ᠦᠮᠠᠨ ᠢ ᠰᠡᠷᠭᠡᠶᠢᠯᠡᠬᠦ ᠲᠡᠵᠢᠭᠡᠯ ᠡᠳ᠋᠄ ᠲᠦᠪᠡᠳ ᠬᠠᠰᠢ ᠶᠢᠨ ᠤᠯᠠᠭᠠᠨ ᠡᠳ᠋
ᠨᠡᠶᠢᠲᠡᠯᠡᠭᠰᠡᠨ ᠴᠠᠭ᠄
2022/4/14
      ᠤᠷᠢᠳᠴᠢᠯᠠᠨ ᠰᠡᠷᠭᠡᠶᠢᠯᠡᠬᠦ ᠦᠮᠠᠨ᠄ ᠤᠷᠢᠳᠦ ᠪᠤᠯᠴᠢᠷᠠᠬᠠᠢ ᠶᠢᠨ ᠦᠮᠠᠨ᠂ ᠠᠮᠠᠨ ᠬᠦᠨᠳᠡᠢ ᠶᠢᠨ ᠦᠮᠠᠨ ᠵᠡᠷᠭᠡ ᠤᠯᠠᠨ ᠲᠦᠷᠦᠯ ᠤᠨ ᠦᠮᠠᠨ       ᠢᠷᠡᠯᠲᠡ᠄ ᠲᠦᠪᠡᠳ ᠬᠠᠰᠢ᠂ ᠲᠠᠷᠪᠤᠰ             ᠲᠦᠪᠡᠳ ᠬᠠᠰᠢ ᠶᠢᠨ ᠤᠯᠠᠭᠠᠨ ᠡᠳ᠋ ᠪᠤᠯ ᠪᠤᠯᠪᠠᠰᠤᠷᠠᠭᠰᠠᠨ ᠲᠠᠷᠪᠤᠰ ᠲᠤᠲᠤᠷᠠᠬᠢ ᠭᠤᠤᠯ ᠦᠡᠭᠭᠡᠨ ᠡᠳ᠋᠂ ᠮᠠᠰᠢ ᠴᠢᠩᠭ᠎ᠠ ᠢᠰᠦᠯᠳᠦᠬᠦ ᠶᠢ ᠡᠰᠡᠷᠭᠦᠴᠡᠬᠦ ᠦᠢᠯᠡᠳᠦᠯ ᠲᠠᠢ᠃ ᠠᠮᠧᠷᠢᠺᠡ ᠶᠢᠨ ᠬᠠᠹᠧ ᠶᠡᠭᠡ ᠰᠤᠷᠭᠠᠭᠤᠯᠢ ᠶᠢᠨ ᠰᠤᠳᠤᠯᠭᠠᠨ ᠳᠤ ᠢᠯᠡᠷᠡᠭᠦᠯᠦᠭᠰᠡᠨ ᠨᠢ᠂ ᠲᠦᠪᠡᠳ ᠬᠠᠰᠢ ᠶᠢᠨ ᠤᠯᠠᠭᠠᠨ ᠡᠳ᠋ ᠪᠠ ᠤᠷᠢᠳᠦ ᠪᠤᠯᠴᠢᠷᠬᠠᠢ ᠶᠢᠨ ᠦᠮᠠᠨ ᠨᠢ ᠵᠤᠬᠢᠬᠤ ᠬᠠᠷᠢᠴᠠᠭ᠎ᠠ ᠲᠠᠢ᠂ ᠡᠳᠦᠷ ᠪᠦᠷᠢ ᠶᠢᠨ ᠢᠳᠡᠭᠡᠨ ᠤᠮᠳᠠᠭᠠᠨ ᠲᠤᠮᠳᠠ ᠲᠦᠪᠡᠳ ᠬᠠᠰᠢ ᠶᠢᠨ ᠤᠯᠠᠭᠠᠨ ᠡᠳ᠋ ᠰᠢᠩᠭᠡᠭᠡᠵᠦ ᠤᠷᠤᠭᠤᠯᠬᠤ ︵ᠡᠳᠦᠷ ᠪᠤᠯᠭᠠᠨ 6.5 ᠭᠷᠠᠮ ᠠᠴᠠ ᠲᠡᠭᠡᠭᠰᠢ︶ ᠡᠷᠡᠭᠲᠠᠶᠢᠴᠤᠳ ᠢ ᠰᠢᠩᠭᠡᠭᠡᠯᠲᠡ ᠪᠠᠷ ᠬᠠᠮᠤᠭ ᠪᠠᠭ᠎ᠠ ᠬᠦᠮᠦᠰ ᠲᠠᠢ ᠠᠳᠠᠯᠢᠳᠬᠠᠪᠠᠯ᠂ ᠤᠷᠢᠳᠦ ᠪᠤᠯᠴᠢᠷᠬᠠᠢ ᠶᠢᠨ ᠦᠮᠠᠨ ᠡᠭᠦᠰᠬᠦ ᠲᠦᠭᠰᠢᠭᠦᠷᠢ ᠶᠢ 21%᠎ ᠪᠠᠷ ᠪᠠᠭᠠᠰᠬᠠᠵᠦ ᠲᠡᠶᠢᠯᠦᠨ᠎ᠡ᠃ ᠡᠭᠦᠨ ᠠᠴᠠ ᠭᠠᠳᠠᠨ᠎ᠠ᠂ ᠰᠤᠳᠤᠯᠭᠠᠨ ᠳᠤ ᠢᠯᠡᠷᠡᠭᠦᠯᠦᠭᠰᠡᠨ ᠨᠢ᠂ ᠲᠦᠪᠡᠳ ᠬᠠᠰᠢ ᠶᠢᠨ ᠠᠷᠪᠢᠨ ᠰᠢᠩᠭᠡᠭᠡᠯᠲᠡ ᠨᠢ ᠤᠯᠠᠭᠠᠨ ᠬᠤᠭᠤᠯᠠᠢ ᠶᠢᠨ ᠦᠮᠠᠨ᠂ ᠠᠮᠠᠨ ᠬᠦᠨᠳᠡᠢ ᠶᠢᠨ ᠦᠮᠠᠨ᠂ ᠬᠤᠳᠤᠭᠤᠳᠤᠨ ᠦᠮᠠᠨ᠂ ᠠᠭᠤᠰᠬᠢᠨ ᠦᠮᠠᠨ ᠤ ᠲᠦᠭᠰᠢᠭᠦᠷᠢ ᠶᠢ ᠪᠠᠭᠠᠰᠬᠠᠵᠦ ᠲᠡᠶᠢᠯᠦᠨ᠎ᠡ᠃       ᠰᠠᠨᠠᠭᠤᠯᠭ᠎ᠠ᠄ ᠲᠦᠪᠡᠳ ᠬᠠᠰᠢ ᠶᠢᠨ ᠤᠯᠠᠭᠠᠨ ᠡᠳ᠋ ᠨᠢ ᠭᠤᠤᠯᠳᠠᠭᠤ ᠲᠦᠪᠡᠳ ᠬᠠᠰᠢ᠂ ᠲᠠᠷᠪᠤᠰ᠂ ᠠᠨᠠᠷ ᠵᠡᠷᠭᠡ ᠢᠳᠡᠭᠡᠨ ᠲᠤᠲᠤᠷ᠎ᠠ ᠤᠷᠤᠰᠢᠵᠦ᠂ ᠪᠢᠴᠢᠯ ᠬᠡᠮᠵᠢᠶᠡᠨ ᠤ ᠲᠦᠪᠡᠳ ᠬᠠᠰᠢ ᠶᠢᠨ ᠤᠯᠠᠭᠠᠨ ᠡᠳ᠋ ᠨᠢ ᠬᠤᠤ ᠯᠤᠤᠪᠠᠩ᠂ ᠨᠠᠨᠭᠤᠸᠠ᠂ ᠠᠪᠠᠷᠠᠢ ᠵᠡᠷᠭᠡ ᠨᠤᠭᠤᠭ᠎ᠠ ᠵᠢᠮᠢᠰ ᠲᠤ ᠠᠭᠤᠯᠤᠭᠳᠠᠨ᠎ᠠ᠃ ᠶᠡᠷᠦᠳᠡᠭᠡᠨ ᠠᠪᠴᠦ ᠬᠡᠯᠡᠪᠡᠯ᠂ ᠲᠦᠪᠡᠳ ᠬᠠᠰᠢ ᠶᠢᠨ ᠪᠤᠯᠪᠠᠰᠤᠷᠠᠭᠰᠠᠨ ᠬᠡᠮᠵᠢᠶ᠎ᠡ ᠨᠢ ᠬᠡᠳᠦ ᠦᠨᠳᠦᠷ ᠪᠤᠯ᠂ ᠲᠦᠪᠡᠳ ᠬᠠᠰᠢ ᠶᠢᠨ ᠤᠯᠠᠭᠠᠨ ᠡᠳ᠋ ᠤᠨ ᠠᠭᠤᠯᠤᠭᠳᠠᠴᠠ ᠲᠡᠳᠦᠢ ᠦᠨᠳᠦᠷ᠃ ᠲᠠᠶᠢᠯᠪᠤᠷᠢᠯᠠᠬᠤ ᠴᠢᠬᠤᠯᠠᠲᠠᠢ ᠨᠢ᠂ ᠲᠦᠪᠡᠳ ᠬᠠᠰᠢ ᠶᠢᠨ ᠤᠯᠠᠭᠠᠨ ᠡᠳ᠋ ᠨᠢ ᠦᠭᠡᠭᠦᠨ ᠳᠤ ᠠᠭᠤᠰᠤᠮᠠᠬᠠᠢ ᠴᠢᠨᠠᠷ ᠲᠠᠢ ᠪᠠᠶᠢᠵᠦ᠂ ᠲᠡᠵᠢᠭᠡᠯ ᠡᠳ᠋ ᠲᠤ ᠠᠭᠤᠯᠤᠭᠳᠠᠵᠦ᠂ ᠦᠭᠡᠬᠦ ᠲᠤᠰᠤ ᠲᠠᠢ ᠬᠠᠮᠲᠤᠷᠠᠯᠴᠠᠬᠤ ᠦᠶᠡᠰ ᠰᠢᠩᠭᠡᠭᠡᠯᠲᠡ ᠨᠢ ᠬᠠᠮᠤᠭ ᠦᠨᠳᠦᠷ᠂ ᠡᠶᠢᠮᠦ ᠠᠴᠠ᠂ ᠲᠦᠪᠡᠳ ᠬᠠᠰᠢ ᠶᠢ ᠪᠤᠯᠭᠤᠭᠠᠭᠠᠳ ᠢᠳᠡᠪᠡᠯ ᠬᠠᠮᠤᠭ ᠰᠠᠶᠢᠨ᠂ ᠲᠦᠪᠡᠳ ᠬᠠᠰᠢ ᠲᠠᠢ ᠬᠠᠭᠤᠷᠤᠭᠰᠠᠨ ᠦᠨᠳᠡᠭᠡ᠂ ᠲᠦᠪᠡᠳ ᠬᠠᠰᠢ ᠶᠢᠨ ᠱᠦᠯᠦ ᠨᠢ ᠰᠠᠶᠢᠨ ᠰᠤᠩᠭᠤᠯᠲᠠ ᠪᠤᠯᠤᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号