ᠪᠣᠭ ᠮᠠᠯ ᠤᠨ ᠮᠢᠯᠵᠠᠩ ᠡᠪᠡᠳᠴᠢᠨ ᠤ ᠲᠤᠬᠠᠢ
ᠨᠡᠶᠢᠲᠡᠯᠡᠭᠰᠡᠨ ᠴᠠᠭ᠄
2021/9/29
ᠡᠪᠡᠳᠴᠢᠨ ᠤ ᠲᠣᠳᠣᠷᠬᠠᠶᠢᠯᠠᠯᠲᠠᠪᠣᠭ ᠮᠠᠯ ᠤᠨ ᠮᠢᠯᠵᠠᠩ ᠡᠪᠡᠳᠴᠢᠨ ᠢᠶᠠᠷ ᠪᠣᠭ ᠮᠠᠯ ᠠᠴᠠ ᠭᠠᠳᠠᠨ᠎ᠠ ᠪᠥᠬᠦᠩ ᠂ ᠬᠠᠷ᠎ᠠ ᠰᠡᠭᠦᠯᠲᠦ ᠂ ᠴᠠᠭᠠᠨ ᠵᠡᠭᠡᠷ᠎ᠡ ᠂ ᠠᠷᠭᠠᠯᠢ ᠂ ᠶᠠᠩᠭᠢᠷ ᠵᠡᠷᠭᠡ ᠨᠡᠯᠢᠶᠡᠳ ᠬᠡᠳᠦᠨ ᠲᠥᠷᠥᠯ ᠤᠨ ᠵᠡᠷᠯᠢᠭ ᠠᠮᠢᠲᠠᠳ ᠡᠪᠡᠳᠴᠢᠯᠡᠨ᠎ᠡ ᠃ ᠦᠬᠡᠷ ᠂ ᠲᠡᠮᠡᠭᠡ ᠪᠠᠶᠢᠭᠠᠯᠢ ᠶᠢᠨ ᠪᠣᠯᠣᠨ ᠲᠤᠷᠰᠢᠯᠲᠠ ᠶᠢᠨ ᠨᠥᠬᠦᠴᠡᠯ ᠳᠤ ᠬᠠᠯᠳᠠᠪᠤᠷᠢᠯᠠᠵᠤ ᠪᠣᠯᠣᠨ᠎ᠠ ᠃ ᠭᠡᠪᠡᠴᠦ ᠡᠳᠡᠭᠡᠷ ᠠᠮᠢᠲᠠᠳ ᠡᠪᠡᠳᠴᠢᠨ ᠤ ᠰᠡᠭᠦᠯ ᠤᠨ ᠲᠡᠭᠡᠭᠡᠭᠴᠢ ᠭᠡᠵᠦ ᠦᠵᠡᠳᠡᠭ ᠃ ᠡᠪᠡᠳᠴᠢᠨ ᠤ ᠬᠠᠯᠳᠠᠪᠤᠷᠢ ᠠᠪᠤᠭᠰᠠᠨ ᠦᠬᠡᠷ ᠰᠢᠨᠵᠢ ᠲᠡᠮᠳᠡᠭ ᠦᠵᠡᠭᠦᠯᠦᠭᠰᠡᠨ ᠲᠣᠬᠢᠶᠠᠯᠳᠤᠯ ᠪᠠᠶᠢᠬᠤ ᠦᠭᠡᠢ ᠴᠦ ᠰᠠᠷᠯᠤᠭ ᠢᠯᠡᠷᠬᠡᠢ ᠡᠪᠡᠳᠴᠢᠯᠡᠭᠰᠡᠨ ᠲᠣᠬᠢᠶᠠᠯᠳᠤᠯ ᠪᠠᠶᠢᠳᠠᠭ ᠃ ᠠᠹᠷᠢᠺᠠ ᠳᠤ ᠨᠢᠭᠡ ᠪᠥᠬᠦᠲᠦ ᠲᠡᠮᠡᠭᠡᠨ ᠳᠤ ᠡᠮᠨᠡᠯ ᠵᠦᠢ ᠶᠢᠨ ᠢᠯᠡᠷᠬᠡᠢ ᠰᠢᠨᠵᠢ ᠲᠡᠮᠳᠡᠭ ᠲᠠᠢ ᠲᠣᠬᠢᠶᠠᠯᠳᠤᠯ ᠴᠥᠭᠡᠨ ᠦᠭᠡᠢ ᠭᠠᠷᠤᠭᠰᠠᠨ ᠪᠠᠶᠢᠳᠠᠭ ᠴᠦ ᠬᠤᠶᠠᠷ ᠪᠥᠬᠦᠲᠦ ᠲᠡᠮᠡᠭᠡᠨ ᠳᠤ ᠤᠭ ᠡᠪᠡᠳᠴᠢᠨ ᠤ ᠰᠢᠨᠵᠢ ᠲᠡᠮᠳᠡᠭ ᠦᠵᠡᠭᠦᠯᠵᠦ ᠡᠪᠡᠳᠴᠢᠯᠡᠭᠦᠯᠦᠭᠰᠡᠨ ᠮᠡᠳᠡᠭᠡ ᠪᠠᠶᠢᠬᠤ ᠦᠭᠡᠢ ᠃ ᠦᠬᠡᠷ ᠂ ᠲᠡᠮᠡᠭᠡ ᠨᠢ ᠪᠤᠰᠤᠳ ᠮᠡᠳᠡᠷᠡᠮᠡᠲᠡᠭᠡᠢ ᠠᠮᠢᠲᠠᠳ ᠲᠤ ᠸᠢᠷᠦ᠋ᠰ ᠤᠨ ᠬᠠᠯᠳᠠᠪᠤᠷᠢ ᠲᠠᠷᠠᠭᠠᠳᠠᠭ ᠦᠭᠡᠢ ᠭᠡᠵᠦ ᠦᠵᠡᠳᠡᠭ ᠃ ᠬᠠᠷᠢᠨ ᠰᠠᠯᠠᠭ᠎ᠠ ᠲᠤᠭᠤᠷᠠᠶᠢᠲᠠᠨ ᠵᠡᠷᠯᠢᠭ ᠠᠮᠢᠲᠠᠨ ᠢ ᠭᠠᠷᠰᠢᠭᠤᠯᠤᠨ ᠲᠡᠵᠢᠭᠡᠬᠦ ᠦᠶ᠎ᠡ ᠳᠤ ᠪᠣᠭ ᠮᠠᠯ ᠤᠨ ᠮᠢᠯᠵᠠᠩ ᠡᠪᠡᠳᠴᠢᠨ ᠢᠶᠠᠷ ᠡᠪᠡᠳᠴᠢᠯᠡᠬᠦ ᠨᠢ ᠡᠯᠪᠡᠭ ᠲᠣᠬᠢᠶᠠᠯᠳᠤᠳᠠᠭ ᠃ ᠵᠡᠷᠯᠢᠭ ᠠᠮᠢᠲᠠᠳ ᠤᠨ ᠳᠤᠮᠳᠠᠬᠢ ᠪᠣᠭ ᠮᠠᠯ ᠤᠨ ᠮᠢᠯᠵᠠᠩ ᠡᠪᠡᠳᠴᠢᠨ ᠤ ᠲᠠᠯ᠎ᠠ ᠪᠠᠷ ᠨᠠᠷᠢᠪᠴᠢᠯᠠᠭᠰᠠᠨ ᠰᠤᠳᠤᠯᠭ᠎ᠠ ᠪᠠᠶᠢᠳᠠᠭ ᠦᠭᠡᠢ ᠴᠦ ᠣᠯᠠᠨ ᠲᠥᠷᠥᠯ ᠤᠨ ᠵᠡᠷᠯᠢᠭ ᠠᠮᠢᠲᠠᠳ ᠡᠪᠡᠳᠴᠢᠯᠡᠳᠡᠭ ᠪᠣᠯᠬᠤ ᠨᠢ ᠲᠣᠭᠲᠠᠭᠠᠭᠳᠠᠭᠰᠠᠨ ᠃ ᠬᠠᠯᠳᠠᠪᠤᠷᠢ ᠠᠪᠤᠭᠰᠠᠨ ᠭᠡᠷ ᠤᠨ ᠲᠡᠵᠢᠭᠡᠪᠦᠷᠢ ᠠᠮᠢᠲᠠᠳ ᠲᠠᠢ ᠵᠡᠷᠯᠢᠭ ᠠᠮᠢᠲᠠᠨ ᠬᠠᠮᠲᠤ ᠪᠡᠯᠴᠢᠬᠦ ᠂ ᠤᠰᠤᠲᠤ ᠴᠡᠭ ᠣᠷᠴᠢᠮ ᠤᠨ ᠰᠢᠭᠤᠳ ᠬᠠᠪᠢᠳᠠᠯ ᠤᠨ ᠵᠠᠮ ᠢᠶᠠᠷ ᠬᠠᠯᠳᠠᠪᠤᠷᠢ ᠳᠠᠮᠵᠢᠳᠠᠭ ᠭᠡᠵᠦ ᠦᠵᠡᠳᠡᠭ  ᠬᠠᠯᠳᠠᠪᠤᠷᠢ ᠶᠢᠨ ᠡᠬᠢ ᠡᠭᠦᠰᠪᠦᠷᠢ ᠂ ᠳᠠᠮᠵᠢᠬᠤ ᠵᠠᠮᠡᠪᠡᠳᠴᠢᠨ ᠤ ᠸᠢᠷᠦ᠋ᠰ ᠤᠨ ᠬᠠᠯᠳᠠᠪᠤᠷᠢ ᠶᠡᠬᠡᠪᠴᠢᠯᠡᠨ ᠣᠶᠢᠷ᠎ᠠ ᠬᠠᠪᠢᠳᠠᠯ ᠢᠶᠠᠷ ᠳᠠᠮᠵᠢᠨ᠎ᠠ ᠃ ᠬᠠᠯᠳᠠᠪᠤᠷᠢ ᠠᠮᠢᠰᠬᠤᠯ ᠤᠨ ᠵᠠᠮ ᠢ ᠢᠯᠡᠭᠦᠦ ᠭᠡᠮᠲᠦᠭᠡᠨ᠎ᠡ ᠃ ᠬᠠᠯᠳᠠᠪᠤᠷᠢ ᠶᠢᠨ ᠨᠢᠭᠤᠴᠠ ᠦᠶ᠎ᠡ ᠳᠤ ᠸᠢᠷᠦ᠋ᠰ ᠨᠢ ᠨᠢᠰᠤ ᠂ ᠨᠤᠤᠬ᠎ᠠ ᠂ ᠰᠢᠯᠦᠰᠦ ᠂ ᠰᠢᠭᠡᠰᠦ ᠂ ᠪᠠᠭᠠᠰᠤ ᠪᠠᠷ ᠭᠠᠳᠠᠭᠰᠢᠯᠠᠨ᠎ᠠ ᠃ ᠪᠣᠭ ᠮᠠᠯ ᠤᠨ ᠮᠢᠯᠵᠠᠩ ᠡᠪᠡᠳᠴᠢᠨ ᠢᠶᠠᠷ ᠡᠪᠡᠳᠴᠢᠯᠡᠭᠡᠳ ᠡᠳᠡᠭᠡᠷᠡᠭᠰᠡᠨ ᠮᠠᠯ ᠸᠢᠷᠦ᠋ᠰ ᠲᠡᠭᠡᠭᠡᠭᠴᠢ ᠪᠣᠯᠳᠠᠭ ᠦᠭᠡᠢ ᠭᠡᠳᠡᠭ ᠢ ᠦᠨᠳᠦᠰᠦᠨ ᠳᠤ ᠪᠠᠨ ᠬᠦᠯᠢᠶᠡᠨ ᠵᠥᠪᠰᠢᠶᠡᠷᠡᠳᠡᠭ ᠃ ᠢᠮᠠᠭ᠎ᠠ ᠶᠢ ᠪᠡᠯᠴᠢᠭᠡᠷ ᠢᠶᠠᠷ ᠮᠠᠯᠯᠠᠵᠤ ᠪᠠᠶᠢᠭ᠎ᠠ ᠦᠶ᠎ᠡ ᠳᠤ ᠤᠭ ᠸᠢᠷᠦ᠋ᠰ ᠲᠠᠷᠬᠠᠬᠤ ᠂ ᠬᠠᠳᠠᠭᠠᠯᠠᠭᠳᠠᠬᠤ ᠨᠥᠬᠦᠴᠡᠯ ᠪᠤᠢ ᠪᠣᠯᠳᠠᠭ ᠭᠡᠵᠦ ᠦᠵᠡᠳᠡᠭ ᠃ ᠮᠥᠨ ᠣᠯᠠᠨ ᠤᠯᠤᠰ ᠤᠨ ᠲᠤᠷᠰᠢᠯᠭ᠎ᠠ ᠠᠴᠠ ᠬᠠᠷᠠᠬᠤ ᠳᠤ ᠠᠮᠢᠳᠤ ᠮᠠᠯ ᠤᠨ ᠮᠠᠶᠢᠮᠠᠢ ᠂ ᠬᠤᠳᠠᠯᠳᠤᠭ᠎ᠠ ᠡᠷᠬᠢᠯᠡᠭᠴᠢᠳ ᠬᠠᠯᠳᠠᠪᠤᠷᠢ ᠲᠠᠷᠬᠠᠬᠤ ᠳᠤ ᠨᠥᠯᠥᠭᠡ ᠲᠠᠢ ᠪᠣᠯᠬᠤ ᠨᠢ ᠪᠠᠲᠤᠯᠠᠭᠳᠠᠭᠰᠠᠨ ᠃ ᠲᠤᠬᠠᠶᠢᠯᠠᠪᠠᠯ ᠠᠮᠢᠳᠤ ᠮᠠᠯ ᠤᠨ ᠡᠷᠢᠯᠲᠡ ᠬᠡᠷᠡᠭᠴᠡᠭᠡ ᠶᠡᠬᠡᠰᠦᠭᠰᠡᠨ ᠦᠶ᠎ᠡ ᠳᠤ ᠬᠠᠯᠳᠠᠪᠤᠷᠢ ᠲᠠᠢ ᠮᠠᠯ ᠢ ᠡᠷᠡᠭᠦᠯ ᠪᠦᠰᠡ ᠨᠤᠲᠤᠭ ᠲᠤ ᠬᠤᠳᠠᠯᠳᠤᠭᠠᠯᠠᠬᠤ ᠡᠷᠡᠰᠳᠦᠯ ᠨᠡᠮᠡᠭᠳᠡᠳᠡᠭ ᠪᠠᠶᠢᠨ᠎ᠠ ᠃ ᠪᠣᠭ ᠮᠠᠯ ᠤᠨ ᠮᠢᠯᠵᠠᠩ ᠡᠪᠡᠳᠴᠢᠨ ᠤ ᠬᠠᠯᠳᠠᠪᠤᠷᠢ ᠲᠠᠷᠬᠠᠬᠤ ᠳᠤ ᠳᠠᠷᠠᠭᠠᠬᠢ ᠬᠦᠴᠦᠨ ᠵᠦᠢᠯᠡᠰ ᠨᠥᠯᠥᠭᠡᠯᠡᠨ᠎ᠡ ᠃ ᠡᠭᠦᠨ ᠳᠤ ᠄  ᠬᠠᠯᠳᠠᠪᠤᠷᠢ ᠲᠠᠷᠬᠠᠬᠤ ᠭᠤᠣᠯ ᠵᠠᠮ ᠨᠢ ᠣᠶᠢᠷ᠎ᠠ ᠶᠢᠨ ᠬᠠᠪᠢᠲᠠᠯ ᠂ ᠬᠠᠯᠳᠠᠪᠤᠷᠢ ᠲᠠᠢ ᠪᠣᠯᠣᠨ ᠡᠷᠡᠭᠦᠯ ᠮᠠᠯ ᠢ ᠨᠢᠭᠡ ᠬᠠᠰᠢᠶ᠎ᠠ ᠬᠤᠷᠢᠶᠠᠨ ᠳᠤ ᠬᠤᠲᠠᠯᠠᠭᠤᠯᠬᠤ ᠂ ᠨᠢᠭᠡ ᠭᠠᠵᠠᠷ ᠠᠴᠠ ᠤᠰᠤᠯᠠᠬᠤ ᠂ ᠪᠡᠯᠴᠢᠭᠡᠷ ᠲᠤ ᠬᠠᠮᠲᠤ ᠬᠠᠷᠢᠭᠤᠯᠬᠤ ᠂ ᠬᠡᠪᠲᠡᠷᠢ ᠪᠠᠭᠤᠴᠠ ᠂ ᠲᠡᠵᠢᠭᠡᠯ ᠂ ᠤᠰᠤ ᠂ ᠬᠤᠵᠢᠷ ᠤᠨ ᠣᠩᠭᠤᠴᠠ ᠂ ᠵᠢᠵᠢᠭ ᠬᠡᠮᠵᠢᠶᠡᠨ ᠤ ᠪᠤᠯᠠᠭ ᠂ ᠱᠠᠩᠳᠠ ᠂ ᠭᠠᠷ ᠬᠤᠳᠳᠤᠭ ᠂ ᠪᠠᠭᠠᠬᠠᠨ ᠬᠡᠮᠵᠢᠶᠡᠨ ᠤ ᠴᠠᠰᠤ ᠂ ᠮᠥᠰᠥᠨ ᠤ ᠡᠬᠢ ᠡᠭᠦᠰᠪᠦᠷᠢ ᠂ ᠪᠣᠷᠤᠭ᠎ᠠ ᠦᠶ᠎ᠡ ᠳᠤ ᠪᠣᠯᠣᠨ ᠴᠢᠭᠢᠭᠯᠢᠭ ᠶᠡᠬᠡᠲᠡᠢ ᠣᠷᠴᠢᠨ ᠳᠤ ᠡᠪᠡᠳᠴᠢᠨ ᠤ ᠭᠠᠷᠤᠯᠲᠠ ᠨᠡᠮᠡᠭᠳᠡᠨ᠎ᠡ ᠃ ᠬᠠᠯᠳᠠᠪᠤᠷᠢ ᠲᠠᠢ ᠮᠠᠯ ᠢ ᠡᠷᠡᠭᠦᠯ ᠪᠦᠰᠡ ᠳᠤ ᠠᠪᠴᠢᠷᠠᠬᠤ ᠂ ᠮᠠᠯ ᠤᠨ ᠬᠢᠨᠠᠯᠲᠠ ᠦᠭᠡᠢ ᠣᠲᠣᠷ ᠨᠡᠭᠦᠳᠡᠯ ᠂ ᠰᠢᠯᠵᠢᠯᠲᠡ ᠬᠥᠳᠡᠯᠭᠡᠭᠡᠨ ᠂ ᠬᠠᠯᠳᠠᠪᠤᠷᠢ ᠲᠠᠢ ᠮᠠᠯ ᠢ ᠲᠡᠭᠡᠭᠡᠪᠦᠷᠢ ᠶᠢᠨ ᠬᠡᠷᠡᠭᠰᠡᠯ ᠢᠶᠠᠷ ᠵᠥᠭᠡᠭᠡᠬᠦ ᠂ ᠦᠷᠡᠵᠢᠯ ᠤᠨ ᠮᠠᠯ ᠢ ᠬᠠᠷᠠᠭ᠎ᠠ ᠬᠢᠨᠠᠯᠲᠠ ᠦᠭᠡᠢ ᠰᠢᠯᠵᠢᠭᠦᠯᠬᠦ ᠂ ᠠᠰᠢᠭᠯᠠᠬᠤ ᠶᠤᠮ ᠃ ᠡᠮᠨᠡᠯ ᠵᠦᠢ ᠶᠢᠨ ᠰᠢᠨᠵᠢ ᠲᠡᠮᠳᠡᠭ ᠡᠨᠡ ᠦᠶ᠎ᠡ ᠳᠤ ᠮᠠᠯ ᠂ ᠠᠮᠢᠲᠠᠨ 4-10 ᠬᠤᠨᠤᠭ ᠤᠨ ᠳᠣᠲᠣᠷ᠎ᠠ ᠦᠬᠦᠵᠦ ᠪᠣᠯᠣᠨ᠎ᠠ ᠃ ᠬᠠᠯᠠᠭᠤᠷᠠᠵᠤ ᠡᠬᠢᠯᠡᠭᠰᠡᠨ ᠠᠴᠠ ᠬᠤᠶᠢᠰᠢ ᠡᠮᠨᠡᠯ ᠵᠦᠢ ᠶᠢᠨ ᠰᠢᠨᠵᠢ ᠲᠡᠮᠳᠡᠭ 3-5 ᠬᠤᠨᠤᠭ ᠤᠨ ᠳᠣᠲᠣᠷ᠎ᠠ ᠶᠡᠬᠡᠪᠴᠢᠯᠡᠨ ᠢᠯᠡᠷᠡᠨ᠎ᠡ ᠃ ᠡᠪᠡᠳᠴᠢᠨ ᠳᠠᠭᠠᠭᠠᠮᠵᠢᠷᠠᠬᠤ ᠲᠤᠰᠤᠮ ᠰᠠᠯᠢᠰᠤᠲᠤ ᠪᠦᠷᠬᠦᠭᠦᠯ ᠳᠤ ᠴᠢᠰᠤ ᠶᠡᠬᠡᠰᠴᠦ ᠂ ᠨᠢᠰᠤ ᠭᠤᠭᠤᠵᠢᠵᠤ ᠂ ᠲᠡᠵᠢᠭᠡᠯ ᠤᠨ ᠳᠤᠷᠠᠰᠢᠯ ᠦᠭᠡᠶ ᠪᠣᠯᠵᠤ ᠴᠢᠴᠠᠭ᠎ᠠ ᠠᠯᠳᠠᠨ᠎ᠠ ᠃ ᠪᠣᠭ ᠮᠠᠯ ᠤᠨ ᠮᠢᠯᠵᠠᠩ ᠡᠪᠡᠳᠴᠢᠨ ᠤ ᠬᠤᠷᠤᠤ ᠴᠢᠨᠠᠷ ᠥᠨᠳᠥᠷ ᠲᠠᠢ ᠸᠢᠷᠦ᠋ᠰ ᠤᠨ ᠬᠠᠯᠳᠠᠪᠤᠷᠢ ᠶᠢᠨ ᠦᠶ᠎ᠡ ᠳᠤ ᠠᠭᠤᠰᠬᠢᠨ ᠳᠤ ᠴᠢᠰᠤ ᠶᠡᠬᠡᠳᠡᠯᠲᠡ ᠪᠣᠯᠵᠤ ᠬᠠᠪᠤᠩᠨᠠᠬᠤ ᠪᠠ 7 ᠬᠤᠨᠤᠭ ᠤᠨ ᠳᠣᠲᠣᠷ᠎ᠠ ᠦᠬᠦᠳᠡᠭ ᠃ ᠵᠠᠷᠢᠮ ᠲᠣᠬᠢᠶᠠᠯᠳᠤᠯ ᠳᠤ ᠡᠰᠡᠷᠭᠦ ᠪᠠᠷ ᠢᠶᠠᠨ ᠪᠤᠶᠤ ᠤᠳᠠᠭᠠᠨ ᠦᠷᠭᠦᠯᠵᠢᠯᠡᠭᠰᠡᠨ ᠤᠵᠢᠭ ᠬᠠᠯᠳᠠᠪᠤᠷᠢ ᠪᠣᠯᠬᠤ ᠪᠥᠭᠡᠳ ᠶᠠᠪᠤᠭᠠᠨ ᠳᠤ ᠪᠠᠨ ᠠᠭᠤᠰᠬᠢᠨ ᠤ ᠭᠤᠯᠣᠮᠲᠠ ᠳᠤ ᠦᠷᠪᠢᠰᠦᠯ ᠢᠶᠠᠷ ᠬᠦᠨᠳᠦᠷᠡᠵᠦ ᠪᠣᠯᠣᠨ᠎ᠠ ᠃ ᠡᠶᠢᠮᠦ ᠠᠮᠢᠲᠠᠨ ᠰᠠᠷ᠎ᠠ ᠠᠴᠠ ᠳᠡᠭᠡᠭᠰᠢ ᠬᠤᠭᠤᠴᠠᠭ᠎ᠠ ᠪᠠᠷ ᠠᠮᠢᠳᠤ ᠪᠠᠶᠢᠨ᠎ᠠ ᠃ ᠰᠢᠮᠡᠭᠴᠢ ᠶᠡᠬᠡᠲᠡᠢ ᠂ ᠲᠡᠵᠢᠭᠡᠯ ᠤᠨ ᠳᠤᠲᠠᠭᠳᠠᠯ ᠳᠤ ᠣᠷᠣᠭᠰᠠᠨ ᠠᠮᠢᠲᠠᠨ ᠬᠠᠯᠳᠠᠪᠤᠷᠢ ᠠᠪᠤᠪᠠᠯ ᠬᠦᠨᠳᠦᠷᠡᠵᠦ ᠤᠯᠠᠮ ᠢᠶᠠᠷ ᠦᠬᠦᠵᠦ ᠪᠣᠯᠣᠨ᠎ᠠ ᠃ ᠪᠣᠭ ᠮᠠᠯ ᠤᠨ ᠮᠢᠯᠵᠠᠩ ᠡᠪᠡᠳᠴᠢᠨ ᠢᠶᠠᠷ ᠲᠠᠶᠢᠪᠤᠩ ᠪᠦᠰᠡ ᠨᠤᠲᠤᠭ ᠤᠨ ᠮᠠᠯ ᠰᠦᠷᠦᠭ ᠲᠤ ᠬᠠᠯᠳᠠᠪᠤᠷᠢ ᠲᠠᠢ ᠮᠠᠯ ᠂ ᠠᠮᠢᠲᠠᠨ ᠨᠡᠶᠢᠯᠡᠭᠦᠯᠬᠦ ᠦᠶ᠎ᠡ ᠳᠤ ᠬᠡᠲᠦ ᠴᠣᠴᠢᠮᠠᠭ ᠬᠡᠯᠪᠡᠷᠢ ᠶᠡᠬᠡᠪᠴᠢᠯᠡᠨ ᠲᠣᠬᠢᠶᠠᠯᠳᠤᠬᠤ ᠪᠠ ᠥᠨᠳᠥᠷ ᠬᠠᠯᠠᠭᠤᠷᠠᠵᠤ ᠪᠣᠭᠤᠨᠢ ᠬᠤᠭᠤᠴᠠᠭᠠᠨ ᠳᠤ ᠦᠬᠦᠨ᠎ᠡ ᠃ ᠡᠪᠡᠳᠴᠢᠨ ᠤ ᠬᠡᠯᠪᠡᠷᠢ ᠠᠴᠠ ᠬᠠᠮᠢᠶᠠᠷᠤᠭᠠᠳ ᠡᠮᠨᠡᠯ ᠵᠦᠢ ᠶᠢᠨ ᠳᠣᠣᠷᠠᠬᠢ ᠰᠢᠨᠵᠢ ᠲᠡᠮᠳᠡᠭ ᠤᠳ ᠢᠯᠡᠷᠡᠨ᠎ᠡ ᠃ ᠡᠪᠡᠳᠴᠢᠨ ᠤ ᠨᠢᠭᠤᠴᠠ ᠦᠶ᠎ᠡ ᠄ 3-10 ᠬᠤᠨᠤᠭ ᠂ ᠶᠡᠬᠡᠩᠬᠢ ᠲᠣᠬᠢᠶᠠᠯᠳᠤᠯ ᠳᠤ 10 ᠬᠤᠨᠤᠭ ᠪᠠᠶᠢᠳᠠᠭ ᠃ ᠪᠡᠶ᠎ᠡ ᠶᠢᠨ ᠬᠠᠯᠠᠭᠤᠨ \ 40-41°C \ ᠬᠦᠷᠴᠦ ᠣᠭᠵᠣᠮ ᠶᠡᠬᠡᠰᠴᠦ ᠂ 3-5 ᠬᠤᠨᠤᠭ ᠦᠷᠭᠦᠯᠵᠢᠯᠡᠨ ᠬᠠᠯᠠᠭᠤᠷᠠᠬᠤ ᠂ ᠨᠣᠮᠦ᠋ᠢᠷᠠᠬᠤ ᠂ ᠤᠰᠤ ᠲᠡᠵᠢᠭᠡᠯ ᠠᠴᠠ ᠭᠠᠷᠬᠤ ᠂ ᠨᠢᠯᠪᠤᠰᠤ ᠶᠡᠭᠡ ᠪᠠᠷ ᠭᠤᠭᠤᠵᠢᠵᠤ ᠠᠭᠠᠵᠢᠮ ᠳᠤ ᠪᠠᠨ ᠨᠤᠤᠬᠠᠲᠠᠵᠤ ᠨᠢᠳᠦᠨ ᠤ ᠳᠣᠣᠷᠠᠳᠤ ᠪᠤᠯᠤᠩ ᠦᠷᠪᠢᠰᠦᠨ᠎ᠡ ᠃ ᠬᠠᠯᠠᠭᠤᠷᠠᠵᠤ ᠡᠬᠢᠯᠡᠭᠰᠡᠨ ᠠᠴᠠ ᠬᠤᠶᠢᠰᠢ 4-5 ᠬᠤᠨᠤᠭ ᠤᠨ ᠳᠣᠲᠣᠷ᠎ᠠ ᠪᠤᠶᠢᠯᠠ ᠨᠢ ᠤᠯᠠᠶᠢᠵᠤ ᠂ ᠠᠮᠠᠨ ᠤ ᠬᠥᠨᠳᠡᠢ ᠳᠤ ᠰᠢᠷᠬᠠᠯᠠᠭᠠᠲᠤ ᠭᠡᠮᠲᠦᠯ ᠡᠭᠦᠰᠬᠦ ᠪᠠ ᠠᠮᠠᠨ ᠤ ᠦᠷᠪᠢᠰᠦᠯ ᠶᠠᠪᠤᠭᠳᠠᠬᠤ ᠂ ᠠᠮᠠ ᠨᠢ ᠡᠪ ᠦᠭᠡᠢ ᠂ ᠦᠮᠡᠬᠡᠢ ᠦᠨᠦᠷ ᠲᠠᠢ ᠪᠣᠯᠬᠤ ᠵᠡᠷᠭᠡ ᠭᠤᠣᠯ ᠭᠡᠮᠲᠦᠯ ᠤᠳ ᠢᠯᠡᠷᠡᠨ᠎ᠡ ᠃ ᠬᠤᠶᠠᠷᠳᠠᠭᠴᠢ ᠬᠠᠯᠳᠠᠪᠤᠷᠢ ᠠᠴᠠ ᠰᠢᠯᠲᠠᠭᠠᠯᠠᠵᠤ ᠦᠷᠪᠢᠰᠦᠯ ᠦᠷᠭᠦᠯᠵᠢᠯᠡᠨ᠎ᠡ ᠃ ᠨᠢᠰᠤ ᠭᠤᠭᠤᠵᠢᠬᠤ ᠡᠬᠢᠨ ᠦᠶ᠎ᠡ ᠳᠤ ᠤᠰᠤᠷᠬᠠᠭ ᠪᠠᠶᠢᠭᠰᠠᠨ ᠢᠶᠠᠨ ᠰᠠᠯᠢᠰᠤᠷᠬᠠᠭ ᠂ ᠢᠳᠡᠭᠡ ᠲᠠᠢ ᠪᠣᠯᠵᠤ ᠬᠤᠪᠢᠷᠠᠨ᠎ᠠ ᠃ ᠳᠣᠣᠷᠠᠳᠤ ᠤᠷᠤᠭᠤᠯ ᠤᠨ ᠳᠣᠲᠣᠷ᠎ᠠ ᠲᠠᠯ᠎ᠠ ᠂ ᠪᠤᠶᠢᠯᠠ ᠦᠷᠪᠢᠰᠴᠦ ᠵᠠᠷᠢᠮ ᠲᠣᠬᠢᠶᠠᠯᠳᠤᠯ ᠳᠤ ᠬᠡᠯᠡ ᠰᠠᠵᠢᠵᠤ ᠤᠨᠵᠢᠬᠤ ᠨᠢ ᠪᠤᠢ ᠃ ᠨᠢᠳᠦᠨ ᠤ ᠰᠠᠯᠢᠰᠤᠲᠤ ᠦᠷᠪᠢᠰᠬᠦ ᠪᠠ ᠵᠣᠪᠬᠢ ᠲᠣᠳᠣ ᠤᠯᠠᠭᠠᠨ ᠥᠩᠭᠡ ᠲᠠᠢ ᠪᠣᠯᠣᠨ᠎ᠠ ᠃ ᠤᠰᠤᠷᠬᠠᠭ ᠂ ᠴᠢᠰᠤ ᠲᠠᠢ ᠬᠠᠷ᠎ᠠ ᠨᠣᠭᠤᠭᠠᠨ ᠴᠢᠴᠠᠭ᠎ᠠ ᠠᠯᠳᠠᠬᠤ ᠶᠠᠪᠤᠳᠠᠯ ᠡᠪᠡᠳᠴᠢᠨ ᠤ ᠬᠤᠵᠢᠭᠤ ᠱᠠᠲᠤᠨ ᠳᠤ ᠲᠣᠬᠢᠶᠠᠯᠳᠤᠳᠠᠭ ᠃ ᠴᠢᠴᠠᠭ᠎ᠠ ᠨᠢ ᠪᠥᠭᠰᠡᠨ ᠪᠡᠶ᠎ᠡ ᠶᠢ ᠨᠡᠯᠦᠩᠬᠡᠢ ᠳᠤ ᠨᠢ ᠪᠦᠷᠬᠦᠳᠡᠭ ᠣᠨᠴᠠᠯᠢᠭ ᠲᠠᠢ ᠃ ᠬᠠᠮᠠᠷ ᠠᠴᠠ ᠭᠠᠷᠬᠤ ᠤᠰᠤᠷᠬᠠᠭ ᠰᠢᠩᠭᠡᠨ ᠭᠤᠭᠤᠵᠢᠳᠠᠰᠤ ᠨᠢ ᠰᠠᠯᠢᠰᠤᠷᠬᠠᠭ ᠢᠳᠡᠭᠡ ᠲᠠᠢ ᠪᠣᠯᠬᠤ ᠪᠠ ᠴᠠᠭᠠᠰᠢᠳᠠ ᠬᠠᠮᠠᠷ ᠤᠨ ᠨᠦᠬᠡᠨ ᠳᠤ ᠪᠠᠷᠢᠴᠠᠯᠳᠤᠨ ᠬᠠᠲᠠᠵᠤ ᠂ ᠪᠢᠲᠡᠭᠦᠷᠡᠭᠰᠡᠨ ᠠᠴᠠ ᠠᠮᠢᠳᠤ ᠦᠯᠡᠳᠡᠭᠰᠡᠨ ᠮᠠᠯ ᠳᠤ ᠠᠮᠢᠰᠬᠤᠯ ᠳᠠᠪᠴᠢᠳᠠᠬᠤ ᠰᠢᠨᠵᠢ ᠢᠯᠡᠷᠡᠨ ᠂ ᠰᠠᠯᠢᠰᠤᠷᠬᠠᠭ ᠢᠳᠡᠭᠡᠲᠦ ᠭᠤᠭᠤᠵᠢᠳᠠᠰᠤ 14 ᠬᠦᠷᠲᠡᠯ᠎ᠡ ᠬᠤᠨᠤᠭ ᠤᠨ ᠲᠤᠷᠰᠢ ᠦᠷᠭᠦᠯᠵᠢᠯᠡᠨ ᠭᠠᠷᠤᠨ᠎ᠠ ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号