ᠪᠦᠬᠦᠯᠢ ᠢᠯᠡᠷᠬᠡᠶᠢᠯᠡᠯ  ᠤᠨ ᠨᠡᠮᠡᠬᠦ ᠬᠠᠰᠤᠬᠤ
ᠨᠡᠶᠢᠲᠡᠯᠡᠭᠰᠡᠨ ᠴᠠᠭ᠄
2022/11/14
            ⒈       ᠠᠯᠭ᠍ᠪᠷᠠ  ᠶᠢᠨ ᠢᠯᠡᠷᠬᠡᠶᠢᠯᠡᠯ — — ᠲᠤᠭ᠎ᠠ ᠪᠤᠶᠤ ᠲᠤᠭ᠎ᠠ  ᠶᠢ ᠢᠯᠡᠷᠬᠡᠶᠢᠯᠡᠭᠰᠡᠨ ᠦᠰᠦᠭ  ᠤᠳ  ᠢ ᠤᠶᠢᠯᠡᠳᠤᠯ  ᠤᠨ ᠲᠡᠮᠳᠡᠭ ᠢᠶᠠᠷ ᠬᠤᠯᠪᠤᠵᠤ ᠤᠯᠤᠭᠰᠠᠨ ᠢᠯᠡᠷᠬᠡᠶᠢᠯᠡᠯ ᠢ‌ᠠᠯᠭ᠍ᠪᠷᠠ  ᠶᠢᠨ ᠢᠯᠡᠷᠬᠡᠶᠢᠯᠡᠯ ᠬᠡᠳᠡᠭ᠃ ᠠᠩᠬᠠᠷᠬᠤ ᠨᠢ ᠲᠠᠩ ᠭᠠᠭᠴᠠ ᠲᠤᠭ᠎ᠠ ᠪᠤᠶᠤ ᠲᠠᠩ ᠭᠠᠭᠴᠠ ᠦᠰᠦᠭ ︵ᠦᠰᠦᠭ ᠨᠢ ᠲᠤᠭ᠎ᠠ  ᠶᠢ ᠢᠯᠡᠷᠬᠡᠶᠢᠯᠡᠭᠰᠡᠨ      ︶ ᠨᠢ ᠴᠦᠮ‌ᠠᠯᠭ᠍ᠪᠷᠠ  ᠶᠢᠨ ᠢᠯᠡᠷᠬᠡᠶᠢᠯᠡᠯ ᠮᠦᠨ᠃       ⒉ ᠨᠢᠬᠡᠨᠬᠡᠰᠢᠬᠦᠨᠳᠤ — ᠲᠤᠭ᠎ᠠ ᠪᠤᠶᠤ ᠦᠰᠦᠭ  ᠤᠨ ᠦᠷᠡᠵᠢᠪᠤᠷᠢ  ᠶᠢᠨ ᠬᠡᠯᠪᠡᠷᠢ ᠲᠠᠢ ᠠᠯᠭ᠍ᠪᠷᠠ  ᠶᠢᠨ ᠢᠯᠡᠷᠬᠡᠶᠢᠯᠡᠯ  ᠢ ᠨᠢᠬᠡᠨᠬᠡᠰᠢᠬᠦᠨᠳᠤ ᠬᠡᠨ᠎ᠡ᠃       ⒊ ᠨᠢᠬᠡᠨᠬᠡᠰᠢᠬᠦᠨᠳᠤ  ᠶᠢᠨ ᠵᠡᠷᠬᠡ  ᠶᠢᠨ ᠲᠤᠭ᠎ᠠ — ᠨᠢᠬᠡᠨᠬᠡᠰᠢᠬᠦᠨᠳᠤ ᠳᠠᠬᠢ ᠡᠯ᠎ᠡ ᠦᠰᠦᠭ ᠦᠷᠡᠵᠢᠭᠳᠡᠬᠦᠨ  ᠤ ᠵᠡᠷᠬᠡ ᠢᠯᠡᠳᠬᠡᠭᠴᠢ  ᠶᠢᠨ ᠨᠡᠶᠢᠯᠡᠪᠤᠷᠢ  ᠶᠢ ᠡᠨᠡ ᠨᠢᠬᠡᠨᠬᠡᠰᠢᠬᠦᠨᠳᠤ  ᠶᠢᠨ ᠵᠡᠷᠬᠡ  ᠶᠢᠨ ᠲᠤᠭ᠎ᠠ ᠬᠡᠳᠡᠭ᠃       ⒋ᠨᠢᠬᠡᠨᠬᠡᠰᠢᠬᠦᠨᠳᠤ  ᠶᠢᠨ ᠢᠯᠡᠳᠬᠡᠮᠵᠢ — ᠨᠢᠬᠡᠨᠬᠡᠰᠢᠬᠦᠨᠳᠤ ᠳᠠᠬᠢ ᠼᠡᠹᠡᠷ ︵ᠲᠤᠭ᠎ᠠ ᠦᠷᠡᠵᠢᠭᠳᠡᠬᠦᠨ︶ ᠦᠷᠡᠵᠢᠭᠳᠡᠬᠦᠨ ᠢ‌ᠨᠢᠬᠡᠨᠬᠡᠰᠢᠬᠦᠨᠳᠤ  ᠶᠢᠨ ᠢᠯᠡᠳᠬᠡᠮᠵᠢ ᠬᠡᠳᠡᠭ᠃       ⒌ ᠤᠯᠠᠨᠬᠡᠰᠢᠬᠦᠨᠳᠤ — ᠬᠡᠳᠤᠨ ᠨᠢᠬᠡᠨᠬᠡᠰᠢᠬᠦᠨᠳᠤ  ᠶᠢᠨ ᠨᠡᠶᠢᠯᠡᠪᠤᠷᠢ  ᠶᠢ ᠤᠯᠠᠨᠬᠡᠰᠢᠬᠦᠨᠳᠤ ᠬᠡᠨ᠎ᠡ᠃       ⒍ ᠰᠤᠯᠠ ᠬᠡᠰᠢᠬᠦᠨ — ᠤᠯᠠᠨᠬᠡᠰᠢᠬᠦᠨᠳᠤ ᠳᠠᠬᠢ ᠦᠰᠦᠭ ᠠᠭᠤᠯᠠᠬᠤ ᠦᠬᠡᠢ ᠬᠡᠰᠢᠬᠦᠨ  ᠢ ᠵᠢᠭᠠᠨ᠎ᠠ᠃       ⒎ᠪᠦᠬᠦᠯᠢ ᠢᠯᠡᠷᠬᠡᠶᠢᠯᠡᠯ — — ᠨᠢᠬᠡᠨᠬᠡᠰᠢᠬᠦᠨᠳᠤ ᠪᠠ ᠤᠯᠠᠨᠬᠡᠰᠢᠬᠦᠨᠳᠤ  ᠶᠢ ᠬᠠᠮᠳᠤᠷᠠᠭᠤᠯᠤᠭᠠᠳ ᠪᠦᠬᠦᠯᠢ ᠢᠯᠡᠷᠬᠡᠶᠢᠯᠡᠯ ᠬᠡᠳᠡᠭ᠃ ᠠᠩᠬᠠᠷᠬᠤ ᠨᠢ ᠬᠤᠪᠢᠶᠠᠷᠢ ᠳᠤ ᠨᠢ ᠦᠰᠦᠭ ᠠᠭᠤᠯᠤᠭᠰᠠᠨ ᠢᠯᠡᠷᠬᠡᠶᠢᠯᠡᠯ ᠨᠢ ᠪᠦᠬᠦᠯᠢ ᠢᠯᠡᠷᠬᠡᠶᠢᠯᠡᠯ ᠪᠢᠰᠢ᠃       ⒏ ᠢᠵᠢᠯ ᠲᠦᠷᠦᠯ  ᠤᠨ ᠬᠡᠰᠢᠬᠦᠨ — — ᠠᠭᠤᠯᠠᠬᠤ ᠦᠰᠦᠭ ᠨᠢ ᠠᠳᠠᠯᠢ ᠪᠦᠬᠡᠳ ᠠᠳᠠᠯᠢ ᠦᠰᠦᠭ  ᠤᠨ ᠵᠡᠷᠬᠡ  ᠶᠢᠨ ᠲᠤᠭ᠎ᠠ ᠨᠢ ᠲᠡᠩᠴᠡᠬᠦᠦ ᠪᠠᠶᠢᠭ᠎ᠠ ᠬᠡᠰᠢᠬᠦᠳ  ᠢ ᠢᠵᠢᠯ ᠲᠦᠷᠦᠯ  ᠤᠨ ᠬᠡᠰᠢᠬᠦᠨ ᠬᠡᠳᠡᠭ᠃       ⒏ᠢᠵᠢᠯ ᠲᠦᠷᠦᠯ  ᠤᠨ ᠬᠡᠰᠢᠬᠦᠨ  ᠢ ᠡᠮᠬᠢᠳᠬᠡᠬᠦ — ᠪᠦᠬᠦᠯᠢ ᠢᠯᠡᠷᠬᠡᠶᠢᠯᠡᠯ  ᠤᠨ ᠨᠡᠮᠡᠬᠦ ᠬᠠᠰᠤᠬᠤ ᠪᠤᠳᠤᠯᠭ᠎ᠠ  ᠨᠢ ᠦᠨᠡᠨ ᠳᠡᠭᠡᠨ       ᠢᠵᠢᠯ ᠲᠦᠷᠦᠯ  ᠤᠨ ᠬᠡᠰᠢᠬᠦᠨ  ᠢ ᠡᠮᠬᠢᠳᠬᠡᠬᠦ       ᠶᠠᠪᠤᠳᠠᠯ ᠪᠤᠯᠤᠨ᠎ᠠ᠃ ᠪᠤᠳᠠᠳᠠᠢ ᠠᠷᠭ᠎ᠠ ᠨᠢ ᠬᠡᠳᠤᠨ ᠢᠵᠢᠯ ᠲᠦᠷᠦᠯ  ᠤᠨ ᠬᠡᠰᠢᠬᠦᠨ    ᠢ ᠬᠠᠷᠢᠯᠴᠠᠨ ᠨᠡᠮᠡᠬᠦ ᠪᠤᠶᠤ ᠬᠠᠰᠤᠬᠤ ᠳᠤ ᠵᠦᠪᠬᠡᠨ ᠢᠯᠡᠳᠬᠡᠮᠵᠢ  ᠶᠢ ᠬᠤᠭᠤᠷᠤᠨᠳᠤ ᠨᠢ ᠨᠡᠮᠡᠬᠦ ᠪᠤᠶᠤ ᠬᠠᠰᠤᠨ᠎ᠠ᠃ ᠤᠤᠯ ᠦᠰᠦᠭ ᠪᠠ ᠲᠡᠬᠦᠨ  ᠤ ᠵᠡᠷᠬᠡ  ᠶᠢᠨ ᠲᠤᠭ᠎ᠠ  ᠶᠢ ᠨᠢ ᠬᠤᠪᠢᠷᠠᠭᠤᠯᠬᠤ ᠦᠬᠡᠢ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号