ᠳᠣᠩᠬᠤ ᠶᠢᠨ ᠳᠠᠯ᠎ᠠ ᠨᠣᠳᠤᠭ ᠤᠨ ᠵᠢᠭᠤᠯᠴᠢᠯᠠᠯ ᠤᠨ ᠣᠷᠣᠨ
ᠨᠡᠶᠢᠲᠡᠯᠡᠭᠰᠡᠨ ᠴᠠᠭ᠄
2022/11/4
        ᠳᠤᠩᠬᠤ ᠨᠠᠭᠤᠷ ᠤᠨ ᠳᠤᠮᠤᠭ ᠪᠠ ᠳᠤᠩᠬᠤ ᠶᠢᠨ ᠳᠠᠯ᠎ᠠ ᠨᠤᠳᠤᠭ ᠤᠨ ᠵᠤᠭᠠᠴᠠᠯ ᠤᠨ ᠤᠷᠤᠨ᠃ ᠡᠷᠳᠡ ᠤᠷᠢᠳᠤ ᠶᠢᠨ ᠴᠠᠭ ᠲᠤ ᠨᠢᠭᠡ ᠬᠦᠮᠤᠨ ᠨᠠᠷᠠᠨ ᠨᠠᠭᠤᠷ ᠤᠨ ᠨᠢᠭᠡ ᠪᠤᠯᠠᠭ ᠠᠴᠠ ᠬᠤᠶᠠᠷ ᠭᠠᠤᠯᠢᠨ ᠳᠤᠩᠬᠤᠤ ︵ᠨᠤᠳᠤᠭ ᠤᠨ ᠭᠡᠯᠡᠯᠭᠡ ᠪᠠᠷ ᠳᠤᠩᠬᠤᠤ ᠭᠡᠳᠡᠭ ᠪᠤᠯ ᠪᠤᠷᠪᠢ ᠪᠤᠯᠤᠨ᠎ᠠ︶᠎ ᠳᠠᠭᠠᠨ ᠤᠰᠤ ᠰᠠᠪᠠᠯᠠᠵᠤ ᠪᠠᠶᠢᠭᠠᠳ ᠰᠠᠨᠠᠮᠰᠠᠷ ᠦᠭᠡᠢ ᠭᠡᠯᠭᠢᠶ᠎ᠠ ᠲᠠᠢ ᠬᠤᠶᠠᠷ ᠳᠤᠩᠬᠤᠤ ᠪᠠᠨ ᠨᠠᠭᠤᠷ ᠲᠤ ᠠᠯᠳᠠᠨ ᠤᠷᠤᠭᠤᠯᠵᠤ ᠭᠡᠨ᠎ᠡ᠃ ᠭᠡᠵᠢᠶ᠎ᠠ ᠬᠤᠶᠢᠨ᠎ᠠ ᠳᠠᠷᠡ ᠬᠤᠶᠠᠷ ᠭᠡᠯᠭᠢᠶ᠎ᠠ ᠲᠠᠢ ᠳᠤᠩᠬᠤᠤ ᠨᠢ ᠠᠯᠤᠰ ᠬᠤᠯᠠ ᠪᠠᠷᠠᠭᠤᠨ ᠡᠮᠤᠨ᠎ᠡ ᠵᠦᠭ ᠲᠤ ᠪᠠᠶᠢᠭ᠎ᠠ ᠨᠢᠭᠡᠨ ᠨᠠᠭᠤᠷ ᠠᠴᠠ ᠭᠡᠯᠭᠢᠶ᠎ᠠ ᠲᠠᠢ ᠪᠠᠨ ᠭᠠᠷᠴᠤ ᠢᠷᠡᠭᠡᠳ ᠰᠤᠨᠢᠨ ᠵᠠᠩᠭᠢ ᠪᠤᠯᠵᠤ᠂ ᠳᠡᠭᠡᠭᠡᠳ ᠳᠡᠭᠷᠢ ᠡᠯᠡᠰᠤᠨ ᠤ ᠨᠠᠭᠤᠷ ᠤᠳ ᠬᠤᠭᠤᠷᠤᠨᠳᠤ ᠪᠠᠨ ᠵᠠᠯᠭᠠᠯᠳᠤᠵᠤ ᠪᠠᠶᠢᠭ᠎ᠠ ᠶᠢ ᠤᠯᠵᠤ ᠮᠡᠳᠡᠵᠤ᠂ ᠡᠨᠡ ᠨᠠᠭᠤᠷ ᠢ ᠳᠤᠩᠬᠤ ᠨᠠᠭᠤᠷ ᠭᠡᠵᠤ ᠨᠡᠷᠡᠯᠡᠵᠤ ᠭᠡᠨ᠎ᠡ᠃      ᠳᠤᠩᠬᠤ ᠶᠢᠨ ᠳᠠᠯ᠎ᠠ ᠨᠤᠳᠤᠭ ᠤᠨ ᠵᠤᠭᠠᠴᠠᠯ ᠤᠨ ᠤᠷᠤᠨ ᠨᠢ ᠳᠡᠭᠷᠢ ᠡᠯᠡᠰᠤᠨ ᠤ ᠡᠮᠤᠨ᠎ᠡ ᠬᠦᠪᠡᠭᠡᠨ ᠳᠤ ᠪᠠᠶᠢᠷᠢᠰᠢᠵᠤ᠂ ᠬᠤᠰᠢᠭᠤᠨ ᠳᠦᠪ ᠪᠠᠶᠠᠨᠬᠤᠳᠠ ᠠᠴᠠ 223 ᠺᠢᠯᠤᠮᠧᠲᠷ ᠵᠠᠶᠢᠳᠠᠢ᠂ ᠡᠮᠤᠨ᠎ᠡ ᠳᠠᠯ᠎ᠠ ᠪᠠᠷ ᠢᠶᠠᠨ ᠨᠢᠩᠰᠢᠶᠠ ᠶᠢᠨ ᠬᠤᠳᠤᠩ ᠦᠨᠳᠤᠰᠤᠳᠡᠨ ᠤ ᠦᠪᠡᠷᠳᠡᠭᠡᠨ ᠵᠠᠰᠠᠬᠤ ᠤᠷᠤᠨ ᠤ ᠤᠯᠤᠰ ᠤᠨ ᠳᠠᠰ ᠤᠨ AAAA ᠵᠤᠭᠠᠴᠠᠯ ᠤᠨ ᠤᠷᠤᠨ ᠪᠤᠯᠬᠤ ᠱᠠ ᠫᠦᠸᠧ ᠲᠸᠤ ᠲᠠᠢ ᠵᠠᠯᠭᠠᠯᠳᠤᠵᠤ ᠪᠠᠶᠢᠳᠠᠭ᠃ 2006 ᠤᠨ ᠳᠤ ᠤᠯᠤᠰ ᠤᠨ ᠵᠤᠭᠠᠴᠠᠯ ᠤᠨ ᠳᠤᠪᠴᠢᠶ᠎ᠠ ᠠᠴᠠ ᠤᠯᠤᠰ ᠤᠨ ᠳᠠᠰ ᠤᠨ AAAA ᠵᠤᠭᠠᠴᠠᠯ ᠤᠨ ᠤᠷᠤᠨ᠂ ᠪᠦᠬᠦ ᠤᠯᠤᠰ ᠤᠨ ᠠᠵᠤ ᠦᠢᠯᠡᠳᠪᠤᠷᠢ ᠳᠠᠷᠢᠶᠠᠯᠠᠩ ᠤᠨ ᠵᠢᠱᠢᠶ᠎ᠡ ᠦᠵᠡᠬᠦᠯᠬᠦ‍ ᠴᠢᠭ ᠢᠶᠠᠷ ᠵᠦᠪᠰᠢᠶᠡᠷᠡᠭᠳᠡᠭᠰᠡᠨ ᠪᠠᠶᠢᠨ᠎ᠠ᠃ ᠵᠤᠭᠠᠴᠠᠯ ᠤᠨ ᠤᠷᠤᠨ ᠨᠢ ᠡᠯᠡᠰᠤ ᠮᠠᠩᠬ᠎ᠠ ᠪᠠᠷ ᠬᠦᠷᠢᠶᠡᠯᠡᠭᠳᠡᠵᠦ᠂ ᠳᠤᠮᠳᠠᠭᠢ 4 ᠳᠡᠭᠰᠢ ᠳᠦᠷᠪᠡᠯᠵᠢᠨ ᠺᠢᠯᠤᠮᠧᠲᠷ ᠨᠦᠢᠳᠠᠨ ᠭᠠᠵᠠᠷ ᠲᠤ ᠡᠪᠡᠰᠤ ᠤᠷᠭᠤᠮᠠᠯ ᠪᠠᠭᠰᠢᠷᠠᠨ᠂ ᠠᠭᠤᠷ ᠠᠮᠢᠰᠬᠤᠯ ᠳᠠᠭᠠᠯᠠᠮᠵᠢᠳᠠᠢ᠂ ᠠᠳᠤᠭᠤ ᠮᠠᠯ ᠰᠦᠷᠤᠭ᠍ᠯᠡᠨ ᠪᠡᠯᠴᠢᠵᠤ᠂ ᠨᠡᠬᠦᠳᠡᠯ ᠤᠨ ᠰᠢᠪᠠᠭᠤᠳ ᠵᠢᠷᠭᠢᠨ ᠨᠢᠰᠤᠯᠴᠠᠨ᠎ᠠ᠃ ᠴᠢᠨᠳᠠᠭᠠᠨ ᠴᠠᠭᠠᠨ ᠮᠤᠩᠭᠤᠯ ᠭᠡᠷ ᠤᠳ ᠂ ᠳᠠᠪᠤᠨ ᠦᠩᠭᠡ ᠶᠢᠨ ᠭᠡᠭᠡᠷ᠎ᠡ ᠶᠢᠨ ᠳᠦᠬᠦᠮ ᠮᠠᠶᠢᠬᠠᠨ᠂ ᠰᠠᠯᠠᠬᠦᠴᠠᠨ ᠠᠮᠠᠷᠠᠬᠤ ᠭᠠᠵᠠᠷ ᠵᠡᠷᠭᠡ ᠨᠢ ᠨᠢᠭᠡ ᠤᠨᠴᠠᠭᠠᠢ ᠦᠵᠡᠮᠵᠢ ᠶᠢ ᠪᠦᠷᠢᠯᠳᠤᠬᠦᠯᠵᠤ᠂ ᠮᠠᠰᠢᠨ ᠳᠡᠷᠭᠡ᠂ ᠮᠤᠲ᠋ᠤᠷ ᠳᠡᠷᠭᠡ ᠵᠢᠯᠤᠭᠤᠳᠬᠤ᠂ ᠮᠤᠲ᠋ᠤᠷᠳᠤ ᠳᠡᠷᠭᠡ ᠪᠠᠷ ᠡᠯᠡᠰᠤ ᠮᠠᠴᠤᠬᠤ᠂ ᠮᠤᠷᠢ ᠳᠡᠮᠡᠭᠡ ᠤᠨᠤᠵᠤ ᠡᠯᠡᠰᠤᠨ ᠳᠤ ᠠᠶᠠᠯᠠᠬᠤ᠂ ᠡᠯᠡᠰᠤ ᠭᠤᠯᠭᠤᠬᠤ᠂ ᠦᠨᠳᠤᠰᠤᠳᠡᠨ ᠤ ᠤᠨᠴᠠᠯᠢᠭᠳᠤ ᠳᠦᠳᠡᠭ ᠭᠠᠯ ᠤᠨ ᠦᠳᠡᠰᠢᠯᠡᠭᠡ ᠵᠡᠷᠭᠡ ᠪᠠᠷ ᠢᠶᠠᠨ ᠵᠤᠭᠠᠴᠠᠭᠰᠠᠳ ᠲᠤ ᠦᠢᠯᠡᠴᠢᠯᠡᠳᠡᠭ᠃ ᠳᠤᠩᠬᠤ ᠶᠢᠨ ᠨᠠᠭᠤᠷ ᠪᠤᠯ ᠨᠠᠭᠤᠷ ᠪᠦᠷᠢᠳᠤ ᠤᠯᠠᠷᠢᠨ ᠰᠢᠯᠵᠢᠭᠰᠡᠨ ᠠᠴᠠ ᠦᠯᠡᠳᠡᠭᠰᠡᠨ ᠨᠦᠢᠳᠡᠨ ᠴᠢᠭᠢᠭᠯᠢᠭ ᠭᠠᠵᠠᠷ ᠪᠤᠯᠬᠤ ᠳᠤᠯᠠ ᠪᠠᠰᠠ ᠳᠤᠩᠬᠤ ᠨᠠᠭᠤᠷ ᠤᠨ ᠴᠢᠭᠢᠭᠯᠢᠭ ᠳᠠᠯ᠎ᠠ ᠶᠢᠨ ᠵᠤᠭᠠᠴᠠᠯ ᠤᠨ ᠤᠷᠤᠨ ᠭᠡᠳᠡᠭ᠃      ᠳᠡᠭᠷᠢ ᠡᠯᠡᠰᠤᠨ ᠳᠤ ᠵᠤᠭᠠᠴᠠᠭᠰᠠᠳ ᠪᠠᠰᠠ ᠴᠠᠭᠠᠨᠪᠤᠯᠠᠭ ᠤᠨ ᠳᠠᠪᠤᠰᠤᠨ ᠨᠠᠭᠤᠷ ᠢᠶᠠᠷ ᠳᠤᠭᠤᠷᠢᠵᠤ᠂ ᠢᠷᠤᠭᠡᠯ ᠢ ᠳᠠᠭᠠᠭᠴᠢ ᠰᠦᠮ᠎ᠡ᠂ ᠰᠤᠶᠤᠯ ᠢ ᠭᠡᠶᠢᠬᠦᠯᠤᠭ᠍ᠴᠢ ᠰᠦᠮ᠎ᠡ ᠶᠢᠨ ᠱᠠᠰᠢᠨ ᠤ ᠳᠡᠤᠭᠡ ᠰᠤᠶᠤᠯ ᠢ ᠦᠢᠯᠠᠭᠠᠵᠤ ᠂ ᠵᠢᠷᠭᠤᠳᠤᠭᠠᠷ ᠳᠠᠯᠠᠢ ᠯᠠᠮᠠ ᠶᠢᠨ ᠠᠯᠠᠱᠠ ᠳᠤ ᠢᠷᠡᠭᠰᠡᠨ ᠵᠠᠮ ᠮᠦᠷ ᠢ ᠬᠠᠶᠢᠨ ᠰᠦᠪᠡᠭᠴᠢᠯᠡᠬᠦ ᠪᠠ ᠳᠡᠬᠦᠨ ᠤ ᠳᠤᠮᠤᠭᠯᠢᠭ ᠦᠢᠯᠡ ᠶᠠᠪᠤᠳᠠᠯ ᠲᠠᠢ ᠳᠠᠨᠢᠯᠴᠠᠵᠤ ᠪᠤᠯᠬᠤ ᠮᠦᠷᠳᠡᠭᠡᠨ ᠳᠡᠮᠡᠭᠡᠨ ᠠᠭᠤᠯᠠ ᠶᠢᠨ ᠬᠠᠳᠠᠨ ᠵᠢᠷᠤᠭ ᠢ ᠰᠤᠨᠢᠷᠬᠠᠵᠤ ᠪᠤᠯᠤᠨ᠎ᠠ᠃      ᠠᠳᠡ ᠳᠡᠮᠡᠭᠡᠨ ᠠᠭᠤᠯᠠ ᠶᠢᠨ ᠬᠠᠳᠠᠨ ᠵᠢᠷᠤᠭ ᠢ ᠤᠨᠴᠠᠯᠠᠨ ᠳᠡᠮᠳᠡᠭᠯᠡᠪᠡᠯ᠂ ᠳᠡᠭᠷᠢ ᠡᠯᠡᠰᠤᠨ ᠤ ᠳᠡᠮᠡᠭᠡᠨ ᠠᠭᠤᠯᠠᠨ ᠳᠤ ᠪᠠᠶᠢᠭ᠎ᠠ ᠡᠨᠡᠬᠦ ᠬᠠᠳᠠᠨ ᠵᠢᠷᠤᠭ ᠢ ᠤᠷᠳᠤ ᠪᠠᠷ ᠢᠶᠠᠨ 20 ᠺᠢᠯᠤᠮᠧᠲᠷ᠂ ᠦᠷᠭᠡᠨ ᠢᠶᠠᠷ ᠢᠶᠠᠨ 15 ᠺᠢᠯᠤᠮᠧᠲᠷ ᠠᠭᠤᠯᠠᠨ ᠬᠦᠳᠤᠯ ᠤᠨ ᠴᠢᠯᠠᠭᠤᠨ ᠳᠡᠭᠡᠷ᠎ᠡ ᠵᠢᠷᠤᠭᠰᠠᠨ ᠪᠠᠶᠢᠵᠤ᠂ ᠳᠡᠮᠡᠭᠡ᠂ ᠬᠤᠨᠢ᠂ ᠨᠤᠬᠠᠢ᠂ ᠪᠠᠷᠰ᠂ ᠠᠪᠠ ᠠᠩᠨᠠᠯ ᠵᠡᠷᠭᠡ ᠶᠢ ᠬᠠᠷᠠᠭᠤᠯᠤᠭᠰᠠᠨ 3000 ᠭᠠᠷᠤᠢ ᠪᠦᠳᠤᠭᠡᠯ ᠢ ᠦᠷᠤᠨ ᠰᠡᠶᠢᠯᠤᠭ᠍ᠰᠡᠨ ᠪᠠᠶᠢᠵᠤ᠂ ᠪᠦᠬᠦᠶᠢᠯᠡ ᠬᠠᠳᠠᠨ ᠵᠢᠷᠤᠭ ᠨᠢ ᠤᠳᠤᠬᠠᠨ ᠨᠠᠯᠢᠶᠠᠳ ᠰᠡᠶᠢᠨ ᠬᠠᠳᠠᠭᠠᠯᠠᠭᠳᠠᠵᠤ ᠪᠤᠢ᠃      
 
ᠢᠷᠡᠯᠲᠡ᠄ ᠥᠩ ᠥᠷᠭᠡᠨ ᠠᠯᠠᠱᠠ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号