ᠬᠤᠭᠤᠷ ᠤᠨ ᠡᠭᠡᠰᠢᠭ ᠲᠠᠢ ᠨᠥᠬᠦᠷᠰᠡᠭ ᠠᠶᠠᠯᠭᠤ
ᠨᠡᠶᠢᠲᠡᠯᠡᠭᠰᠡᠨ ᠴᠠᠭ᠄
2021/9/29
ᠬᠥᠭᠵᠢᠮ ᠪᠠ ᠳᠠᠭᠤᠤ ᠪᠣᠯ ᠠᠷᠠᠳ ᠲᠦᠮᠡᠨ ᠤ ᠰᠣᠶᠣᠯ ᠲᠡᠦᠬᠡ ᠶᠢᠨ ᠮᠥᠷ ᠢ ᠬᠠᠷᠠᠭᠤᠯᠵᠤ ᠂ ᠬᠥᠮᠥᠨ ᠤ ᠠᠮᠢᠳᠤᠷᠠᠯ ᠤᠨ ᠪᠠᠶᠠᠷ ᠭᠤᠨᠢᠭ ᠢ ᠲᠤᠰᠬᠠᠳᠠᠭ ᠰᠢᠭ᠋᠂ ᠨᠡᠭᠦᠳᠡᠯᠴᠢᠨ ᠤᠭᠰᠠᠭᠠᠨ ᠤ ᠪᠠᠨ ᠰᠡᠴᠡᠨ ᠪᠢᠯᠢᠭ ᠂ ᠰᠠᠷᠠᠭᠤᠯ ᠤᠬᠠᠭᠠᠨ ᠤ ᠪᠡᠯᠭᠡᠳᠡᠯ ᠢ ᠲᠥᠯᠥᠭᠡᠯᠡᠯ ᠤᠨ ᠨᠢᠭᠡ ᠨᠢ ᠶᠠᠭᠠᠬᠢᠬᠤ ᠶᠢᠨ ᠠᠷᠭ᠎ᠠ ᠦᠭᠡᠢ ᠮᠣᠷᠢᠨ ᠬᠤᠭᠤᠷ ᠪᠢᠯᠡ᠃  ᠬᠤᠷᠸ᠎ᠠ ᠳᠡᠯᠡᠬᠡᠢ ᠶᠢᠨ ᠲᠦᠮᠡᠨ ᠥᠩᠭᠡ ᠶᠢ ᠬᠤᠶᠠᠷᠬᠠᠨ ᠤᠲᠠᠰᠤ ᠳᠠᠭᠠᠨ ᠪᠠᠭᠲᠠᠭᠠᠵᠤ ᠳᠦᠷᠰᠦᠯᠡᠨ  ᠤᠶᠠᠩᠭᠠᠯᠠᠳᠠᠭ   ᠡᠨᠡ ᠬᠦ  ᠬᠥᠭᠵᠢᠮ ᠢᠶᠠᠨ ᠨᠡᠩ ᠣᠯᠠᠨ ᠬᠥᠮᠥᠰ ᠲᠤ ᠲᠠᠨᠢᠭᠤᠯᠬᠤ ᠵᠣᠷᠢᠯᠭ᠎ᠠ ᠪᠠᠷ 7 ᠳ᠋ᠤᠭᠠᠷ ᠰᠠᠷ᠎ᠠ ᠶᠢᠨ 29 ᠤ ᠡᠳᠦᠷ᠂  ᠠᠯᠠᠱᠠ ᠵᠡᠭᠦᠨ ᠬᠤᠰᠢᠭᠤᠨ ᠤ ︽ᠠᠶᠤᠩᠭ᠎ᠠ︾ ᠮᠣᠷᠢᠨ ᠬᠤᠭᠤᠷ ᠤᠨ ᠰᠤᠷᠭᠠᠯᠲᠠ ᠶᠢᠨ ᠲᠥᠪ ᠤᠨ  ᠬᠢᠨ ᠤ ᠭᠠᠳᠠᠨ᠎ᠠ ᠶᠢᠨ ᠵᠣᠴᠢᠳ ᠲᠤ ᠮᠣᠷᠢᠨ ᠬᠤᠭᠤᠷ ᠤᠨ ᠰᠣᠶᠣᠯ ᠢ ᠲᠠᠨᠢᠯᠴᠠᠭᠤᠯᠬᠤ ᠠᠵᠢᠯᠯᠠᠭ᠎ᠠ ᠵᠡᠭᠦᠨ ᠬᠡᠶᠢᠳ ᠤᠨ ᠵᠣᠴᠢᠳ ᠤᠨ ᠤᠭᠲᠤᠯᠭ᠎ᠠ ᠶᠢᠨ ᠲᠥᠪ ᠲᠤ ᠶᠠᠪᠤᠭᠳᠠᠯ᠎ᠠ᠃
ᠠᠵᠢᠯᠯᠠᠭ᠎ᠠ ᠨᠢ ᠣᠷᠣᠨ ᠨᠤᠲᠤᠭ ᠤᠨ ᠶᠣᠰᠣ ᠵᠠᠩᠰᠢᠯ᠂ ᠮᠣᠷᠢᠨ ᠬᠤᠭᠤᠷ ᠤᠨ ᠡᠭᠦᠰᠦᠯ ᠳᠣᠮᠤᠭ᠂ ᠬᠥᠭᠯᠡᠬᠦ ᠠᠷᠭ᠎ᠠ ᠪᠠᠷᠢᠯ ᠵᠡᠷᠭᠡ ᠶᠢ ᠲᠠᠨᠢᠯᠴᠠᠭᠤᠯᠵᠤ᠂ ᠬᠡᠤᠬᠡᠳ ᠤᠳ ᠬᠤᠭᠤᠷᠤᠨᠳᠤ ᠪᠠᠨ ᠡᠶ᠎ᠡ ᠨᠠᠶᠢᠷᠲᠠᠢ ᠵᠣᠭᠤᠭᠳᠠᠨ ᠲᠠᠨᠢᠯᠴᠠᠵᠤ᠂ ᠣᠷᠣᠨ ᠨᠤᠲᠤᠭ ᠤᠨ ᠠᠬᠤᠢ ᠠᠮᠢᠳᠤᠷᠠᠯ᠂ ᠰᠣᠶᠣᠯ ᠤᠷᠠᠯᠢᠭ ᠲᠠᠢ ᠲᠠᠨᠢᠯᠴᠠᠭᠰᠠᠨ ᠮᠠᠰᠢ ᠤᠳᠬ᠎ᠠ ᠠᠭᠤᠯᠭ᠎ᠠ ᠲᠠᠢ ᠬᠥᠳᠡᠯᠭᠡᠭᠡᠨ ᠪᠣᠯᠣᠭᠰᠠᠨ ᠶᠤᠮ᠃ ᠲᠤᠬᠠᠢ ᠶᠢᠨ ᠲᠠᠯᠠᠪᠤᠷ ᠲᠤ ︽ᠲᠣᠷᠭᠤᠳ ᠨᠤᠲᠤᠭ︾ ︽ᠴᠠᠭᠠᠨ ᠮᠣᠷᠢ︾ ᠵᠡᠷᠭᠡ ᠠᠶᠠᠯᠠᠭᠤᠯᠢᠭ ᠢᠶᠠᠷ ᠦᠵᠡᠭᠴᠢ ᠣᠯᠠᠨ ᠤ ᠠᠯᠠᠭ᠎ᠠ ᠲᠠᠰᠢᠯᠲᠠ ᠪᠠᠷ ᠮᠢᠯᠢᠶᠠᠯᠭᠠᠭᠰᠠᠨ ᠶᠤᠮ᠃
︽ᠠᠩᠬ᠎ᠠ ᠤᠳᠠᠭ᠎ᠠ ᠡᠶᠢᠮᠦ ᠭᠠᠶᠢᠬᠠᠯᠲᠠᠢ ᠠᠶᠠᠯᠭᠤ ᠡᠭᠡᠰᠢᠭ ᠢ ᠰᠣᠨᠣᠰᠤᠯ᠎ᠠ᠃ ᠭᠠᠶᠢᠬᠠᠮᠰᠢᠭᠲᠤ ᠬᠥᠭᠵᠢᠮ ᠤᠨ ᠬᠤᠶᠠᠷ ᠴᠢᠪᠬᠠᠳᠠᠰᠤ ᠠᠴᠠ ᠤᠶᠠᠩᠭᠠᠯᠠᠬᠤ ᠡᠭᠡᠰᠢᠭ ᠢ ᠵᠢᠷᠦᠬᠡ ᠪᠠᠨ ᠳᠠᠷᠤᠨ ᠴᠢᠩᠨᠠᠯ᠎ᠠ᠂ ᠠᠶᠠᠯᠭᠤ ᠪᠦᠷᠢ ᠶᠢ ᠰᠣᠨᠣᠰᠬᠤ ᠪᠦᠷᠢ ᠶᠠᠭᠤ ᠬᠡᠯᠡᠵᠦ ᠪᠠᠶᠢᠭ᠎ᠠ ᠶᠢ ᠵᠢᠷᠦᠬᠡ ᠰᠡᠳᠬᠢᠯ ᠢᠶᠠᠷ ᠢᠶᠠᠨ ᠮᠡᠳᠡᠷᠡᠨ ᠤᠶᠠᠷᠠᠯ᠎ᠠ᠂  ᠡᠨᠡ ᠬᠦ ᠤᠷᠠᠨ ᠲᠠᠩᠰᠤᠭ ᠬᠥᠭᠵᠢᠮ ᠨᠢ ᠨᠡᠩ ᠣᠯᠠᠨ ᠬᠥᠮᠥᠨ ᠤ ᠰᠣᠨᠣᠷ ᠲᠤ ᠬᠦᠷᠴᠦ᠂ ᠬᠤᠲᠠᠯᠠ ᠲᠦᠮᠡᠨ ᠤ ᠬᠦᠷᠲᠡᠭᠡᠯ ᠪᠣᠯᠰᠤᠭᠠᠢ︾ ᠬᠡᠮᠡᠨ ᠠᠵᠢᠯᠯᠠᠭ᠎ᠠ ᠳᠤ ᠣᠷᠣᠯᠴᠠᠭᠰᠠᠨ ᠨᠢᠭᠡᠨ ᠦᠵᠡᠭᠴᠢ ᠶᠠᠷᠢᠯ᠎ᠠ᠃
 ᠤᠰᠤ ᠰᠢᠭ᠋ ᠵᠥᠭᠡᠯᠡᠨ ᠂ ᠠᠭᠤᠯᠠ ᠰᠢᠭ᠋ ᠬᠦᠴᠦᠷᠬᠡᠭ ᠂ ᠤᠶᠠᠩᠭ᠎ᠠ ᠡᠬᠡᠰᠢᠭᠯᠡᠩᠲᠤ ᠪᠣᠯᠭᠠᠨ ᠢ ᠴᠢᠮᠡᠭᠡᠯᠡᠵᠦ ᠴᠢᠳᠠᠬᠤ ᠠᠪᠢᠶᠠᠰ ᠢᠶᠠᠷ ᠢᠶᠠᠨ ᠣᠯᠠᠨ ᠳᠤ ᠲᠠᠨᠢᠭᠳᠠᠵᠤ ᠶᠠᠪᠤᠭ᠎ᠠ ᠪᠠᠶᠠᠨ ᠲᠥᠬᠦᠮ ᠤᠨ ᠨᠤᠲᠤᠭ ᠲᠠᠢ ᠦᠷᠴᠠᠶᠢᠬᠤ ᠭᠡᠳᠡᠭ ᠵᠠᠯᠠᠭᠤ ᠡᠨᠡ ᠬᠦ ᠠᠵᠢᠯᠯᠠᠭ᠎ᠠ ᠶᠢ ᠵᠣᠬᠢᠶᠠᠨ ᠪᠠᠶᠢᠭᠤᠯᠤᠭᠰᠠᠨ ᠶᠤᠮ᠃ ᠲᠡᠷᠡᠪᠡᠷ 2004 ᠣᠨ ᠳᠤ ᠮᠤᠷᠢᠨ ᠬᠤᠭᠤᠷ ᠤᠨ ᠨᠡᠷᠡᠲᠡᠢ ᠲᠥᠷᠥ ᠲᠠᠢ ᠮᠡᠷᠭᠡᠵᠢᠯ ᠤᠨ ᠪᠠᠭᠰᠢ ᠨᠠᠷ ᠠᠴᠠ ᠮᠣᠷᠢᠨ ᠬᠤᠭᠤᠷ ᠤᠨ ᠬᠥᠭᠯᠡᠬᠦ ᠤᠷ᠎ᠠ ᠮᠡᠷᠭᠡᠵᠢᠯ ᠢ ᠰᠢᠰᠲ᠋ᠧᠮ ᠲᠠᠢ ᠰᠤᠷᠴᠤ ᠲᠡᠭᠦᠰᠦᠭᠡᠳ᠂ ᠪᠠᠶᠠᠨᠨᠠᠭᠤᠷ ᠤᠨ ᠳᠠᠭᠤᠤ ᠪᠥᠵᠢᠭ ᠤᠨ ᠪᠦᠯᠬᠦᠮ ᠳᠤ ᠠᠵᠢᠯᠯᠠᠵᠤ ᠪᠠᠶᠢᠭᠰᠠᠨ ᠢᠶᠠᠨ 2009 ᠣᠨ ᠠᠴᠠ  ᠰᠣᠶᠣᠯ ᠤᠷᠠᠯᠢᠭ ᠢᠶᠠᠨ ᠥᠪᠯᠡᠨ ᠤᠯᠠᠮᠵᠢᠯᠠᠬᠤ ᠵᠣᠷᠢᠯᠭ᠎ᠠ ᠪᠠᠷ ᠮᠣᠷᠢᠨ ᠬᠤᠭᠤᠷ ᠤᠨ ᠵᠢᠭᠠᠨ ᠰᠤᠷᠭᠠᠯᠲᠠ ᠶᠢᠨ ᠠᠵᠢᠯ ᠢᠶᠠᠨ ᠡᠬᠢᠯᠡᠭᠦᠯᠵᠡᠢ᠃ ᠮᠥᠨ 2014 ᠣᠨ ᠳᠤ ︽ᠠᠶᠤᠩᠭ᠎ᠠ︾ ᠮᠤᠷᠢᠨ ᠬᠤᠭᠤᠷ ᠤᠨ ᠪᠣᠯᠪᠠᠰᠤᠷᠠᠯ ᠤᠨ ᠲᠥᠪ ᠢ ᠠᠵᠢᠯᠯᠠᠭᠤᠯᠤᠭᠰᠠᠨ ᠶᠤᠮ᠃ ᠲᠡᠭᠦᠨ ᠤ  ᠨᠠᠷᠢᠨ ᠨᠢᠮᠪᠠᠶ ᠵᠢᠭᠠᠨ ᠵᠢᠯᠣᠭᠤᠳᠣᠯᠭ᠎ᠠ ᠪᠠᠷ ᠣᠳᠣ ᠨᠢᠭᠡᠨᠲᠡ ᠬᠤᠶᠠᠷ ᠵᠠᠭᠤ ᠭᠠᠷᠤᠶ  ᠱᠠᠪᠢ ᠬᠥᠮᠥᠵᠢᠭᠦᠯᠵᠦ᠂ ᠣᠯᠠᠨ ᠠᠷᠪᠠᠨ ᠮᠣᠷᠢᠨ ᠬᠤᠭᠤᠷᠴᠢᠳ ᠢ  ᠲᠥᠷᠥᠭᠦᠯᠦᠨ ᠭᠠᠷᠭᠠᠭᠰᠠᠨ ᠪᠠᠶᠢᠨ᠎ᠠ᠃ ᠲᠡᠭᠦᠪᠡᠷ ᠪᠠᠷᠠᠬᠤ ᠦᠭᠡᠢ ᠤᠷ᠎ᠠ ᠠᠪᠢᠶᠠᠰ ᠢᠶᠠᠨ ᠭᠠᠶᠢᠬᠠᠭᠤᠯᠵᠤ᠂ ᠣᠯᠠᠨ ᠣᠯᠠᠨ ᠤᠷᠤᠯᠳᠤᠭᠠᠨ ᠨᠠᠶᠢᠷ ᠲᠤ ᠣᠷᠣᠯᠴᠠᠵᠤ᠂ ᠣᠯᠠᠨ ᠣᠯᠠᠨ ᠤᠷᠤᠯᠳᠤᠭᠠᠨ ᠨᠢ ᠤᠯᠤᠰ ᠣᠷᠣᠨ ᠤ ᠱᠠᠩᠨᠠᠯ ᠢ ᠬᠦᠷᠳᠡᠵᠡᠢ᠃
︽ᠪᠢ  ᠤᠰᠤ ᠰᠢᠭ᠋ ᠵᠥᠭᠡᠯᠡᠨ ᠂ ᠠᠭᠤᠯᠠ ᠰᠢᠭ᠋ ᠬᠦᠴᠦᠷᠬᠡᠭ ᠂ ᠤᠶᠠᠩᠭ᠎ᠠ ᠡᠬᠡᠰᠢᠭᠯᠡᠩᠲᠤ ᠪᠣᠯᠭᠠᠨ ᠴᠢᠮᠡᠭᠡᠯᠡᠵᠦ ᠴᠢᠳᠠᠬᠤ ᠰᠣᠶᠣᠯ ᠤᠷᠠᠯᠢᠭ ᠤᠨ ᠰᠢᠯᠢᠳᠡᠭ ᠳᠡᠭᠡᠵᠢ ᠪᠣᠯᠣᠭᠰᠠᠨ ᠮᠣᠷᠢᠨ ᠬᠤᠭᠤᠷ ᠢᠶᠠᠨ  ᠨᠡᠩ ᠰᠠᠶᠢᠨ ᠰᠢᠮᠳᠠᠨ ᠪᠣᠯᠪᠠᠰᠤᠷᠠᠬᠤ ᠶᠢᠨ ᠬᠠᠮᠲᠤ᠂ ᠨᠡᠭᠦᠳᠡᠯᠴᠢᠳ ᠤᠨ ᠥᠪ ᠪᠡᠯᠭᠡᠳᠡᠯ ᠪᠣᠯᠣᠭᠰᠠᠨ  ᠡᠨᠡ ᠬᠦ ᠬᠥᠭᠵᠢᠮ ᠢᠶᠠᠨ ᠥᠪᠯᠡᠨ ᠤᠯᠠᠮᠵᠢᠯᠠᠬᠤ ᠠᠵᠢᠯ ᠳᠠᠭᠠᠨ ᠨᠡᠩ ᠢᠯᠡᠭᠦᠦ  ᠰᠢᠭᠤᠷᠬᠠᠶᠢᠯᠠᠵᠤ᠂ ᠨᠡᠩ ᠣᠯᠠᠨ ᠬᠥᠮᠥᠨ ᠤ ᠰᠣᠨᠣᠷ ᠤᠨ ᠬᠦᠷᠲᠡᠭᠡᠯ ᠪᠣᠯᠭᠠᠬᠤ ᠴᠢᠷᠮᠯᠠᠨ ᠠᠵᠢᠯᠯᠠᠨ᠎ᠠ︾ ᠭᠡᠵᠦ ᠦᠷᠴᠠᠶᠢᠬᠤ ᠶᠠᠷᠢᠯ᠎ᠠ᠃ ᠢᠲᠡᠭᠡᠯ ᠲᠠᠢ ᠵᠢᠳᠬᠦᠯ ᠲᠠᠢ ᠬᠥᠮᠥᠨ ᠤ ᠦᠢᠯᠡ ᠪᠦᠲᠦᠳᠡᠭ ᠭᠡᠳᠡᠭ ᠢᠶᠠᠷ᠂ ᠦᠷᠴᠠᠶᠢᠬᠤ ᠶᠢᠨ ᠰᠣᠶᠣᠯ ᠤᠷᠠᠯᠢᠭ ᠢᠶᠠᠨ ᠥᠪᠡᠯᠨ ᠤᠯᠠᠮᠵᠢᠯᠠᠬᠤ ᠦᠢᠯᠡᠰ ᠨᠢ ᠨᠡᠩ ᠰᠠᠷᠠᠭᠤᠯ ᠳᠠᠷᠳᠠᠭᠩ ᠪᠣᠯᠵᠤ᠂ ᠬᠤᠷᠸ᠎ᠠ ᠶᠢ ᠤᠶᠠᠷᠠᠭᠠᠵᠤ ᠬᠤᠲᠠᠯᠠ ᠶᠢ  ᠪᠦᠪᠡᠶᠢᠯᠡᠬᠦ ᠮᠣᠷᠢᠨ ᠬᠤᠭᠤᠷ ᠤᠨ ᠠᠶ᠎ᠠ ᠡᠭᠡᠰᠢᠭ ᠵᠠᠭᠤᠨ ᠠᠴᠠ ᠵᠠᠭᠤᠨ ᠳᠡᠮᠵᠢᠨ ᠡᠭᠡᠰᠢᠭᠯᠡᠬᠦ ᠪᠣᠯᠲᠤᠭᠠᠢ ᠭᠡᠰᠡᠨ ᠰᠦᠨ ᠰᠠᠴᠤᠯᠢ ᠪᠠᠷ ᠵᠥᠩᠨᠡᠰᠦᠭᠡᠢ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号