ᠴᠠᠰᠤᠨ᠄  ᠭᠤᠪᠢ ᠶᠢᠨ ᠴᠢᠯᠠᠭᠤᠳ ᠤᠨ ᠭᠠᠶᠢᠬᠠᠮᠰᠢᠭ ᠢ ᠭᠠᠵᠠᠷ ᠤᠨ ᠬᠤᠯᠠ ᠳᠤ ᠠᠯᠳᠠᠷᠰᠢᠭᠤᠯᠤᠨ᠎ᠠ
ᠨᠡᠶᠢᠲᠡᠯᠡᠭᠰᠡᠨ ᠴᠠᠭ᠄
2022/10/17
           ᠵᠣᠬᠢᠶᠠᠭᠴᠢ᠄ ᠭᠤᠸᠠᠨ ᠰᠡᠴᠡᠨ ᠤᠯᠠᠭᠠᠨᠲᠤᠶᠠᠭ᠎ᠠ ᠰᠢᠨᠡᠪᠢᠯᠢᠭ ᠮᠡᠷᠭᠡᠨᠪᠢᠯᠢᠭ                            ᠲᠡᠭᠷᠢ ᠶᠢᠨ ᠰᠣᠶᠣᠷᠬᠠᠯᠲᠤ ᠪᠠᠶᠠᠨ ᠪᠠᠶᠢᠭᠠᠯᠢ ᠲᠠᠢ᠂ ᠲᠦᠮᠡᠨ ᠳᠤ ᠱᠠᠭᠰᠢᠭᠳᠠᠭᠰᠠᠨ ᠪᠠᠶᠠᠯᠢᠭ ᠰᠣᠶᠣᠯ ᠲᠠᠢ ᠠᠯᠠᠱᠠ ᠨᠤᠲᠤᠭ ᠤᠨ ᠭᠤᠪᠢ ᠶᠢᠨ ᠴᠢᠯᠠᠭᠤᠳ ᠬᠤᠯᠠ ᠣᠶᠢᠷ᠎ᠠ ᠳᠠᠭᠠᠨ ᠠᠯᠳᠠᠷᠰᠢᠵᠤ᠂ ᠤᠯᠤᠰ ᠤᠨ ᠳᠣᠲᠣᠭᠠᠳᠤ ᠭᠠᠳᠠᠭᠠᠳᠤ ᠶᠢᠨ ᠬᠠᠴᠢᠨ ᠴᠢᠯᠠᠭᠤᠨ ᠤ ᠳᠤᠷ᠎ᠠ ᠪᠠᠭ᠋ᠠᠲᠠᠳ ᠤᠨ ᠠᠩᠬᠠᠷᠤᠯ ᠢ ᠲᠠᠲᠠᠵᠤ ᠪᠠᠶᠢᠳᠠᠭ᠃ ᠠᠯᠠᠱᠠᠴᠤᠳ ᠴᠸ ᠴᠢᠯᠠᠭᠤ ᠪᠠᠨ ᠬᠠᠶᠢᠷᠠᠯᠠᠵᠤ ᠬᠢᠮᠠᠭᠠᠳᠠᠵᠤ᠂ ᠴᠢᠯᠠᠭᠤ ᠠᠴᠠ ᠪᠠᠨ ᠠᠵᠠ ᠪᠣᠯᠣᠮᠵᠢ ᠬᠠᠶᠢᠵᠤ᠂ ᠪᠠᠰᠠ ᠠᠰᠢᠭ ᠤᠷᠤᠯᠭ᠎ᠠ ᠡᠭᠦᠳᠴᠦ ᠶᠠᠪᠤᠨ᠎ᠠ᠃ ᠡᠭᠦᠨ ᠤ ᠨᠢᠭᠡ ᠨᠢ ᠴᠠᠰᠤᠨ ᠪᠣᠯᠣᠨ᠎ᠠ᠃ ᠲᠡᠷᠡ ᠪᠠᠷ ᠨᠤᠲᠤᠭ ᠤᠨ ᠴᠢᠯᠠᠭᠤᠨ ᠳᠠᠭᠠᠨ ᠬᠠᠶᠢᠷ᠎ᠠ ᠰᠡᠳᠬᠢᠯ᠂ ᠤᠢ ᠤᠬᠠᠭᠠᠨ᠂ ᠤᠷ᠎ᠠ ᠮᠡᠷᠭᠡᠵᠢᠯ ᠢᠶᠠᠨ ᠰᠢᠩᠭᠡᠬᠡᠨ᠂ ᠨᠤᠲᠤᠭ ᠤᠨ ᠴᠢᠯᠠᠭᠤᠨ ᠤ ᠪᠠᠨ ᠦᠨ᠎ᠡ ᠦᠷᠳᠡᠭ ᠢ ᠨᠡᠩ ᠶᠡᠭᠡ ᠪᠠᠷ ᠢᠯᠡᠷᠡᠭᠦᠯᠭᠦ ᠪᠠᠷ ᠴᠢᠷᠮᠠᠶᠢᠵᠤ ᠶᠠᠪᠤᠨ᠎ᠠ᠃                              
                                   ᠴᠠᠰᠤᠨ ᠬᠡᠳᠦᠶᠢᠪᠡᠷ ᠠᠯᠠᠱᠠ ᠠᠶᠢᠮᠠᠭ ᠤᠨ ᠪᠠᠶᠠᠨᠬᠤᠲᠠ ᠳᠤ ᠲᠦᠷᠦᠵᠦ ᠥᠰᠦᠭᠰᠡᠨ ᠪᠤᠯᠪᠠᠴᠤ ᠬᠠᠷᠠᠬᠠᠨ ᠪᠠᠭ᠎ᠠ ᠠᠴᠠ ᠪᠠᠨ ᠠᠪᠤ ᠡᠵᠢ ᠶᠢᠨ ᠢᠶᠠᠨ ᠤᠤᠯ ᠨᠤᠲᠤᠭ — ᠠᠯᠠᠱᠠ ᠵᠡᠭᠦᠨ ᠬᠤᠰᠢᠭᠤᠨ ᠤ ᠬᠤᠤᠰᠪᠦ᠋ᠷᠢᠲᠦ ᠰᠤᠮᠤ ᠎ ᠪᠠᠷ ᠦᠷᠭᠦᠯᠵᠢ ᠭᠦᠷᠳᠡᠭ ᠠᠴᠠ ᠭᠤᠪᠢ ᠴᠦᠯ᠂ ᠬᠠᠳᠠ ᠴᠢᠯᠠᠭᠤ ᠪᠠᠷ ᠤᠨᠠᠭᠠᠨ ᠪᠠᠭ᠎ᠠ ᠶᠢᠨ ᠳᠤᠷᠠᠰᠤᠮᠵᠢ ᠬᠤᠴᠣᠷᠭᠠᠨ ᠥᠰᠴᠡᠢ᠃ ᠲᠡᠷᠡ ᠪᠠᠷ 2010 ᠣᠨ ᠳᠤ ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠷᠠᠨ ᠵᠢᠷᠤᠭ ᠤᠨ ᠳᠡᠭᠡᠳᠦ ᠰᠤᠷᠭᠠᠭᠤᠯᠢ ᠠᠴᠠ ᠤᠰᠤᠨ ᠪᠤᠳᠤᠭ ᠤᠨ ᠵᠢᠷᠤᠭ ᠤᠨ ᠲᠤᠰᠬᠠᠢ ᠮᠡᠷᠭᠡᠵᠢᠯ ᠢᠶᠠᠷ ᠲᠡᠭᠦᠰᠴᠦ᠂ ᠤᠳᠠᠯ ᠦᠭᠡᠢ ᠠᠯᠠᠱᠠ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠳᠤ ᠠᠵᠢᠯ ᠤᠨ ᠭᠠᠷᠤᠭ᠎ᠠ ᠠᠪᠴᠤ᠂ ᠬᠠᠴᠢᠨ ᠴᠢᠯᠠᠭᠤ ᠰᠡᠶᠢᠯᠭᠦ ᠪᠠ ᠵᠢᠷᠤᠵᠤ ᠲᠥᠰᠥᠪᠯᠡᠬᠦ ᠮᠡᠷᠭᠡᠵᠢᠯ ᠢᠶᠠᠷ ᠪᠠᠭᠰᠢᠯᠠᠪᠠ᠃ ᠲᠤᠬᠠᠶᠢᠯᠠᠭᠰᠠᠨ ᠠᠵᠢᠯ ᠪᠣᠯᠣᠨ ᠳᠤᠷ᠎ᠠ ᠪᠠᠬ᠎ᠠ ᠤᠶᠠᠯᠳᠤᠨ ᠠᠭᠤᠰᠬᠤ ᠳᠤ ᠬᠥᠮᠥᠨ ᠳᠤ ᠬᠢᠵᠠᠭᠠᠯᠠᠰᠢ ᠦᠭᠡᠢ ᠬᠦᠴᠦᠨ ᠴᠢᠳᠠᠯ ᠤᠷᠭᠤᠭᠤᠯᠵᠤ ᠬᠦᠰᠡᠯ ᠬᠥᠭᠡᠭᠡᠴᠡᠯᠳᠦᠯ ᠬᠥᠪᠥᠷᠡᠭᠦᠯᠳᠡᠭ᠃ ᠲᠡᠷᠡ ᠪᠠᠷ ᠨᠢᠭᠡ ᠲᠠᠯ᠎ᠠ ᠪᠠᠷ ᠰᠤᠷᠤᠬᠴᠢᠳ ᠲᠠᠭᠠᠨ ᠰᠡᠶᠢᠯᠵᠦ ᠤᠷᠠᠯᠠᠬᠤ᠂ ᠵᠢᠷᠤᠵᠤ ᠲᠥᠰᠥᠪᠯᠡᠬᠦ ᠮᠡᠷᠭᠡᠵᠢᠯ ᠢᠶᠠᠨ ᠵᠢᠭᠠᠬᠤ ᠶᠢᠨ ᠳᠠᠭᠠᠤ ᠨᠦᠭᠦᠭᠡ ᠲᠠᠯ᠎ᠠ ᠪᠠᠷ ᠨᠤᠲᠤᠭ ᠤᠨ ᠴᠢᠯᠠᠭᠤᠳ ᠢᠶᠠᠨ ᠬᠡᠷᠬᠢᠨ ᠭᠤᠶᠣᠯᠠᠨ ᠴᠢᠮᠡᠵᠦ᠂ ᠲᠥᠰᠥᠪᠯᠡᠨ ᠵᠢᠷᠤᠭᠯᠠᠵᠤ ᠨᠡᠩ ᠶᠡᠭᠡ ᠦᠷᠳᠡᠭ ᠪᠦᠲᠦᠭᠡᠬᠦ ᠶᠢ ᠰᠦᠪᠡᠭᠴᠢᠯᠡᠬᠦ ᠪᠣᠯᠣᠯ᠎ᠠ ᠁            ᠬᠠᠰ ᠰᠡᠶᠢᠯᠦᠮᠡᠯ ᠤᠨ ᠲᠣᠮᠣ ᠳᠠᠷᠬᠠᠨ ᠠᠴᠠ ᠬᠥᠮᠦᠵᠢᠯ ᠪᠣᠯᠪᠠᠰᠤᠷᠠᠯ ᠭᠦᠷᠲᠡᠨ᠎ᠠ            ᠥᠩᠭᠡᠷᠡᠭᠰᠡᠨ ᠤ ᠤᠷᠳᠤ ᠬᠤᠭᠤᠴᠠᠭᠠᠨ ᠳᠤ ᠬᠥᠮᠥᠰ ᠭᠤᠪᠢ ᠶᠢᠨ ᠴᠢᠯᠠᠭᠤ ᠶᠢ ᠲᠡᠭᠦᠵᠦ ᠮᠠᠯᠲᠠᠵᠤ᠂ ᠬᠢᠮᠳᠠ ᠭᠢᠯᠪᠠᠷ ᠢᠶᠠᠷ ᠬᠤᠳᠠᠯᠳᠤᠨ ᠥᠴᠥᠬᠡᠨ ᠲᠡᠳᠦᠢ ᠣᠯᠵᠠ ᠠᠰᠢᠭ ᠣᠯᠳᠠᠭ ᠪᠠᠶᠢᠯ᠎ᠠ᠃ ᠬᠡᠷᠪᠡ ᠡᠳᠡᠭᠡᠷ ᠴᠢᠯᠠᠭᠤᠳ ᠢ ᠠᠯᠳᠠ ᠮᠥᠩᠭᠦ ᠰᠢᠭᠢᠳᠬᠡᠨ ᠡᠯᠳᠡᠪ ᠰᠠᠶᠢᠬᠠᠨ ᠳᠦᠷᠢ ᠲᠠᠢ ᠰᠡᠶᠢᠯᠪᠡᠯ ᠨᠡᠩ ᠰᠠᠶᠢᠨ ᠠᠵᠤ ᠠᠬᠤᠢ ᠶᠢᠨ ᠤᠷᠤᠯᠭ᠎ᠠ ᠡᠭᠦᠳᠴᠦ ᠪᠣᠯᠣᠨ᠎ᠠ᠂ ᠪᠠᠰᠠ ᠵᠠᠷᠢᠮ ᠠᠷᠠᠰᠤ᠂ ᠤᠲᠠᠰᠤ ᠲᠠᠢ ᠤᠶᠠᠯᠳᠤᠭᠤᠯᠪᠠᠯ ᠁ ᠴᠠᠰᠤᠨ ᠤ ᠲᠠᠷᠢᠬᠢᠨ ᠳᠤ ᠡᠲᠡᠭᠡᠳ ᠰᠠᠶᠢᠬᠠᠨ ᠬᠠᠴᠢᠨ ᠴᠢᠯᠠᠭᠤᠨ ᠤ ᠵᠠᠰᠠᠯ ᠵᠢᠮᠰᠡᠭ ᠢᠯᠡᠷᠡᠨ ᠭᠢᠯᠠᠯᠵᠠᠨ᠎ᠠ᠃            ᠴᠠᠰᠤᠨ ᠡᠬᠢᠨ ᠳᠡᠭᠡᠨ ᠥᠪᠡᠷ ᠢᠶᠠᠨ ᠲᠥᠰᠥᠪᠯᠡᠵᠦ᠂ ᠠᠯᠲᠠ ᠮᠥᠩᠭᠦᠨ ᠤ ᠳᠠᠷᠬᠠᠨ ᠢ ᠬᠠᠶᠢᠵᠤ ᠲᠥᠰᠥᠪ ᠶᠣᠰᠣᠭᠠᠷ ᠢᠶᠠᠨ ᠴᠢᠯᠠᠭᠤᠨ ᠳᠡᠭᠡᠷ᠎ᠡ ᠪᠠᠨ ᠠᠯᠲᠠ ᠮᠥᠩᠭᠦ ᠰᠢᠭᠢᠳᠬᠡᠳᠡᠭ ᠪᠠᠶᠢᠪᠠ᠃ ᠡᠨᠡ ᠬᠦ ᠤᠯᠠᠮᠵᠢᠯᠠᠯᠲᠤ ᠠᠷᠭ᠎ᠠ ᠭᠡᠯᠪᠡᠷᠢ ᠨᠢ ᠨᠡᠯᠢᠶᠡᠳ ᠪᠦᠳᠦᠭᠦᠯᠢᠭ ᠮᠥᠷᠲᠡᠭᠡᠨ ᠪᠠᠰᠠ ᠮᠠᠰᠢ ᠤᠯᠠᠨ ᠴᠠᠭ ᠵᠠᠷᠤᠴᠠᠭᠤᠯᠵᠤ ᠦᠷ᠎ᠡ ᠪᠦᠲᠦᠮᠵᠢ ᠪᠠᠷ ᠴᠸ ᠶᠡᠷᠦᠮᠳᠡᠭ ᠪᠠᠶᠢᠯ᠎ᠠ᠃ ᠲᠡᠷᠡ ᠲᠠᠭᠢᠨ ᠴᠢᠯᠠᠭᠤ ᠪᠠᠨ ᠤᠲᠠᠰᠤ ᠪᠠᠷ ᠣᠷᠢᠶᠠᠬᠤ ᠪᠤᠶᠤ ᠠᠷᠠᠰᠤ ᠪᠠᠷ ᠪᠣᠭᠤᠵᠤ ᠦᠵᠡᠪᠡ᠂ ᠲᠡᠭᠦᠨ ᠤ ᠰᠠᠨᠠᠭᠠᠨ ᠳᠤ ᠮᠥᠨ ᠬᠦᠷᠬᠦ ᠦᠭᠡᠢ ᠪᠠᠶᠢᠯ᠎ᠠ᠃ ᠶᠠᠭ ᠡᠨᠡ ᠦᠶ᠎ᠡ ᠳᠤ ᠪᠡᠭᠡᠵᠢᠩ ᠤᠨ ᠬᠠᠰ ᠰᠡᠶᠢᠯᠦᠮᠡᠯ ᠤᠨ ᠲᠣᠮᠣ ᠳᠠᠷᠬᠠᠨ ᠰᠦ᠋ ᠷᠠᠨ ᠪᠠᠭᠰᠢᠲᠠᠨ ᠠᠯᠠᠱᠠ ᠳᠤ ᠢᠷᠡᠬᠦ ᠲᠠᠢ ᠲᠣᠬᠢᠶᠠᠵᠤ᠂ ᠵᠣᠯ ᠢᠶᠠᠷ ᠴᠠᠰᠤᠨ ᠤ ᠬᠢᠭᠰᠡᠨ ᠪᠦᠲᠦᠭᠡᠯ ᠢ ᠦᠵᠡᠭᠡᠳ ᠶᠡᠬᠡᠳᠡ ᠲᠣᠭᠤᠨ ᠵᠣᠷᠢᠭᠵᠢᠭᠤᠯᠵᠤ᠂ ᠴᠠᠰᠤᠨ ᠢ ᠬᠡᠳᠦᠶᠢᠪᠡᠷ ᠤᠷᠠᠯᠢᠭ ᠤᠨ ᠪᠤᠳᠤᠯ ᠪᠤᠶᠤ ᠪᠣᠯᠪᠠᠰᠤᠷᠠᠯ ᠲᠠᠢ ᠪᠤᠯᠪᠠᠴᠤ ᠤᠳᠤ ᠶᠢᠨ ᠬᠢᠵᠦ ᠪᠠᠶᠢᠭ᠎ᠠ ᠪᠦᠲᠦᠭᠡᠯ ᠨᠢ ᠠᠭᠤᠯᠭ᠎ᠠ ᠳᠠᠩ ᠴᠤᠯᠭᠤᠢ᠂ ᠮᠡᠷᠭᠡᠵᠢᠯ ᠪᠣᠯᠪᠠᠰᠤᠷᠠᠩᠭᠤᠢ ᠪᠤᠰᠤ᠂ ᠪᠦᠲᠦᠭᠡᠯ ᠬᠠᠭᠤᠴᠢᠨ ᠬᠡᠪᠰᠢᠮᠡᠯ ᠪᠠᠶᠢᠬᠤ ᠶᠢ ᠵᠢᠭᠠᠨ ᠭᠠᠷᠭᠠᠵᠤ᠂ ᠲᠡᠭᠦᠨ ᠢ ᠪᠡᠭᠡᠵᠢᠩ᠂ ᠱᠧᠨᠵᠧᠨ᠂ ᠭᠤᠸᠠᠩᠵᠧᠦ ᠵᠡᠷᠭᠡ ᠬᠤᠲᠠ ᠳᠤ ᠬᠦᠷᠴᠦ᠂ ᠲᠡᠳᠡᠨ ᠤ ᠬᠢᠵᠦ ᠪᠠᠶᠢᠭ᠎ᠠ ᠾᠧ ᠲᠢᠶᠠᠨ ᠬᠠᠰ ᠰᠡᠶᠢᠯᠦᠮᠡᠯ ᠤᠨ ᠤᠷᠠᠨ ᠲᠥᠰᠥᠪ ᠪᠤᠶᠤ ᠤᠷ᠎ᠠ ᠮᠡᠷᠭᠡᠵᠢᠯ ᠤᠨ ᠲᠤᠬᠠᠢ ᠰᠤᠷᠴᠤ ᠰᠤᠳᠤᠯᠬᠤ ᠶᠢ ᠰᠠᠨᠠᠭᠠᠴᠢᠯᠠᠪᠠ᠃            ᠡᠶᠢᠨ ᠬᠦ ᠴᠠᠰᠤᠨ ᠨᠤᠲᠤᠭ ᠤᠨ ᠴᠢᠯᠠᠭᠤᠨ ᠤ ᠪᠠᠨ ᠦᠨ᠎ᠡ ᠦᠷᠳᠡᠭ ᠢ ᠨᠡᠩ ᠶᠡᠭᠡ ᠪᠠᠷ ᠪᠠᠳᠠᠷᠠᠭᠤᠯᠬᠤ ᠭᠠᠭᠴᠠ ᠦᠵᠦᠭᠦᠷᠲᠦ ᠪᠤᠳᠤᠯ ᠢᠶᠠᠷ 2016 ᠣᠨ ᠤ 10 ᠰᠠᠷ᠎ᠠ ᠳᠤ 2 ᠨᠠᠰᠤᠲᠠᠢ ᠨᠢᠯᠬ᠎ᠠ ᠦᠷ᠎ᠡ ᠪᠠᠨ ᠠᠷᠤ ᠭᠡᠷ ᠎ ᠲᠡᠭᠡᠨ ᠦᠯᠡᠳᠡᠭᠡᠵᠦ᠂ ᠰᠤᠷᠭᠠᠭᠤᠯᠢ ᠠᠴᠠ ᠪᠠᠨ ᠴᠢᠯᠦᠭᠡ ᠠᠪᠴᠤ ᠪᠡᠭᠡᠵᠢᠩ ᠬᠤᠲᠠ ᠶᠢ ᠵᠣᠷᠢᠯ᠎ᠠ᠃ ᠲᠤᠬᠠᠢ ᠶᠢᠨ ᠦᠶ᠎ᠡ ᠳᠤ ᠦᠢᠯᠡᠳᠪᠦᠷᠢ ᠶᠢᠨ ᠲᠠᠰᠤᠭ ᠤᠨ ᠨᠥᠬᠦᠴᠡᠯ ᠨᠡᠯᠢᠶᠡᠳ ᠠᠨᠠᠢ᠂ ᠨᠡᠯᠢᠶᠡᠳ ᠬᠠᠲᠠᠭᠤᠵᠢᠯᠲᠠᠢ ᠪᠠᠶᠢᠯ᠎ᠠ᠃ ᠴᠠᠰᠤᠨ ᠵᠢᠷᠤᠭ ᠲᠥᠰᠥᠪᠯᠡᠯ ᠤᠨ ᠲᠤᠬᠠᠢ ᠰᠤᠷᠴᠤ ᠪᠣᠯᠪᠠᠰᠤᠷᠠᠬᠤ ᠶᠢᠨ ᠳᠠᠭᠠᠤ ᠭᠤᠸᠠᠩᠵᠧᠦ ᠵᠡᠷᠭᠡ ᠭᠠᠵᠠᠷ ᠠᠴᠠ ᠢᠷᠡᠭᠰᠡᠨ ᠠᠵᠢᠯᠴᠢᠳ ᠲᠠᠢ ᠦᠷᠭᠦᠯᠵᠢ ᠬᠠᠮᠲᠤ ᠠᠵᠢᠯᠯᠠᠵᠤ᠂ ᠲᠡᠳᠡᠨ ᠠᠴᠠ ᠯᠠ ᠶᠢᠨ ᠪᠠᠷ ᠬᠢᠬᠦ ᠮᠡᠷᠭᠡᠵᠢᠯ ᠢ ᠡᠵᠡᠮᠰᠢᠪᠡ᠃ ᠡᠨᠡ ᠬᠦ ᠬᠤᠭᠤᠴᠠᠭᠠᠨ ᠳᠤ ᠲᠡᠷᠡ ᠪᠠᠰᠠ ᠤᠯᠤᠰ ᠤᠨ ᠰᠤᠪᠤᠳ ᠡᠷᠳᠡᠨᠢ ᠬᠠᠰ ᠴᠢᠯᠠᠭᠤᠨ ᠤ ᠶᠠᠰᠤ ᠴᠢᠨᠠᠷ ᠢ ᠰᠢᠯᠭᠠᠨ ᠪᠠᠶᠢᠴᠠᠭᠠᠬᠤ ᠲᠥᠪ ᠤᠨ ᠡᠷᠭᠢᠯᠡᠨ ᠶᠠᠪᠤᠭᠳᠠᠭᠤᠯᠤᠭᠰᠠᠨ ︽ᠳᠤᠮᠳᠠᠳᠤ ᠤᠯᠤᠰ ᠤᠨ ᠰᠤᠪᠤᠳ ᠡᠷᠳᠡᠨᠢ ᠬᠠᠰ ᠴᠢᠯᠠᠭᠤᠨ ᠵᠠᠰᠠᠯ ᠴᠢᠮᠡᠭᠯᠡᠯ ᠤᠨ ᠠᠵᠢᠯ ᠲᠦᠷᠦᠯ ᠤᠨ ᠨᠡᠶᠢᠭᠡᠮᠯᠢᠭ ᠤᠨ ᠡᠷᠳᠡᠨᠢ ᠶᠢᠨ ᠴᠢᠯᠠᠭᠤᠨ ᠤ ᠬᠢᠨᠠᠨ ᠲᠣᠭᠲᠠᠭᠠᠭᠴᠢ ᠶᠢᠨ ᠰᠢᠯᠭᠠᠯᠲᠠ︾᠎ ᠶᠢ ᠥᠩᠭᠡᠷᠡᠵᠦ᠂ ᠡᠷᠳᠡᠨᠢ ᠶᠢᠨ ᠴᠢᠯᠠᠭᠤ ᠶᠢ ᠬᠢᠨᠠᠨ ᠲᠣᠭᠲᠠᠭᠠᠭᠴᠢ ᠪᠠᠷ ᠦᠨᠡᠯᠡᠭᠳᠡᠵᠦ᠂ ᠡᠯ᠎ᠡ ᠲᠦᠷᠦᠯ ᠤᠨ ᠴᠢᠯᠠᠭᠤ ᠶᠢ ᠦᠵᠡᠮᠡᠭᠴᠡ ᠶᠠᠮᠠᠷ ᠴᠢᠯᠠᠭᠤ ᠪᠤᠯᠬᠤ᠂ ᠭᠠᠷᠤᠯᠲᠠ ᠶᠢᠨ ᠣᠷᠣᠨ ᠨᠢ ᠬᠠᠮᠢᠭ᠎ᠠ ᠪᠤᠯᠬᠤ ᠶᠢ ᠪᠦᠷ ᠮᠡᠳᠡᠳᠡᠭ ᠪᠣᠯᠣᠯ᠎ᠠ᠃            ᠡᠴᠢᠨ᠎ᠡ ᠭᠦᠨ ᠤᠭ ᠰᠠᠨᠠᠭ᠎ᠠ ᠠᠴᠠ ᠡᠲᠡᠭᠡᠳ ᠭᠤᠶᠢᠳᠠ ᠪᠦᠲᠦᠭᠡᠯ ᠠᠮᠢᠯᠠᠨ᠎ᠠ            ᠴᠠᠰᠤᠨ ᠤ ᠣᠯᠠᠩᠬᠢ ᠪᠦᠲᠦᠭᠡᠯ ᠨᠢ ᠪᠦᠷ ᠠᠮᠢᠲᠠᠨ ᠤᠷᠭᠤᠮᠠᠯ ᠢᠶᠠᠷ ᠰᠡᠳᠦᠪᠯᠡᠭᠰᠡᠨ ᠶᠤᠮ᠃ ᠲᠡᠷᠡ ᠡᠳᠡᠭᠡᠷ ᠪᠦᠲᠦᠭᠡᠯ ᠢᠶᠠᠷ ᠢᠶᠠᠨ ᠳᠠᠮᠵᠢᠭᠤᠯᠵᠤ᠂ ᠬᠥᠮᠥᠰ ᠲᠤ ᠡᠬᠡ ᠪᠠᠶᠢᠭᠠᠯᠢ ᠪᠠᠨ ᠬᠠᠶᠢᠷᠠᠯᠠᠨ ᠬᠠᠮᠠᠭᠠᠯᠠᠬᠤ ᠶᠢ ᠰᠠᠨᠠᠭᠠᠴᠢᠯᠠᠳᠠᠭ᠃ ᠲᠡᠷᠡ ᠪᠠᠷ ᠣᠷᠴᠢᠮ ᠤᠨ ᠵᠢᠯ ᠤᠳ ᠲᠤ ᠬᠡᠭᠡᠷ᠎ᠡ ᠭᠠᠳᠠᠭ᠎ᠠ ᠶᠠᠪᠤᠬᠤ ᠳᠤ ᠪᠠᠶᠢᠩᠭᠤ ᠬᠠᠷᠠᠭᠳᠠᠳᠠᠭ ᠭᠦᠷᠪᠡᠯ ᠨᠡᠯᠢᠶᠡᠳ ᠴᠥᠭᠡᠷᠡᠭᠰᠡᠨ ᠢ ᠰᠡᠷᠡᠨ ᠮᠡᠳᠡᠵᠦ ᠨᠢᠭᠡᠨ ᠬᠡᠰᠡᠭ ᠴᠢᠯᠠᠭᠤ ᠪᠠᠷ ︽ᠭᠦᠷᠪᠡᠯ ᠤᠨ ᠨᠢᠯᠪᠤᠰᠤ︾ ᠭᠡᠬᠦ ᠪᠦᠲᠦᠭᠡᠯ ᠢᠶᠠᠨ ᠲᠥᠰᠥᠪᠯᠡᠨ ᠬᠢᠪᠡ᠃ ᠲᠤᠰ ᠪᠦᠲᠦᠭᠡᠯ ᠨᠢ ᠭᠦᠷᠪᠡᠯ ᠤᠨ ᠨᠢᠳᠦᠨ ᠴᠡᠴᠡᠭᠡᠢ ᠰᠢᠭ ᠵᠢᠵᠢᠭᠬᠡᠨ ᠴᠢᠯᠠᠭᠤᠨ ᠳᠤ 18K᠎ ᠶᠢᠨ ᠠᠯᠲᠠ ᠰᠢᠭᠢᠳᠬᠡᠵᠦ᠂ ᠦᠵᠡᠬᠦ ᠳᠤ ᠶᠠᠭ ᠭᠦᠷᠪᠡᠯ ᠤᠨ ᠨᠢᠳᠦᠨ ᠠᠴᠠ ᠨᠢᠯᠪᠤᠰᠤ ᠤᠷᠤᠰᠴᠤ ᠪᠠᠶᠢᠬᠤ ᠰᠢᠭ᠋ ᠰᠠᠨᠠᠭᠳᠠᠵᠤ᠂ ᠬᠥᠮᠥᠰ ᠲᠤ ᠡᠬᠡ ᠪᠠᠶᠢᠭᠠᠯᠢ ᠪᠠᠨ ᠬᠠᠶᠢᠷᠠᠯᠠᠵᠤ᠂ ᠣᠷᠴᠢᠨ ᠲᠣᠭᠤᠷᠢᠨ ᠠᠮᠢ ᠠᠬᠤᠢ ᠪᠠᠨ ᠬᠠᠮᠠᠭᠠᠯᠠᠬᠤ ᠶᠢ ᠰᠠᠨᠠᠭᠠᠴᠢᠯᠠᠪᠠ᠃ ᠮᠣᠳᠣᠨ ᠨᠠᠪᠴᠢ ᠶᠢᠨ ᠭᠡᠯᠪᠡᠷᠢ ᠲᠠᠢ ᠨᠢᠭᠡ ᠬᠡᠰᠡᠭ ᠴᠢᠯᠠᠭᠤ ᠣᠯᠳᠠᠬᠤ ᠪᠠᠷ᠂ ᠴᠢᠯᠠᠭᠤᠨ ᠤ ᠤᠷᠲᠤ ᠤᠳᠠᠭᠠᠨ ᠣᠨ ᠵᠢᠯ ᠤᠨ ᠲᠤᠷᠰᠢ ᠨᠠᠷᠠ ᠰᠠᠯᠬᠢᠨ ᠳᠤ ᠢᠳᠡᠭᠳᠡᠵᠦ ᠪᠦᠲᠦᠭᠰᠡᠨ ᠥᠪᠡᠷᠮᠢᠴᠡ ᠰᠢᠨᠵᠢ ᠶᠢ ᠦᠨᠳᠦᠰᠦᠯᠡᠵᠦ᠂ ᠤᠯᠠᠪᠤᠷ ᠥᠩᠭᠡ ᠶᠢᠨ ᠠᠯᠲᠠ ᠲᠠᠢ ᠤᠶᠠᠯᠳᠤᠭᠤᠯᠤᠨ ︽ᠨᠢᠭᠡᠬᠡᠨ ᠨᠠᠪᠴᠢ︾ ᠭᠡᠬᠦ ᠰᠣᠨᠳᠣᠷ ᠲᠥᠰᠥᠪᠯᠡᠨ ᠪᠦᠲᠦᠭᠡᠵᠦ᠂ ᠬᠥᠮᠥᠨ ᠪᠠᠶᠢᠭᠠᠯᠢ ᠡᠶ᠎ᠡ ᠵᠣᠬᠢᠴᠠᠩᠭᠤᠢ ᠣᠷᠣᠰᠢᠬᠤ ᠎ ᠶᠢ ᠰᠠᠨᠠᠭᠠᠴᠢᠯᠠᠯ᠎ᠠ᠃ ᠡᠶᠢᠨᠬᠦ ᠡᠬᠡ ᠪᠠᠶᠢᠭᠠᠯᠢ ᠶᠢᠨ ᠠᠷᠢᠭᠤᠨ ᠲᠠᠷᠬᠠᠨ ᠰᠣᠶᠣᠷᠬᠠᠯ ᠵᠢᠴᠢ ᠡᠵᠡᠨ ᠬᠥᠮᠥᠨ ᠤ ᠬᠤᠷᠴᠠ ᠮᠡᠷᠭᠡᠨ ᠤᠢ ᠠᠪᠢᠶᠠᠰ ᠢ ᠠᠭᠤᠯᠵᠤ᠂ ᠦᠢ ᠤᠯᠠᠨ ᠤ ᠪᠠᠭ᠋ᠠᠷᠬᠠᠯ ᠢ ᠭᠥᠷᠳᠡᠭᠰᠡᠨ ᠡᠲᠡᠭᠡᠳ ᠭᠤᠶᠢᠳᠠ ᠤᠷᠠᠨ ᠪᠦᠲᠦᠭᠡᠯ ᠴᠠᠰᠤᠨ ᠤ ᠭᠠᠷ ᠢᠶᠠᠷ ᠳᠠᠮᠵᠢᠨ ᠬᠤᠶᠢᠨ᠎ᠠ ᠬᠤᠶᠢᠨ᠎ᠠ ᠠᠴᠠ ᠪᠠᠨ ᠪᠦᠲᠦᠭᠡᠭᠳᠡᠪᠡ᠃            ᠪᠡᠭᠡᠵᠢᠩ ᠳᠤ ᠰᠤᠷᠤᠯᠴᠠᠵᠤ ᠪᠠᠶᠢᠬᠤ ᠬᠤᠭᠤᠴᠠᠭᠠᠨ ᠳᠠᠭᠠᠨ ᠴᠠᠰᠤᠨ ᠵᠢᠷᠤᠭ ᠲᠥᠰᠥᠪᠯᠡᠯ ᠬᠢᠵᠦ ᠪᠣᠯᠪᠠᠰᠤᠷᠠᠬᠤ ᠠᠴᠠ ᠭᠠᠳᠠᠨ᠎ᠠ ᠪᠠᠰᠠ ᠦᠷᠭᠦᠯᠵᠢ ᠦᠢᠯᠡᠳᠪᠦᠷᠢ ᠶᠢᠨ ᠲᠠᠰᠤᠭ ᠲᠤ ᠬᠦᠷᠴᠦ ᠵᠠᠰᠠᠯ ᠵᠢᠮᠰᠡᠭ ᠬᠢᠬᠦ ᠡᠯ᠎ᠡ ᠭᠤᠭᠴᠣᠭᠠᠨ ᠤ ᠠᠵᠢᠯ ᠢ ᠪᠠᠶᠠᠳᠠᠨ ᠬᠢᠪᠡ᠃ ᠡᠨᠡ ᠬᠦ ᠬᠤᠭᠤᠴᠠᠭᠠᠨ ᠳᠤ ᠲᠥᠰᠥᠪᠯᠡᠨ ᠬᠢᠭᠰᠡᠨ ︽ᠲᠡᠭᠷᠢ ᠭᠠᠵᠠᠷ ᠢ ᠳᠣᠩᠰᠣᠯᠭᠠᠮ᠎ᠠ︾᠂ ︽ᠨᠢᠭᠡᠬᠡᠨ ᠨᠠᠪᠴᠢ︾᠂ ︽ᠭᠦᠷᠪᠡᠯ ᠤᠨ ᠨᠢᠯᠪᠤᠰᠤ︾ ᠵᠡᠷᠭᠡ ᠪᠦᠲᠦᠭᠡᠯ ᠨᠢ 2017 ᠣᠨ ᠤ 4 ᠰᠠᠷ᠎ᠠ ᠳᠤ ᠠᠯᠠᠱᠠ ᠠᠶᠢᠮᠠᠭ ᠲᠤ ᠪᠣᠯᠤᠭᠰᠠᠨ ︽ᠬᠤᠪᠢᠯᠭᠠᠨ ᠲᠡᠮᠡᠭᠡ︾ ᠨᠡᠷᠡᠮᠵᠢᠲᠦ ᠬᠠᠴᠢᠨ ᠴᠢᠯᠠᠭᠤᠨ ᠤ ᠦᠵᠡᠰᠭᠦᠯᠡᠩ ᠳᠤ ᠲᠤᠰ ᠲᠤᠰ ᠠᠯᠲᠠᠨ ᠱᠠᠩᠨᠠᠯ᠂ ᠮᠥᠩᠭᠦᠨ ᠱᠠᠩᠨᠠᠯ᠂ ᠬᠠᠮᠤᠭ ᠤᠨ ᠰᠢᠯᠢᠳᠡᠭ ᠭᠠᠷ ᠤᠷᠠᠯᠠᠯ ᠤᠨ ᠱᠠᠩᠨᠠᠯ ᠵᠡᠷᠭᠡ ᠢᠷᠠᠭᠤ ᠠᠯᠳᠠᠷ ᠢ ᠭᠥᠷᠳᠡᠭᠰᠡᠨ ᠪᠠᠶᠢᠨ᠎ᠠ᠃ ᠮᠥᠨ ᠲᠤᠰ ᠵᠢᠯ ᠳᠤ ᠠᠯᠠᠱᠠ ᠠᠶᠢᠮᠠᠭ ᠤᠨ ᠪᠠᠶᠠᠨᠬᠤᠲᠠ ᠳᠤ ᠪᠣᠯᠤᠭᠰᠠᠨ ᠳᠠᠯᠠᠢ ᠶᠢᠨ ᠬᠤᠭᠤᠯᠠᠢ ᠶᠢᠨ ᠬᠤᠶᠠᠷ ᠬᠥᠪᠡᠭᠡᠨ ᠤ ᠦᠵᠡᠮᠦᠷᠢ ᠶᠢᠨ ᠴᠢᠯᠠᠭᠤᠨ ᠤ ᠰᠣᠶᠣᠯ ᠤᠨ ᠨᠠᠶᠢᠷ ᠲᠤ ᠴᠠᠰᠤᠨ ᠥᠪᠡᠷ ᠤᠨ ᠲᠥᠰᠥᠪᠯᠡᠨ ᠦᠢᠯᠡᠳᠦᠭᠰᠡᠨ 10 ᠭᠠᠷᠤᠢ ᠪᠦᠲᠦᠭᠡᠯ ᠢᠶᠠᠨ ᠳᠡᠯᠭᠡᠨ ᠦᠵᠡᠭᠦᠯᠦᠯ᠎ᠡ᠃ ᠥᠪᠡᠷᠮᠢᠴᠡ ᠭᠤᠶᠢᠳᠠ ᠤᠷᠠᠨ ᠪᠦᠲᠦᠭᠡᠯ ᠨᠢ ᠨᠠᠶᠢᠷ ᠤᠨ ᠤᠯᠠᠨ ᠲᠦᠮᠡᠨ ᠪᠠ ᠠᠵᠢᠯ ᠲᠦᠷᠦᠯ ᠨᠢᠭᠡᠲᠡᠳ ᠲᠤ ᠶᠡᠬᠡᠬᠡᠨ ᠲᠠᠭᠠᠰᠢᠶᠠᠭᠳᠠᠵᠤ᠂ ᠡᠴᠦᠰ ᠲᠤ ᠠᠯᠲᠠᠨ ᠱᠠᠩᠨᠠᠯ᠂ ᠮᠥᠩᠭᠦᠨ ᠱᠠᠩᠨᠠᠯ᠂ ᠬᠠᠮᠤᠭ ᠤᠨ ᠭᠤᠶᠢᠳᠠ ᠲᠥᠰᠥᠪᠯᠡᠯ᠂ ᠬᠠᠮᠤᠭ ᠤᠨ ᠰᠢᠯᠢᠳᠡᠭ ᠭᠠᠷ ᠤᠷᠠᠯᠠᠯ ᠵᠡᠷᠭᠡ ᠤᠯᠠᠨ ᠲᠦᠷᠦᠯ ᠤᠨ ᠱᠠᠩᠨᠠᠯ ᠬᠦᠷᠲᠡᠵᠦ᠂ ᠱᠠᠩᠨᠠᠯ ᠣᠯᠣᠭᠰᠠᠨ ᠪᠦᠲᠦᠭᠡᠯ ᠤᠳ ᠨᠢ ᠤᠯᠤᠰ ᠤᠨ ᠨᠡᠷᠡᠲᠦ ᠰᠡᠳᠬᠦᠯ ᠳᠤ ᠨᠡᠶᠢᠲᠡᠯᠡᠭᠳᠡᠵᠡᠢ᠃             ︽ᠠᠯᠢᠶ᠎ᠠ︾ ᠡᠷᠳᠡᠨᠢᠰ ᠭᠢᠯᠠᠯᠵᠠᠨ ᠥᠪᠡᠷᠮᠢᠴᠡ ᠨᠠᠮᠪᠠ ᠮᠡᠳᠡᠷᠡᠭᠳᠡᠨ᠎ᠡ            ᠤᠷᠠᠯᠢᠭᠴᠢᠨ ᠬᠥᠮᠥᠨ ᠥᠪᠡᠷ ᠤᠨ ᠭᠡᠬᠦ ᠬᠡᠪ ᠨᠠᠮᠪᠠ ᠶᠢ ᠬᠥᠭᠡᠭᠡᠴᠡᠯᠳᠦᠳᠡᠭ᠃ ᠴᠠᠰᠤᠨ ᠴᠸ ᠲᠡᠶᠢᠮᠦ᠃ ᠲᠡᠭᠦᠨ ᠤ ᠦᠵᠡᠬᠦ ᠪᠠᠷ᠂ ᠠᠯᠠᠱᠠ ᠬᠠᠴᠢᠨ ᠴᠢᠯᠠᠭᠤ ᠪᠠᠨ ᠬᠡᠲᠦᠷᠬᠡᠢ ᠴᠤᠭᠤᠴᠢᠵᠤ ᠤᠷᠠᠯᠠᠵᠤ ᠰᠡᠶᠢᠯᠭᠦ ᠦᠭᠡᠢ ᠪᠠᠷ᠂ ᠪᠠᠶᠢᠭᠠᠯᠢᠯᠢᠭ ᠠᠶᠠᠨᠳᠠᠭᠠᠨ ᠤ ᠳᠦᠷᠢ ᠭᠡᠯᠪᠡᠷᠢ ᠶᠢ ᠨᠢ ᠳᠡᠭᠡᠳᠦᠯᠡᠨ ᠬᠠᠳᠠᠭᠠᠯᠠᠵᠤ᠂ ᠳᠡᠭᠡᠷ᠎ᠡ ᠨᠢ ᠤᠳᠤ ᠦᠶ᠎ᠡ ᠶᠢᠨ ᠡᠯᠧᠮᠧᠨ᠋ᠲ ᠪᠤᠶᠤ ᠰᠣᠶᠣᠯ ᠢ ᠠᠭᠤᠰᠬᠠᠨ ᠵᠢᠭᠠᠬᠠᠨ ᠴᠢᠮᠡᠨ ᠭᠤᠶᠣᠯᠠᠪᠠᠯ ᠭᠤᠴᠣ ᠪᠦᠲᠦᠭᠡᠯ ᠪᠣᠯᠵᠤ ᠠᠮᠢᠯᠠᠬᠤ ᠨᠢ ᠲᠡᠷᠡ᠃            ᠥᠪᠡᠷ ᠤᠨ ᠬᠡᠪ ᠨᠠᠮᠪᠠ ᠪᠠᠨ ᠪᠦᠷᠢᠯᠳᠦᠭᠦᠯᠵᠦ᠂ ᠥᠷᠭᠡᠨ ᠤᠯᠠᠨ ᠳᠤ ᠲᠠᠨᠢᠭᠤᠯᠬᠤ ᠶᠢᠨ ᠲᠥᠯᠥᠭᠡ᠂ ᠴᠠᠰᠤᠨ ︽ᠠᠯᠢᠶ᠎ᠠ︾ ᠲᠦᠷᠦᠯ ᠲᠡᠮᠳᠡᠭ ᠢᠶᠠᠨ ᠳᠠᠩᠰᠠᠯᠠᠭᠤᠯᠵᠤ᠂ 2017 ᠣᠨ ᠳᠤ ᠤᠯᠠᠨ ᠲᠠᠯ᠎ᠠ ᠶᠢᠨ ᠳᠡᠮᠵᠢᠯᠭᠡ ᠎ ᠪᠠᠷ 200 ᠭᠠᠷᠤᠢ ᠲᠦᠮᠡᠨ ᠲᠥᠭᠦᠷᠢᠭ ᠤᠨ ᠪᠡᠯᠡ ᠣᠷᠣᠭᠤᠯᠵᠤ ︽ᠠᠯᠢᠶ᠎ᠠ︾ ᠰᠤᠪᠤᠳ ᠡᠷᠳᠡᠨᠢ ᠲᠥᠰᠥᠪᠯᠡᠬᠦ ᠠᠵᠢᠯ ᠤᠨ ᠦᠷᠦᠭᠡ ᠪᠠᠨ ᠪᠠᠶᠢᠭᠤᠯᠵᠤ᠂ ᠪᠠᠰᠠ ︽ᠠᠯᠢᠶ᠎ᠠ︾ ᠰᠤᠪᠤᠳ ᠡᠷᠳᠡᠨᠢ ᠭᠡᠬᠦ ᠵᠢᠷᠭᠢᠶ᠎ᠡ ᠶᠢᠨ ᠤᠯᠠᠨ ᠨᠡᠶᠢᠲᠡ ᠶᠢᠨ ᠳ᠋ᠤᠭᠠᠷ ᠢᠶᠠᠷ ᠢᠶᠠᠨ ᠭᠠᠷᠠᠭ ᠪᠦᠷᠢ ᠰᠢᠨ᠎ᠡ ᠪᠦᠲᠦᠭᠡᠯ ᠢᠶᠠᠨ ᠨᠡᠶᠢᠲᠡᠯᠡᠵᠦ ᠲᠠᠨᠢᠯᠴᠠᠭᠤᠯᠳᠠᠭ ᠪᠣᠯᠪᠠ᠃ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠠᠴᠠ ᠬᠠᠯᠠᠭᠤᠨ ᠳᠡᠮᠵᠢᠯᠭᠡ ᠦᠵᠡᠭᠦᠯᠵᠦ᠂ 2018 ᠣᠨ ᠎ ᠠᠴᠠ ᠪᠠᠶᠠᠨᠬᠤᠲᠠ ᠳᠤ ᠪᠠᠶᠢᠷᠢᠯᠠᠭ᠎ᠠ ᠳᠤᠮᠳᠠᠳᠤ ᠤᠯᠤᠰ ᠤᠨ ᠡᠯᠡᠰᠦ ᠮᠠᠩᠬᠠᠨ ᠤ ᠬᠠᠴᠢᠨ ᠴᠢᠯᠠᠭᠤᠨ ᠤ ᠰᠣᠶᠣᠯ ᠤᠨ ᠮᠦᠽᠧᠢ ᠶᠢᠨ 800 ᠲᠡᠭᠰᠢ ᠳᠥᠷᠪᠡᠯᠵᠢᠨ ᠮᠸᠲᠷ ᠲᠠᠯᠠᠪᠠᠢ ᠪᠦᠬᠦᠢ ᠦᠵᠡᠭᠦᠯᠭᠡ ᠶᠢᠨ ᠲᠢᠩᠬᠢᠮ ᠢ 5 ᠵᠢᠯ ᠲᠦᠷᠢᠶᠡᠰᠦᠨ ᠮᠥᠩᠭᠦ ᠬᠤᠷᠢᠶᠠᠬᠤ ᠦᠭᠡᠢ ᠪᠠᠷ ᠬᠡᠷᠡᠭᠯᠡᠭᠦᠯᠪᠡ᠃ ᠭᠡᠪᠡᠴᠦ ᠦᠢᠯᠡᠰ ᠪᠣᠰᠬᠠᠨ᠎ᠠ ᠭᠡᠭᠴᠢ ᠲᠡᠶᠢᠮᠦ ᠯᠡ ᠰᠢᠭᠤᠳ ᠰᠢᠯᠤᠭᠤᠨ ᠪᠢᠰᠢ᠃ 2019 ᠣᠨ ᠤ ᠡᠪᠦᠯ᠂ 3 ᠲᠦᠮᠡᠨ ᠲᠥᠭᠦᠷᠢᠭ ᠤᠨ ᠳᠤᠯᠠᠭᠠᠯᠠᠭ᠎ᠠ ᠶᠢᠨ ᠰᠦᠢᠳᠬᠡᠯ ᠢᠶᠠᠨ ᠲᠤᠰᠢᠶᠠᠵᠤ ᠲᠡᠶᠢᠯᠭᠦ ᠦᠭᠡᠢ ᠴᠠᠰᠤᠨ ᠭᠠᠷ ᠨᠤᠬᠤᠯᠠᠨ ᠭᠠᠴᠢᠭᠳᠠᠵᠤ ᠨᠢᠭᠡ ᠰᠠᠶᠢᠨ ᠤᠬᠢᠯᠠᠵᠤ ᠠᠪᠤᠪᠠ᠃ ᠲᠤᠯᠵᠤ ᠢᠷᠡᠭᠰᠡᠨ ᠵᠤᠪᠠᠯᠠᠩ ᠢ ᠲᠤᠭᠤᠯᠤᠭᠠᠳ ᠭᠠᠷᠬᠤ ᠯᠡ ᠬᠡᠷᠡᠭ᠃ ᠴᠠᠰᠤᠨ ᠲᠡᠷᠡ ᠣᠷᠣᠢ ᠨᠢ ᠰᠥᠨᠢᠵᠢᠨ ᠰᠢᠭᠤᠳ ᠨᠡᠪᠲᠡᠷᠡᠭᠦᠯᠭᠡ ᠬᠢᠵᠦ᠂ ᠪᠠᠰᠠ ᠬᠡᠳᠦᠨ ᠵᠢᠷᠭᠢᠶ᠎ᠡ ᠶᠢᠨ ᠴᠤᠭᠯᠠᠷᠠᠯ ᠳᠠᠭᠠᠨ ᠬᠠᠴᠢᠨ ᠴᠢᠯᠠᠭᠤᠨ ᠤ ᠪᠦᠲᠦᠭᠡᠯ ᠤᠳ ᠢᠶᠠᠨ ᠬᠢᠮᠳᠠᠷᠠᠭᠤᠯᠤᠨ ᠬᠤᠳᠠᠯᠳᠤᠵᠤ᠂ ᠰᠥᠨᠢ ᠲᠤᠵᠢ ᠠᠵᠢᠯᠯᠠᠨ ᠪᠠᠶᠢᠵᠤ ᠳᠤᠯᠠᠭᠠᠯᠠᠭ᠎ᠠ ᠶᠢᠨ ᠰᠦᠢᠳᠬᠡᠯ ᠢᠶᠠᠨ ᠴᠤᠭᠯᠠᠭᠤᠯᠤᠭᠰᠠᠨ ᠭᠡᠳᠡᠭ᠃             ︽ᠬᠥᠮᠥᠨ ᠳᠤ ᠵᠠᠪᠠᠯ ᠬᠢᠵᠦ ᠪᠦᠲᠦᠭᠡᠬᠦ ᠶᠠᠮᠠᠷ ᠨᠢᠭᠡᠨ ᠬᠦᠰᠡᠯ ᠵᠣᠷᠢᠯᠲᠠ ᠪᠠᠶᠢᠪᠠᠯ ᠶᠠᠮᠠᠷᠪᠠ ᠬᠦᠴᠢᠷ ᠪᠡᠷᠬᠡᠰᠢᠶᠡᠯ ᠢ ᠴᠦ ᠯᠠᠪᠲᠠᠢ ᠲᠤᠭᠤᠯᠤᠨ ᠭᠠᠷᠴᠤ ᠴᠢᠳᠠᠨ᠎ᠠ︾ ᠭᠡᠵᠦ ᠴᠠᠰᠤᠨ ᠵᠣᠷᠢᠮᠠᠭ ᠶᠠᠷᠢᠨ᠎ᠠ᠃            ᠤᠳᠤ ᠪᠤᠯᠬᠤ ᠳᠤ ︽ᠠᠯᠢᠶ᠎ᠠ︾ ᠰᠤᠪᠤᠳ ᠡᠷᠳᠡᠨᠢ ᠲᠥᠰᠥᠪᠯᠡᠬᠦ ᠠᠵᠢᠯ ᠤᠨ ᠦᠷᠦᠭᠡ ᠨᠢ 9 ᠠᠵᠢᠯᠲᠠᠨ ᠎ ᠲᠠᠢ ᠪᠣᠯᠵᠤ᠂ ᠴᠠᠰᠤᠨ ᠥᠪᠡᠷ ᠢᠶᠠᠨ ᠵᠢᠷᠤᠭ ᠲᠥᠰᠥᠪᠯᠡᠯ ᠬᠢᠬᠦ ᠠᠴᠠ ᠭᠠᠳᠠᠨ᠎ᠠ᠂ ᠰᠢᠭᠢᠳᠬᠡᠬᠦ᠂ ᠪᠣᠷᠣᠯᠠᠭᠤᠯᠬᠤ᠂ ᠤᠬᠠᠭᠤᠯᠬᠤ᠂ ᠸᠢᠳᠢᠤ᠋ ᠹᠢᠯᠢᠮ ᠬᠢᠬᠦ ᠵᠡᠷᠭᠡ ᠠᠵᠢᠯ ᠨᠢ ᠪᠦᠷ ᠨᠠᠷᠢᠨ ᠬᠤᠪᠢᠶᠠᠷᠢᠯᠠᠯ ᠲᠠᠢ ᠪᠣᠯᠵᠤ᠂ ᠵᠢᠯ ᠳᠤ 80 ᠭᠠᠷᠤᠢ ᠲᠦᠮᠡᠨ ᠲᠥᠭᠦᠷᠢᠭ ᠤᠨ ᠤᠷᠤᠯᠭ᠎ᠠ ᠣᠯᠵᠤ ᠪᠠᠶᠢᠳᠠᠭ᠃            ᠪᠦᠲᠦᠭᠡᠯ ᠢᠶᠠᠨ ᠨᠡᠩ ᠤᠯᠠᠨ ᠬᠥᠮᠥᠨ ᠳᠤ ᠲᠠᠨᠢᠭᠤᠯᠬᠤ ᠵᠢᠴᠢ ᠪᠣᠷᠤᠯᠠᠭᠤᠯᠭ᠎ᠠ ᠶᠢᠨ ᠠᠷᠭ᠎ᠠ ᠵᠠᠮ ᠢᠶᠠᠨ ᠥᠷᠭᠡᠳᠬᠡᠬᠦ ᠶᠢᠨ ᠲᠥᠯᠥᠭᠡ ᠲᠡᠳᠡ ᠪᠠᠰᠠ ᠡᠮᠦᠨᠡᠲᠦ ᠣᠷᠣᠨ ᠤ ᠵᠠᠷᠢᠮ ᠰᠢᠭᠤᠳ ᠨᠡᠪᠲᠡᠷᠡᠭᠦᠯᠭᠡ ᠶᠢᠨ ᠰᠠᠭᠤᠷᠢᠨ ᠎ ᠲᠠᠢ ᠬᠠᠮᠲᠤᠷᠠᠯᠴᠠᠨ ᠰᠦᠯᠵᠢᠶᠡᠨ ᠤ ᠰᠢᠭᠤᠳ ᠨᠡᠪᠲᠡᠷᠡᠭᠦᠯᠭᠡ ᠪᠠᠷ ᠪᠦᠲᠦᠭᠡᠯ ᠢᠶᠠᠨ ᠪᠣᠷᠣᠯᠠᠭᠤᠯᠬᠤ ᠶᠢᠨ ᠬᠠᠮᠲᠤ ᠪᠠᠰᠠ ᠵᠢᠷᠭᠢᠶ᠎ᠡ ᠶᠢᠨ ᠴᠤᠭᠯᠠᠷᠠᠯ ᠳᠠᠭᠠᠨ ᠦᠨ᠎ᠡ ᠬᠠᠶᠠᠯᠴᠠᠭᠤᠯᠤᠨ ᠪᠣᠷᠣᠯᠠᠭᠤᠯᠵᠤ ᠪᠤᠢ᠃            ᠤᠷ᠎ᠠ ᠮᠡᠷᠭᠡᠵᠢᠯ ᠡᠳᠦᠷ ᠲᠤᠳᠤᠮ ᠰᠢᠨᠡᠳᠦᠨ ᠬᠥᠭᠵᠢᠵᠦ ᠪᠠᠶᠢᠳᠠᠭ᠃ ᠥᠪᠡᠷ ᠤᠨ ᠪᠦᠲᠦᠭᠡᠯ ᠢᠶᠠᠨ ᠦᠷᠭᠦᠯᠵᠢᠯᠡᠨ ᠬᠥᠭᠵᠢᠭᠦᠯᠦᠶ᠎ᠡ ᠭᠡᠪᠡᠯ ᠵᠠᠪᠠᠯ ᠭᠠᠳᠠᠭᠰᠢ ᠭᠠᠷᠴᠤ ᠲᠡᠷᠢᠭᠦᠨ ᠤ ᠤᠷᠠᠯᠠᠵᠤ ᠰᠢᠭᠢᠳᠬᠡᠬᠦ ᠮᠡᠷᠭᠡᠵᠢᠯ ᠢ ᠰᠤᠷᠤᠯᠴᠠᠬᠤ ᠶᠢᠨ ᠬᠠᠮᠲᠤ ᠤᠬᠠᠭᠤᠯᠭ᠎ᠠ ᠶᠢᠨ ᠠᠵᠢᠯ ᠢᠶᠠᠨ ᠰᠠᠶᠢᠨ ᠬᠢᠬᠦ ᠬᠡᠷᠡᠭᠲᠡᠢ ᠭᠡᠳᠡᠭ ᠢ ᠴᠠᠰᠤᠨ ᠤᠬᠠᠪᠠ᠃ ᠲᠡᠭᠡᠭᠡᠳ 2019 ᠣᠨ ᠤ 2 ᠰᠠᠷ᠎ᠠ ᠳᠤ ᠲᠡᠷᠡ ᠬᠤᠪᠢ ᠶᠢᠨ ᠰᠦᠢᠳᠬᠡᠯ ᠢᠶᠠᠷ ᠶᠠᠫᠤᠨ ᠳᠤ ᠬᠦᠷᠴᠦ᠂ ᠪᠣᠯᠣᠷ ᠴᠢᠯᠠᠭᠤ ᠰᠡᠶᠢᠯᠵᠦ ᠤᠷᠠᠯᠠᠬᠤ ᠲᠡᠷᠢᠭᠦᠨ ᠤ ᠮᠡᠷᠭᠡᠵᠢᠯ ᠢ ᠡᠵᠡᠮᠰᠢᠬᠦ ᠶᠢᠨ ᠬᠠᠮᠲᠤ ᠥᠪᠡᠷ ᠤᠨ ᠪᠦᠲᠦᠭᠡᠯ ᠢᠶᠠᠨ ᠤᠬᠠᠭᠤᠯᠤᠨ ᠲᠠᠨᠢᠯᠴᠠᠭᠤᠯᠪᠠ᠃ ᠮᠥᠨ ᠲᠤᠰ ᠵᠢᠯ ᠤᠨ 10 ᠰᠠᠷ᠎ᠠ ᠳᠤ ᠲᠡᠷᠡ ᠥᠪᠥᠷ ᠮᠣᠩᠭᠤᠯ ᠢ ᠲᠥᠯᠥᠭᠡᠯᠡᠨ ᠤᠯᠤᠰ ᠤᠨ ᠰᠣᠶᠣᠯ ᠪᠠ ᠵᠢᠭᠤᠯᠴᠢᠯᠠᠯ ᠤᠨ ᠶᠠᠮᠤᠨ ᠤ ᠵᠠᠰᠠᠯ ᠵᠢᠮᠰᠡᠭ ᠵᠢᠷᠤᠵᠤ ᠲᠥᠰᠥᠪᠯᠡᠬᠦ ᠵᠠᠯᠠᠭᠤ ᠴᠢᠳᠠᠪᠤᠷᠢᠲᠠᠨ ᠤ ᠪᠣᠯᠪᠠᠰᠤᠷᠠᠯ ᠤᠨ ᠲᠦᠷᠦᠯ ᠵᠦᠢᠯ ᠳᠤ ᠤᠷᠤᠯᠴᠠᠵᠤ᠂ ᠶᠦᠨᠨᠠᠨ ᠮᠤᠵᠢ ᠶᠢᠨ ᠾᠧ ᠴᠢᠩ ᠬᠤᠲᠠ ᠎ ᠳᠤ ᠬᠤᠷᠢᠭᠠᠳ ᠡᠳᠦᠷ ᠰᠤᠷᠤᠯᠴᠠᠪᠠ᠃ ᠡᠶᠢᠨᠬᠦ ᠤᠯᠠᠮᠵᠢᠯᠠᠯᠲᠤ ᠣᠨᠴᠠᠯᠢᠭ ᠢ ᠬᠠᠳᠠᠭᠠᠯᠠᠭᠰᠠᠨ ᠪᠥᠭᠡᠳ ᠰᠢᠨ᠎ᠡ ᠤᠷᠤᠰᠬᠠᠯ ᠰᠢᠨ᠎ᠡ ᠡᠯᠧᠮᠧᠨ᠋ᠲ ᠢ ᠤᠶᠠᠯᠳᠤᠭᠤᠯᠤᠭᠰᠠᠨ ᠴᠠᠰᠤᠨ ᠤ ︽ᠠᠯᠢᠶ᠎ᠠ︾ ᠰᠤᠪᠤᠳ ᠡᠷᠳᠡᠨᠢᠰ ᠪᠦᠭᠦ ᠤᠯᠤᠰ᠂ ᠲᠡᠷᠡᠴᠢᠯᠡᠨ ᠭᠠᠳᠠᠭᠠᠳᠤ ᠶᠢᠨ ᠬᠥᠮᠥᠰ ᠲᠤ ᠴᠸ ᠲᠠᠨᠢᠭᠳᠠᠨ ᠮᠡᠳᠡᠷᠡᠭᠳᠡᠯ᠎ᠡ᠃                  ᠬᠦᠰᠡᠯ ᠵᠣᠷᠢᠭ ᠢᠶᠠᠨ ᠬᠥᠪᠴᠢᠯᠡᠨ ᠬᠠᠷᠠᠯᠲᠠ ᠲᠣᠳᠣ ᠤᠷᠤᠭᠰᠢᠯᠠᠨ᠎ᠠ            ᠥᠪᠡᠷᠮᠢᠴᠡ ᠳᠡᠭᠡᠳᠦ ᠳᠡᠰ ᠤᠨ ᠵᠠᠰᠠᠯ ᠵᠢᠮᠰᠡᠭ ᠲᠥᠰᠥᠪᠯᠡᠬᠦ ᠨᠢ ᠤᠷᠠᠯᠢᠭᠴᠢᠨ ᠤ ᠬᠡᠪ ᠪᠣᠯᠪᠠᠰᠤᠷᠠᠯ ᠢ ᠬᠠᠷᠠᠭᠤᠯᠬᠤ ᠴᠢᠬᠤᠯᠠ ᠨᠥᠬᠦᠴᠡᠯ ᠪᠤᠯᠪᠠᠴᠤ ᠪᠥᠭᠡᠮ ᠢᠶᠠᠷ ᠦᠢᠯᠡᠳᠪᠦᠷᠢᠯᠡᠬᠦ ᠨᠢ ᠨᠡᠩ ᠢᠯᠡᠭᠦᠦ ᠦᠷᠳᠡᠭ ᠪᠦᠲᠦᠭᠡᠬᠦ ᠎ ᠨᠢ ᠳᠠᠮᠵᠢᠭ ᠦᠭᠡᠢ᠃ 2019 ᠣᠨ ᠤ 8 ᠰᠠᠷ᠎ᠠ ᠳᠤ ᠨᠠᠢᠮᠠᠳᠤᠭᠠᠷ ᠬᠤᠭᠤᠴᠠᠭᠠᠨ ᠤ ᠤᠯᠠᠭᠠᠨᠮᠥ᠋ᠴᠢᠷ ᠤᠨ ᠤᠷᠠᠯᠢᠭ ᠤᠨ ᠨᠠᠶᠢᠷ ᠠᠯᠠᠱᠠ ᠵᠡᠭᠦᠨ ᠬᠤᠰᠢᠭᠤᠨ ᠳᠤ ᠶᠠᠪᠤᠭᠳᠠᠬᠤ ᠳᠤ᠂ ᠴᠠᠰᠤᠨ ᠤ ᠠᠵᠢᠯᠯᠠᠬᠤ ᠦᠷᠦᠭᠡ ᠶᠢᠨ ᠎ ᠬᠢᠨ ᠡᠭᠦᠷᠭᠡ ᠲᠤᠰᠴᠤ᠂ 20 ᠡᠳᠦᠷ ᠤᠨ ᠳᠣᠲᠣᠷ᠎ᠠ ᠮᠥᠩᠭᠦ ᠪᠠ ᠠᠯᠠᠱᠠ ᠶᠢᠨ ᠴᠢᠯᠠᠭᠤ ᠶᠢ ᠤᠶᠠᠯᠳᠤᠭᠤᠯᠤᠨ 2500 ᠬᠤᠪᠢ ᠳᠤᠷᠠᠰᠬᠠᠯ ᠤᠨ ᠲᠡᠮᠳᠡᠭ ᠬᠢᠪᠡ᠃            2019 ᠣᠨ ᠤ 9 ᠰᠠᠷ᠎ᠠ ᠳᠤ ᠤᠯᠠᠭᠠᠨᠬᠠᠳᠠ ᠳᠤ ᠶᠠᠪᠤᠭᠳᠠᠭᠰᠠᠨ 2019 ᠣᠨ ᠤ ︽ᠲᠠᠷᠢᠶᠠᠯᠠᠩ ᠤᠨ ᠪᠠᠩᠬᠢ ᠬᠤᠨᠳᠠᠭᠠᠲᠤ︾ ᠵᠢᠷᠭᠤᠳᠤᠭᠠᠷ ᠬᠤᠭᠤᠴᠠᠭᠠᠨ ᠤ ︽ᠵᠠᠯᠠᠭᠤ ᠨᠠᠰᠤᠨ ᠤ ᠡᠭᠦᠳᠦᠯᠲᠡ︾ ᠥᠪᠥᠷ ᠮᠣᠩᠭᠤᠯ ᠤᠨ ᠵᠠᠯᠠᠭᠤᠴᠤᠳ ᠤᠨ ᠰᠢᠨ᠎ᠡ ᠶᠢ ᠡᠭᠦᠳᠴᠦ ᠦᠢᠯᠡᠰ ᠪᠦᠲᠦᠭᠡᠬᠦ ᠤᠷᠤᠯᠳᠤᠭᠠᠨ ᠳᠤ ᠴᠠᠰᠤᠨ ᠤ ︽ᠠᠯᠢᠶ᠎ᠠ︾ ᠰᠤᠪᠤᠳ ᠡᠷᠳᠡᠨᠢ ᠲᠥᠰᠥᠪᠯᠡᠬᠦ ᠠᠵᠢᠯ ᠤᠨ ᠦᠷᠦᠭᠡ ᠶᠢᠨ ᠦᠢᠯᠡᠰ ᠪᠣᠰᠬᠠᠬᠤ ᠲᠦᠷᠦᠯ ᠵᠦᠢᠯ ᠨᠢ ᠥᠪᠥᠷ ᠮᠣᠩᠭᠤᠯ ᠤᠨ ᠤᠷᠤᠯᠳᠤᠭᠠᠨ ᠤ ᠲᠣᠭᠤᠷᠢᠭ ᠤᠨ ᠠᠯᠲᠠᠨ ᠮᠧᠲᠠᠯ ᠢ ᠲᠤᠰᠴᠤ᠂ ᠪᠦᠭᠦ ᠤᠯᠤᠰ ᠤᠨ ᠤᠷᠤᠯᠳᠤᠭᠠᠨ ᠳᠤ ᠰᠢᠯᠢᠳᠡᠭ ᠱᠠᠩᠨᠠᠯ ᠭᠦᠷᠲᠡᠪᠡ᠃            ᠣᠳᠣᠬᠠᠨ ᠳᠤ ᠴᠠᠰᠤᠨ ᠶᠠᠭ ᠠᠯᠠᠱᠠ ᠠᠵᠢᠯ ᠮᠡᠷᠭᠡᠵᠢᠯ ᠤᠨ ᠳᠡᠭᠡᠳᠦ ᠰᠤᠷᠭᠠᠭᠤᠯᠢ ᠲᠠᠢ ᠪᠠᠨ ᠬᠠᠮᠲᠤᠷᠠᠯᠴᠠᠭ᠎ᠠ ᠪᠠᠶᠢᠭᠤᠯᠤᠨ ᠠᠵᠢᠯᠯᠠᠵᠤ᠂ ᠰᠤᠷᠭᠠᠭᠤᠯᠢ ᠶᠢᠨ ᠪᠠᠭᠰᠢ ᠰᠤᠷᠤᠬᠴᠢᠳ ᠲᠤ ᠦᠢᠯᠡᠳᠦᠯᠭᠡ ᠪᠠ ᠳᠠᠳᠤᠯᠭ᠎ᠠ ᠬᠢᠬᠦ ᠲᠠᠪᠴᠠᠩ ᠬᠠᠩᠭᠠᠵᠤ᠂ ᠰᠤᠷᠤᠬᠴᠢᠳ ᠤᠨ ᠰᠤᠷᠤᠬᠰᠠᠨ ᠲᠤᠰᠬᠠᠢ ᠮᠡᠷᠭᠡᠵᠢᠯ ᠢ ᠦᠨᠳᠦᠰᠦᠯᠡᠵᠦ᠂ ᠵᠢᠷᠤᠵᠤ ᠲᠥᠰᠥᠪᠯᠡᠬᠦ᠂ ᠬᠠᠴᠢᠨ ᠴᠢᠯᠠᠭᠤ ᠰᠡᠶᠢᠯᠭᠦ᠂ ᠠᠯᠲᠠ ᠮᠥᠩᠭᠦ ᠰᠢᠭᠢᠳᠬᠡᠬᠦ᠂ ᠪᠦᠲᠦᠭᠡᠭᠳᠡᠬᠦᠨ ᠢᠶᠠᠨ ᠪᠣᠷᠣᠯᠠᠭᠤᠯᠬᠤ᠂ ᠡᠯᠧᠺᠲᠷᠣᠨ ᠬᠤᠳᠠᠯᠳᠤᠭ᠎ᠠ ᠡᠷᠭᠢᠯᠡᠭᠦ ᠵᠡᠷᠭᠡ ᠠᠵᠢᠯ ᠤᠨ ᠪᠠᠶᠢᠷᠢ ᠬᠠᠩᠭᠠᠬᠤ ᠶᠢᠨ ᠬᠠᠮᠲᠤ ᠪᠠᠰᠠ ᠬᠠᠷᠠᠮᠵᠢ ᠮᠥᠩᠭᠦ ᠣᠯᠭᠤᠵᠤ ᠪᠤᠢ᠃ ᠲᠡᠷᠡ ᠪᠠᠰᠠ ᠬᠠᠮᠲᠤ ᠠᠵᠢᠯᠲᠠᠳ ᠲᠠᠢ ᠪᠠᠨ ᠬᠠᠮᠲᠤ ᠣᠶᠢᠷ᠎ᠠ ᠬᠠᠪᠢ ᠶᠢᠨ 40 ᠭᠠᠷᠤᠢ ᠮᠠᠯᠴᠢᠳ ᠲᠤ ᠴᠢᠯᠠᠭᠤᠨ ᠳᠡᠭᠡᠷ᠎ᠡ ᠠᠯᠲᠠ ᠮᠥᠩᠭᠦ ᠰᠢᠭᠢᠳᠬᠡᠬᠦ ᠪᠣᠯᠪᠠᠰᠤᠷᠠᠯ ᠬᠦᠷᠲᠡᠭᠡᠪᠡ᠃            ᠡᠨᠡ ᠵᠢᠯ ᠤᠨ 3 ᠰᠠᠷ᠎ᠠ ᠠᠴᠠ ᠡᠬᠢᠯᠡᠨ ᠴᠠᠰᠤᠨ ᠮᠣᠩᠭᠤᠯ ᠤᠯᠤᠰ ᠤᠨ ᠪᠣᠯᠪᠠᠰᠤᠷᠠᠯ ᠤᠨ ᠶᠡᠭᠡ ᠰᠤᠷᠭᠠᠭᠤᠯᠢ ᠳᠤ ᠤᠷᠠᠯᠢᠭ ᠰᠤᠳᠤᠯᠤᠯ ᠤᠨ ᠲᠤᠰᠬᠠᠢ ᠮᠡᠷᠭᠡᠵᠢᠯ ᠢᠶᠠᠷ ᠰᠤᠳᠤᠯᠤᠨ ᠰᠤᠷᠤᠬᠴᠢ ᠦᠵᠡᠵᠦ ᠪᠤᠢ᠃ ᠭᠡᠬᠦ ᠎ ᠳᠡᠭᠡᠨ ᠰᠤᠷᠤᠬᠰᠠᠨ ᠮᠡᠳᠡᠯᠭᠡ ᠮᠡᠷᠭᠡᠵᠢᠯ ᠢᠶᠠᠨ ᠠᠰᠢᠭᠯᠠᠨ ᠠᠯᠠᠱᠠ ᠶᠢᠨ ᠮᠠᠨᠳᠤᠯ ᠠᠭᠤᠯᠠᠨ ᠤ ᠬᠠᠳᠠᠨ ᠵᠢᠷᠤᠭ ᠤᠨ ᠤᠷᠠᠯᠢᠭ ᠳᠦᠷᠰᠦᠯᠡᠯ ᠤᠨ ᠣᠨᠴᠠᠯᠢᠭ ᠢ ᠰᠠᠶᠢᠲᠤᠷ ᠰᠤᠳᠤᠯᠤᠨ ᠠᠯᠠᠱᠠ ᠶᠢᠨ ᠬᠠᠴᠢᠨ ᠴᠢᠯᠠᠭᠤ ᠲᠠᠢ ᠤᠶᠠᠯᠳᠤᠭᠤᠯᠵᠤ ᠰᠢᠷᠢᠰ ᠥᠪᠡᠷᠮᠢᠴᠡ ᠪᠦᠲᠦᠭᠡᠯ ᠭᠠᠷᠭᠠᠬᠤ ᠪᠣᠯ ᠲᠡᠭᠦᠨ ᠤ ᠳᠠᠷᠠᠭᠠᠴᠢ ᠶᠢᠨ ᠨᠢᠭᠡᠨ ᠬᠠᠷᠠᠯᠲᠠ ᠪᠣᠯᠣᠨ᠎ᠠ᠃             ︽ᠣᠳᠣᠬᠠᠨ ᠳᠤ᠂ ᠨᠤᠲᠤᠭ ᠤᠨ ᠪᠠᠶᠢᠭᠠᠯᠢᠯᠢᠭ ᠴᠢᠯᠠᠭᠤᠳ ᠳᠡᠩᠳᠡᠭᠦᠦ ᠬᠢᠮᠳᠠ ᠭᠢᠯᠪᠠᠷ ᠢᠶᠠᠷ ᠭᠠᠳᠠᠭᠰᠢ ᠎ ᠪᠠᠨ ᠨᠡᠭᠦᠵᠦ ᠪᠠᠶᠢᠨ᠎ᠠ᠂ ᠡᠭᠦᠨ ᠤ ᠭᠤᠣᠯ ᠰᠢᠯᠲᠠᠭᠠᠨ ᠤ ᠨᠢᠭᠡ ᠪᠣᠯ ᠪᠢᠳᠡᠨ ᠤ ᠮᠡᠷᠭᠡᠵᠢᠯ ᠳᠤᠲᠠᠮᠠᠭ ᠠᠴᠠ ᠪᠣᠯᠵᠤ᠂ ᠬᠠᠴᠢᠨ ᠴᠢᠯᠠᠭᠤ ᠪᠠᠨ︿ᠬᠤᠪᠣᠷ ᠡᠷᠳᠡᠨᠢ﹀ ᠪᠤᠯᠭᠠᠵᠤ ᠴᠢᠳᠠᠬᠤ ᠦᠭᠡᠢ ᠪᠠᠶᠢᠨ᠎ᠠ᠃ ᠭᠡᠬᠦ ᠳᠡᠭᠡᠨ ᠴᠢᠯᠠᠭᠤ ᠪᠠᠨ ᠬᠥᠭᠵᠢᠭᠦᠯᠬᠦ ᠳᠤ ᠭᠠᠭᠴᠠ ᠬᠤᠶᠠᠷ ᠬᠥᠮᠥᠨ ᠳᠤ ᠲᠦᠰᠢᠭᠯᠡᠭᠡᠳ ᠪᠤᠯᠬᠤ ᠦᠭᠡᠢ᠂ ︿ᠤᠯᠠᠨ ᠤ ᠬᠦᠴᠦᠨ ᠳᠤ ᠣᠪᠣᠭ᠎ᠠ ᠪᠣᠰᠣᠨ᠎ᠠ﹀ ᠭᠡᠳᠡᠭ ᠢᠶᠠᠷ ᠨᠡᠩ ᠤᠯᠠᠨ ᠬᠥᠮᠥᠰ ᠡᠨᠡ ᠬᠦ ᠮᠡᠷᠭᠡᠵᠢᠯ ᠢ ᠰᠤᠷᠴᠤ ᠬᠠᠴᠢᠨ ᠴᠢᠯᠠᠭᠤᠨ ᠤ ᠪᠠᠨ ᠦᠨ᠎ᠡ ᠦᠷᠳᠡᠭ ᠢ ᠢᠯᠡᠷᠡᠭᠦᠯᠦᠨ ᠬᠥᠭᠵᠢᠭᠦᠯᠬᠦ ᠶᠢ ᠬᠦᠰᠡᠵᠦ ᠪᠠᠶᠢᠨ᠎ᠠ︾ ᠭᠡᠵᠦ ᠴᠠᠰᠤᠨ ᠪᠤᠳᠤᠯ ᠰᠠᠨᠠᠯ ᠢᠶᠠᠨ ᠳᠡᠯᠭᠡᠨ᠎ᠡ᠃            
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号