ᠸᠠᠨᠳᠤᠤ  ᠶᠢᠨ ᠨᠢᠭᠤᠠᠠᠳᠠᠮᠠᠬᠠᠢ ᠢᠯᠠᠭ᠎ᠠ  ᠶᠢᠨ  ᠬᠦᠨᠦᠭᠡᠯ  ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2021/9/28
ᠸᠠᠨᠳᠤᠤ ᠶᠢᠨ ᠨᠢᠭᠤᠠᠠᠳᠠᠮᠠᠬᠠᠢ ᠢᠯᠠᠭ᠎ᠠ ᠪᠤᠯ ᠭᠤᠤᠯ ᠨᠢ ᠸᠠᠨᠳ᠋ᠸᠤ᠂ ᠼᠠᠠᠳ᠋ᠸᠤ᠂ ᠲᠤᠰᠤᠳᠤ ᠨᠤᠭᠤᠭ᠎ᠠ᠂ ᠴᠠᠭᠠᠨ  ᠨᠤᠭᠤᠭ᠎ᠠ᠂ ᠪᠦᠭᠡᠷᠡᠩᠭᠡᠢ ᠴᠠᠭᠠᠨ ᠨᠤᠭᠤᠭ᠎ᠠ᠂ ᠯᠤᠤᠪᠠᠨᠭ᠌᠂ ᠰᠢᠯᠦᠭᠡᠢ ᠨᠤᠭᠤᠭ᠎ᠠ᠂ ᠲᠦᠪᠡᠳ ᠬᠠᠰᠢ᠂ ᠲᠦᠮᠦᠰᠤ᠂ ᠲᠠᠷᠪᠤᠰ᠂ ᠠᠮᠳᠠᠳᠤ ᠭᠡᠮᠭᠡ ᠵᠡᠷᠭᠡ  ᠲᠠᠷᠢᠮᠡᠯ  ᠢ ᠭᠦᠨᠦᠭᠡᠳᠡᠭ᠂ ᠠᠪᠠᠭᠠᠯᠳᠠᠢ ᠨᠢ ᠨᠠᠪᠴᠢᠨ ᠳᠤ ᠨᠢᠭᠤᠠᠠᠳᠠᠨ ᠭᠦᠨᠦᠭᠡᠵᠤ᠂ ᠨᠠᠪᠴᠢᠨ ᠎ ᠤ ᠪᠠᠷᠢᠭᠤᠯ  ᠢ ᠰᠡᠨᠳᠡᠶᠢᠯᠡᠨ ᠢᠳᠡᠵᠤ᠂ ᠵᠦᠪᠭᠡᠨ  ᠬᠠᠯᠢᠰᠤ  ᠶᠢ ᠨᠢ ᠦᠯᠡᠳᠡᠭᠡᠵᠤ᠂ ᠮᠤᠷᠤᠢ ᠰᠠᠷᠤᠢ ᠬᠤᠷᠤᠬᠠᠢ  ᠤᠨ ᠵᠠᠮ ᠭᠠᠷᠭᠠᠵᠤ᠂ ᠭᠦᠨᠳᠤ ᠨᠤᠴᠢᠳᠡᠢ ᠦᠶᠡᠰ ᠪᠦᠭᠦ ᠨᠠᠪᠴᠢ  ᠶᠢ ᠬᠠᠳᠠᠨ  ᠬᠤᠷᠪᠤᠶᠢᠯᠭᠠᠵᠤ᠂ ᠨᠠᠪᠴᠢᠳᠤ ᠨᠤᠭᠤᠭ᠎ᠠ ᠎ ᠶᠢᠨ ᠢᠳᠡᠭᠡᠨ  ᠤ ᠦᠨ᠎ᠠ ᠴᠠᠨ᠎ᠠ  ᠶᠢ ᠠᠯᠳᠠᠭᠤᠯᠵᠤ᠂ ᠸᠠᠨᠳ᠋ᠸᠤ᠂ ᠲᠤᠰᠤᠳᠤ ᠨᠤᠭᠤᠭ᠎ᠠ ᠵᠡᠷᠭᠡ ᠨᠢ  ᠭᠦᠨᠦᠭᠡᠭᠳᠡᠭᠰᠡᠨ ᠎ ᠤ ᠰᠡᠭᠦᠯᠡᠷ᠂ ᠵᠢᠮᠢᠰ  ᠤᠨ ᠪᠤᠭᠤᠷᠴᠠᠭ  ᠤᠨ ᠴᠠᠳᠬᠤᠯᠠᠩ ᠪᠠᠶᠢᠳᠠᠯ  ᠢ ᠨᠦᠯᠦᠭᠡᠯᠡᠵᠤ᠂ ᠦᠷ᠎ᠡ  ᠶᠢᠨ ᠶᠠᠰᠤ ᠴᠢᠨᠠᠷ ᠪᠡ  ᠬᠤᠷᠢᠶᠠᠯᠳᠠ  ᠶᠢ ᠪᠠᠭᠤᠷᠠᠭᠤᠯᠳᠠᠭ ᠪᠠᠶᠢᠨ᠎ᠠ᠃ ᠸᠠᠨᠳᠤᠤ ᠶᠢᠨ ᠨᠢᠭᠤᠠᠠᠳᠠᠮᠠᠬᠠᠢ ᠢᠯᠠᠭ᠎ᠠ  ᠶᠢ ᠰᠡᠷᠭᠡᠶᠢᠯᠡᠨ ᠵᠠᠰᠠᠬᠤ ᠠᠷᠭ᠎ᠠ ᠭᠡᠪᠡᠯ᠂ ︵1︶  ᠦᠯᠡᠳᠡᠭᠳᠡᠯ ᠨᠠᠪᠴᠢ ᠨᠠᠮᠠᠭ᠎ᠠ  ᠶᠢ  ᠲᠠᠷᠦ᠋ᠢᠬᠠᠨ ᠰᠢᠢᠳᠪᠤᠷᠢᠯᠡᠵᠤ᠂ ᠬᠤᠷᠤᠬᠠᠢ  ᠶᠢᠨ ᠰᠠᠭᠤᠷᠢ ᠲᠤᠭ᠎ᠠ  ᠶᠢ ᠴᠦᠭᠡᠳᠭᠡᠨ᠎ᠡ᠃   ︵2︶   ᠦᠨᠳᠡᠭᠡᠯᠡᠭᠦ ᠭᠦᠭ ᠬᠤᠭᠤᠴᠠᠭ᠎ᠠ ᠪᠠ ᠨᠡᠪᠴᠢᠭᠦ  ᠡᠭᠢᠨ  ᠤ ᠬᠤᠭᠤᠴᠠᠭ᠎ᠠ  ᠶᠢ ᠡᠵᠡᠮᠳᠡᠨ ᠡᠮ ᠭᠡᠷᠡᠭᠯᠡᠨ ᠰᠡᠷᠭᠡᠶᠢᠯᠡᠨ ᠵᠠᠰᠠᠨ᠎ᠠ᠃ ᠭᠡᠷᠡᠭᠯᠡᠭᠦ ᠡᠮ  ᠤᠨ ᠲᠠᠯ᠎ᠠ ᠪᠠᠷ 80% ᠎ ᠶᠢᠨ ᠳ᠋ᠢ ᠳ᠋ᠢ ᠸᠧᠢ ︵敌敌畏︶ ᠲᠤᠰᠤᠨ ᠪᠤᠶᠤ 90% ᠎ ᠶᠢᠨ ᠲᠠᠯᠠᠰᠳᠤ ᠳ᠋ᠢ ᠪᠠᠢ ᠴᠦᠡᠭ ︵敌百虫︶ ᠡᠮ  ᠤᠨ 1000 ᠲᠠᠭᠢᠨ  ᠤ ᠰᠢᠩᠭᠡᠨ᠂ 21% ᠎ ᠶᠢᠨ  ᠽᠸᠡᠭ ᠰᠢᠶᠤᠤ ᠼᠢᠶᠨᠨ ᠮᠠ ︵增效氰马︶ ᠲᠤᠰᠤᠨ ᠡᠮ  ᠤᠨ 8000 ᠲᠠᠭᠢᠨ  ᠤ ᠰᠢᠩᠭᠡᠨ᠂ 2.5% ᠎ ᠶᠢᠨ ᠰᠢᠤᠢ ᠼᠢᠶᠠᠨ ᠵᠢᠤᠢ  ᠮᠠ ︵溴氰菊马︶ ᠪᠤᠶᠤ 20% ᠎ ᠶᠢᠨ ᠭᠦᠡᠭ ᠹᠦ᠋ ︵功夫︶ ᠲᠤᠰᠤᠨ ᠡᠮ  ᠤᠨ 3000 ᠲᠠᠭᠢᠨ  ᠤ ᠰᠢᠩᠭᠡᠨ᠂ 50% ᠎ ᠶᠢᠨ  ᠰᠢᠨ ᠯᠢᠤ ᠯᠢᠨ ︵辛硫磷︶ ᠲᠤᠰᠤᠨ ᠡᠮ  ᠤᠨ 1500 ᠲᠠᠭᠢᠨ  ᠤ ᠰᠢᠩᠭᠡᠨ᠂ 25% ᠎ ᠶᠢᠨ ᠺᠦᠢ ᠯᠢᠤ ᠯᠢᠨ ︵喹硫磷︶  ᠲᠤᠰᠤᠨ ᠡᠮ  ᠤᠨ 2000 ᠲᠠᠭᠢᠨ  ᠤ ᠰᠢᠩᠭᠡᠨ  ᠢ ᠰᠤᠩᠭᠤᠨ ᠰᠦᠷᠴᠢᠨ᠎ᠠ᠃  ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号