ᠠᠯᠠᠱᠠ ᠢᠳᠡᠭᠡᠨ — ᠬᠤᠷᠭᠤᠨ ᠲᠤᠰᠤ ᠪᠠᠷ ᠬᠠᠶᠢᠷᠠᠬᠰᠠᠠ ᠲᠤᠭᠤᠢ ᠪᠤᠭᠤᠷᠴᠠᠬ ᠲᠠᠢ ᠬᠤᠨᠢᠨ ᠰᠡᠬᠦᠯ ᠎ ᠲᠠᠢ ᠴᠠᠢ
ᠨᠡᠶᠢᠲᠡᠯᠡᠭᠰᠡᠨ ᠴᠠᠭ᠄
2022/5/31
     ᠬᠤᠷᠭᠤᠨ ᠲᠤᠰᠤ ᠨᠢ ᠮᠠᠯ᠂ ᠥᠭᠡᠷ ᠤᠨ ᠥᠭᠡᠬᠦ ᠶᠢ ᠵᠢᠵᠢᠭᠯᠡᠡ ᠭᠡᠷᠴᠢᠭᠡᠳ ᠲᠠᠭᠠᠷᠠᠩᠭᠤᠢ ᠭᠠᠯ ᠳᠡᠭᠡᠷ᠎ᠠ ᠲᠤᠭᠤᠭᠠᠠ ᠳᠤ ᠬᠢᠵᠤ ᠰᠢᠷᠠᠯᠠᠭᠤᠯᠤᠭᠠᠳ ᠰᠢᠮᠡᠯᠡᠳᠡᠭ ᠢ ᠱᠥᠬᠦᠬᠦᠵᠤ ᠥᠯᠡᠳᠡᠭᠰᠡᠡ ᠭᠡᠰᠡᠭ ᠢᠶᠠᠨ ᠬᠤᠷᠭᠤᠨ ᠲᠤᠰᠤ ᠭᠡᠳᠡᠭ᠃ ᠬᠤᠷᠭᠤᠨ ᠲᠤᠰᠤ ᠨᠢ ᠮᠠᠰᠢ ᠰᠢᠮ᠎ᠡ ᠲᠡᠵᠢᠭᠡᠯ ᠲᠠᠢ ᠪᠠᠶᠢᠳᠠᠬ ᠪᠤᠯᠬᠤᠷ ᠬᠥᠮᠦᠰ ᠥᠭᠡᠬᠦ ᠲᠤᠰᠤ ᠶᠢ ᠶᠡᠷᠤ ᠬᠠᠶᠠᠵᠤ ᠪᠥᠷᠢᠯᠭᠡᠳᠡᠭ ᠥᠬᠡᠢ᠂ ᠬᠠᠷᠢᠨ ᠬᠤᠷᠭᠤᠨ ᠲᠤᠰᠤ ᠪᠠᠨ ᠠᠰᠢᠬᠯᠠᠵᠤ ᠪᠤᠭᠤᠷᠰᠤᠬ ᠬᠠᠶᠢᠷᠠᠬᠤ ᠪᠤᠶᠤ ᠨᠤᠭᠤᠭ ᠎ᠠ ᠮᠢᠬ᠎ᠠ ᠬᠠᠭᠤᠷᠠᠬᠤ ᠳᠤ ᠭᠡᠷᠡᠭᠯᠡᠳᠡᠭ᠃      ᠴᠠᠢ ᠪᠤᠯ ᠮᠠᠨ ᠤ ᠭᠡᠴᠢᠨᠠᠠ ᠵᠢᠯ ᠤᠨ ᠲᠤᠷᠰᠢᠬᠢ ᠠᠯᠠᠱᠠ ᠮᠤᠩᠭᠤᠯᠴᠤᠳ ᠤᠨ ᠡᠳᠦᠷ ᠲᠤᠳᠤᠮ ᠤᠨ ᠠᠮᠢᠳᠤᠷᠠᠯ ᠳᠤ ᠲᠤᠳᠠᠬᠳᠠᠵᠤ ᠪᠤᠯᠤᠰᠢ ᠥᠬᠡᠢ ᠴᠢᠬᠤᠯᠠ ᠤᠮᠳᠠᠭᠠᠠ ᠮᠥᠨ᠃ ᠥᠡᠭᠭᠡᠷᠡᠭᠰᠡᠡ ᠳᠤ ᠠᠶᠢᠯ ᠤᠳ ᠴᠠᠬ ᠪᠥᠷᠢ ᠶᠢᠨ ᠬᠤᠭᠤᠯᠠ ᠶᠢ ᠪᠥᠷ ᠪᠤᠳᠠᠭ᠎ᠠ ᠬᠢᠵᠤ ᠢᠳᠡᠳᠡᠭ ᠥᠬᠡᠢ᠂ ᠵᠠᠷᠢᠮ ᠥᠶ᠎ᠡ ᠳᠤ ᠴᠠᠢ ᠤᠤᠭᠤᠵᠤ ᠬᠤᠭᠤᠯᠯᠠᠵᠤ ᠤᠮᠳᠠᠯᠠᠳᠠᠬ᠃ ᠭᠡᠪ ᠤᠨ ᠴᠠᠢ ᠶᠢ ᠭᠡᠮᠭᠡᠯᠡᠵᠤ ᠤᠭᠤᠷ ᠲᠤ ᠨᠥᠳᠦᠭᠡᠳ ᠵᠤᠬᠢᠬᠤ ᠬᠡᠮᠵᠢᠶᠠᠨ ᠤ ᠲᠠᠪᠤᠰᠤ ᠲᠠᠢ ᠬᠠᠮᠳᠤ ᠤᠰᠤᠨ ᠳᠤ ᠬᠢᠵᠤ ᠴᠢᠨᠠᠵᠤ ᠢᠳᠡᠭᠡᠰᠢᠬᠦᠯᠦᠭᠡᠳ ᠰᠥᠯᠡᠬᠦ ᠪᠤᠶᠤ ᠬᠠᠷ᠎ᠠ ᠪᠠᠷᠠᠭᠠᠠ ᠢᠶᠠᠷ ᠨᠢ ᠤᠤᠭᠤᠳᠠᠬ᠃ ᠳᠡᠪᠡᠷ᠎ᠠ ᠪᠤᠶᠤ ᠲᠤᠭᠤᠭᠠᠠ ᠳᠤ ᠬᠢᠭᠰᠡᠡ ᠤᠰᠤᠨ ᠳᠠᠭᠠᠨ ᠨᠢᠭᠡ ᠬᠠᠯᠪᠠᠭ᠎ᠠ ᠴᠠᠢ᠂ ᠲᠠᠪᠤᠰᠤ ᠪᠠᠨ ᠪᠠᠭ᠎ᠠ ᠰᠢᠬ ᠬᠢᠭᠡᠳ᠂ ᠬᠥᠭᠡᠷᠤᠨ ᠪᠤᠴᠠᠯᠠᠬᠤ ᠳᠤ ᠪᠠᠶᠢᠨ ᠪᠠᠶᠢᠨ ᠰᠠᠮᠤᠷᠴᠤ᠂ 5᠎ ᠠᠴᠠ 7 ᠮᠢᠨᠦᠶᠢᠲ ᠴᠢᠨᠠᠬᠰᠠᠠ ᠤ ᠳᠠᠷᠠᠭ᠎ᠠ᠂ ᠭᠡᠷᠪᠡ ᠰᠥ ᠬᠢᠪᠠᠯ ᠰᠥ ᠪᠠᠨ ᠬᠤᠯᠢᠵᠤ᠂ ᠳᠠᠬᠢᠨ ᠪᠤᠴᠠᠯᠭᠠᠵᠤ ᠰᠠᠶᠢᠳᠤᠷ ᠰᠠᠮᠤᠷᠴᠤ ᠳᠡᠪᠤᠷ᠎ᠠ ᠲᠤ ᠶᠠᠬᠦᠯᠡᠠ ᠠᠶᠠᠭᠠᠠ ᠳᠠᠭᠠᠨ ᠴᠠᠢ ᠪᠠᠨ ᠠᠶᠠᠭᠠᠯᠠᠵᠤ ᠤᠤᠭᠤᠳᠠᠬ᠃ ᠤᠳᠤᠬᠢ ᠴᠠᠬᠢᠯᠭᠠᠨᠵᠢᠵᠤ ᠲᠥᠬᠦᠮᠴᠢᠯᠡᠭᠰᠡᠡ ᠨᠥᠬᠦᠴᠠᠯ ᠲᠤᠤᠷ᠎ᠠ᠂ ᠴᠠᠢ ᠴᠢᠨᠠᠳᠠᠬ ᠰᠠᠪᠠᠨ ᠳᠠᠭᠠᠨ ᠴᠠᠢ ᠪᠠᠨ ᠪᠤᠴᠠᠯᠭᠠᠭᠠᠳ ᠤᠤᠭᠤᠬᠰᠠᠠ ᠴᠤ ᠪᠤᠯᠤᠨ᠎ᠠ᠃      ᠪᠤᠭᠤᠷᠰᠤᠬ ᠬᠠᠶᠢᠷᠠᠬᠤ ᠬᠡᠮᠵᠢᠶ᠎ᠠ ᠪᠠᠷ ᠢᠶᠠᠨ ᠭᠤᠯᠢᠷ ᠢᠶᠠᠨ ᠭᠠᠳᠤᠷ᠎ᠠ ᠲᠤᠳᠤᠷ᠎ᠠ ᠪᠠᠨ ᠬᠢᠭᠰᠡᠡ ᠤ ᠳᠠᠷᠠᠭ᠎ᠠ᠂ ᠪᠠᠭ᠎ᠠ ᠭᠡᠮᠵᠢᠶᠠᠨ ᠤ ᠰᠤᠳᠠ ︵ᠬᠤᠵᠢᠷ︶᠎ ᠢᠶᠠᠨ ᠬᠢᠵᠤ ᠰᠠᠪᠬ᠎ᠠ ᠪᠠᠷ ᠢᠶᠠᠨ ᠰᠠᠶᠢᠬᠠᠠ ᠨᠠᠶᠢᠷᠠᠭᠤᠯᠤᠬᠰᠠᠠ ᠤ ᠳᠠᠷᠠᠭ᠎ᠠ᠂ ᠪᠥᠯᠢᠶᠠᠨ ᠬᠠᠯᠠᠭᠤᠨ ᠤᠰᠤ ᠪᠠᠷ ᠭᠤᠯᠢᠷ ᠨᠠᠶᠢᠷᠠᠭᠤᠯᠵᠤ ᠨᠤᠬᠤᠨ᠎ᠠ᠃ ᠲᠠᠷᠠᠭ᠎ᠠ ᠨᠢ ᠭᠤᠯᠢᠷ ᠢᠶᠠᠨ ᠨᠢᠭᠡᠨ ᠠᠳᠠᠯᠢ ᠲᠤᠭᠤᠷᠢᠬ ᠭᠡᠯᠪᠡᠷᠢᠳᠠᠢ ᠭᠡᠷᠴᠢᠵᠤ ᠳᠡᠬᠦᠨ ᠢᠶᠠᠨ ᠪᠠᠰᠠ ᠰᠠᠶᠢᠬᠠᠠ ᠨᠠᠶᠢᠷᠠᠭᠤᠯᠵᠤ ᠪᠥᠭᠡᠷᠡᠩᠭᠡᠶᠢᠯᠡᠵᠤ ᠳᠠᠯᠪᠢᠨ᠎ᠠ᠃      ᠪᠥᠭᠡᠷᠡᠩᠭᠡᠶᠢᠯᠡᠡ ᠨᠠᠶᠢᠷᠠᠭᠤᠯᠵᠤ ᠳᠠᠯᠪᠢᠬᠰᠠᠠ ᠭᠤᠯᠢᠷ ᠢᠶᠠᠷ᠂ ᠴᠠᠭᠠᠷᠢᠬ ᠭᠡᠯᠪᠡᠷᠢᠳᠠᠢ ᠪᠠᠷ ᠭᠠᠨᠵᠢ ᠪᠠᠷ ᠡᠯᠳᠡᠵᠤ ᠨᠢᠮᠭᠡᠯᠡᠡ ᠬᠠᠪᠳᠠᠭᠠᠶᠢᠯᠠᠵᠤ ᠳᠡᠯᠭᠡᠵᠤ ᠬᠢᠳᠤᠭ᠎ᠠ ᠪᠤᠶᠤ ᠪᠤᠤᠳᠤᠤ ᠪᠠᠷ ᠬᠤᠶᠠᠷ ᠨᠥᠬᠡᠯᠡᠵᠤ ᠳᠠᠯᠪᠢᠨ᠎ᠠ᠃ ᠪᠥᠬᠦ ᠭᠤᠯᠢᠷ ᠢᠶᠠᠨ ᠳᠡᠯᠭᠡᠭᠰᠡᠡ ᠤ ᠳᠠᠷᠠᠭ᠎ᠠ᠂ ᠵᠤᠤᠬᠠᠠ ᠳᠠᠭᠠᠨ ᠠᠷᠭᠠᠯ ᠲᠥᠯᠡᠭᠡ ᠪᠠᠨ ᠬᠢᠵᠤ ᠭᠠᠯ ᠢᠶᠠᠨ ᠨᠤᠴᠤᠭᠠᠵᠤ᠂ ᠲᠤᠭᠤᠭᠠᠠ ᠳᠠᠭᠠᠨ ᠬᠤᠷᠭᠤᠨ ᠲᠤᠰᠤ ᠪᠠᠨ ᠬᠢᠵᠤ ᠨᠡᠯᠢᠶᠡᠳ ᠬᠠᠯᠠᠬᠰᠠᠠ ᠤ ᠳᠠᠷᠠᠭ᠎ᠠ᠂ ᠳᠡᠯᠭᠡᠭᠰᠡᠡ ᠲᠤᠭᠤᠢ ᠭᠤᠯᠢᠷ ᠢᠶᠠᠨ ᠲᠤᠭᠤᠭ᠎ᠠ ᠲᠠᠢ ᠬᠤᠷᠭᠤᠨ ᠲᠤᠰᠤᠨ ᠳᠠᠭᠠᠨ ᠬᠢᠭᠡᠳ ᠬᠠᠶᠢᠷᠠᠵᠤ ᠥᠡᠭᠭᠡ ᠨᠢ ᠰᠢᠷᠭᠠᠯ ᠪᠤᠯᠤᠮᠠᠬᠴᠠ ᠲᠤᠭᠤᠭᠠᠠ ᠠᠴᠠ ᠪᠠᠨ ᠭᠠᠷᠭᠠᠵᠤ ᠳᠠᠪᠠᠬ ᠲᠤ ᠪᠠᠨ ᠬᠢᠵᠤ ᠨᠢᠭᠡ ᠨᠢᠭᠡ ᠪᠠᠷ ᠳᠡᠭᠡᠷ᠎ᠠ ᠳᠡᠭᠡᠷ᠎ᠠ ᠨᠢ ᠳᠠᠪᠬᠤᠷᠯᠠᠠ ᠳᠠᠯᠪᠢᠪᠠᠯ ᠵᠥᠭᠡᠯᠡᠡ ᠪᠤᠯᠳᠠᠬ᠃      ᠤᠳᠤᠬᠢ ᠠᠮᠢᠳᠤᠷᠠᠯ ᠤᠨ ᠨᠥᠬᠦᠴᠡᠯ ᠰᠠᠶᠢᠵᠢᠷᠠᠬᠰᠠᠠ ᠠᠴᠠ ᠪᠤᠯᠵᠤ᠂ ᠤᠷᠭᠤᠮᠠᠯ ᠤᠨ ᠲᠤᠰᠤ ᠶᠢ ᠢᠯᠡᠬᠦᠦ ᠢᠳᠡᠳᠡᠭ᠃ ᠭᠡᠪᠡᠴᠤ ᠬᠤᠷᠭᠤᠨ ᠲᠤᠰᠤ ᠪᠤᠯ ᠴᠤᠯ ᠪᠠᠶᠢᠭᠠᠯᠢᠯᠢᠬ ᠡᠳ᠋ ᠪᠤᠯᠬᠤᠷ ᠰᠢᠮ᠎ᠠ ᠲᠡᠵᠢᠭᠡᠯ ᠢᠶᠠᠷ ᠥᠨᠳᠦᠷ ᠮᠥᠷᠳᠡᠭᠡᠨ ᠮᠠᠰᠢ ᠶᠡᠭᠡ ᠥᠯ ᠲᠠᠢ ᠢᠳᠡᠭᠡᠨ ᠤ ᠨᠢᠭᠡ ᠨᠢ ᠮᠥᠨ᠃      ᠬᠤᠨᠢᠨ ᠰᠡᠬᠦᠯ ᠪᠤᠯ ᠲᠡᠷᠡ ᠪᠡᠶ᠎ᠠ ᠪᠠᠨ ᠮᠠᠰᠢ ᠶᠡᠭᠡ ᠰᠢᠮ᠎ᠡ ᠳᠡᠭᠡᠵᠢᠯ ᠤᠨ ᠠᠭᠤᠯᠤᠬᠳᠠᠴᠠ ᠲᠠᠢ ᠮᠥᠷᠳᠡᠭᠡᠨ ᠤᠭᠤᠷᠠᠬ ᠡᠯᠪᠡᠭ ᠢᠳᠡᠭᠡᠨ ᠤ ᠵᠤᠶᠢᠯ ᠮᠥᠨ᠃ ᠬᠤᠨᠢᠨ ᠰᠡᠬᠦᠯ ᠢ ᠤᠷᠳᠤ ᠬᠤᠭᠤᠴᠠᠭ᠎ᠠ ᠪᠠᠷ ᠢᠳᠡᠪᠠᠯ ᠪᠠᠶᠠᠨ ᠳᠤ ᠮᠠᠰᠢ ᠰᠠᠶᠢᠨ ᠪᠠᠶᠢᠳᠠᠬ᠃ ᠵᠢᠱᠢᠶᠠᠯᠠᠪᠠᠯ ᠬᠤᠨᠢᠨ ᠰᠡᠬᠦᠯ ᠢ ᠤᠷᠳᠤ ᠬᠤᠭᠤᠴᠠᠭ᠎ᠠ ᠪᠠᠷ ᠢᠳᠡᠵᠤ ᠠᠮᠢᠳᠤᠷᠠᠬᠰᠠᠠ ᠵᠠᠭᠤ ᠭᠠᠷᠤᠢ ᠥᠨᠳᠦᠷ ᠨᠠᠰᠤ ᠶᠢ ᠵᠤᠭᠤᠬᠯᠠᠬᠰᠠᠠ ᠪᠤᠭᠤᠷᠤᠯᠴᠤᠳ ᠤᠨ ᠴᠢᠰᠤᠨ ᠲᠠᠷᠤᠯᠳᠠ ᠪᠥᠬᠦ ᠲᠠᠯ᠎ᠠ ᠤᠨ ᠪᠠᠶᠢᠳᠠᠯ ᠨᠢ ᠪᠥᠷ ᠰᠠᠶᠢᠨ ᠪᠠᠶᠢᠵᠤ ᠮᠠᠰᠢ ᠡᠷᠡᠬᠦᠯ ᠡᠩᠭᠡ ᠠᠮᠢᠳᠤᠷᠠᠵᠤ ᠪᠠᠶᠢᠳᠠᠬ᠃ ᠡᠨᠡ ᠨᠢ ᠳᠡᠳᠡᠭᠡᠷ ᠬᠥᠮᠦᠰ ᠤᠨ ᠤᠷᠳᠤ ᠨᠠᠰᠤᠯᠠᠬᠤ ᠤᠨ ᠬᠠᠮᠤᠬ ᠤᠨ ᠤᠨᠴᠠᠭᠠᠢ ᠢᠳᠡᠭᠡᠨ ᠤ ᠵᠤᠷ ᠪᠠᠶᠢᠵᠤ ᠴᠤ ᠮᠠᠭᠠᠳ᠃      ᠪᠤᠯᠤᠬᠰᠠᠠ ᠬᠤᠨᠢᠨ ᠰᠡᠬᠦᠯ ᠢᠶᠠᠨ ᠠᠶᠠᠭᠠᠯᠠᠵᠤ ᠳᠠᠯᠪᠢᠬᠰᠠᠠ ᠬᠠᠯᠠᠭᠤᠨ ᠴᠠᠢ ᠲᠤᠳᠤᠷ᠎ᠠ ᠪᠠᠨ ᠭᠡᠳᠤ ᠶᠢ ᠡᠰᠡᠭᠡᠯᠡᠵᠤ᠂ ᠲᠠᠷᠠᠭ᠎ᠠ ᠨᠢ ᠬᠤᠷᠭᠤᠨ ᠲᠤᠰᠤ ᠪᠠᠷ ᠬᠠᠭᠠᠷᠢᠬᠰᠠᠠ ᠲᠤᠭᠤᠢ ᠪᠤᠭᠤᠷᠰᠤᠬ ᠢᠶᠠᠨ ᠡᠰᠡᠭᠡᠯᠡᠵᠤ ᠬᠢᠭᠡᠳ ᠢᠳᠡᠪᠠᠯ ᠪᠤᠯᠴᠢᠬᠠᠨ᠎ᠠ᠃ ᠬᠥᠳᠡᠭᠡ ᠶᠢᠨ ᠨᠠᠰᠤᠳᠠᠶᠢᠴᠤᠳ ᠥᠳᠡ ᠶᠢᠨ ᠬᠤᠶᠢᠨ᠎ᠠ ᠶᠢᠨ ᠲᠥᠷᠪᠡᠨ ᠴᠠᠬ ᠶᠢᠨ ᠥᠶ᠎ᠡ ᠪᠤᠯᠬᠤ ᠳᠤ ᠪᠠᠰᠠ ᠨᠢᠭᠡ ᠤᠳᠠᠭ᠎ᠠ ᠴᠠᠢ ᠤᠤᠭᠤᠳᠠᠬ ᠲᠠᠳᠬᠠᠯ ᠲᠠᠢ ᠪᠠᠶᠢᠳᠠᠬ᠃ ᠴᠠᠢ ᠶᠢ ᠥᠷᠯᠦᠭᠡ᠂ ᠥᠳᠡ᠂ ᠤᠷᠤᠢ ᠭᠡᠵᠢᠶ᠎ᠠ ᠤᠤᠭᠤᠬᠰᠠᠠ ᠴᠤ ᠪᠤᠯᠳᠠᠬ ᠪᠤᠯᠬᠤᠷ ᠶᠡᠭᠡ ᠲᠥᠬᠦᠮ ᠪᠠᠶᠢᠳᠠᠬ᠃      ᠡᠨᠡ ᠳ᠋ᠤᠭᠠᠷ ᠢᠶᠠᠷ ᠪᠠᠶᠠᠨᠬᠤᠳᠠ ᠶᠢᠨ ᠰᠠᠭᠤᠭᠠᠯᠢ ᠠᠷᠠᠳ ᠬᠠᠢ ᠬᠤᠸᠠ ᠶᠢᠨ ᠬᠢᠭᠰᠡᠡ ᠬᠤᠷᠭᠤᠨ ᠲᠤᠰᠤ ᠪᠠᠷ ᠬᠠᠭᠠᠷᠢᠬᠰᠠᠠ ᠲᠤᠭᠤᠢ ᠪᠤᠭᠤᠷᠰᠤᠬ ᠬᠢᠬᠦ ᠠᠷᠭ᠎ᠠ ᠶᠢᠨ ᠲᠤᠬᠠᠢ ᠬᠤᠪᠢᠶᠠᠯᠴᠠᠶ᠎ᠠ᠃      1 ᠭᠤᠯᠢᠷ ᠢᠶᠠᠨ ᠭᠠᠳᠤᠷ᠎ᠠ ᠲᠤᠳᠤᠷ᠎ᠠ ᠪᠠᠨ ᠬᠢᠵᠤ ᠳᠠᠯᠪᠢᠨ᠎ᠠ᠃      2 ᠭᠠᠳᠤᠷ᠎ᠠ ᠲᠠᠢ ᠭᠤᠯᠢᠷ ᠲᠤᠳᠤᠷ᠎ᠠ ᠪᠠᠨ ᠪᠠᠭ᠎ᠠ ᠭᠡᠮᠵᠢᠶᠠᠨ ᠤ ᠰᠤᠳᠠ ᠪᠠᠨ ᠬᠢᠵᠤ ᠰᠠᠪᠬ᠎ᠠ ᠪᠠᠷ ᠵᠠᠭᠤᠷᠠᠵᠤ ᠨᠠᠶᠢᠷᠠᠭᠤᠯᠤᠨ᠎ᠠ᠃      3 ᠪᠥᠯᠢᠶᠠᠨ ᠤᠰᠤ ᠪᠠᠨ ᠭᠤᠯᠢᠷ ᠢᠶᠠᠨ ᠨᠠᠶᠢᠷᠠᠭᠤᠯᠤᠨ ᠨᠤᠭᠤᠨ᠎ᠠ᠃      4 ᠨᠠᠶᠢᠷᠠᠭᠤᠯᠵᠤ ᠨᠤᠬᠤᠬᠰᠠᠠ ᠭᠤᠯᠢᠷ ᠢᠶᠠᠷ ᠵᠢᠵᠢᠭᠯᠡᠡ ᠭᠡᠷᠴᠢᠵᠤ ᠪᠥᠭᠡᠷᠡᠩᠭᠡᠢ ᠬᠡᠯᠪᠡᠷᠢᠳᠠᠢ ᠪᠤᠯᠭᠠᠵᠤ᠂ ᠳᠠᠷᠠᠭ᠎ᠠ ᠨᠢ ᠪᠥᠭᠡᠷᠡᠩᠭᠡᠶᠢᠯᠡᠭᠰᠡᠡ ᠭᠤᠯᠢᠷ ᠢᠶᠠᠨ ᠭᠠᠨᠵᠢ ᠪᠠᠷ ᠨᠢᠮᠭᠡᠯᠡᠵᠤ ᠬᠠᠪᠳᠠᠭᠠᠶᠢᠯᠠᠭᠠᠳ ᠳᠡᠯᠭᠡᠴᠢᠭᠡᠳ ᠪᠤᠤᠳᠤᠤ ᠎ ᠪᠠᠷ ᠬᠤᠶᠠᠷ ᠨᠥᠭᠡ ᠭᠡᠷᠴᠢᠵᠤ ᠳᠠᠯᠪᠢᠨ᠎ᠠ᠃      5 ᠬᠤᠷᠭᠤᠨ ᠲᠤᠰᠤ ᠪᠠᠨ ᠲᠤᠭᠤᠭᠠᠠ ᠲᠤᠳᠤᠷ᠎ᠠ ᠪᠠᠨ ᠬᠢᠵᠤ᠂ ᠵᠤᠤᠬᠠᠠ ᠤ ᠭᠠᠯ ᠢᠶᠠᠨ ᠨᠤᠴᠤᠭᠠᠭᠠᠳ ᠨᠠᠯᠢᠶᠠᠳ ᠬᠠᠯᠠᠬᠰᠠᠠ ᠤ ᠳᠠᠷᠠᠭ᠎ᠠ ᠡᠬᠢᠯᠡᠵᠤ ᠳᠡᠯᠭᠡᠵᠤ ᠪᠡᠯᠡᠳᠭᠡᠭᠰᠡᠡ ᠴᠠᠭᠠᠷᠢᠬ ᠭᠡᠯᠪᠡᠷᠢᠳᠡᠢ ᠭᠤᠯᠢᠷ ᠢᠶᠠᠨ ᠬᠤᠷᠭᠤᠨ ᠲᠤᠰᠤᠨ ᠳᠠᠭᠠᠨ ᠬᠢᠵᠤ ᠬᠠᠶᠢᠷᠠᠭᠠᠳ᠂ ᠥᠡᠭᠭᠡ ᠨᠢ ᠰᠠᠶᠢᠬᠠᠠ ᠰᠢᠷᠭᠠᠯ ᠥᠡᠭᠭᠡ ᠲᠠᠢ ᠪᠤᠯᠤᠬᠰᠠᠭᠠᠷ ᠲᠤᠭᠤᠭᠠᠠ ᠎ ᠠᠴᠠ ᠪᠠᠨ ᠭᠠᠷᠭᠠᠵᠤ ᠭᠠᠳᠤᠷ᠎ᠠ ᠪᠤᠶᠤ ᠳᠠᠪᠠᠬ ᠲᠠᠭᠠᠨ ᠳᠡᠭᠡᠷ᠎ᠡ ᠳᠡᠭᠡᠷ᠎ᠠ ᠨᠢ ᠰᠠᠶᠢᠬᠠᠨ ᠳᠠᠯᠪᠢᠨ᠎ᠠ᠃    
               
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号