ᠡᠷᠡᠭᠦᠯ ᠮᠡᠨᠳᠦ ᠶᠢᠨ ᠪᠠᠭ᠎ᠠ ᠮᠡᠳᠡᠯᠭᠡ
ᠨᠡᠶᠢᠲᠡᠯᠡᠭᠰᠡᠨ ᠴᠠᠭ᠄
2022/4/14
      ᠤᠳᠠᠭᠠᠠ ᠴᠢᠨᠠᠷ ᠲᠠᠢ ᠪᠥᠭᠡᠷ᠎ᠠ ᠮᠠᠭᠤᠳᠠᠭᠰᠠᠳ ᠭᠤᠤ ᠢᠳᠡᠵᠤ ᠪᠣᠯᠬᠤ ᠦᠭᠡᠢ       ᠭᠤᠤ ᠶᠢᠨ ᠲᠤᠳᠤᠷ᠎ᠠ ᠺᠠᠯᠢ ᠶᠢᠨ ᠢᠶᠣᠠ ᠤ ᠠᠭᠤᠯᠤᠭᠳᠠᠴᠠ ᠨᠡᠯᠢᠶᠠᠳ ᠲᠡᠭᠡᠷ᠎ᠠ ᠪᠠᠶᠢᠵᠤ᠂ 100 ᠭᠷᠠᠮ ᠪᠦᠷᠢ ᠎ ᠶᠢᠨ ᠭᠤᠤ ᠲᠤᠳᠤᠷ᠎ᠠ 250 ᠮᠢᠯᠯᠢᠭᠷᠡᠮ ᠣᠷᠴᠢᠮ ᠺᠠᠯᠢ ᠠᠭᠤᠯᠤᠭᠳᠠᠵᠤ ᠪᠠᠶᠢᠳᠠᠭ᠃ ᠪᠥᠭᠡᠷ᠎ᠠ ᠶᠢᠨ ᠴᠢᠳᠠᠪᠤᠷᠢ ᠮᠠᠭᠤᠳᠠᠭᠰᠠᠳ ᠤᠨ ᠪᠥᠭᠡᠷ᠎ᠠ ᠵᠨ ᠵᠢᠵᠢᠭ ᠪᠥᠮᠪᠦᠷᠴᠡᠭ ᠤᠨ ᠲᠤᠩᠭᠠᠬᠤ ᠦᠷ᠎ᠠ ᠴᠢᠳᠠᠪᠤᠷᠢ ᠲᠤᠷᠤᠭᠰᠢᠯᠠᠬᠤ ᠪᠠ ᠪᠥᠭᠡᠷ᠎ᠠ ᠎ ᠶᠢᠨ ᠵᠢᠵᠢᠭ ᠭᠤᠤᠷᠰᠤ ᠶᠢᠨ ᠴᠢᠳᠠᠪᠤᠷᠢ ᠨᠢ ᠲᠤᠷᠤᠭᠰᠢᠯᠠᠵᠤ᠂ ᠺᠠᠯᠢ ᠶᠢ ᠰᠢᠢᠳᠪᠦᠷᠢᠯᠡᠬᠦ ᠴᠢᠳᠠᠪᠤᠷᠢ ᠨᠢ ᠮᠠᠭᠤᠳᠠᠬᠤ ᠪᠣᠯᠤᠨ᠎ᠠ᠂ ᠭᠡᠷᠪᠡ ᠲᠡᠭᠡᠷ᠎ᠠ ᠺᠠᠯᠢ ᠲᠠᠢ ᠢᠳᠡᠭᠡᠠ ᠢ ᠢᠳᠡᠪᠡᠯ ᠵᠢᠷᠦᠭᠡᠠ ᠴᠢᠰᠤᠠ ᠰᠤᠳᠠᠯ ᠤᠨ ᠡᠪᠡᠳᠴᠢᠠ ᠡᠭᠦᠰᠭᠡᠵᠤ᠂ ᠴᠠᠭᠠᠰᠢᠳᠠ ᠰᠠᠨᠠᠭᠠᠠ ᠳᠤ ᠦᠭᠡᠢ ᠬᠡᠷᠡᠭ ᠡᠭᠦᠰᠴᠤ ᠮᠡᠳᠡᠭᠦ ᠶᠤᠮ᠃ ᠡᠶᠢᠮᠦ ᠠᠴᠠ ᠪᠥᠭᠡᠷ᠎ᠠ ᠶᠢᠨ ᠴᠢᠳᠠᠪᠤᠷᠢ ᠮᠠᠭᠤᠳᠠᠭᠰᠠᠳ ᠭᠤᠤ ᠢᠳᠡᠵᠤ ᠪᠣᠯᠬᠤ ᠦᠭᠡᠢ᠃       ᠡᠮ ᠤᠤᠭᠤᠬᠤ ᠠᠴᠠ ᠪᠠᠨ ᠤᠷᠢᠳᠠᠪᠡᠷ ᠤᠰᠤ ᠤᠤᠭᠤᠬᠤ ᠭᠡᠷᠡᠭᠳᠡᠢ       ᠡᠮ ᠤᠤᠭᠤᠬᠤ ᠠᠴᠠ ᠪᠠᠨ ᠡᠮᠦᠨ᠎ᠠ ᠬᠠᠮᠤᠭ ᠤᠨ ᠰᠠᠶᠢᠠ ᠨᠢ ᠤᠷᠢᠳᠠᠪᠡᠷ ᠤᠰᠤ ᠤᠤᠭᠤᠵᠤ᠂ ᠤᠯᠠᠭᠠᠠ ᠬᠤᠭᠤᠯᠠᠢ ᠪᠠᠨ ᠴᠢᠭᠢᠭ ᠲᠠᠢ ᠪᠣᠯᠭᠠᠨ᠎ᠠ᠃ ᠵᠢᠱᠢᠶᠠᠯᠠᠪᠠᠯ᠄ ᠬᠤᠮᠵᠢᠶ᠎ᠠ ᠪᠠ ᠦᠷᠡᠯ ᠡᠮ ᠭᠡᠳᠦ᠋ᠢᠪᠡᠷ ᠵᠢᠵᠢᠭ ᠪᠣᠯᠪᠠᠴᠤ ᠤᠯᠠᠭᠠᠠ ᠬᠤᠭᠤᠯᠠᠢ ᠳᠤ ᠠᠮᠠᠷᠬᠠᠨ ᠲᠣᠷᠣᠬᠤ ᠪᠣᠯᠤᠨ᠎ᠠ᠃ ᠡᠶᠢᠮᠦ ᠠᠴᠠ ᠤᠷᠢᠳᠠᠪᠡᠷ 50 ᠮᠢᠯᠯᠢᠯᠧᠲᠷ ᠤᠷᠴᠢᠮ ᠤᠰᠤ ᠤᠤᠭᠤᠵᠤ᠂ ᠠᠮᠠᠨ ᠤ ᠭᠥᠨᠳᠡᠢ ᠪᠠ ᠤᠯᠠᠭᠠᠠ ᠬᠤᠭᠤᠯᠠᠢ ᠪᠠᠨ ᠴᠢᠭᠢᠭ ᠲᠠᠢ ᠪᠣᠯᠭᠠᠭᠰᠠᠨ ᠤ ᠲᠠᠷᠠᠭ᠎ᠠ ᠡᠮ ᠤᠤᠭᠤᠪᠠᠯ ᠨᠡᠩ ᠠᠮᠠᠷᠬᠠᠨ ᠵᠠᠯᠬᠢᠭᠳᠠᠬᠤ ᠪᠣᠯᠤᠨ᠎ᠠ᠃ ᠡᠮ ᠤᠤᠭᠤᠭᠰᠠᠨ ᠤ ᠲᠠᠷᠠᠭ᠎ᠠ᠂ 200 ᠊᠊᠊᠊᠊᠊ 400 ᠮᠢᠯᠯᠢᠯᠧᠲᠷ ᠤᠰᠤ ᠤᠤᠭᠤᠨ᠎ᠠ᠃ ᠡᠭᠦᠠ ᠳᠤ ᠬᠤᠳᠤᠭᠠᠳᠤᠠ ᠤ ᠰᠠᠯᠢᠰᠤᠳᠤ ᠪᠦᠷᠭᠦᠪᠴᠢ ᠶᠢ ᠬᠠᠮᠠᠭᠠᠯᠠᠬᠤ ᠡᠮ ᠵᠡᠷᠭᠡ ᠶᠢ ᠤᠤᠭᠤᠬᠤ ᠳᠤ ᠤᠷᠢᠳᠠᠪᠠᠷ ᠤᠰᠤ ᠤᠤᠭᠤᠬᠤ ᠭᠡᠷᠡᠭ ᠦᠭᠡᠢ᠃       ᠴᠦᠪᠦᠷᠢᠭᠦᠳᠦ ᠪᠤᠰᠤᠷᠤᠭ ︵疱疹︶ ᠭᠠᠷᠤᠭᠰᠠᠨ ᠪᠣᠯ ᠬᠤᠵᠢᠮ ᠰᠠ ᠲᠠᠭᠠᠷᠢᠬᠤ ᠡᠪᠡᠳᠴᠢᠠ ᠳᠤ ᠨᠡᠷᠪᠡᠭᠳᠡᠬᠦ ᠎ ᠠᠴᠠ ᠭᠢᠴᠢᠶᠠᠭᠦ ᠭᠡᠷᠡᠭᠳᠡᠢ       ᠠᠩᠭ᠍ᠯᠢ ᠶᠢᠨ ᠯᠣᠨᠳᠤᠠ ᠶᠡᠭᠡ ᠰᠤᠷᠭᠠᠭᠤᠯᠢ ᠵᠡᠷᠭᠡ ᠪᠠᠶᠢᠭᠤᠯᠤᠮᠵᠢ ᠶᠢᠨ ᠰᠤᠳᠤᠯᠤᠯ ᠳᠤ ᠢᠯᠡᠷᠡᠭᠦᠯᠦᠭᠰᠡᠡ ᠢᠶᠠᠷ᠂ ᠤᠷᠢᠳᠠ 18 ᠊᠊᠊᠊᠊᠊ 40 ᠨᠠᠰᠤᠠ ᠤ ᠬᠤᠭᠤᠷᠤᠨᠳᠤ ᠴᠦᠪᠦᠷᠢᠭᠦᠳᠦ ᠪᠤᠰᠤᠷᠤᠭ ᠭᠠᠷᠴᠤ ᠥᠩᠭᠡᠷᠡᠭᠰᠡᠡ ᠬᠦᠮᠦᠰ᠂ ᠬᠤᠵᠢᠮ ᠎ ᠨᠢ ᠰᠠ ᠲᠠᠭᠠᠷᠢᠬᠤ ᠡᠪᠡᠳᠴᠢᠠ ᠳᠤ ᠨᠡᠷᠪᠡᠭᠳᠡᠬᠦ ᠠᠶᠤᠯ ᠲᠦᠭᠰᠢᠭᠦᠷᠢ ᠡᠩ ᠤᠨ ᠬᠦᠮᠦᠰ ᠠᠴᠠ 74 % ᠲᠡᠭᠡᠷ᠎ᠠ ᠪᠠᠶᠢᠵᠤ᠂ ᠵᠢᠷᠦᠭᠡᠠ ᠡᠪᠠᠳᠴᠢᠠ ᠳᠤ ᠨᠡᠷᠪᠡᠭᠳᠡᠬᠦ ᠠᠶᠤᠯ ᠲᠦᠭᠰᠢᠭᠦᠷᠢ ᠨᠢ ᠪᠠᠰᠠ 50 % ᠲᠡᠭᠡᠷ᠎ᠠ ᠪᠠᠶᠢᠨ᠎ᠠ᠃ ᠰᠤᠳᠤᠯᠭᠠᠠ ᠤ ᠠᠵᠢᠯᠳᠠᠳ ᠡᠪᠠᠳᠴᠢᠳᠡᠳ ᠢ ᠡᠶᠢᠮᠦ ᠠᠶᠤᠯ ᠡᠭᠦᠰᠭᠦ ᠠᠴᠠ ᠰᠡᠷᠭᠡᠶᠢᠯᠡᠵᠤ᠂ ᠬᠠᠮᠤᠭ ᠰᠠᠶᠢᠠ ᠨᠢ ᠲᠤᠭᠳᠠᠭᠰᠠᠨ ᠬᠤᠭᠤᠴᠠᠭ᠎ᠠ ᠎ ᠲᠠᠢ ᠪᠠᠷ ᠬᠤᠯᠪᠣᠭᠳᠠᠯ ᠲᠠᠢ ᠪᠠᠶᠢᠴᠠᠭᠠᠯᠳᠠ ᠭᠢᠯᠭᠡᠭᠦ ᠶᠢ ᠰᠠᠨᠠᠭᠤᠯᠪᠠ᠃       ᠨᠢᠰᠭᠦ ᠬᠤᠷᠣᠬᠠᠢ ᠴᠢᠭᠢᠠ ᠲᠤᠳᠤᠷ᠎ᠠ ᠤᠷᠤᠪᠠᠯ ᠶᠠᠭᠠᠷᠠᠵᠤ ᠮᠠᠯᠳᠠᠵᠤ ᠪᠣᠯᠬᠤ ᠦᠭᠡᠢ       ᠨᠢᠰᠭᠦ ᠬᠤᠷᠣᠬᠠᠢ ᠴᠢᠭᠢᠠ ᠲᠤᠳᠤᠷ᠎ᠠ ᠨᠢᠰᠴᠤ ᠣᠷᠣᠪᠠᠯ ᠠᠶᠤᠵᠤ ᠰᠠᠨᠳᠤᠷᠴᠤ ᠪᠣᠯᠬᠤ ᠦᠭᠡᠢ᠂ ᠴᠢᠭᠢᠠ ᠳᠡᠭᠡᠨ ᠭᠠᠷ ᠳ᠋ᠧᠩ ᠤᠨ ᠭᠡᠷᠡᠯ ᠲᠠᠯᠪᠢᠵᠤ᠂ ᠭᠡᠷᠡᠯ ᠢᠶᠠᠷ ᠨᠢᠰᠭᠦ ᠬᠤᠷᠤᠬᠠᠢ ᠶᠢ ᠲᠠᠳᠠᠠ ᠭᠠᠷᠭᠠᠵᠤ ᠪᠣᠯᠤᠨ᠎ᠠ᠃ ᠭᠡᠷᠪᠡ ᠨᠢᠰᠭᠦ ᠬᠤᠷᠤᠬᠠᠢ ᠭᠠᠷᠴᠤ ᠢᠷᠡᠬᠦ ᠦᠭᠡᠢ ᠪᠣᠯ ᠴᠢᠭᠢᠠ ᠳᠡᠭᠡᠨ ᠪᠠᠭ᠎ᠠ ᠭᠡᠮᠵᠢᠶᠠᠠ ᠤ ᠢᠳᠡᠰᠢᠠ ᠲᠤᠰᠤ ᠲᠤᠰᠤᠭᠠᠵᠤ᠂ ᠬᠤᠷᠣᠬᠠᠢ ᠶᠢ ᠠᠯᠠᠭᠰᠠᠨ ᠤ ᠰᠠᠭᠦᠯᠠᠷ ᠡᠮᠨᠡᠯᠭᠡ ᠳᠤ ᠣᠳᠴᠤ ᠬᠤᠷᠣᠬᠠᠢ ᠶᠢ ᠭᠠᠷᠭᠠᠨ᠎ᠠ᠃ ᠬᠤᠷᠣᠬᠠᠢ ᠶᠢ ᠠᠪᠴᠤ ᠭᠠᠷᠭᠠᠭᠰᠠᠨ ᠤ ᠲᠠᠷᠠᠭ᠎ᠠ ᠴᠢᠭᠢ ᠪᠠᠨ ᠬᠠᠭᠤᠷᠠᠢ ᠪᠠᠶᠢᠯᠭᠠᠬᠤ ᠪᠠ ᠠᠷᠢᠭᠤᠠ ᠴᠡᠪᠡᠷ ᠪᠠᠶᠢᠯᠭᠠᠬᠤ ᠶᠢ ᠠᠩᠬᠠᠷᠤᠨ᠎ᠠ᠂ ᠬᠠᠷᠢᠠ ᠲᠠᠰᠤᠷᠠᠯᠳᠠ ᠦᠭᠡᠢ ᠴᠢᠭᠢ ᠎ ᠪᠠᠨ ᠮᠠᠯᠳᠠᠵᠤ ᠪᠣᠯᠬᠤ ᠦᠭᠡᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号