| | | | | | 6 ᠰᠠᠷ᠎ᠠ ᠶᠢᠨ ᠬᠠᠮᠤᠭ ᠤᠨ ᠰᠡᠭᠦᠯᠴᠢ ᠶᠢᠨ ᠡᠳᠦᠷ᠂ ᠠᠯᠠᠱᠠ ᠠᠶᠢᠮᠠᠭ ᠤᠨ ᠪᠣᠳᠠᠰ ᠤᠨ ᠪᠤᠰᠤ ᠰᠣᠶᠣᠯ ᠤᠨ | ᠥᠪ ᠠᠷᠠᠰᠤᠨ ᠤᠷᠠᠯᠢᠭ ᠤᠷᠠᠯᠠᠬᠤ ᠤᠯᠠᠮᠵᠢᠯᠠᠬᠤ ᠦᠵᠡᠭᠦᠯᠭᠡ ᠶᠢᠨ ᠥᠷᠭᠦᠭᠡᠨ ᠳᠤ᠃ | | ᠬᠤᠷᠠᠭᠠᠨ ᠭᠡᠵᠢᠭᠡ ᠲᠠᠢ᠂ ᠥᠨᠳᠥᠷ ᠪᠡᠶ᠎ᠡ ᠲᠠᠢ᠂ ᠴᠠᠭᠠᠨ ᠬᠤᠪᠴᠠᠰᠤ ᠲᠠᠢ ᠤᠨᠳᠤᠷᠤᠮᠠᠯ ᠰᠢᠷᠡᠭᠡ | ᠡᠯᠢᠭᠡᠳᠡᠵᠦ ᠰᠠᠭᠤᠭᠠᠳ ᠣᠨᠣᠪᠴᠢ ᠭᠢᠳᠤᠭ᠎ᠠ ᠶᠢ ᠡᠪᠯᠢᠭᠬᠡᠨ ᠠᠳᠬᠤᠵᠤ ᠭᠥᠯᠢᠭᠡᠷ ᠠᠷᠠᠰᠤᠨ ᠳᠡᠭᠡᠷ᠎ᠡ ᠵᠢᠷᠤᠭ | ᠰᠡᠶᠢᠯᠵᠦ ᠮᠠᠬᠠᠷᠠᠨᠠ᠃ ᠭᠤᠴᠢᠨ ᠲᠠᠪᠤᠨ ᠨᠠᠰᠤᠨ ᠤ ᠭᠠᠩᠭᠠᠩ ᠳᠥᠷᠥᠭᠡᠨ ᠳᠤ ᠭᠢᠯᠠᠷᠠᠭᠠ ᠤᠨᠳᠤᠷᠤᠮᠠᠯ ᠢᠩᠭᠢᠵᠦ | ᠪᠢᠷ ᠤᠨ ᠦᠵᠦᠭᠦᠷ᠂ ᠪᠢᠯᠢᠭ ᠤᠨ ᠬᠤᠷᠴᠠ᠂ ᠣᠨᠣᠪᠴᠢ ᠭᠢᠳᠤᠭ᠎ᠠ ᠶᠢᠨ ᠢᠷ ᠢᠶᠠᠷ ᠵᠠᠯᠠᠭᠤ ᠨᠠᠰᠤ᠂ ᠬᠦᠰᠡᠯ | ᠬᠥᠭᠡᠭᠡᠴᠡᠯᠳᠦᠯ ᠢᠶᠠᠨ ᠠᠷᠠᠰᠤᠨ ᠳᠡᠭᠡᠷ᠎ᠡ ᠵᠢᠷᠤᠭᠯᠠᠨ ᠵᠢᠷᠤᠭᠯᠠᠭᠰᠠᠭᠠᠷ᠃ | | ᠬᠥᠬᠡᠷᠡᠨ ᠴᠡᠩᠬᠡᠷᠲᠦᠭᠰᠡᠨ ᠠᠯᠠᠱᠠ ᠠᠭᠤᠯᠠᠨ ᠤ ᠬᠤᠷᠮᠣᠢ᠂ ᠨᠡᠯᠦᠶᠢᠨ ᠴᠠᠶᠢᠯᠵᠠᠭᠰᠠᠨ ᠲᠡᠭᠷᠢ ᠡᠯᠡᠰᠦᠨ ᠤ | ᠬᠥᠪᠡᠭᠡᠨ ᠳᠤ ᠲᠠᠪᠠᠭ᠋ᠠᠢ ᠭᠢᠯᠠᠯᠵᠠᠭᠤᠯᠤᠨ ᠲᠣᠭᠯᠠᠵᠤ ᠥᠰᠦᠭᠰᠡᠨ ᠪᠠᠭ᠎ᠠ ᠨᠠᠰᠤ ᠨᠢ ᠠᠷᠠᠰᠤᠨ ᠵᠢᠷᠤᠭ ᠲᠤ | ᠳᠡᠯᠭᠡᠭᠳᠡᠨ᠎ᠡ᠃ ᠤᠨᠳᠤᠷᠤᠮᠠᠯ ᠠᠯᠠᠱᠠ ᠵᠡᠭᠦᠨ ᠬᠤᠰᠢᠭᠤᠨ ᠤ ᠵᠢᠷᠭᠠᠯᠰᠠᠶᠢᠬᠠᠨ ᠪᠠᠯᠭᠠᠰᠤ ᠶᠢᠨ ᠮᠠᠯᠴᠢᠨ ᠤᠳᠤᠮᠲᠤ | ᠠᠶᠢᠯ ᠳᠤ ᠲᠦᠷᠦᠵᠡᠢ᠃ ᠠᠪᠤ ᠨᠢ ᠤᠳᠤᠮ ᠲᠠᠭᠠᠬᠰᠠᠨ ᠭᠠᠷ ᠤᠷᠠᠨ ᠬᠥᠮᠥᠨ ᠪᠠᠶᠢᠵᠤ᠂ ᠤᠷᠠᠯᠠᠵᠤ ᠰᠡᠶᠢᠯᠭᠦ ᠳᠡᠭᠡᠨ | ᠴᠠᠭᠠᠷᠠᠭᠰᠠᠨ ᠨᠢᠭᠡᠨ᠃ ᠤᠨᠳᠤᠷᠤᠮᠠᠯ ᠢ ᠳᠠᠭᠠᠭᠤᠯᠤᠭᠠᠳ ᠮᠠᠯ ᠳᠤ ᠶᠠᠪᠤᠬᠤ ᠳᠠᠭᠠᠨ ᠳᠡᠭᠡᠰᠦ ᠶᠢ ᠤᠷᠠᠨ ᠨᠠᠷᠢᠯᠢᠭ | ᠲᠠᠮᠤᠬᠤ ᠪᠥᠭᠡᠳ ᠬᠠᠴᠢᠨ ᠰᠣᠨᠢᠨ ᠴᠢᠯᠠᠭᠤ ᠶᠢ ᠤᠷᠠᠯᠠᠵᠤ ᠰᠡᠶᠢᠯᠦᠭᠡᠳ ᠲᠡᠮᠡᠭᠡ ᠮᠠᠯ ᠤᠨ ᠭᠡᠯᠪᠡᠷᠢ ᠲᠠᠢ ᠪᠤᠯᠭᠠᠵᠤ᠂ | ᠨᠠᠰᠤᠨ ᠪᠠᠭ᠎ᠠ ᠤᠨᠳᠤᠷᠤᠮᠠᠯ ᠢ ᠭᠠᠶᠢᠬᠠᠰᠢ ᠠᠯᠳᠠᠭᠤᠯᠳᠠᠭ ᠪᠠᠶᠢᠭᠰᠠᠨ᠃ ᠬᠠᠷᠢᠨ ᠡᠵᠢ ᠨᠢ ᠴᠡᠭᠡᠵᠢ ᠰᠠᠶᠢᠲᠠᠢ᠂ | ᠬᠤᠭᠤᠯᠠᠢ ᠲᠤᠩᠭᠠᠯᠠᠭ᠂ ᠰᠡᠳᠬᠢᠯ ᠴᠠᠶᠢᠯᠭᠠᠨ ᠬᠥᠮᠥᠨ ᠪᠠᠶᠢᠭᠰᠠᠨ ᠤ ᠤᠯᠠᠮ ᠢᠶᠠᠷ ᠠᠶᠢᠯ ᠭᠡᠷ ᠢᠶᠠᠨ ᠳᠣᠳᠣᠮᠳᠠᠵᠤ | ᠶᠠᠪᠤᠬᠤ ᠶᠢᠨ ᠵᠠᠪᠰᠠᠷ ᠤᠨᠳᠤᠷᠤᠮᠠᠯ ᠳᠤ ᠬᠠᠴᠢᠨ ᠰᠣᠨᠢᠷᠬᠠᠯᠲᠠᠢ ᠠᠷᠠᠳ ᠤᠨ ᠠᠮᠠᠨ ᠦᠯᠢᠭᠡᠷ ᠶᠠᠷᠢᠵᠤ ᠥᠭᠭᠦᠨ᠎ᠡ᠃ | ᠵᠠᠭᠤᠨ ᠵᠠᠭᠤᠨ ᠢᠶᠠᠷ ᠠᠮᠠ ᠲᠠᠮᠵᠢᠨ ᠤᠯᠠᠮᠵᠢᠯᠠᠭᠳᠠᠭᠰᠠᠨ᠂ ᠶᠡᠭᠡ ᠤᠬᠠᠭᠠᠨ ᠠᠬᠤᠭᠤᠯᠤᠭᠰᠠᠨ ᠦᠯᠢᠭᠡᠷ ᠢ | ᠰᠣᠨᠣᠰᠤᠭᠠᠳ ᠤᠨᠳᠤᠷᠤᠮᠠᠯ ᠤᠨ ᠪᠠᠯᠴᠢᠷ ᠤᠶᠤᠨ ᠨᠡᠭᠡᠭᠡᠭᠳᠡᠨ ᠲᠥᠯᠵᠢᠵᠦ᠂ ᠤᠷᠠᠨ ᠪᠦᠲᠦᠭᠡᠯ ᠤᠨ ᠠᠪᠢᠶᠠᠰ ᠰᠡᠮ | ᠭᠦᠪᠦᠷᠡᠨ ᠪᠠᠶᠢᠯ᠎ᠠ᠃ | | | | | | | | | | | | ᠤᠨᠳᠤᠷᠤᠮᠠᠯ ᠠᠷᠠᠰᠤᠨ ᠰᠡᠶᠢᠯᠦᠮᠡᠯ ᠢᠶᠠᠨ ᠲᠠᠨᠢᠯᠴᠠᠭᠤᠯᠤᠨ᠎ᠠ | | | | | ᠢᠩᠭᠢᠵᠦ ᠬᠠᠷ᠎ᠠ ᠪᠠᠭ᠎ᠠ ᠠᠴᠠ ᠪᠠᠨ ᠤᠷᠠᠯᠢᠭ ᠰᠣᠶᠣᠯ ᠲᠠᠢ ᠣᠶᠢᠷᠠᠬᠠᠨ ᠥᠰᠦᠭᠰᠡᠨ ᠤᠨᠳᠤᠷᠤᠮᠠᠯ 2006 | ᠣᠨ ᠳᠤ ᠥᠪᠥᠷ ᠮᠣᠩᠭᠤᠯ ᠤᠨ ᠦᠨᠳᠦᠰᠦᠲᠡᠨ ᠤ ᠳᠡᠭᠡᠳᠦ ᠵᠡᠷᠭᠡ ᠶᠢᠨ ᠲᠤᠰᠬᠠᠢ ᠮᠡᠷᠭᠡᠵᠢᠯ ᠤᠨ ᠰᠤᠷᠭᠠᠭᠤᠯᠢ ᠶᠢᠨ | ᠪᠣᠱᠤᠭ᠎ᠠ ᠶᠢ ᠠᠯᠬᠤᠬᠤ ᠳᠠᠭᠠᠨ ᠤᠷᠠᠨ ᠵᠢᠷᠤᠭ ᠤᠨ ᠰᠤᠷᠭᠠᠨ ᠬᠥᠮᠦᠵᠢᠯ ᠤᠨ ᠮᠡᠷᠭᠡᠵᠢᠯ ᠢ ᠰᠣᠩᠭᠤᠪᠠ᠃ ᠲᠡᠭᠦᠨ ᠤ | ᠨᠢᠭᠡ ᠪᠠᠭᠰᠢ ᠨᠢ ᠡᠯᠡᠰᠦᠨ ᠵᠢᠷᠤᠭ ᠢ ᠠᠮᠢᠯᠠᠲᠠᠯ᠎ᠠ ᠵᠢᠷᠤᠳᠠᠭ ᠪᠠᠶᠢᠯ᠎ᠠ᠃ ᠥᠨᠳᠥᠷ ᠲᠤ ᠵᠤᠬᠰᠤᠬᠤ ᠶᠠᠩᠭᠢᠷ᠂ | ᠡᠯᠡᠰᠦᠨ ᠳᠤ ᠰᠢᠩᠭᠡᠭᠦ ᠨᠠᠷᠠᠨ ᠪᠠᠭᠰᠢ ᠶᠢᠨ ᠬᠢᠨᠢ ᠭᠠᠷ ᠤᠨ ᠳᠣᠣᠷ᠎ᠠ ᠦᠨᠡᠨ ᠰᠢᠭ ᠠᠮᠢᠯᠠᠭᠠᠳ ᠢᠷᠡᠬᠦ ᠳᠤ | ᠤᠨᠳᠤᠷᠤᠮᠠᠯ ᠴᠸ ᠡᠯᠡᠰᠦᠨ ᠵᠢᠷᠤᠭ ᠵᠢᠷᠤᠬᠤ ᠪᠠᠭ᠋ᠠᠲᠠᠢ ᠪᠣᠯᠪᠠ᠃ ᠲᠡᠭᠡᠭᠡᠳ ᠪᠠᠭᠰᠢ ᠠᠴᠠ ᠪᠠᠨ ᠡᠯᠡᠰᠦᠨ ᠵᠢᠷᠤᠭ | ᠵᠢᠷᠤᠬᠤ ᠤᠷ᠎ᠠ ᠴᠢᠳᠠᠪᠤᠷᠢ ᠶᠢ ᠰᠤᠷᠴᠤ ᠡᠵᠡᠮᠰᠢᠭᠡᠳ᠂ ᠣᠶᠤᠲᠠᠨ ᠠᠬᠤᠢ ᠴᠠᠭ ᠠᠴᠠ ᠪᠠᠨ ᠤᠷᠠᠯᠢᠭ ᠤᠨ ᠵᠣᠬᠢᠶᠠᠨ | ᠪᠦᠲᠦᠭᠡᠯᠭᠡ ᠶᠢᠨ ᠠᠶᠠᠨ ᠢᠶᠠᠨ ᠡᠬᠢᠯᠡᠭᠦᠯᠦᠯ᠎ᠡ᠃ ᠲᠡᠷᠡ ᠪᠠᠷ ᠲᠤᠰᠬᠠᠢ ᠮᠡᠷᠭᠡᠵᠢᠯ᠂ ᠳᠤᠷ᠎ᠠ ᠪᠠᠬ᠎ᠠ᠂ ᠤᠢ ᠤᠬᠠᠭᠠᠨ | ᠳᠠᠭᠠᠨ ᠲᠦᠰᠢᠭᠯᠡᠨ ᠤᠷᠠᠨ ᠪᠦᠲᠦᠭᠡᠯ ᠢᠶᠠᠨ ᠬᠤᠳᠠᠯᠳᠤᠬᠤ ᠪᠠᠷ ᠲᠠᠮᠵᠢᠨ ᠶᠡᠭᠡ ᠰᠤᠷᠭᠠᠭᠤᠯᠢ ᠶᠢᠨ ᠠᠮᠢᠳᠤᠷᠠᠯ | ᠰᠤᠷᠤᠯᠭ᠎ᠠ ᠶᠢᠨ ᠪᠦᠬᠦᠶᠢᠯᠡ ᠵᠠᠷᠤᠳᠠᠯ ᠢᠶᠠᠨ ᠠᠷᠭᠠᠴᠠᠭᠠᠭᠰᠠᠨ ᠶᠤᠮ᠃ | | ᠨᠢᠭᠡᠨ ᠤᠳᠠᠭ᠎ᠠ ᠪᠠᠶᠢᠵᠤ ᠪᠢᠯᠡ᠃ ᠤᠨᠳᠤᠷᠤᠮᠠᠯ ᠤᠨ ᠵᠣᠭᠤᠰᠤᠨ ᠴᠦᠩᠬᠦ ᠨᠢᠮᠭᠡᠷᠡᠪᠡ᠃ ᠲᠡᠭᠦᠨ ᠤ | ᠠᠮᠢᠳᠤᠷᠠᠯ ᠢᠶᠠᠨ ᠠᠷᠭᠠᠴᠠᠭᠠᠬᠤ ᠭᠠᠭᠴᠠ ᠠᠷᠭ᠎ᠠ ᠭᠡᠪᠡᠯ ᠡᠯᠡᠰᠦᠨ ᠵᠢᠷᠤᠭ ᠢᠶᠠᠨ ᠬᠤᠳᠠᠯᠳᠤᠬᠤ ᠶᠠᠪᠤᠳᠠᠯ ᠠ᠋᠃ | ᠭᠦᠭᠡᠬᠤᠳᠠ ᠳᠠᠬᠢ ᠰᠣᠶᠣᠯ ᠤᠨ ᠬᠤᠳᠠᠯᠳᠤᠭᠠᠨ ᠤ ᠬᠤᠳᠠ ᠶᠢᠨ ᠵᠠᠷᠢᠮ ᠳᠡᠯᠭᠡᠭᠦᠷ ᠭᠠᠷ ᠤᠷᠠᠯᠠᠯ ᠤᠨ ᠪᠦᠲᠦᠭᠡᠯ | ᠬᠤᠳᠠᠯᠳᠤᠵᠤ ᠠᠪᠳᠠᠬ ᠭᠡᠰᠡᠨ ᠢ ᠲᠠᠮ ᠲᠤᠭᠤᠯᠤᠭᠠᠳ ᠳᠤᠭᠤᠢ ᠵᠠᠶᠢᠳᠠᠯᠠᠵᠤ ᠭᠦᠷᠪᠡ᠃ ᠲᠡᠷᠡ ᠨᠢᠭᠡᠨ ᠳᠡᠯᠭᠡᠭᠦᠷ | ᠤᠨ ᠡᠵᠡᠨᠳᠡᠨ ᠳᠤ ᠢᠷᠡᠭᠰᠡᠨ ᠵᠣᠷᠢᠯᠭ᠎ᠠ ᠪᠠᠨ ᠶᠠᠷᠢᠵᠤ᠂ ᠡᠯᠡᠰᠦᠨ ᠵᠢᠷᠤᠭ ᠢᠶᠠᠨ ᠭᠠᠷᠭᠠᠨ ᠦᠵᠡᠭᠦᠯᠪᠡ᠃ ᠳᠡᠯᠭᠡᠭᠦᠷ | ᠤᠨ ᠡᠵᠡᠨ ᠲᠡᠭᠦᠨ ᠤ ᠵᠢᠷᠤᠭ ᠢ ᠶᠡᠬᠡᠳᠡ ᠲᠣᠭᠤᠵᠤ᠂ ᠳᠣᠣᠷ᠎ᠠ ᠪᠠᠨ 80 ᠲᠥᠭᠦᠷᠢᠭ ᠢᠶᠠᠷ ᠬᠤᠳᠠᠯᠳᠤᠨ ᠠᠪᠴᠠᠢ᠃ | ᠲᠡᠷᠡ ᠪᠠᠷ ᠵᠠᠯᠭᠠᠭᠠᠳ ᠭᠦᠭᠡᠬᠤᠳᠠ ᠶᠢᠨ ᠪᠠᠶᠠᠨ ᠳᠡᠯᠡᠬᠡᠢ ᠬᠤᠭᠤᠯᠠᠨ ᠭᠡᠷ ᠲᠤ ᠬᠦᠷᠴᠦ᠂ ᠡᠯᠡᠰᠦᠨ ᠵᠢᠷᠤᠭ ᠢᠶᠠᠨ | ᠬᠤᠳᠠᠯᠳᠤᠬᠤ ᠪᠠᠷ ᠪᠣᠯᠪᠠ᠃ ᠲᠤᠰ ᠬᠤᠭᠤᠯᠠᠨ ᠭᠡᠷ ᠤᠨ ᠵᠠᠩᠭᠤᠶᠢᠳᠠ ᠨᠢ ᠡᠯᠡᠰᠦᠨ ᠵᠢᠷᠤᠭ ᠤᠨ ᠰᠡᠭᠦᠳᠡᠷ ᠢ ᠨᠢ | ᠦᠵᠡᠮᠡᠭᠴᠡ ᠱᠠᠭᠰᠢᠨ ᠪᠠᠭ᠋ᠠᠷᠬᠠᠵᠤ ᠬᠤᠳᠠᠯᠳᠤᠵᠤ ᠠᠪᠬᠤ ᠪᠠᠷ ᠪᠣᠯᠪᠠ᠃ ᠭᠡᠪᠡᠴᠦ ᠤᠨᠳᠤᠷᠤᠮᠠᠯ ᠤᠨ ᠭᠠᠷ ᠲᠤ | ᠪᠡᠯᠡᠨ ᠵᠢᠷᠤᠭ ᠪᠠᠶᠢᠭᠰᠠᠨ ᠦᠭᠡᠢ ᠪᠣᠯᠬᠤᠷ ᠬᠤᠶᠠᠳᠠᠭᠢ ᠡᠳᠦᠷ ᠨᠢ ᠬᠦᠷᠭᠡᠵᠦ ᠢᠷᠡᠬᠦ ᠪᠠᠷ ᠪᠣᠯᠵᠣᠯ᠎ᠠ᠃ ᠪᠠᠶᠠᠷᠯᠠᠨ | ᠬᠥᠭᠰᠡᠭᠰᠡᠨ ᠤᠨᠳᠤᠷᠤᠮᠠᠯ ᠰᠤᠷᠭᠠᠭᠤᠯᠢ ᠳᠠᠭᠠᠨ ᠬᠠᠷᠢᠭᠰᠠᠨ ᠤ ᠲᠠᠷᠠᠭ᠎ᠠ ᠯᠠ ᠶᠢᠨ ᠭᠡᠷᠡᠯ ᠳᠣᠣᠷ᠎ᠠ ᠰᠥᠨᠢᠵᠢᠨ | ᠰᠠᠭᠤᠵᠤ᠂ ᠲᠠᠯ᠎ᠠ ᠨᠤᠲᠤᠭ ᠤᠨ ᠰᠡᠳᠦᠪᠲᠦ ᠡᠯᠡᠰᠦᠨ ᠵᠢᠷᠤᠭ ᠢ ᠤᠷᠠᠯᠠᠨ ᠭᠠᠷᠭᠠᠯ᠎ᠠ᠃ ᠡᠨᠡ ᠤᠳᠠᠭ᠎ᠠ ᠲᠡᠷᠡ ᠨᠢᠭᠡ | ᠯᠡ ᠤᠳᠠᠭ᠎ᠠ ᠳᠤ 1800 ᠲᠥᠭᠦᠷᠢᠭ ᠡᠪᠦᠷᠯᠡᠪᠡ᠃ ᠲᠤᠮᠳᠠᠳᠤ ᠰᠤᠷᠭᠠᠭᠤᠯᠢ ᠳᠤ ᠪᠢᠴᠢᠭ ᠦᠵᠡᠵᠦ ᠪᠠᠶᠢᠭᠰᠠᠨ | ᠳᠡᠭᠦᠦ ᠳᠡᠭᠡᠨ 500 ᠲᠥᠭᠦᠷᠢᠭ ᠭᠤᠪᠢᠭᠤᠯᠵᠤ᠂ ᠠᠪᠤ ᠡᠵᠢ ᠪᠠᠨ ᠬᠠᠭ᠎ᠠ ᠪᠠᠶᠠᠷᠯᠠᠭᠤᠯᠤᠭᠰᠠᠨ ᠭᠡᠳᠡᠭ᠃ | | ᠨᠡᠯᠢᠶᠡᠳ ᠤᠳᠠᠪᠠ᠃ ᠤᠨᠳᠤᠷᠤᠮᠠᠯ ᠣᠭᠤᠴᠢ ᠤᠰᠤ ᠤᠤᠭᠤᠵᠤ ᠲᠦᠷ ᠠᠮᠠᠷᠠᠨ᠎ᠠ᠃ ᠥᠷᠭᠦᠭᠡᠨ ᠤ ᠬᠤᠶᠠᠷ | ᠬᠠᠨ᠎ᠠ ᠶᠢ ᠳᠠᠭᠠᠭᠤᠯᠤᠨ ᠡᠯᠭᠦᠭᠰᠡᠨ ᠬᠠᠪᠤᠯᠢᠭ ᠰᠠᠶᠢᠬᠠᠨ ᠬᠢᠴᠡ ᠤᠷᠠᠯᠠᠯ ᠲᠠᠢ᠂ ᠪᠦᠲᠦᠭᠡᠯᠴᠢ ᠰᠠᠨᠠᠭ᠎ᠠ ᠰᠢᠩᠭᠡᠭᠰᠡᠨ | ᠠᠷᠠᠰᠤᠨ ᠰᠡᠶᠢᠯᠦᠮᠡᠯ ᠠᠷᠠᠰᠤᠨ ᠵᠢᠷᠤᠭ ᠤᠨ ᠪᠦᠲᠦᠭᠡᠯ ᠨᠢ ᠲᠡᠭᠦᠨ ᠤ ᠦᠢᠯᠡᠰ ᠬᠥᠭᠡᠭᠡᠴᠡᠯᠳᠦᠯ ᠤᠨ ᠶᠠᠳᠠᠷᠠᠯ | ᠵᠦᠳᠡᠷᠡᠯ᠂ ᠬᠦᠴᠢᠷ ᠪᠡᠷᠬᠡᠰᠢᠶᠡᠯ᠂ ᠤᠷ᠎ᠠ ᠠᠪᠢᠶᠠᠰ ᠢ ᠭᠡᠷᠡᠴᠢᠯᠡᠬᠦ ᠰᠢᠭ ᠬᠠᠷᠠᠭ᠎ᠠ ᠪᠤᠯᠢᠶᠠᠨ ᠬᠠᠷᠠᠭᠳᠠᠨ᠎ᠠ᠃ | | 2009 ᠣᠨ ᠤ 7 ᠰᠠᠷ᠎ᠠ ᠳᠤ ᠤᠨᠳᠤᠷᠤᠮᠠᠯ ᠰᠤᠷᠭᠠᠭᠤᠯᠢ ᠪᠠᠨ ᠲᠡᠭᠦᠰᠬᠡᠵᠦ᠂ ᠨᠤᠲᠤᠭ ᠲᠠᠭᠠᠨ ᠪᠤᠴᠠᠯ᠎ᠠ᠃ | ᠲᠤᠬᠠᠢ ᠶᠢᠨ ᠦᠶ᠎ᠡ ᠳᠤ ᠠᠯᠠᠱᠠ ᠨᠤᠲᠤᠭ ᠲᠤ ᠠᠷᠠᠰᠤᠨ ᠵᠢᠷᠤᠭ ᠤᠷᠠᠯᠠᠯ ᠪᠠᠶᠢᠭᠰᠠᠨ ᠦᠭᠡᠢ ᠨᠢ ᠲᠡᠭᠦᠨ ᠳᠤ ᠠᠵᠠ | ᠵᠠᠪᠰᠢᠶᠠᠨ ᠪᠣᠯᠵᠤ᠂ ᠤᠷᠠᠨ ᠭᠠᠷ᠂ ᠤᠬᠠᠭ᠎ᠠ ᠰᠠᠨᠠᠭ᠎ᠠ᠂ ᠳᠤᠷ᠎ᠠ ᠪᠠᠬ᠎ᠠ ᠠᠴᠠ ᠪᠠᠨ ᠪᠣᠯᠵᠤ ᠦᠢᠯᠡᠰ ᠪᠣᠰᠬᠠᠬᠤ ᠵᠠᠮ | ᠢ ᠳᠤᠷᠠᠲᠠᠶ᠎ᠠ ᠰᠣᠩᠭᠤᠪᠠ᠃ ᠦᠢᠯᠡᠰ ᠪᠣᠰᠬᠠᠬᠤ ᠠᠶᠠᠨ ᠤ ᠬᠢᠨᠢ ᠠᠩᠬᠠᠨ ᠤ ᠬᠦᠴᠢᠷᠳᠡᠯ ᠨᠢ ᠪᠡᠯᠡ ᠮᠥᠩᠭᠦ ᠪᠠᠶᠢᠯ᠎ᠠ | ᠃ ᠲᠡᠷᠡ ᠪᠠᠷ ᠨᠢᠭᠡᠨ ᠰᠠᠶᠢᠨ ᠨᠠᠶᠢᠵᠠ ᠠᠴᠠ ᠪᠠᠨ 2 ᠲᠦᠮᠡᠨ ᠲᠥᠭᠦᠷᠢᠭ ᠵᠢᠭᠡᠯᠡᠵᠦ᠂ ᠲᠡᠷᠡ ᠵᠢᠯ ᠳᠡᠭᠡᠨ | ᠪᠠᠶᠠᠨᠬᠤᠲᠠ ᠶᠢᠨ ᠵᠡᠭᠡᠯᠢ ᠳᠡᠭᠡᠷ᠎ᠡ ᠭᠡᠷ ᠲᠦᠷᠢᠶᠡᠰᠦᠯᠡᠵᠦ᠂ ᠠᠯᠠᠱᠠ ᠠᠶᠢᠮᠠᠭ ᠤᠨ ᠲᠣᠲ᠋ᠧᠮ ᠦᠨᠳᠦᠰᠦᠲᠡᠨ ᠤ | ᠠᠷᠠᠰᠤᠨ ᠰᠡᠶᠢᠯᠦᠮᠡᠯ ᠤᠨ ᠰᠣᠶᠣᠯ ᠤᠷᠠᠯᠢᠭ ᠤᠨ ᠣᠷᠳᠣᠨ ᠢ ᠡᠭᠦᠰᠬᠡᠨ ᠪᠠᠶᠢᠭᠤᠯᠵᠤ᠂ ᠠᠷᠠᠰᠤᠨ ᠰᠡᠶᠢᠯᠦᠮᠡᠯ | ᠠᠷᠠᠰᠤᠨ ᠵᠢᠷᠤᠭ ᠤᠨ ᠪᠦᠲᠦᠭᠡᠯ ᠢᠶᠠᠨ ᠤᠷᠠᠯᠠᠵᠤ ᠡᠬᠢᠯᠡᠪᠡ᠃ ᠲᠤᠬᠠᠢ ᠶᠢᠨ ᠦᠶᠡᠰ ᠲᠤ᠂ ᠮᠥᠩᠭᠦ ᠵᠣᠭᠤᠰ | ᠬᠤᠮᠰᠠ ᠲᠤᠯᠠ ᠬᠢᠮᠳᠠᠬᠠᠨ ᠮᠠᠲ᠋ᠧᠷᠢᠶᠠᠯ ᠬᠡᠷᠡᠭᠯᠡᠨ ᠠᠷᠠᠰᠤᠨ ᠰᠡᠶᠢᠯᠦᠮᠡᠯ ᠢᠶᠠᠨ ᠤᠷᠠᠯᠠᠳᠠᠭ ᠪᠠᠶᠢᠪᠠ᠃ ᠮᠥᠨ ᠬᠦ ︽ | ᠪᠢ ᠤᠷᠠᠯᠢᠭᠴᠢᠨ ᠬᠥᠮᠥᠨ︾ ᠬᠡᠮᠡᠨ ᠵᠠᠯᠠᠭᠤ ᠬᠥᠮᠥᠨ ᠤ ᠣᠮᠤᠭ ᠵᠣᠷᠢᠭ ᠢᠶᠠᠷ ᠪᠦᠲᠦᠭᠡᠯᠴᠢ ᠰᠠᠨᠠᠭ᠎ᠠ ᠲᠠᠢ ᠪᠦᠲᠦᠭᠡᠯ | ᠤᠷᠠᠯᠠᠬᠤ ᠶᠢ ᠵᠣᠷᠢᠯ᠎ᠠ᠃ ᠭᠡᠪᠡᠴᠦ ᠨᠠᠰᠤ ᠵᠠᠯᠠᠭᠤ ᠲᠤᠷᠰᠢᠯᠭ᠎ᠠ ᠬᠤᠮᠰᠠ᠂ ᠵᠠᠬ᠎ᠠ ᠳᠡᠯᠭᠡᠭᠦᠷ ᠤᠨ ᠬᠡᠷᠡᠭᠴᠡᠭᠡ | ᠱᠠᠭᠠᠷᠳᠠᠯᠭ᠎ᠠ ᠶᠢ ᠣᠶᠢᠯᠠᠭᠠᠭᠰᠠᠨ ᠦᠭᠡᠢ ᠠᠴᠠ ᠪᠣᠯᠵᠤ᠂ ᠲᠡᠭᠦᠨ ᠤ ᠰᠡᠳᠬᠢᠯ ᠲᠠᠯᠪᠢᠨ ᠬᠢᠭᠰᠡᠨ ᠪᠦᠲᠦᠭᠡᠯ ᠨᠢ | ᠪᠣᠷᠤᠯᠠᠭᠤᠯᠭ᠎ᠠ ᠪᠠᠷ ᠮᠠᠰᠢ ᠠᠨᠠᠢ ᠪᠠᠶᠢᠪᠠ᠃ | | ᠡᠨᠡ ᠦᠶᠡᠰ᠂ ᠲᠡᠭᠦᠨ ᠤ ᠣᠯᠠᠩᠬᠢ ᠬᠠᠮᠲᠤ ᠰᠤᠷᠤᠯᠭᠠᠲᠠᠨ ᠨᠢ ᠠᠯᠪᠠᠨ ᠠᠵᠢᠯ ᠳᠤ ᠣᠷᠣᠵᠤ᠂ ᠰᠠᠭᠤᠬᠤ | ᠠᠴᠠ ᠠᠰᠠᠷ ᠲᠠᠢ᠂ ᠵᠢᠯᠤᠭᠤᠳᠬᠤ ᠠᠴᠠ ᠮᠠᠰᠢᠨ ᠲᠠᠢ ᠪᠣᠯᠵᠤ ᠭᠢᠯᠠᠷᠠᠭᠤᠯᠬᠤ ᠪᠣᠯᠪᠠ᠃ ᠤᠨᠳᠤᠷᠤᠮᠠᠯ ᠦᠢᠯᠡᠰ | ᠪᠣᠰᠬᠠᠭᠠᠳ ᠪᠦᠳᠦᠮᠵᠢ ᠦᠭᠡᠢ᠂ ᠪᠦᠲᠦᠭᠡᠭᠳᠡᠬᠦᠨ ᠤ ᠪᠣᠷᠤᠯᠠᠭᠤᠯᠭ᠎ᠠ ᠮᠠᠭᠤᠲᠠᠢ ᠪᠠᠨ ᠪᠤᠳᠤᠬᠰᠠᠭᠠᠷ ᠨᠣᠶᠢᠷ ᠬᠦᠷᠬᠦ | ᠦᠭᠡᠢ᠃ ᠬᠡᠴᠢᠨᠡᠨ ᠰᠥᠨᠢ ᠲᠠᠮᠠᠬᠢᠨ ᠤᠳᠤᠭ᠎ᠠ ᠪᠠᠭᠠᠭᠢᠭᠤᠯᠵᠤ ᠥᠩᠭᠡᠷᠡᠭᠦᠯᠦᠭᠰᠡᠨ ᠢ ᠪᠤᠤ ᠮᠡᠳᠡ᠃ ᠦᠢᠯᠡᠰ | ᠪᠣᠰᠬᠠᠭᠰᠠᠨ ᠮᠠᠨᠢ ᠪᠤᠷᠤᠭᠤ ᠭᠡᠵᠢ ᠦᠦ᠂ ᠴᠣᠬᠤᠮ ᠶᠠᠭᠠᠬᠢᠪᠠᠯ ᠵᠣᠬᠢᠬᠤ ᠪᠤᠢ ᠭᠡᠵᠦ ᠡᠳᠦᠷᠵᠢᠨ ᠰᠥᠨᠢᠵᠢᠨ ᠪᠤᠳᠤᠵᠤ | ᠶᠠᠪᠤᠨ᠎ᠠ᠃ ᠭᠡᠪᠡᠴᠦ ᠤᠨᠳᠤᠷᠤᠮᠠᠯ ᠡᠨᠡ ᠪᠦᠭᠦᠨ ᠤ ᠡᠮᠦᠨ᠎ᠡ ᠡᠪᠦᠳᠦᠭ ᠰᠥᠬᠦᠷᠡᠨ ᠪᠠᠭᠤᠵᠤ ᠥᠭᠭᠦᠭᠰᠡᠨ ᠦᠭᠡᠢ᠃ | ᠲᠡᠷᠡ ᠨᠢᠭᠡ ᠲᠠᠯ᠎ᠠ ᠪᠠᠷ ᠠᠷᠠᠰᠤᠨ ᠱᠠᠹᠠ ᠨᠦᠭᠦᠭᠦ᠂ ᠵᠢᠷᠤᠭ ᠤᠷᠠᠯᠠᠯ ᠢ ᠬᠠᠪᠢᠰᠤᠯᠠᠬᠤ᠂ ᠭᠡᠷ ᠵᠠᠰᠠᠵᠤ ᠴᠢᠮᠡᠭᠯᠡᠬᠦ | ᠵᠡᠷᠭᠡ ᠠᠷᠰᠠᠷ ᠠᠵᠢᠯ ᠢ ᠣᠯᠳᠠᠬᠤ ᠶᠢᠨ ᠬᠢᠷᠢ ᠪᠠᠷ ᠢᠶᠠᠨ ᠬᠢᠵᠦ ᠠᠮᠢᠳᠤᠷᠠᠯ ᠢᠶᠠᠨ ᠠᠷᠭᠠᠴᠠᠭᠠᠵᠤ᠂ ᠨᠦᠭᠦᠭᠡ | ᠲᠠᠯ᠎ᠠ ᠪᠠᠷ ᠠᠷᠠᠰᠤᠨ ᠰᠡᠶᠢᠯᠦᠮᠡᠯ ᠪᠣᠯᠣᠨ ᠠᠷᠠᠰᠤᠨ ᠵᠢᠷᠤᠭ ᠢᠶᠠᠨ ᠤᠬᠠᠭᠤᠯᠪᠠ᠃ ᠪᠠᠰᠠ ᠠᠬᠠᠮᠠᠳ ᠭᠠᠷ | ᠤᠷᠠᠯᠢᠭᠴᠢᠳ ᠲᠠᠢ ᠪᠤᠳᠤᠯ ᠰᠠᠨᠠᠯ ᠢᠶᠠᠨ ᠰᠣᠯᠢᠯᠴᠠᠵᠤ᠂ ᠮᠡᠷᠭᠡᠵᠢᠯ ᠢᠶᠠᠨ ᠳᠡᠭᠡᠭᠰᠢᠯᠡᠭᠦᠯᠪᠡ᠃ ᠡᠨᠡ ᠬᠤᠭᠤᠴᠠᠭᠠᠨ | ᠳᠤ ᠲᠡᠷᠡ ᠪᠠᠰᠠ ᠥᠪᠥᠷ ᠮᠣᠩᠭᠤᠯ ᠢ ᠲᠥᠯᠥᠭᠡᠯᠡᠨ 2010 ᠣᠨ ᠤ ᠱᠠᠩᠬᠠᠢ ᠶᠢᠨ ᠳᠡᠯᠡᠬᠡᠢ ᠶᠢᠨ ᠦᠵᠡᠰᠭᠦᠯᠡᠩ | ᠤᠨ ᠴᠤᠭᠯᠠᠭᠠᠨ ᠳᠤ ᠣᠷᠣᠯᠴᠠᠯ᠎ᠠ᠃ | | ︽ᠣᠷᠣᠯᠳᠣᠯᠭ᠎ᠠ ᠰᠠᠶᠢᠲᠤ ᠣᠷᠣᠢ ᠳᠤᠨᠢ ᠭᠠᠷᠤᠨ᠎ᠠ︾᠃ ᠤᠨᠳᠤᠷᠤᠮᠠᠯ ᠵᠠᠬ᠎ᠠ ᠳᠡᠯᠭᠡᠭᠦᠷ ᠤᠨ ᠬᠤᠪᠢᠷᠠᠯᠲᠠ | ᠪᠣᠯᠣᠨ ᠬᠡᠷᠡᠭᠯᠡᠭᠴᠢᠳ ᠤᠨ ᠬᠡᠷᠡᠭᠴᠡᠭᠡ ᠱᠠᠭᠠᠷᠳᠠᠯᠭ᠎ᠠ ᠶᠢ ᠨᠢᠮᠪᠠᠢ ᠠᠩᠬᠠᠷᠴᠤ᠂ ᠳᠤᠮᠳᠠᠳᠤ ᠶᠢᠨ ᠰᠢᠯᠢᠳᠡᠭ | ᠤᠯᠠᠮᠵᠢᠯᠠᠯᠲᠤ ᠰᠣᠶᠣᠯ ᠪᠣᠯᠣᠨ ᠦᠨᠳᠦᠰᠦᠲᠡᠨ ᠤ ᠤᠷᠠᠯᠢᠭ ᠢ ᠲᠠᠰᠤᠷᠠᠯᠳᠡ ᠦᠭᠡᠢ ᠠᠭᠤᠰᠤᠯᠴᠠᠭᠤᠯᠵᠤ᠂ ᠵᠠᠬ᠎ᠠ | ᠳᠡᠯᠭᠡᠭᠦᠷ ᠤᠨ ᠬᠡᠷᠡᠭᠴᠡᠭᠡ ᠳᠤ ᠨᠡᠶᠢᠴᠡᠭᠰᠡᠨ ᠰᠣᠶᠣᠯ ᠤᠨ ᠡᠭᠦᠳᠦᠯᠲᠡ ᠶᠢᠨ ᠦᠢᠯᠡᠳᠬᠦᠨ ᠢ ᠴᠢᠷᠮᠠᠶᠢᠨ ᠡᠭᠦᠳᠪᠡ᠃ | 2 ᠵᠢᠯ ᠤᠨ ᠴᠥᠬᠦᠷᠡᠰᠢ ᠦᠭᠡᠢ ᠴᠢᠷᠮᠠᠶᠢᠯᠭ᠎ᠠ ᠪᠠᠷ ᠲᠠᠮᠵᠢᠨ ᠲᠡᠭᠦᠨ ᠤ ᠠᠷᠠᠰᠤᠨ ᠰᠡᠶᠢᠯᠦᠮᠡᠯ ᠤᠨ ᠪᠦᠲᠦᠭᠡᠯ | ᠠᠭᠠᠵᠢᠮ ᠢᠶᠠᠷ ᠬᠡᠷᠡᠭᠯᠡᠭᠴᠢᠳ ᠲᠤ ᠲᠠᠨᠢᠭᠳᠠᠨ ᠮᠡᠳᠡᠷᠡᠭᠳᠡᠯ᠎ᠡ᠃ ᠢᠯᠠᠩᠭᠤᠶ᠎ᠠ ︽ᠲᠠᠭᠠᠷᠠᠬᠰᠠᠨ ᠬᠥᠮᠥᠨ ᠳᠤ ᠳᠠᠬᠤ | ᠬᠦᠷᠭᠡᠨ᠎ᠡ︾ ᠭᠡᠳᠡᠭᠴᠢᠯᠡᠨ 2013 ᠣᠨ ᠤ ᠦᠶ᠎ᠡ ᠪᠠᠷ ᠨᠠᠮ ᠵᠠᠰᠠᠭ ᠠᠴᠠ ᠠᠯᠠᠱᠠ ᠠᠶᠢᠮᠠᠭ ᠤᠨ ᠦᠨᠳᠦᠰᠦᠲᠡᠨ ᠤ | ᠰᠣᠶᠣᠯ ᠤᠨ ᠬᠤᠳᠠᠯᠳᠤᠭ᠎ᠠ ᠶᠢᠨ ᠵᠡᠭᠡᠯᠢ ᠳᠤ ᠰᠦᠢᠳᠬᠡᠯ ᠦᠭᠡᠢ ᠪᠠᠷ ᠠᠵᠢᠯᠯᠠᠬᠤ ᠦᠷᠦᠭᠡ ᠲᠣᠬᠢᠷᠠᠭᠤᠯᠤᠨ ᠥᠭᠴᠦ | ᠂ ᠵᠠᠯᠭᠠᠭᠠᠳ ᠲᠠᠪᠤᠨ ᠵᠢᠯ ᠬᠡᠷᠡᠭᠯᠡᠭᠦᠯᠦᠭᠰᠡᠨ ᠨᠢ ᠮᠠᠰᠢ ᠶᠡᠭᠡ ᠳᠡᠮᠵᠢᠯᠭᠡ ᠪᠣᠯᠪᠠ᠃ 2015 ᠣᠨ ᠤ 7 ᠰᠠᠷ᠎ᠠ ᠳᠤ᠂ | ᠥᠪᠥᠷ ᠮᠣᠩᠭᠤᠯ ᠤᠨ ᠴᠠᠮ ᠮᠣᠩᠭᠤᠯ ᠶᠤᠸᠠᠨ ᠤ ᠰᠣᠶᠣᠯ ᠤᠷᠠᠯᠢᠭ ᠤᠨ ᠵᠢᠷᠤᠭ ᠲᠥᠯᠥᠪᠯᠡᠭᠡᠨ ᠤ ᠬᠢᠵᠠᠭᠠᠷᠲᠤ | ᠺᠤᠮᠫᠠᠨᠢ ᠶᠢ ᠪᠠᠶᠢᠭᠤᠯᠪᠠ᠃ ᠲᠡᠳᠡ ᠪᠠᠰᠠ ᠡᠪ ᠬᠠᠮᠲᠤ ᠵᠠᠯᠠᠭᠤᠴᠤᠳ ᠤᠨ ᠡᠪᠯᠡᠯ ᠪᠣᠯᠣᠨ ᠠᠵᠢᠯ ᠣᠯᠭᠤᠯᠲᠠ ᠶᠢᠨ | ᠰᠠᠯᠠᠭ᠎ᠠ ᠮᠥᠴᠢᠷ ᠤᠨ ᠬᠠᠪᠰᠤᠷᠤᠯᠭ᠎ᠠ ᠳᠣᠣᠷ᠎ᠠ ᠦᠢᠯᠡᠰ ᠪᠣᠰᠬᠠᠬᠤ ᠪᠣᠯᠪᠠᠰᠤᠷᠠᠯ ᠳᠤ ᠣᠷᠣᠯᠴᠠᠬᠰᠠᠨ ᠪᠥᠭᠡᠳ ᠬᠦᠦ | ᠮᠥᠩᠭᠦ ᠦᠭᠡᠢ ᠵᠢᠭᠡᠯᠡᠯᠭᠡ ᠶᠢ ᠨᠡᠶᠢᠳᠡ 35 ᠲᠦᠮᠡᠨ ᠲᠥᠭᠦᠷᠢᠭ ᠣᠯᠵᠠᠢ᠃ ᠨᠠᠮ ᠵᠠᠰᠠᠭ ᠤᠨ ᠳᠡᠮᠵᠢᠯᠭᠡ ᠪᠠᠷ | ᠤᠨᠳᠤᠷᠤᠮᠠᠯ ᠠᠯᠬᠤᠮ ᠠᠯᠬᠤᠮ ᠢᠶᠠᠷ ᠦᠢᠯᠡᠳᠬᠡᠯ ᠤᠨ ᠭᠠᠵᠠᠷ ᠢᠶᠠᠨ ᠺᠤᠮᠫᠠᠨᠢ ᠪᠣᠯᠭᠠᠨ ᠥᠷᠭᠡᠵᠢᠭᠦᠯᠵᠦ᠂ ᠵᠢᠵᠢᠭ | ᠪᠠᠭᠠᠵᠢ ᠬᠡᠷᠡᠭᠰᠡᠯ ᠢᠶᠠᠨ ᠲᠣᠮᠣ ᠲᠥᠬᠦᠭᠡᠷᠦᠮᠵᠢ ᠪᠣᠯᠭᠠᠨ ᠳᠡᠰ ᠳᠡᠪᠰᠢᠭᠦᠯᠵᠦ᠂ ᠰᠠᠷᠠᠭᠤᠯ ᠲᠠᠷᠳᠠᠩ ᠦᠢᠯᠡᠰ ᠤᠨ | ᠠᠶᠠᠨ ᠢᠶᠠᠨ ᠡᠯᠭᠦᠯ᠎ᠡ᠃ | | ︽ᠪᠢᠳᠡ ᠡᠳᠦᠷ ᠲᠤᠳᠤᠮ ᠤᠨ ᠠᠮᠢᠳᠤᠷᠠᠯ ᠤᠨ ᠬᠡᠷᠡᠭᠯᠡᠭᠡᠨ ᠤ ᠵᠦᠢᠯᠡᠰ᠂ ᠲᠡᠮᠡᠭᠡ ᠠᠳᠤᠭᠤᠨ ᠤ ᠰᠣᠶᠣᠯ᠂ | ᠦᠵᠡᠮᠦᠷᠢ ᠶᠢᠨ ᠡᠳ᠋ᠯᠡᠯ ᠭᠡᠬᠦ ᠭᠤᠷᠪᠠᠨ ᠲᠦᠷᠦᠯ ᠤᠨ ᠠᠷᠠᠰᠤᠨ ᠰᠡᠶᠢᠯᠦᠮᠡᠯ ᠠᠷᠠᠰᠤᠨ ᠵᠢᠷᠤᠭ ᠤᠨ ᠪᠦᠲᠦᠭᠡᠯ ᠢ | ᠤᠷᠠᠯᠠᠵᠤ ᠬᠢᠳᠡᠭ᠃ ᠵᠢᠯ ᠳᠤ ᠪᠠᠷᠤᠭ 200 ᠭᠠᠷᠤᠢ ᠲᠦᠮᠡᠨ ᠲᠥᠭᠦᠷᠢᠭ ᠪᠣᠷᠣᠯᠠᠭᠤᠯᠵᠤ᠂ 120 ᠭᠠᠷᠤᠢ | ᠲᠦᠮᠡᠨ ᠲᠥᠭᠦᠷᠢᠭ ᠤᠨ ᠴᠡᠪᠡᠷ ᠤᠷᠤᠯᠭ᠎ᠠ ᠣᠯᠴᠢᠬᠠᠨ᠎ᠠ᠃ ᠮᠠᠨ ᠤ ᠠᠷᠠᠰᠤᠨ ᠰᠡᠶᠢᠯᠦᠮᠡᠯ ᠠᠷᠠᠰᠤᠨ ᠵᠢᠷᠤᠭ ᠤᠨ | ᠪᠦᠲᠦᠭᠡᠯ ᠶᠠᠫᠤᠨ᠂ ᠠᠮᠧᠷᠢᠺᠠ᠂ ᠠᠦ᠋ᠰᠲᠷᠠᠯᠢᠶ᠎ᠠ᠂ ᠢᠲ᠋ᠠᠯᠢ ᠵᠡᠷᠭᠡ ᠤᠯᠤᠰ ᠤᠳ ᠢᠶᠠᠷ ᠪᠣᠷᠣᠯᠠᠭᠤᠯᠤᠭᠳᠠᠵᠤ᠂ | ᠳᠡᠯᠡᠬᠡᠢ ᠶᠢᠨ ᠬᠡᠷᠡᠭᠯᠡᠭᠴᠢᠳ ᠤᠨ ᠲᠠᠭᠠᠰᠢᠶᠠᠯ ᠢ ᠣᠯᠣᠭᠰᠠᠨ︾ ᠭᠡᠵᠦ ᠤᠨᠳᠤᠷᠤᠮᠠᠯ ᠰᠡᠶᠢᠯᠭᠦ ᠶᠢᠨ ᠳᠠᠭᠠᠤ ᠶᠠᠷᠢᠨ᠎ᠠ᠃ | | | 2014 ᠣᠨ ᠳᠤ ᠲᠡᠳᠡᠨ ᠤ ᠪᠦᠲᠦᠭᠡᠯ ᠨᠢ ᠪᠦᠭᠦ ᠣᠷᠣᠨ ᠤ ᠠᠷᠠᠰᠤᠨ ᠵᠢᠷᠤᠭ ᠤᠷᠠᠯᠠᠯ ᠤᠨ | ᠤᠷᠤᠯᠳᠤᠭᠠᠨ ᠳᠤ ᠣᠷᠣᠯᠴᠠᠨ ᠰᠢᠯᠢᠳᠡᠭ ᠱᠠᠩᠨᠠᠯ ᠣᠯᠪᠠ᠃ 2016 ᠣᠨ ᠳᠤ ᠨᠠᠢᠮᠠᠨ ᠮᠤᠵᠢ ᠣᠷᠣᠨ ᠤ ᠭᠠᠷ | ᠤᠷᠠᠯᠠᠯ ᠤᠨ ᠤᠷᠤᠯᠳᠤᠭᠠᠨ ᠳᠤ ᠰᠢᠯᠢᠳᠡᠭ ᠱᠠᠩᠨᠠᠯ ᠭᠦᠷᠳᠡᠪᠡ᠃ 2018 ᠣᠨ ᠳᠤ᠂ ᠤᠨᠳᠤᠷᠤᠮᠠᠯ ᠥᠪᠥᠷ | ᠮᠣᠩᠭᠤᠯ ᠤᠨ ᠠᠷᠪᠠᠨ ᠬᠤᠶᠠᠳᠤᠭᠠᠷ ᠬᠤᠭᠤᠴᠠᠭᠠᠨ ᠤ ᠵᠠᠯᠠᠭᠤᠴᠤᠳ ᠤᠨ ᠬᠤᠯᠪᠤᠭ᠎ᠠ ᠶᠢᠨ ᠭᠡᠰᠢᠭᠦᠨ᠂ ᠥᠪᠥᠷ | ᠮᠣᠩᠭᠤᠯ ᠤᠨ ᠭᠠᠳᠠᠭᠠᠳᠤ ᠠᠷᠠᠯᠵᠢᠶ᠎ᠠ ᠶᠢ ᠠᠬᠢᠭᠤᠯᠬᠤ ᠨᠡᠶᠢᠭᠡᠮᠯᠢᠭ ᠤᠨ ᠭᠡᠰᠢᠭᠦᠨ ᠢᠶᠠᠷ ᠰᠣᠩᠭᠤᠭᠳᠠᠯ᠎ᠠ᠃ ᠲᠡᠷᠡ | ᠪᠠᠷ ᠦᠢᠯᠡᠰ ᠪᠣᠰᠬᠠᠬᠤ ᠶᠠᠪᠤᠴᠠ ᠳᠠᠭᠠᠨ ᠬᠡᠵᠢᠶᠡᠳᠡ ᠮᠡᠷᠭᠡᠵᠢᠯ ᠰᠠᠶᠢᠨ ᠪᠠᠶᠢᠬᠤ᠂ ᠵᠣᠷᠢᠭᠲᠠᠢ ᠪᠠᠷ ᠰᠢᠨ᠎ᠡ ᠶᠢ | ᠡᠭᠦᠳᠭᠦ ᠵᠠᠷᠴᠢᠮ ᠢ ᠪᠠᠷᠢᠮᠲᠠᠯᠠᠵᠤ᠂ ᠵᠣᠬᠢᠶᠠᠨ ᠪᠦᠲᠦᠭᠡᠯᠭᠡ ᠦᠵᠡᠭᠦᠯᠭᠡ ᠶᠢ ᠰᠠᠶᠢᠨ ᠬᠢᠭᠰᠡᠨ ᠢᠶᠠᠷ ᠮᠣᠩᠭᠤᠯ | ᠦᠨᠳᠦᠰᠦᠲᠡᠨ ᠤ ᠤᠯᠠᠮᠵᠢᠯᠠᠯᠲᠤ ᠠᠷᠠᠰᠤ ᠰᠢᠷᠢ ᠶᠢᠨ ᠳᠦᠷᠰᠦ ᠪᠦᠲᠦᠭᠡᠬᠦ ᠤᠷᠠᠯᠢᠭ ᠤᠨ ᠵᠠᠯᠭᠠᠮᠵᠢᠯᠠᠭᠴᠢ᠂ | ᠳᠤᠮᠳᠠᠳᠤ ᠤᠯᠤᠰ ᠤᠨ ᠰᠡᠭᠦᠳᠡᠷ ᠰᠢ ᠶᠢᠨ ᠱᠤᠭᠤᠮᠠᠯ ᠤᠨ ᠵᠠᠯᠠᠭᠤ ᠤᠯᠠᠮᠵᠢᠯᠠᠭᠴᠢ ᠶᠢᠨ ᠳᠡᠭᠡᠳᠦ ᠵᠡᠷᠭᠡ ᠶᠢᠨ | ᠪᠤᠯᠪᠠᠰᠤᠷᠠᠭᠤᠯᠤᠬᠴᠢ ᠪᠠᠷ ᠦᠨᠡᠯᠡᠭᠳᠡᠯ᠎ᠡ᠃ ᠣᠨᠴᠠᠭᠠᠶᠢᠯᠠᠨ ᠤᠨᠳᠤᠷᠤᠮᠠᠯ ᠤᠨ ᠪᠦᠲᠦᠭᠡᠯ ᠮᠠᠨ ᠤ ᠣᠷᠣᠨ ᠢ | ᠲᠥᠯᠥᠭᠡᠯᠡᠨ ᠪᠦᠭᠦ ᠤᠯᠤᠰ ᠤᠨ ᠦᠵᠡᠰᠭᠦᠯᠡᠩ ᠳᠤ ᠣᠯᠠᠨᠲᠠ ᠤᠷᠤᠯᠴᠠᠬᠰᠠᠨ ᠪᠥᠭᠡᠳ ᠱᠠᠩᠨᠠᠯ ᠭᠦᠷᠳᠡᠪᠡ᠃ | | ᠤᠨᠳᠤᠷᠤᠮᠠᠯ ᠤᠨ ᠭᠠᠷ ᠲᠠᠬᠢ ᠣᠨᠣᠪᠴᠢ ᠭᠢᠳᠤᠭ᠎ᠠ ᠵᠣᠭᠰᠣᠯ ᠦᠭᠡᠢ ᠵᠢᠷᠪᠢᠯᠵᠡᠭᠰᠡᠭᠡᠷ᠂ ᠠᠷᠠᠰᠤᠨ ᠳᠠᠬᠢ | ᠵᠢᠷᠤᠭ ᠳᠤᠷᠠᠶᠢᠭᠰᠠᠭᠠᠷ ᠯᠡ᠃ | | ᠤᠨᠳᠤᠷᠤᠮᠠᠯ ᠠᠷᠠᠰᠤᠨ ᠵᠢᠷᠤᠭ ᠤᠷᠠᠯᠠᠯ ᠤᠨ ᠢᠶᠠᠨ ᠴᠢᠨᠠᠷ ᠴᠢᠨᠰᠠᠭ᠎ᠠ ᠶᠢ ᠪᠠᠲᠤᠯᠠᠬᠤ ᠶᠢᠨ ᠲᠥᠯᠥᠭᠡ᠂ | ᠶᠡᠷᠦᠨᠢ ᠭᠠᠷ ᠢᠶᠠᠷ ᠤᠷᠠᠯᠠᠬᠤ ᠶᠢ ᠬᠠᠲᠠᠭᠤ ᠪᠠᠷᠢᠮᠲᠠᠯᠠᠳᠠᠭ᠃ ᠨᠢᠭᠡ ᠠᠷᠠᠰᠤᠨ ᠰᠡᠶᠢᠯᠦᠮᠡᠯ ᠤᠨ ᠪᠦᠲᠦᠭᠡᠯ ᠢ ᠬᠢᠬᠦ ᠳᠤ | ᠠᠷᠠᠰᠤ ᠰᠢᠯᠢᠭᠦ᠂ ᠠᠷᠠᠰᠤ ᠡᠰᠭᠡᠭᠦ᠂ ᠵᠢᠷᠤᠭ ᠢᠶᠠᠨ ᠠᠷᠠᠰᠤᠨ ᠳᠡᠭᠡᠷ᠎ᠡ ᠪᠠᠷᠯᠠᠬᠤ᠂ ᠵᠢᠷᠤᠭ ᠢᠶᠠᠨ ᠰᠡᠶᠢᠯᠭᠦ᠂ | ᠲᠤᠰᠬᠠᠢ ᠪᠠᠭᠠᠵᠢ ᠪᠠᠷ ᠭᠦᠳᠦᠭᠦᠷ ᠬᠤᠳᠤᠭᠤᠷ ᠭᠠᠷᠭᠠᠵᠤ ᠴᠣᠬᠢᠬᠤ᠂ ᠪᠤᠳᠤᠬ ᠰᠠᠭᠤᠯᠭᠠᠬᠤ᠂ ᠬᠠᠪᠢᠰᠤᠯᠠᠬᠤ ᠵᠡᠷᠭᠡ | ᠨᠡᠶᠢᠳᠡ 7 ᠠᠵᠢᠯ ᠤᠨ ᠳᠠᠷᠠᠭᠠᠯᠠᠯ ᠢ ᠥᠩᠭᠡᠷᠡᠭᠡᠳᠡᠭ᠃ ᠲᠡᠷᠡᠴᠢᠯᠡᠨ ᠨᠢᠭᠡᠬᠡᠨ ᠤᠭᠠᠯᠵᠠ ᠶᠢ ᠰᠡᠶᠢᠯᠭᠦ ᠳᠤ ᠬᠥᠳᠡᠯᠦᠯ | ᠦᠭᠡᠢ ᠪᠠᠷ ᠬᠡᠳᠦᠨ ᠴᠠᠭ ᠰᠠᠭᠤᠬᠤ᠂ ᠬᠤᠭᠤᠯᠠ ᠤᠮᠳᠠ ᠪᠠᠨ ᠤᠮᠠᠷᠲᠠᠨ ᠬᠤᠨᠤᠭ ᠨᠣᠶᠢᠷ ᠢᠶᠠᠨ ᠬᠠᠰᠤᠨ ᠪᠠᠶᠢᠵᠤ | ᠬᠢᠬᠦ ᠨᠢ ᠡᠩ ᠤᠨ ᠶᠠᠪᠤᠳᠠᠯ ᠶᠤᠮ᠃ ᠲᠡᠭᠦᠨ ᠤ ᠬᠠᠮᠲᠤ ᠠᠵᠢᠯᠲᠠᠳ ᠨᠢ ᠵᠠᠷᠢᠮ ᠳᠠᠭᠠᠨ ᠶᠠᠳᠠᠷᠠᠨ ᠤᠴᠠᠭᠠᠷᠯᠠᠪᠠᠯ | ᠲᠡᠷᠡ ᠪᠠᠶᠢᠨ ᠲᠠᠭᠢᠨ ᠵᠣᠷᠢᠭ ᠴᠢᠩᠭᠠᠯᠠᠨ ᠤᠷᠮ᠎ᠠ ᠬᠠᠶᠢᠷᠠᠯᠠᠳᠠᠭ᠃ | | ᠤᠨᠳᠤᠷᠤᠮᠠᠯ ᠦᠪᠡᠰᠦᠪᠡᠨ ᠦᠢᠯᠡᠰ ᠪᠣᠰᠬᠠᠵᠤ ᠬᠥᠯᠵᠢᠭᠰᠡᠨ ᠢᠶᠠᠷ ᠵᠤᠬᠰᠤᠬᠤ ᠦᠭᠡᠢ 2009 ᠣᠨ ᠠᠴᠠ | ᠨᠠᠭᠠᠰᠢ ᠤᠷᠢᠳ ᠬᠤᠵᠢᠳ 60 ᠠᠷᠠᠰᠤᠨ ᠰᠡᠶᠢᠯᠦᠮᠡᠯ ᠤᠨ ᠴᠢᠳᠠᠪᠤᠷᠢᠲᠠᠨ ᠢ ᠬᠥᠮᠥᠵᠢᠭᠦᠯᠵᠦ᠂ ᠬᠠᠮᠤᠭ ᠤᠨ ᠬᠤᠯᠠ | ᠨᠢ ᠰᠢᠨᠵᠢᠶᠠᠩ ᠠᠴᠠ ᠬᠦᠷᠦᠯᠴᠡᠨ ᠢᠷᠡᠵᠦ ᠰᠤᠷᠤᠯᠴᠠᠵᠤ᠂ ᠡᠭᠦᠨ ᠤ ᠳᠣᠲᠣᠷ᠎ᠠ ᠠᠴᠠ 7 ᠬᠥᠮᠥᠨ ᠨᠢ ᠬᠤᠰᠢᠭᠤ | ᠨᠤᠲᠤᠭ ᠲᠠᠭᠠᠨ ᠪᠤᠴᠠᠨ ᠠᠷᠠᠰᠤᠨ ᠰᠡᠶᠢᠯᠦᠮᠡᠯ ᠠᠷᠠᠰᠤᠨ ᠵᠢᠷᠤᠭ ᠤᠷᠠᠯᠠᠵᠤ᠂ ᠦᠢᠯᠡᠰ ᠤᠨ ᠳᠥᠷᠥᠭᠡᠨ ᠳᠤ | ᠭᠢᠯᠠᠷᠠᠭᠤᠯᠵᠤ ᠶᠠᠪᠤᠨ᠎ᠠ᠃ ᠮᠥᠨ ᠠᠯᠠᠱᠠ ᠵᠡᠭᠦᠨ ᠬᠤᠰᠢᠭᠤᠨ ᠤ 10 ᠵᠠᠯᠠᠭᠤᠴᠤᠳ ᠢ ᠡᠯᠰᠡᠵᠦ ᠲᠣᠭᠲᠠᠭᠤᠨ ᠢᠶᠠᠷ | ᠠᠵᠢᠯ ᠣᠯᠭᠤᠵᠤ᠂ ᠨᠢᠭᠡ ᠪᠦᠯᠦᠭ ᠮᠠᠯᠴᠢᠨ ᠲᠠᠷᠢᠶᠠᠴᠢᠨ ᠪᠣᠯᠣᠨ ᠣᠶᠤᠲᠠᠳ ᠤᠨ ᠠᠵᠢᠯ ᠣᠯᠬᠤ ᠶᠢ ᠳᠠᠶᠢᠴᠢᠯᠠᠪᠠ᠃ | 2019 ᠣᠨ ᠳᠤ ᠤᠨᠳᠤᠷᠤᠮᠠᠯ ᠤᠳᠤ ᠶᠢᠨ ᠠᠯᠠᠱᠠ ᠠᠶᠢᠮᠠᠭ ᠤᠨ ᠪᠣᠳᠠᠰ ᠤᠨ ᠪᠤᠰᠤ ᠰᠣᠶᠣᠯ ᠤᠨ ᠥᠪ | ᠠᠷᠠᠰᠤᠨ ᠤᠷᠠᠯᠢᠭ ᠤᠷᠠᠯᠠᠬᠤ ᠤᠯᠠᠮᠵᠢᠯᠠᠬᠤ ᠦᠵᠡᠭᠦᠯᠭᠡ ᠶᠢᠨ ᠦᠷᠭᠦᠭᠡ ᠪᠠᠨ ᠪᠠᠶᠢᠭᠤᠯᠵᠤ᠂ ᠭᠠᠳᠠᠷ ᠣᠷᠣᠨ ᠠᠴᠠ | ᠨᠣᠮ ᠵᠠᠯᠠᠵᠤ᠂ ᠠᠷᠠᠰᠤᠨ ᠰᠡᠶᠢᠯᠦᠮᠡᠯ ᠳᠤ ᠪᠠᠭ᠋ᠠᠲᠠᠢ ᠬᠥᠮᠥᠰ᠂ ᠪᠤᠰᠤᠳ ᠪᠣᠳᠠᠰ ᠤᠨ ᠪᠤᠰᠤ ᠰᠣᠶᠣᠯ ᠤᠨ ᠥᠪ ᠤᠨ | ᠤᠯᠠᠮᠵᠢᠯᠠᠭᠴᠢᠳ ᠠᠴᠠ ᠳᠠᠷᠤᠤ ᠬᠢᠴᠢᠶᠡᠩᠭᠦᠢ ᠪᠠᠷ ᠰᠤᠷᠤᠯᠴᠠᠯ᠎ᠠ᠃ | | ᠲᠡᠮᠡᠭᠡᠨ ᠤ ᠲᠤᠬᠠᠢ ᠵᠢᠵᠢᠭ ᠰᠤᠳᠤᠯᠭᠠᠨ ᠤ ᠭᠠᠵᠠᠷ ᠭᠠᠷᠭᠠᠵᠤ᠂ ᠲᠡᠮᠡᠭᠡᠨ ᠰᠣᠶᠣᠯ ᠤᠨ ᠤᠭᠢ ᠰᠢᠮ᠎ᠡ ᠶᠢ | ᠰᠢᠷᠭᠠᠭᠠᠨ ᠪᠤᠯᠪᠠᠰᠤᠷᠠᠭᠤᠯᠵᠤ᠂ ᠲᠡᠮᠡᠭᠡᠨ ᠰᠣᠶᠣᠯ ᠲᠠᠢ ᠬᠤᠯᠪᠣᠭᠳᠠᠭᠰᠠᠨ ᠰᠢᠷᠢᠰ ᠠᠷᠠᠰᠤᠨ ᠰᠡᠶᠢᠯᠦᠮᠡᠯ ᠠᠷᠠᠰᠤᠨ | ᠵᠢᠷᠤᠭ ᠤᠨ ᠪᠦᠲᠦᠭᠡᠯ ᠤᠷᠠᠯᠠᠵᠤ ᠬᠢᠬᠦ ᠪᠣᠯ ᠤᠨᠳᠤᠷᠤᠮᠠᠯ ᠤᠨ ᠬᠤᠵᠢᠮ ᠤᠨ ᠬᠠᠷᠠᠯᠲᠠ᠃ | | ᠥᠪᠡᠷ ᠤᠨ ᠰᠣᠩᠭᠤᠭᠰᠠᠨ ᠵᠠᠮ ᠢᠶᠠᠷ ᠢᠶᠠᠨ ᠵᠣᠷᠢᠭᠲᠠᠢ ᠶᠠᠪᠤᠵᠤ ᠪᠣᠰᠬᠠᠭᠰᠠᠨ ᠦᠢᠯᠡᠰ ᠢᠶᠠᠨ ᠯᠠᠪᠳᠠᠭᠤᠨ | ᠪᠠᠲᠤᠲᠠᠢ ᠬᠢᠵᠦ᠂ ᠠᠵᠢᠯ ᠦᠢᠯᠡᠰ ᠲᠡᠭᠡᠨ ᠬᠠᠶᠢᠷ᠎ᠠ ᠬᠠᠷᠢᠭᠤᠴᠠᠯᠭ᠎ᠠ ᠲᠠᠢ ᠠᠵᠢᠯᠯᠠᠵᠤ᠂ ᠨᠢᠭᠡ ᠯᠡ ᠰᠡᠳᠬᠢᠯ | ᠬᠠᠲᠠᠭᠤ ᠵᠣᠷᠢᠭ ᠢᠶᠠᠷ ᠰᠢᠷᠭᠠᠭᠤ ᠬᠠᠲᠠᠭᠤᠵᠢᠯᠲᠠᠢ ᠲᠡᠮᠡᠴᠡᠳᠡᠭ ᠯᠡ ᠶᠤᠮ ᠪᠣᠯ ᠦᠢᠯᠡᠰ ᠪᠦᠲᠦᠭᠡᠯ ᠥᠭᠡᠳᠡᠯᠡᠨ | ᠳᠡᠭᠵᠢᠷᠡᠵᠦ᠂ ᠵᠠᠯᠠᠭᠤ ᠨᠠᠰᠤ ᠣᠯᠣᠯᠲᠠ ᠠᠮᠵᠢᠯᠲᠠ ᠪᠠᠷ ᠳᠦᠭᠦᠷᠡᠩ ᠪᠣᠯᠣᠨ᠎ᠠ᠃ ᠡᠨᠡ ᠪᠣᠯ ᠤᠨᠳᠤᠷᠤᠮᠠᠯ ᠤᠨ | ᠠᠮᠵᠢᠯᠲᠠ ᠳᠤ ᠭᠦᠷᠦᠭᠰᠡᠨ ᠤ ᠨᠢᠭᠤᠴᠠ ᠵᠣᠷ᠃ | | ᠦᠳᠡᠰᠢ ᠶᠢᠨ ᠬᠥᠰᠢᠭᠡ ᠪᠠᠭᠤᠵᠤ᠂ ᠠᠰᠠᠷ ᠪᠠᠶᠢᠰᠢᠩ ᠤᠨ ᠭᠡᠭᠡᠪᠴᠢ ᠪᠠᠷ ᠳ᠋ᠧᠩ ᠳᠤᠸᠠᠯᠠᠨ ᠭᠡᠷᠡᠯᠳᠦᠭᠦ ᠪᠠᠷ | ᠤᠨᠳᠤᠷᠤᠮᠠᠯ ᠣᠨᠣᠪᠴᠢ ᠭᠢᠳᠤᠭ᠎ᠠ ᠪᠠᠨ ᠬᠤᠷᠢᠶᠠᠨ ᠡᠳᠦᠷ ᠤᠨ ᠠᠵᠢᠯ ᠠᠴᠠ ᠪᠠᠨ ᠪᠠᠭᠤᠯ᠎ᠠ᠃ |