ᠥᠷᠭᠡᠰᠦᠲᠦ ᠬᠡᠮᠬᠡ ᠶᠢᠨ ᠰᠢᠮ᠎ᠡ ᠲᠡᠵᠢᠭᠡᠯ ᠤᠨ ᠪᠦᠷᠢᠯᠳᠦᠭᠦᠨ ᠪᠠ ᠡᠷᠡᠭᠦᠯ ᠮᠡᠨᠳᠦ ᠶᠢᠨ ᠠᠴᠢ ᠲᠤᠰᠠ
ᠨᠡᠶᠢᠲᠡᠯᠡᠭᠰᠡᠨ ᠴᠠᠭ᠄
2022/4/14
    ᠥᠷᠭᠡᠰᠦᠲᠦ ᠬᠡᠮᠬᠡ ᠶᠢᠨ ᠤᠰᠤᠨ ᠤ ᠠᠭᠤᠯᠤᠭᠳᠠᠴᠠ ᠥᠨᠳᠥᠷ ᠤᠴᠢᠷ ᠠᠴᠠ ᠴᠡᠭᠡᠯᠬᠡᠨ ᠠᠮᠲᠠᠲᠠᠢ ᠪᠠᠶᠢᠳᠠᠭ᠃ ᠭᠡᠬᠦ ᠳᠡᠭᠡᠨ 95% ᠶᠢᠨ ᠤᠰᠤᠨ ᠤ ᠰᠢᠮ᠎ᠡ ᠲᠡᠵᠢᠭᠡᠯ ᠬᠠᠩᠭᠠᠵᠤ ᠳᠡᠶᠢᠯᠬᠦ ᠡᠰᠡᠬᠦ ᠶᠢ ᠮᠡᠳᠡᠶ᠎ᠡ ᠭᠡᠵᠦ ᠪᠤᠳᠤᠵᠤ ᠪᠠᠶᠢᠬᠤ ᠮᠠᠭᠠᠳ᠃ ᠺᠠᠯᠢ ᠪᠣᠯᠣᠨ ᠸᠢᠲ᠋ᠠᠮᠢᠨ K ᠪᠣᠯᠣᠨ C ᠠᠴᠠ ᠭᠠᠳᠠᠨ᠎ᠠ᠂ ᠥᠷᠭᠡᠰᠦᠲᠦ ᠬᠡᠮᠬᠡ ᠳᠤ ᠪᠠᠰᠠ ᠤᠯᠠᠨ ᠵᠦᠢᠯ ᠤᠨ ᠡᠷᠡᠭᠦᠯ ᠮᠡᠨᠳᠦ ᠳᠤ ᠠᠰᠢᠭᠲᠠᠢ ᠤᠷᠭᠤᠮᠠᠯ ᠤᠨ ᠬᠢᠮᠢ ᠶᠢᠨ ᠪᠣᠳᠠᠰ ᠠᠭᠤᠯᠵᠤ ᠪᠤᠢ᠃
    ᠥᠷᠭᠡᠰᠦᠲᠦ ᠬᠡᠮᠬᠡ ᠶᠢᠨ ᠲᠡᠵᠢᠭᠡᠯ ᠪᠦᠷᠢᠯᠳᠦᠭᠦᠨ     52 ᠭᠷᠡᠮ ᠥᠷᠭᠡᠰᠦᠲᠦ ᠬᠡᠮᠬᠡ ᠶᠢᠨ ᠬᠡᠷᠴᠢᠮ ︵52 ᠭᠷᠡᠮ︶     ᠺᠠᠯᠤᠷᠢ᠄ 8     ᠥᠭᠡᠬᠦ᠄ 0.1g     ᠨᠠᠲᠷᠢ᠄ 1 ᠮᠢᠯᠢᠭᠷᠡᠮ     ᠨᠡᠭᠦᠷᠡᠰᠦ ᠤᠰᠤᠨ ᠤ ᠨᠢᠭᠡᠳᠪᠦᠷᠢ᠄ 1.9g     ᠰᠢᠷᠬᠡᠭ᠄ 0.3g     ᠰᠢᠬᠢᠷ᠄ 0.9g     ᠤᠭᠤᠷᠠᠭ᠄ 0.3g     ᠸᠢᠲ᠋ᠠᠮᠢᠨ K:8.5 ᠮᠢᠺᠷᠥᠭᠷᠠᠮ     ᠸᠢᠲ᠋ᠠᠮᠢᠨ C:1.5mg     ᠺᠠᠯᠢ᠄ 76.4mg     ᠨᠡᠭᠦᠷᠡᠰᠦ ᠤᠰᠤᠨ ᠤ ᠨᠢᠭᠡᠳᠪᠦᠷᠢ     52 ᠭᠷᠡᠮ ᠥᠷᠭᠡᠰᠦᠲᠦ ᠬᠡᠮᠬᠡ ᠶᠢᠨ ᠬᠡᠯᠲᠡᠷᠬᠡᠢ ᠳᠤ ᠪᠠᠷᠤᠭ 2 ᠭᠷᠡᠮ ᠨᠡᠭᠦᠷᠡᠰᠦ ᠤᠰᠤᠨ ᠤ ᠨᠢᠭᠡᠳᠪᠦᠷᠢ ᠪᠠ 0.3 ᠭᠷᠡᠮ ᠰᠢᠷᠬᠡᠭ ᠠᠭᠤᠯᠵᠤ ᠪᠠᠶᠢᠳᠠᠭ᠃ ᠥᠷᠭᠡᠰᠦᠲᠦ ᠬᠡᠮᠬᠡ ᠶᠢᠨ ᠳᠣᠲᠣᠷ᠎ᠠ ᠪᠠᠰᠠ 0.9 ᠭᠷᠡᠮ ᠪᠠᠶᠢᠭᠠᠯᠢ ᠶᠢᠨ ᠰᠢᠬᠢᠷ ᠠᠭᠤᠯᠵᠤ ᠪᠠᠶᠢᠳᠠᠭ᠃ ᠥᠷᠭᠡᠰᠦᠲᠦ ᠬᠡᠮᠬᠡ ᠶᠢᠨ ᠴᠢᠰᠤᠨ ᠰᠢᠬᠢᠷ ᠤᠨ ᠵᠢᠭᠠᠯᠲᠠ ᠲᠤᠭ᠎ᠠ ᠨᠢ ᠮᠠᠰᠢ ᠳᠣᠣᠷ᠎ᠠ᠂ 15.2 ᠪᠣᠯᠣᠨ᠎ᠠ᠃     ᠥᠭᠡᠬᠦ     ᠠᠭᠤᠯᠤᠭᠳᠠᠬᠤ ᠪᠠᠭ᠎ᠠ ᠬᠡᠮᠵᠢᠶᠡᠨ ᠤ ᠥᠭᠡᠬᠦ ᠨᠢ ᠬᠠᠨᠤᠮᠠᠯ ᠪᠤᠰᠤ ᠪᠠᠶᠢᠵᠤ᠂ ᠲᠡᠭᠦᠨ ᠢ ︽ᠰᠠᠶᠢᠨ︾ ᠥᠭᠡᠬᠦ ᠭᠡᠵᠦ ᠦᠵᠡᠳᠡᠭ᠂ ᠤᠴᠢᠷ ᠨᠢ ᠲᠡᠷᠡ ᠨᠢ ᠰᠥᠰᠥᠨ ᠤ ᠭᠤᠨᠠᠨ ᠠᠯᠺᠣᠣᠯ ᠤᠨ ᠬᠢᠷᠢ ᠬᠡᠮᠵᠢᠶ᠎ᠡ ᠶᠢ ᠰᠠᠶᠢᠵᠢᠷᠠᠭᠤᠯᠬᠤ ᠳᠤ ᠲᠤᠰᠠᠲᠠᠢ ᠪᠠᠶᠢᠵᠤ ᠮᠡᠳᠡᠨ᠎ᠡ᠃     ᠤᠭᠤᠷᠠᠭ     ᠥᠷᠭᠡᠰᠦᠲᠦ ᠬᠡᠮᠬᠡ ᠨᠢ ᠲᠡᠶᠢᠮᠦ ᠰᠠᠶᠢᠨ ᠤᠭᠤᠷᠠᠭ ᠤᠨ ᠢᠷᠡᠯᠲᠡ ᠪᠢᠰᠢ᠂ 0.3 ᠭᠷᠡᠮ ᠯᠠ ᠬᠠᠩᠭᠠᠳᠠᠭ᠃
    ᠸᠢᠲ᠋ᠠᠮᠢᠨ ᠪᠣᠯᠣᠨ ᠡᠷᠦᠳᠡᠰᠦ ᠪᠣᠳᠠᠰ     ᠥᠷᠭᠡᠰᠦᠲᠦ ᠬᠡᠮᠬᠡ ᠶᠢᠨ ᠤᠰᠤᠨ ᠤ ᠠᠭᠤᠯᠤᠭᠳᠠᠴᠠ ᠨᠢ ᠪᠠᠶᠢᠭᠠᠯᠢ ᠶᠢᠨ ᠥᠨᠳᠥᠷ ᠲᠤᠯᠠ ᠰᠢᠮ᠎ᠡ ᠲᠡᠵᠢᠭᠡᠯ ᠤᠨ ᠥᠳᠬᠡᠴᠡ ᠨᠢ ᠬᠠᠷᠢᠴᠠᠩᠭᠤᠢ ᠳᠣᠣᠷ᠎ᠠ ᠪᠠᠶᠢᠳᠠᠭ᠃ ᠬᠡᠳᠦᠶᠢᠪᠡᠷ ᠡᠶᠢᠮᠦ ᠪᠣᠯᠪᠠᠴᠤ᠂ ᠲᠡᠳᠡᠭᠡᠷ ᠲᠤ ᠦᠨᠡᠬᠡᠷ ᠸᠢᠲ᠋ᠠᠮᠢᠨ K᠂ ᠸᠢᠲ᠋ᠠᠮᠢᠨ C ᠪᠣᠯᠣᠨ ᠺᠠᠯᠢ ᠠᠭᠤᠯᠵᠤ ᠪᠠᠶᠢᠳᠠᠭ᠃ ᠥᠷᠭᠡᠰᠦᠲᠦ ᠬᠡᠮᠬᠡ ᠳᠤ ᠪᠠᠰᠠ ᠪᠢᠴᠢᠯ ᠬᠡᠮᠵᠢᠶᠡᠨ ᠤ ᠺᠠᠯᠼ᠂ ᠮᠠᠭᠨᠢ᠂ ᠹᠣᠰᠹᠣᠷ ᠪᠠ ᠸᠢᠲ᠋ᠠᠮᠢᠨ A ᠠᠭᠤᠯᠵᠤ ᠪᠠᠶᠢᠳᠠᠭ᠃     ᠺᠠᠯᠤᠷᠢ     ᠬᠠᠭᠠᠰ ᠴᠣᠮᠣ ᠥᠷᠭᠡᠰᠦᠲᠦ ᠬᠡᠮᠬᠡ ︵52 ᠭᠷᠡᠮ︶᠂ ᠬᠠᠯᠢᠰᠤ ᠲᠠᠢ᠂ ᠵᠥᠪᠬᠡᠨ 8 ᠺᠠᠯᠤᠷᠢ ᠢᠯᠴᠢ ᠶᠢᠨ ᠬᠡᠮᠵᠢᠶ᠎ᠡ ᠶᠢ ᠬᠠᠩᠭᠠᠨ᠎ᠠ᠃ ᠬᠡᠷᠪᠡ ᠴᠢ 8.25 ᠢᠨᠴ ᠤᠨ ᠤᠷᠳᠤ ︵301 ᠭᠷᠡᠮ︶ ᠥᠷᠭᠡᠰᠦᠲᠦ ᠬᠡᠮᠬᠡ ᠶᠢ ᠢᠳᠡᠪᠡᠯ ᠪᠠᠷᠤᠭ 45 ᠺᠠᠯᠤᠷᠢ ᠳᠣᠲᠣᠷᠠᠬᠢ ᠢᠯᠴᠢ ᠶᠢᠨ ᠬᠡᠮᠵᠢᠶ᠎ᠡ ᠶᠢ ᠵᠠᠷᠤᠴᠠᠭᠤᠯᠬᠤ ᠪᠣᠯᠣᠨ᠎ᠠ᠃ ᠡᠶᠢᠮᠦ ᠠᠴᠠ ᠲᠠ ᠬᠡᠷᠪᠡ ᠺᠠᠯᠤᠷᠢ ᠶᠢᠨ ᠬᠡᠮᠵᠢᠶ᠎ᠡ ᠶᠢ ᠠᠩᠬᠠᠷᠪᠠᠯ᠂ ᠡᠨᠡ ᠵᠦᠢᠯ ᠤᠨ ᠢᠳᠡᠰᠢᠨ ᠨᠣᠭᠤᠭ᠎ᠠ ᠨᠢ ᠳᠣᠣᠷ᠎ᠠ ᠺᠠᠯᠤᠷᠢ ᠶᠢᠨ ᠢᠳᠡᠭᠡᠨ ᠤᠮᠳᠠᠭᠠᠨ ᠳᠤ ᠲᠣᠬᠢᠷᠠᠨ᠎ᠠ᠃     ᠡᠷᠡᠭᠦᠯ ᠮᠡᠨᠳᠦ ᠳᠤ ᠠᠰᠢᠭᠲᠠᠢ ᠲᠠᠯ᠎ᠠ     ᠸᠢᠲ᠋ᠠᠮᠢᠨ ᠪᠠ ᠡᠷᠦᠳᠡᠰᠦ ᠶᠢᠨ ᠠᠭᠤᠯᠤᠭᠳᠠᠴᠠ ᠠᠴᠠ ᠭᠠᠳᠠᠨ᠎ᠠ ᠥᠷᠭᠡᠰᠦᠲᠦ ᠬᠡᠮᠬᠡ ᠳᠤ ᠪᠠᠰᠠ ᠣᠨᠴᠠᠭᠠᠶ ᠪᠣᠳᠠᠰ ᠠᠭᠤᠯᠵᠤ ᠪᠠᠶᠢᠳᠠᠭ᠂ ᠶᠠᠭ ᠰᠠᠶᠢᠬᠠᠨ ᠲᠡᠭᠦᠨ ᠤ ᠡᠮᠴᠢᠯᠡᠭᠡᠨ ᠤ ᠦᠷ᠎ᠡ ᠳ᠋ᠦᠩ ᠢ ᠰᠤᠳᠤᠯᠵᠤ ᠪᠠᠶᠢᠨ᠎ᠠ᠃ ᠳᠣᠣᠷᠠᠬᠢ ᠪᠣᠯ ᠥᠷᠭᠡᠰᠦᠲᠦ ᠬᠡᠮᠬᠡ ᠶᠢᠨ ᠡᠷᠡᠭᠦᠯ ᠴᠢᠭᠢᠷᠠᠭ ᠢ ᠠᠬᠢᠭᠤᠯᠬᠤ ᠠᠷᠭ᠎ᠠ ᠨᠤᠭᠤᠳ ᠪᠣᠯᠣᠨ᠎ᠠ᠃
    ᠣᠷᠳᠣᠯ ᠤᠨ ᠦᠷᠪᠢᠰᠦᠯ ᠢ ᠨᠠᠮᠳᠠᠭᠤᠯᠬᠤ     ᠰᠤᠳᠤᠯᠭᠠᠨ ᠤ ᠢᠯᠡᠷᠬᠡᠶᠢᠯᠡᠭᠰᠡᠨ ᠢᠶᠠᠷ᠂ ᠰᠢᠷᠬᠡᠭ ᠨᠢ ᠭᠡᠨᠡᠳᠲᠡ ᠶᠢᠨ ( ᠣᠷᠳᠣᠯ ᠤᠨ ᠦᠷᠪᠢᠰᠦᠯ ᠭᠡᠳᠡᠭ ) ᠢ ᠤᠷᠢᠳᠴᠢᠯᠠᠨ ᠰᠡᠷᠭᠡᠶᠢᠯᠡᠬᠦ ᠳᠤ ᠠᠰᠢᠭᠲᠠᠢ᠃     ᠥᠮᠡᠨ ᠡᠪᠡᠳᠴᠢᠨ ᠤ ᠲᠦᠭᠰᠢᠭᠦᠷᠢ ᠶᠢ ᠪᠠᠭᠠᠰᠬᠠᠬᠤ     ᠬᠤᠯᠤ ᠶᠢᠨ ᠡᠳ᠋ ᠪᠣᠯ ᠨᠢᠭᠡ ᠵᠦᠢᠯ ᠤᠨ ᠥᠷᠭᠡᠰᠦᠲᠦ ᠬᠡᠮᠬᠡ ᠪᠣᠯᠣᠨ ᠪᠤᠰᠤᠳ ᠢᠳᠡᠰᠢᠨ ᠨᠣᠭᠤᠭ᠎ᠠ ︵ᠵᠢᠱᠢᠶᠡᠯᠡᠪᠡᠯ ᠯᠠᠩᠭᠤᠸᠠ︶ ᠶᠢᠨ ᠳᠣᠲᠣᠷ᠎ᠠ ᠣᠷᠣᠰᠢᠵᠤ ᠪᠠᠶᠢᠭ᠎ᠠ ᠪᠠᠶᠢᠭᠠᠯᠢ ᠶᠢᠨ ᠨᠢᠭᠡᠳᠪᠦᠷᠢ ᠪᠣᠯᠣᠨ᠎ᠠ᠃ ᠣᠯᠠᠨ ᠵᠦᠢᠯ ᠤᠨ ᠠᠳᠠᠯᠢ ᠪᠤᠰᠤ ᠬᠤᠯᠤ ᠶᠢᠨ ᠡᠳ᠋ ᠨᠢ ᠬᠠᠮᠲᠤ ᠪᠠᠷ ᠥᠮᠡᠨ ᠤ ᠥᠰᠦᠯᠲᠡ ᠶᠢ ᠬᠤᠷᠢᠭᠯᠠᠵᠤ ᠳᠡᠶᠢᠯᠳᠡᠭ᠃
    ᠡᠭᠦᠨ ᠠᠴᠠ ᠭᠠᠳᠠᠨ᠎ᠠ᠂ ᠥᠷᠭᠡᠰᠦᠲᠦ ᠬᠡᠮᠬᠡ ᠳᠤ ᠰᠢᠷ᠎ᠠ ᠺᠥ᠋ᠲ᠋ᠣᠨ ᠤ ᠲᠦᠷᠦᠯ ᠤᠨ ᠰᠥ᠋ᠺᠥᠲ᠋ᠤᠨ ᠪᠤᠰᠤ ᠠᠭᠤᠯᠤᠭᠳᠠᠵᠤ᠂ ᠢᠰᠦᠯᠳᠦᠬᠦ ᠶᠢ ᠡᠰᠡᠷᠭᠦᠴᠡᠬᠦ ᠪᠠ ᠥᠮᠡᠨ ᠢ ᠡᠰᠡᠷᠭᠦᠴᠡᠬᠦ ᠦᠢᠯᠡᠳᠦᠯ ᠲᠠᠢ᠃     ᠴᠢᠰᠤᠨ ᠰᠢᠬᠢᠷ ᠤᠨ ᠬᠢᠵᠠᠭᠠᠷᠯᠠᠯ ᠢ ᠰᠠᠶᠢᠵᠢᠷᠠᠭᠤᠯᠬᠤ     ᠥᠷᠭᠡᠰᠦᠲᠦ ᠬᠡᠮᠬᠡ ᠪᠣᠯ ᠨᠢᠭᠡ ᠵᠦᠢᠯ ᠤᠨ ᠴᠠᠷᠳᠠᠭᠤᠯ ᠤᠨ ᠲᠦᠷᠦᠯ ᠤᠨ ᠪᠤᠰᠤ ᠢᠳᠡᠰᠢᠨ ᠨᠣᠭᠤᠭ᠎ᠠ᠂ ᠰᠢᠬᠢᠷ ᠰᠢᠵᠢᠩ ᠡᠪᠡᠳᠴᠢᠨ ᠢ ᠵᠠᠰᠠᠬᠤ ᠬᠠᠮᠤᠭ ᠤᠨ ᠰᠠᠶᠢᠨ ᠢᠳᠡᠭᠡᠨ ᠤ ᠨᠢᠭᠡ ᠪᠣᠯᠣᠨ᠎ᠠ᠃     ᠬᠤᠭᠤᠯᠠ ᠢᠳᠡᠬᠦ ᠦᠭᠡᠢ ᠦᠶ᠎ᠡ ᠳᠤ᠂ ᠴᠠᠷᠳᠠᠭᠤᠯ ᠤᠨ ᠪᠤᠰᠤ ᠢᠳᠡᠰᠢᠨ ᠨᠣᠭᠤᠭ᠎ᠠ ᠶᠢ ᠢᠯᠡᠭᠦᠦ ᠢᠳᠡᠪᠡᠯ ᠢᠳᠡᠭᠡᠨ ᠤ ᠳᠤᠷᠠᠰᠢᠯ ᠢ ᠬᠠᠩᠭᠠᠬᠤ ᠳᠤ ᠲᠤᠰᠠ ᠪᠣᠯᠬᠤ ᠠᠴᠠ ᠪᠢᠰᠢ ᠴᠢᠰᠤᠨ ᠰᠢᠬᠢᠷ ᠤᠨ ᠬᠡᠮᠵᠢᠶ᠎ᠡ ᠶᠢ ᠳᠡᠭᠡᠭᠰᠢᠯᠡᠭᠦᠯᠬᠦ ᠦᠭᠡᠢ ᠶᠤᠮ᠃     ᠪᠡᠶ᠎ᠡ ᠲᠠᠮᠢᠷ ᠪᠤᠶᠤ ᠰᠢᠷᠦᠭᠦᠨ ᠬᠥᠳᠡᠯᠭᠡᠭᠡᠨ ᠬᠢᠭᠰᠡᠨ ᠤ ᠳᠠᠷᠠᠭ᠎ᠠ ᠪᠠᠭ᠎ᠠ ᠰᠠᠭ᠎ᠠ ᠥᠷᠭᠡᠰᠦᠲᠦ ᠬᠡᠮᠬᠡ ᠢᠳᠡᠪᠡᠯ ᠰᠠᠶᠢᠨ᠃
    ᠵᠢᠷᠦᠬᠡᠨ ᠤ ᠡᠷᠡᠭᠦᠯ ᠮᠡᠨᠳᠦ ᠶᠢ ᠳᠡᠮᠵᠢᠬᠦ     ᠥᠷᠭᠡᠰᠦᠲᠦ ᠬᠡᠮᠬᠡ ᠪᠣᠯ ᠢᠳᠡᠰᠢ ᠶᠢᠨ ᠳᠣᠲᠣᠷ᠎ᠠ ᠪᠠᠨ ᠨᠡᠩ ᠠᠷᠪᠢᠨ ᠰᠢᠷᠬᠡᠭᠯᠢᠭ ᠪᠠ ᠺᠠᠯᠢ ᠶᠢ ᠨᠡᠮᠡᠬᠦ ᠰᠠᠶᠢᠨ ᠠᠷᠭ᠎ᠠ ᠪᠣᠯᠣᠨ᠎ᠠ᠃ ᠰᠢᠷᠬᠡᠭᠯᠢᠭ ᠨᠢ ᠰᠥᠰᠥᠨ ᠤ ᠭᠤᠨᠠᠨ ᠠᠯᠺᠣᠣᠯ ᠤᠨ ᠬᠡᠮᠵᠢᠶ᠎ᠡ ᠶᠢ ᠪᠠᠭᠤᠷᠠᠭᠤᠯᠬᠤ ᠳᠤ ᠠᠰᠢᠭᠲᠠᠢ᠂ ᠺᠠᠯᠢ ᠨᠢ ᠴᠢᠰᠤᠨ ᠳᠠᠷᠤᠯᠲᠠ ᠶᠢᠨ ᠬᠡᠮᠵᠢᠶ᠎ᠡ ᠶᠢ ᠪᠠᠭᠤᠷᠠᠭᠤᠯᠤᠨ᠎ᠠ᠃
    ᠥᠷᠭᠡᠰᠦᠲᠦ ᠬᠡᠮᠬᠡ ᠪᠠᠰᠠ ᠨᠠᠪᠴᠢᠨ ᠤ ᠬᠦᠴᠢᠯ ᠢ ᠬᠠᠩᠭᠠᠳᠠᠭ᠂ ᠡᠨᠡ ᠪᠣᠯ ᠨᠢᠭᠡ ᠵᠦᠢᠯ ᠤᠨ ᠵᠠᠪᠠᠯ ᠬᠡᠷᠡᠭᠰᠡᠬᠦ B ᠲᠦᠷᠦᠯ ᠤᠨ ᠸᠢᠲ᠋ᠠᠮᠢᠨ᠂ ᠰᠠ ᠡᠪᠡᠳᠴᠢᠨ ᠤ ᠲᠦᠭᠰᠢᠭᠦᠷᠢ ᠶᠢ ᠪᠠᠭᠠᠰᠬᠠᠨ᠎ᠠ᠃ ᠡᠳᠦᠷ ᠪᠦᠷᠢ ᠡᠯ᠎ᠡ ᠵᠦᠢᠯ ᠤᠨ ᠵᠢᠮᠢᠰ ᠪᠠ ᠢᠳᠡᠰᠢᠨ ᠨᠣᠭᠤᠭ᠎ᠠ ᠢᠳᠡᠬᠦ ᠨᠢ ᠵᠢᠷᠦᠬᠡᠨ ᠡᠪᠡᠳᠴᠢᠨ ᠢ ᠰᠡᠷᠭᠡᠶᠢᠯᠡᠬᠦ ᠪᠦᠲᠦᠮᠵᠢᠲᠡᠶ ᠠᠷᠭ᠎ᠠ ᠪᠣᠯᠣᠨ᠎ᠠ᠂
    ᠬᠠᠷᠰᠢᠬᠤ     ᠬᠡᠷᠪᠡ ᠴᠢ ᠠᠮᠪᠷᠣᠰ ᠡᠪᠡᠰᠦᠨ ᠳᠤ ᠬᠠᠷᠰᠢᠪᠠᠯ ᠥᠷᠭᠡᠰᠦᠲᠦ ᠬᠡᠮᠬᠡ ᠢᠳᠡᠭᠰᠡᠨ ᠤ ᠳᠠᠷᠠᠭ᠎ᠠ ᠵᠠᠷᠢᠮ ᠬᠠᠷᠰᠢᠬᠤ ᠢᠯᠡᠷᠡᠯ ᠭᠠᠷᠴᠤ ᠮᠡᠳᠡᠨ᠎ᠡ᠃ ᠡᠨᠡ ᠬᠦ ᠦᠵᠡᠭᠳᠡᠯ ᠢ ed ᠠᠮᠠᠨ ᠬᠥᠨᠳᠡᠢ ᠶᠢᠨ ᠬᠠᠷᠰᠢᠮᠠᠲᠠᠭᠠᠢ ᠬᠤᠷᠠᠮᠠᠯ ᠭᠡᠮ (OAS) ᠭᠡᠳᠡᠭ᠂ ᠡᠨᠡ ᠨᠢ ᠬᠤᠶᠠᠷ ᠵᠦᠢᠯ ᠤᠨ ᠤᠷᠭᠤᠮᠠᠯ ᠤᠨ ᠬᠤᠭᠤᠷᠣᠨᠳᠣᠬᠢ ᠰᠣᠯᠪᠢᠴᠠᠯ ᠤᠷᠪᠠᠯ ᠠᠴᠠ ᠪᠣᠯᠤᠭᠰᠠᠨ ᠶᠤᠮ᠃     ᠥᠷᠭᠡᠰᠦᠲᠦ ᠬᠡᠮᠬᠡ ᠶᠢ ᠵᠤᠨ ᠤ ᠡᠬᠢ ᠪᠠ ᠨᠠᠮᠤᠷ ᠠᠴᠠ ᠡᠮᠦᠨ᠎ᠡ ᠤᠯᠠᠷᠢᠯ ᠳᠤ ᠬᠤᠶᠠᠷ ᠤᠳᠠᠭ᠎ᠠ ᠬᠤᠷᠢᠶᠠᠳᠠᠭ     ᠬᠠᠳᠠᠭᠠᠯᠠᠬᠤ ᠪᠠ ᠢᠳᠡᠭᠡᠨ ᠤ ᠠᠮᠤᠷ ᠲᠦᠪᠰᠢᠨ     ᠥᠷᠭᠡᠰᠦᠲᠦ ᠬᠡᠮᠬᠡ ᠶᠢ ᠣᠷᠢᠶᠠᠩᠭᠤ ᠳᠡᠭᠡᠷ᠎ᠡ ᠠᠴᠠ ᠲᠡᠭᠦᠭᠰᠡᠨ ᠤ ᠳᠠᠷᠠᠭ᠎ᠠ ᠬᠥᠯᠳᠡᠭᠡᠭᠦᠷ ᠲᠤ 3 ᠡᠳᠦᠷ ᠬᠠᠳᠠᠭᠠᠯᠠᠵᠤ ᠪᠣᠯᠣᠨ᠎ᠠ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号