤᠨ ᠨᠠᠷᠠᠨ ᠳᠤ ᠲᠠᠷᠢᠶ᠎ᠠ ᠠᠷᠴᠢᠬᠤᠶ᠎ᠠ ᠬᠠᠷ᠎ᠠ ᠬᠦᠯᠦᠰᠦ ᠴᠢᠪ ᠴᠢᠪ ᠳᠤᠰᠤᠯᠮᠤᠢ᠂ ᠲᠠᠪᠠᠭ ᠲᠠᠢ | ᠬᠤᠭᠤᠯᠠᠨ ᠤ ᠮᠦᠬᠦᠯᠢᠭ ᠪᠦᠷᠢ ᠳᠤ ᠲᠠᠷᠢᠶᠠᠴᠢᠨ ᠤ ᠵᠤᠪᠠᠭᠤᠷᠢ ᠰᠢᠩᠭᠡᠭᠰᠡᠨ ᠢ ᠬᠡᠨ ᠮᠡᠳᠡᠨᠡᠮ︾ ᠭᠡᠬᠦ ᠡᠷᠳᠡᠨ ᠤ | ᠰᠢᠯᠦᠭᠯᠡᠯ ᠪᠠᠶᠢᠳᠠᠭ᠃ ᠴᠤᠬᠤᠮ ᠬᠡᠨ ᠮᠡᠳᠡᠨᠡᠮ︖ ᠪᠠᠷᠤᠭ ᠬᠦᠮᠦᠨ ᠪᠦᠬᠦᠨ ᠴᠦᠮ ᠮᠡᠳᠡᠵᠤ ᠪᠠᠶᠢᠬ᠎ᠠ⁈ ᠲᠡᠶᠢᠮᠤ | ᠪᠤᠯᠬᠤᠷ ᠬᠦᠮᠦᠨ ᠪᠦᠬᠦᠨ ᠦᠪᠡᠷ ᠤᠨ ᠪᠠᠶ᠎ᠠ ᠠᠴᠠ ᠪᠠᠨ ᠭᠠᠷᠳᠠᠨ ᠠᠮᠤ ᠪᠤᠳᠠᠭ᠎ᠠ ᠶᠢ ᠠᠷᠪᠢᠯᠠᠨ ᠭᠠᠮᠨᠠᠬᠤ ᠶᠢ | ᠲᠠᠬᠡᠳᠤᠯᠡᠵᠤ᠂ ᠨᠡᠶᠢᠬᠡᠮ ᠲᠠᠶᠠᠭᠠᠷ ᠢᠶᠠᠨ ᠰᠢᠷᠭᠠᠭᠤ ᠬᠠᠳᠠᠭᠤᠵᠢᠯᠳᠠᠢ ᠲᠠᠮᠡᠴᠡᠵᠤ ᠠᠵᠢᠯᠴᠢ ᠠᠷᠪᠢᠴᠢ ᠪᠠᠷ | ᠠᠮᠢᠳᠤᠷᠠᠬᠤ ᠴᠢᠬᠤᠯᠠᠳᠠᠢ᠃ ᠡᠨᠡ ᠪᠤᠯ ᠤᠷᠢᠳᠤᠬᠢ ᠶᠢ ᠵᠠᠯᠭᠠᠮᠵᠢᠯᠠᠨ ᠬᠤᠶᠢᠰᠢᠬᠢ ᠳᠤ ᠵᠠᠮ ᠨᠡᠬᠡᠬᠡᠵᠤ᠂ ᠲᠠᠬᠢᠨ ᠬᠡᠷᠡᠯ | ᠰᠠᠴᠤᠷᠠᠩᠭᠤᠢ ᠠᠮᠵᠢᠯᠳᠠ ᠶᠢ ᠡᠬᠦᠳᠬᠦ ᠶᠢᠨ ᠴᠢᠬᠤᠯᠠ ᠪᠠᠳᠤᠯᠠᠭ᠎ᠠ ᠪᠤᠯᠬᠤ ᠶᠤᠮ᠃ | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |