ᠬᠤᠳᠣᠭᠤᠳᠣ ᠭᠡᠳᠡᠰᠦᠨ ᠤ ᠡᠪᠡᠳᠴᠢᠨ ᠲᠠᠢ ᠬᠥᠮᠥᠰ ᠰᠢᠬᠢᠷ ᠤᠨ ᠠᠯᠺᠣᠣᠯ ᠤᠨ ᠢᠳᠡᠭᠡᠨ ᠢ ᠪᠠᠭ᠎ᠠ ᠢᠳᠡ
ᠨᠡᠶᠢᠲᠡᠯᠡᠭᠰᠡᠨ ᠴᠠᠭ᠄
2021/9/29
 ᠶᠧᠪᠡᠩ ᠤᠨ ᠨᠠᠶᠢᠷᠠᠯᠭ᠎ᠠ ᠳᠤ᠂ ᠰᠢᠬᠢᠷ ᠤᠨ ᠠᠯᠺᠣᠣᠯ ︵糖醇︶᠎ ᠨᠢ ᠨᠢᠰᠢᠩᠭᠦ ᠶᠢᠨ ᠰᠢᠬᠢᠷ ᠢ ᠪᠦᠷᠢᠮᠦᠰᠦᠨ ᠣᠷᠣᠯᠠᠵᠤ᠂ ᠬᠠᠷᠢᠨ ᠬᠡᠳᠦ ᠥᠨᠳᠥᠷ ᠰᠢᠬᠢᠷ ᠤᠨ ᠠᠯᠺᠣᠣᠯ ᠤᠨ ᠠᠭᠤᠯᠤᠭᠳᠠᠴᠠ ᠲᠠᠢ ᠪᠠᠶᠢᠳᠠᠭ᠃ ᠰᠢᠬᠢᠷ ᠤᠨ ᠠᠯᠺᠣᠣᠯ ᠪᠣᠯ ᠬᠠᠮᠤᠭ ᠤᠨ ᠦᠷᠭᠦᠯᠵᠢ ᠬᠠᠷᠠᠭᠳᠠᠳᠠᠭ ᠰᠢᠮ᠎ᠡ ᠲᠡᠵᠢᠭᠡᠯ ᠤᠨ ᠬᠡᠯᠪᠡᠷᠢ ᠶᠢᠨ ᠣᠷᠣᠯᠠᠬᠤ ᠰᠢᠬᠢᠷ ᠮᠥᠨ᠂ ᠭᠡᠪᠡᠴᠦ ᠬᠡᠲᠦᠷᠡᠲᠡᠯ᠎ᠡ ᠢᠳᠡᠪᠡᠯ ᠪᠠᠭᠠᠰᠤ ᠠᠯᠳᠠᠵᠤ ᠮᠡᠳᠡᠨ᠎ᠡ᠃ ᠰᠢᠬᠢᠷ ᠤᠨ ᠠᠯᠺᠣᠣᠯ ᠪᠦᠳᠦᠭᠦᠨ ᠭᠡᠳᠡᠰᠦᠨ ᠳᠤ ᠤᠷᠤᠭᠰᠠᠨ ᠤ ᠳᠠᠷᠠᠭ᠎ᠠ᠂ ᠰᠢᠩᠭᠡᠭᠡᠯᠲᠡ ᠮᠠᠭᠤ ᠠᠴᠠ ᠪᠣᠯᠵᠣ᠂ ᠭᠡᠳᠡᠰᠦᠨ ᠤ ᠬᠥᠨᠳᠡᠶ ᠳᠤ ᠦᠯᠡᠳᠡᠵᠦ ᠂ ᠨᠢᠭᠡ ᠲᠠᠯ᠎ᠠ ᠪᠠᠷ ᠢᠰᠬᠡᠵᠦ ᠬᠡᠶ ᠪᠡᠶᠡᠲᠦ ᠡᠭᠦᠰᠭᠡᠨ᠎ᠡ᠂ ᠨᠥᠭᠦᠭᠡ ᠲᠠᠯ᠎ᠠ ᠪᠠᠷ ᠲᠡᠳᠡᠭᠡᠷ ᠨᠢ ᠪᠠᠰᠠ ᠭᠡᠳᠡᠰᠦᠨ ᠤ ᠳᠣᠲᠣᠷᠠᠬᠢ ᠨᠡᠪᠴᠢᠯᠲᠡ ᠶᠢᠨ ᠳᠠᠷᠤᠯᠲᠠ ᠶᠢ ᠳᠡᠭᠡᠭᠰᠢᠯᠡᠭᠦᠯᠵᠦ᠂ ᠭᠡᠳᠡᠰᠦᠨ ᠤ ᠡᠰ ᠤᠨ ᠳᠣᠲᠣᠷᠠᠬᠢ ᠤᠰᠤ ᠶᠢ ᠭᠠᠳᠠᠷ ᠲᠠᠯ᠎ᠠ ᠶᠢᠨ ᠨᠡᠪᠴᠢᠯᠲᠡ ᠶᠢᠨ ᠳᠠᠷᠤᠯᠲᠠ ᠠᠴᠠ ᠪᠣᠶ ᠪᠣᠯᠤᠭᠰᠠᠨ ᠥᠳᠬᠡᠴᠡ ᠶᠢᠨ ᠱᠠᠲᠤᠴᠠ ᠳᠤ ︽ᠰᠣᠷᠣᠭᠳᠠᠨ︾ ᠭᠠᠷᠭᠠᠨ᠎ᠠ ᠭᠡᠵᠡᠶ᠃ ᠡᠳᠡᠭᠡᠷ ᠢᠯᠡᠭᠦᠴᠡ ᠤᠰᠤ ᠨᠢ ᠪᠠᠭᠠᠰᠤ ᠶᠢ ᠰᠢᠩᠭᠡᠨ ᠪᠣᠯᠭᠠᠵᠤ ᠰᠠᠭᠤᠯᠭᠠᠨ᠎ᠠ᠃ ᠰᠢᠬᠢᠷ ᠤᠨ ᠠᠯᠺᠣᠣᠯ ᠠᠴᠠ ᠪᠣᠯᠤᠭᠰᠠᠨ ᠨᠡᠪᠴᠢᠯᠲᠡ ᠶᠢᠨ ᠴᠢᠨᠠᠷᠲᠠᠶ ᠰᠠᠭᠤᠯᠭᠠᠬᠤ ᠶᠢ ᠠᠷᠭᠠᠴᠠᠬᠤ ᠳᠤ᠂ ᠵᠥᠪᠬᠡᠨ ᠢᠳᠡᠭᠡᠨ ᠴᠡᠭᠡᠷᠯᠡᠵᠦ᠂ ᠰᠢᠬᠢᠷ ᠤᠨ ᠠᠯᠺᠣᠣᠯ ᠢ ᠪᠦᠷᠢᠮᠦᠰᠦᠨ ᠭᠠᠳᠠᠭᠰᠢᠯᠠᠭᠤᠯᠬᠤ ᠶᠢ ᠬᠦᠯᠢᠶᠡᠪᠡᠯ᠂ ᠰᠠᠭᠤᠯᠭᠠᠬᠤ ᠰᠢᠨᠵᠢ ᠲᠡᠮᠳᠡᠭ ᠨᠢ ᠪᠦᠷᠢᠮᠦᠰᠦᠨ ᠠᠷᠢᠯᠵᠤ᠂ ᠬᠠᠯᠳᠠᠪᠤᠷᠢᠯᠠᠯ ᠠᠴᠠ ᠪᠣᠯᠤᠭᠰᠠᠨ ᠰᠠᠭᠤᠯᠭᠠᠬᠤ᠂ ᠢᠳᠡᠭᠡᠨ ᠴᠡᠭᠡᠷᠯᠡᠬᠦ ᠨᠢ ᠬᠡᠷᠡᠭ ᠦᠭᠡᠢ ᠶᠤᠮ᠃ ᠰᠠᠭᠤᠯᠭᠠᠬᠤ᠂ ᠰᠢᠬᠢᠷ ᠤᠨ ᠠᠯᠺᠣᠣᠯ ᠠᠴᠠ ᠪᠣᠯᠵᠤ ᠦᠷᠭᠦᠯᠵᠢ ᠲᠣᠬᠢᠶᠠᠯᠳᠤᠳᠠᠭ ᠳᠠᠭᠠᠭᠠᠬᠤ ᠦᠭᠡᠢ ᠡᠪᠡᠳᠴᠢᠨ ᠤ ᠰᠢᠨᠵᠢ ᠲᠡᠮᠳᠡᠭ ᠠᠴᠠ ᠭᠠᠳᠠᠨ᠎ᠠ ᠪᠠᠰᠠ ᠬᠡᠢ ᠭᠠᠷᠭᠠᠬᠤ ᠨᠢ ᠨᠡᠮᠡᠭᠳᠡᠬᠦ᠂ ᠭᠡᠳᠡᠰᠦ ᠬᠥᠭᠡᠭᠡᠬᠦ ᠵᠡᠷᠭᠡ ᠰᠢᠨᠵᠢ ᠲᠡᠮᠳᠡᠭ ᠲᠠᠢ᠃ ᠰᠢᠩᠭᠡᠭᠡᠯᠲᠡ ᠶᠢᠨ ᠴᠢᠳᠠᠪᠤᠷᠢ ᠳᠣᠷᠣᠢ ᠪᠤᠶᠤ ᠭᠡᠳᠡᠰᠦᠨ ᠤ ᠠᠵᠢᠯᠯᠠᠭ᠎ᠠ ᠶᠢᠨ ᠡᠪᠡᠳᠴᠢᠨ ᠲᠠᠢ ᠬᠥᠮᠦᠨ᠂ ᠵᠢᠱᠢᠶᠡᠯᠡᠪᠡᠯ ᠭᠡᠳᠡᠰᠦᠨ ᠤ ᠠᠮᠠᠷᠬᠠᠨ ᠬᠥᠭᠡᠷᠬᠦ ᠬᠤᠷᠠᠮᠠᠯ ᠬᠡᠮ ᠲᠠᠢ ᠡᠪᠡᠳᠴᠢᠲᠡᠨ ᠠᠯᠢ ᠴᠢᠳᠠᠬᠤ ᠪᠠᠷ ᠰᠢᠬᠢᠷ ᠤᠨ ᠠᠯᠺᠣᠣᠯ ᠢ ᠪᠠᠭ᠎ᠠ ᠢᠳᠡᠪᠡᠯ ᠵᠣᠬᠢᠨ᠎ᠠ᠃ ᠬᠠᠮᠤᠭ ᠰᠢᠨ᠎ᠡ ᠰᠤᠳᠤᠯᠭᠠᠨ ᠤ ᠦᠷ᠎ᠡ ᠳ᠋ᠦᠩ ᠠᠴᠠ ᠦᠵᠡᠪᠡᠯ᠂ ᠵᠡᠷᠯᠢᠭ ᠠᠯᠢᠮ᠎ᠠ ᠶᠢᠨ ᠰᠢᠬᠢᠷ ᠤᠨ ᠠᠯᠺᠣᠣᠯ᠂ ᠮᠣᠳᠣᠨ ᠰᠢᠬᠢᠷ ᠤᠨ ᠠᠯᠺᠣᠣᠯ᠂ ᠪᠤᠭᠤᠳᠠᠢ ᠶᠢᠨ ᠨᠠᠬᠢᠶᠠᠨ ᠰᠢᠬᠢᠷ ᠤᠨ ᠠᠯᠺᠣᠣᠯ ᠢ ᠨᠠᠰᠤᠨ ᠳᠤ ᠬᠦᠷᠦᠭᠰᠡᠳ ᠨᠢᠭᠡ ᠯᠡ ᠤᠳᠠᠭ᠎ᠠ ᠳᠤ ᠠᠷᠪᠠᠨ ᠬᠡᠳᠦᠨ ᠭᠷᠠᠮ ᠢ ᠢᠳᠡᠪᠡᠯ ᠰᠠᠭᠤᠯᠭᠠᠵᠤ ᠮᠡᠳᠡᠨ᠎ᠡ᠂ ᠬᠠᠷᠢᠨ ᠮᠠᠰᠢ ᠣᠯᠠᠨ ᠤᠮᠳᠠᠭᠠᠨ ᠳᠤ ᠪᠦᠷ ᠬᠡᠷᠡᠭᠯᠡᠵᠦ ᠪᠠᠶᠢᠭ᠎ᠠ ᠤᠯᠠᠭᠠᠨ ᠬᠥᠪᠳᠥ ᠶᠢᠨ ᠰᠢᠬᠢᠷ ᠤᠨ ᠠᠯᠺᠣᠣᠯ ᠢ ᠶᠡᠷᠦ ᠳᠡᠭᠡᠨ ᠲᠠᠪᠢ ᠵᠢᠷᠠᠨ ᠭᠷᠠᠮ ᠢ ᠢᠳᠡᠪᠡᠯ ᠰᠠᠶ᠋ᠢ ᠰᠠᠭᠤᠯᠭᠠᠵᠤ ᠮᠡᠳᠡᠨ᠎ᠡ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号