| ᠤᠷᠢᠳᠴᠢᠯᠠᠨ ᠰᠡᠷᠭᠡᠶᠢᠯᠡᠬᠦ ᠦᠮᠠᠨ᠄ ᠬᠤᠳᠤᠭᠤᠳᠤᠨ ᠦᠮᠠᠨ ᠵᠡᠷᠭᠡ ᠤᠯᠠᠨ ᠲᠦᠷᠦᠯ ᠤᠨ ᠦᠮᠠᠨ | ᠢᠷᠡᠯᠲᠡ᠄ ᠲᠤᠭᠤᠨᠤᠯᠵᠢᠠ ᠴᠡᠴᠡᠭ ᠤᠨ ᠲᠦᠷᠦᠯ᠂ ᠬᠡᠯᠡᠭᠡᠢ ᠰᠠᠷᠠᠨ᠎ᠠ ᠶᠢᠨ ᠲᠦᠷᠦᠯ ᠤᠨ ᠢᠳᠡᠰᠢᠨ ᠨᠤᠭᠤᠭ᠎ᠠ | | ᠤᠷᠭᠠᠨᠢᠭ ᠬᠦᠬᠦᠷᠲᠦ ᠨᠢᠭᠡᠳᠪᠦᠷᠢ ᠨᠢ ᠮᠤᠯᠢᠺᠦ᠋ᠯ ᠲᠤᠲᠤᠷᠠᠬᠢ ᠡᠯᠧᠮᠧᠨ᠋ᠲ ᠬᠦᠬᠦᠷ ᠤᠨ ᠨᠢᠭᠡ ᠲᠦᠷᠦᠯ ᠤᠨ | ᠤᠷᠭᠤᠮᠠᠯ ᠤᠨ ᠬᠢᠮᠢ ᠶᠢᠨ ᠪᠤᠳᠠᠰ᠂ ᠳᠡᠳᠡᠨᠠᠷ ᠨᠢ ᠭᠤᠤᠯᠳᠠᠭᠤ ᠬᠤᠶᠠᠷ ᠲᠦᠷᠦᠯ ᠤᠨ ᠬᠡᠯᠪᠡᠷᠢ ᠪᠠᠷ ᠨᠤᠭᠤᠭ᠎ᠠ ᠵᠢᠮᠢᠰ ᠲᠤ | ᠤᠷᠤᠰᠢᠳᠠᠭ᠂ ᠨᠢᠭᠡ ᠨᠢ ᠬᠦᠬᠦᠷᠷᠲᠦ ᠦᠵᠦᠮ ᠤᠨ ᠡᠪᠴᠡᠯ ᠰᠢᠬᠢᠷ ᠤᠨ ᠬᠡᠯᠪᠡᠷᠢ ᠪᠠᠷ ᠴᠠᠭᠠᠨ ᠨᠤᠭᠤᠭ᠎ᠠ᠂ ᠬᠤᠤ ᠯᠤᠤᠪᠠᠩ | ᠵᠡᠷᠭᠡ ᠲᠤᠭᠤᠨᠤᠯᠵᠢᠨ ᠴᠡᠴᠡᠭ ᠤᠨ ᠲᠦᠷᠦᠯ ᠤᠨ ᠨᠤᠭᠤᠭ᠎ᠠ ᠲᠤᠲᠤᠷ᠎ᠠ ᠤᠷᠤᠰᠢᠨ᠎ᠠ︔ ᠬᠤᠶᠠᠷ ᠲᠤ ᠰᠠᠷᠢᠮᠰᠠᠭ ᠤᠨ | ᠡᠳ᠋ ᠶᠢᠨ ᠬᠡᠯᠪᠡᠷᠢ ᠪᠠᠷ ᠰᠠᠷᠢᠮᠰᠠᠭ᠂ ᠬᠦᠭᠡ ᠰᠠᠷᠢᠮᠰᠠᠭ᠂ ᠤᠷᠤᠰ ᠰᠤᠩᠭᠢᠨ᠎ᠠ᠂ ᠭᠤᠭᠤᠳ ᠵᠡᠷᠭᠡ ᠲᠤ ᠤᠷᠤᠰᠢᠨ᠎ᠠ᠃ | ᠬᠠᠯᠳᠠᠪᠤᠷᠢᠲᠦ ᠡᠪᠡᠳᠴᠢᠨ ᠤ ᠰᠤᠳᠤᠯᠭᠠᠨ ᠳᠤ ᠢᠯᠡᠷᠡᠭᠦᠯᠦᠭᠰᠡᠨ ᠨᠢ᠂ ᠡᠮᠦᠨ᠎ᠡ ᠨᠢᠭᠡ ᠨᠢ ᠲᠠᠪᠤᠰᠠᠩ ᠤᠨ ᠦᠮᠠᠨ᠂ | ᠠᠭᠤᠰᠬᠢᠨ ᠦᠮᠠᠨ᠂ ᠬᠤᠳᠤᠭᠤᠳᠤᠨ ᠦᠮᠠᠨ᠂ ᠬᠦᠬᠦᠨ ᠪᠤᠯᠴᠢᠷᠬᠠᠢ ᠶᠢᠨ ᠦᠮᠠᠨ᠂ ᠤᠷᠢᠳᠦ ᠪᠤᠯᠴᠢᠷᠬᠠᠢ ᠶᠢᠨ ᠦᠮᠠᠨ | ᠵᠡᠷᠭᠡ ᠤᠯᠠᠨ ᠲᠦᠷᠦᠯ ᠤᠨ ᠦᠮᠠᠨ ᠳᠤ ᠵᠤᠬᠢᠬᠤ ᠰᠡᠷᠭᠡᠶᠢᠯᠡᠬᠦ ᠦᠢᠯᠡᠳᠦᠯ ᠲᠠᠢ᠂ ᠬᠤᠶᠢᠨᠠᠬᠢ ᠨᠢᠭᠡ ᠨᠢ ᠬᠤᠲᠤᠷᠢᠩᠬᠠᠢ | ᠭᠡᠳᠡᠰᠦᠨ ᠦᠮᠠᠨ᠂ ᠤᠷᠢᠳᠦ ᠪᠤᠯᠴᠢᠷᠬᠠᠢ ᠶᠢᠨ ᠦᠮᠠᠨ᠂ ᠤᠯᠠᠭᠠᠨ ᠬᠤᠭᠤᠯᠠᠢ ᠶᠢᠨ ᠦᠮᠠᠨ᠂ ᠬᠤᠳᠤᠭᠤᠳᠤᠨ ᠦᠮᠠᠨ ᠵᠡᠷᠭᠡ | ᠦᠮᠠᠨ ᠡᠪᠡᠳᠴᠢᠨ ᠤ ᠲᠦᠭᠰᠢᠭᠦᠷᠢ ᠶᠢᠨ ᠪᠠᠭᠠᠰᠬᠠᠬᠤ ᠳᠤ ᠲᠤᠰᠠᠲᠠᠢ᠃ | ᠰᠠᠨᠠᠭᠤᠯᠭ᠎ᠠ᠄ ᠲᠤᠭᠤᠨᠤᠯᠵᠢᠠ ᠴᠡᠴᠡᠭ ᠤᠨ ᠲᠦᠷᠦᠯ ᠤᠨ ᠢᠳᠡᠰᠢᠨ ᠨᠤᠭᠤᠭ᠎ᠠ ᠨᠢ ᠭᠤᠤᠯᠳᠠᠭᠤ ᠲᠦᠷᠪᠡᠨ | ᠲᠦᠷᠦᠯ ᠳᠤ ᠬᠤᠪᠢᠶᠠᠨ᠎ᠠ᠄ ᠰᠢᠯᠢᠮᠳᠡᠭ ᠤᠨ ᠭᠤᠤᠯ ᠤᠨ ᠲᠦᠷᠦᠯ ᠳᠤ ᠪᠠᠭᠳᠠᠬᠤ ᠴᠡᠴᠡᠭᠲᠦ ᠴᠠᠭᠠᠨ ᠨᠤᠭᠤᠭ᠎ᠠ᠂ | ᠪᠦᠭᠡᠷᠡᠩᠬᠡᠢ ᠴᠠᠭᠠᠨ ᠨᠤᠭᠤᠭ᠎ᠠ᠂ ᠰᠢᠯᠢᠮᠳᠡᠭ᠂ ᠭᠠᠶᠢᠮᠦ᠂ ᠭᠦᠯᠢᠭᠡᠷ ᠴᠠᠭᠠᠨ ᠨᠤᠭᠤᠭ᠎ᠠ ᠵᠡᠷᠭᠡ︔ ᠯᠤᠤᠪᠠᠩ ᠤᠨ | ᠲᠦᠷᠦᠯ ᠳᠤ ᠪᠠᠭᠳᠠᠬᠤ ᠴᠠᠭᠠᠨ ᠯᠤᠤᠪᠠᠩ᠂ ᠨᠤᠭᠤᠭᠠᠨ ᠯᠤᠤᠪᠠᠩ᠂ ᠤᠰᠤᠨ ᠯᠤᠤᠪᠠᠩ ᠵᠡᠷᠭᠡ︔ ᠵᠠᠷᠢᠮ ᠬᠦᠮᠦᠰ ᠤᠨ | ᠢᠳᠡᠬᠦ ᠲᠤᠷᠠᠲᠠᠢ ᠭᠡᠭᠡᠷ᠎ᠡ ᠶᠢᠨ ᠨᠤᠭᠤᠭ᠎ᠠ ᠵᠢᠱᠢᠶᠡᠯᠡᠪᠡᠯ ᠠᠪᠤᠭ᠎ᠠ ᠨᠤᠭᠤᠭ᠎ᠠ᠂ ᠮᠠᠭᠠᠵᠢ ᠨᠤᠭᠤᠭ᠎ᠠ ᠵᠡᠷᠭᠡ︔ ᠠᠮᠳᠠ | ᠤᠷᠤᠭᠤᠯᠤᠭᠴᠢ ᠳᠤ ᠪᠠᠭᠳᠠᠬᠤ ᠭᠠᠶᠢᠮᠦ ᠶᠢᠨ ᠲᠠᠯᠬ᠎ᠠ᠂ ᠮᠤᠷᠢᠨ ᠯᠤᠤᠪᠠᠩ ᠵᠡᠷᠭᠡ᠃ ᠵᠠᠷᠢᠮ ᠨᠤᠭᠤᠭ᠎ᠠ ᠨᠢ ᠤᠷᠲᠦ | ᠬᠤᠭᠤᠴᠠᠭ᠎ᠠ ᠬᠠᠭᠤᠷᠤᠭᠠᠳ ᠵᠤᠬᠢᠬᠤ ᠦᠭᠡᠢ᠂ ᠠᠰᠢᠭ ᠲᠠᠢ ᠪᠦᠷᠢᠯᠳᠤᠭᠦᠨ ᠢ ᠡᠪᠳᠡᠬᠦ ᠠᠴᠠ ᠬᠢᠴᠢᠶᠡᠬᠦ ᠬᠡᠷᠡᠭᠲᠠᠢ᠃ | ᠰᠠᠷᠢᠮᠰᠠᠭ᠂ ᠤᠷᠤᠰ ᠰᠤᠩᠬᠢᠨ᠎ᠠ ᠵᠡᠷᠭᠡ ᠰᠠᠷᠢᠮᠰᠠᠭ ᠤᠨ ᠡᠳ᠋ ᠡᠯᠪᠡᠭ ᠠᠭᠤᠯᠤᠭᠳᠠᠬᠤ ᠨᠤᠭᠤᠭ᠎ᠠ ᠶᠢ ᠰᠢᠭᠤᠳ ᠢᠳᠡᠵᠦ | ᠪᠤᠯᠤᠨ᠎ᠠ᠂ ᠡᠭᠦᠨ ᠠᠴᠠ ᠭᠠᠳᠠᠨ᠎ᠠ ᠪᠠᠰᠠ ᠲᠦᠷᠭᠡᠨ ᠬᠠᠭᠤᠷᠴᠦ ᠪᠤᠯᠤᠨ᠎ᠠ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |