ᠬᠤᠯᠢᠴᠠ ᠦᠭᠡᠢ ᠯᠠᠵᠣᠣ ᠵᠢᠶᠠᠩ
ᠨᠡᠶᠢᠲᠡᠯᠡᠭᠰᠡᠨ ᠴᠠᠭ᠄
2022/5/31
ᠨᠠᠷᠠᠨ᠎ᠠ             ᠬᠤᠯᠢᠴᠠ ᠦᠭᠡᠢ ᠯᠠᠵᠣᠣ ᠵᠢᠶᠠᠩ ᠤᠨ ᠪᠣᠷᠣᠯᠠᠭᠤᠯᠭ᠎ᠠ ᠰᠠᠶᠢᠨ ᠪᠠᠶᠢᠨ᠎ᠠ        ᠨᠢᠳᠣᠨᠣᠨ ᠵᠢᠯ ᠤᠨ ᠨᠠᠮᠣᠷ᠂ ᠸᠠᠩ ᠵᠢᠩ ᠪᠣᠣ ᠡᠷᠳᠡᠨᠢᠬᠤᠸᠠᠷ ᠬᠤᠶᠠᠭᠤᠯᠠ ᠳᠠᠪᠣᠨ ᠳᠦᠮᠡᠨ ᠯᠣᠩᠬᠤ ᠯᠠᠵᠣᠣ ᠵᠢᠶᠠᠩ ᠬᠢᠭᠡᠳ ᠣᠳᠣ ᠨᠢᠭᠡᠨᠳᠡ ᠶᠡᠭᠡ ᠬᠠᠭᠠᠰ ᠢᠯᠡᠬᠦᠣ ᠢ ᠨᠢ ᠬᠤᠳᠠᠯᠳᠣᠴᠢᠬᠠᠭᠠᠳ ᠪᠣᠷᠣᠯᠠᠭᠤᠯᠭ᠎ᠠ ᠰᠠᠶᠢᠳᠠᠢ ᠶᠠᠪᠣᠨ᠎ᠠ᠃ ᠳᠡᠬᠦᠨ ᠤ ᠬᠢᠭᠰᠡᠨ ᠬᠤᠯᠢᠴᠠ ᠦᠭᠡᠢ ᠯᠠᠵᠣᠣ ᠵᠢᠶᠠᠩ ᠨᠢ ᠣᠶᠢᠷ᠎ᠠ  ᠬᠠᠪᠢ ᠶᠢᠨ ᠬᠦᠮᠣᠰ ᠤᠨ ᠳᠠᠭᠠᠰᠢᠶᠠᠯ ᠳᠤ ᠬᠦᠷᠴᠣ᠂  ᠪᠠᠶᠠᠨᠨᠠᠭᠤᠷ᠂ ᠣᠷᠳᠣᠰ ᠵᠡᠷᠭᠡ ᠦᠪᠦᠷ ᠮᠣᠩᠭᠤᠯ ᠤᠨ ᠭᠡᠰᠡᠭ ᠭᠠᠵᠠᠷ ᠣᠷᠣᠨ ᠤ ᠬᠦᠮᠣᠰ ᠤᠨ  ᠵᠠᠬᠢᠶᠠᠯᠠᠭ᠎ᠠ ᠶᠢ ᠪᠦᠭᠡᠮ ᠪᠦᠭᠡᠮ ᠢᠶᠠᠷ ᠳᠣᠰᠣᠨ᠎ᠠ᠃         ᠸᠠᠩ ᠵᠢᠩ ᠪᠣᠣ ᠡᠷᠳᠡᠨᠢᠬᠤᠸᠠᠷ ᠬᠤᠶᠠᠭᠤᠯᠠ ᠪᠣᠯ ᠪᠠᠶᠠᠨᠬᠤᠳᠠ ᠶᠢᠨ ᠰᠠᠭᠤᠭᠠᠯᠢ᠂ ᠳᠡᠳᠡ ᠠᠶᠢᠯ ᠭᠡᠷ ᠪᠣᠯᠣᠯᠴᠠᠭᠰᠠᠨ15 ᠵᠢᠯ ᠤᠨ ᠳᠣᠷᠰᠢ ᠳᠣᠰ ᠳᠣᠰ ᠤᠨ ᠠᠵᠢᠯ ᠣᠶᠢᠯᠡᠰ ᠢᠶᠠᠨ ᠪᠣᠰᠬᠠᠨ ᠣᠯᠠᠨ ᠳᠦᠷᠦᠯ ᠤᠨ ᠠᠵᠢᠯ ᠠᠬᠤᠢ ᠶᠢ ᠣᠷᠣᠯᠳᠣᠵᠣ ᠬᠢᠭᠰᠡᠭᠡᠷ ᠢᠷᠡᠵᠡᠢ᠃ ᠯᠠᠵᠣᠣ ᠵᠢᠶᠠᠩ ᠪᠣᠯ ᠸᠠᠩ ᠵᠢᠩ ᠪᠣᠣ ᠶᠢᠨ ᠦᠪᠡᠷ ᠢᠶᠠᠨ ᠰᠣᠳᠣᠯᠣᠨ ᠦᠢᠯᠡᠳᠦᠭᠰᠡᠨ ᠬᠤᠯᠢᠴᠠ ᠦᠭᠡᠢ ᠪᠦᠳᠦᠭᠡᠭᠳᠡᠬᠦᠨ ᠨᠢ ᠪᠠᠶᠢᠵᠣ᠂ ᠮᠥᠨ ᠴᠦ ᠯᠠᠵᠣᠣ ᠵᠢᠶᠠᠩ ᠶᠢ ᠠᠮᠳᠠ ᠰᠠᠶᠢᠳᠠᠢ ᠬᠢᠳᠡᠭ ᠢᠶᠠᠷ ᠢᠶᠠᠨ ᠣᠯᠠᠨ ᠵᠢᠯ ᠤᠨ ᠳᠣᠷᠰᠢ ᠬᠦᠮᠣᠰ ᠤᠨ ᠬᠦᠷᠢᠶᠡᠯᠡᠯ ᠢ  ᠣᠯᠣᠭᠰᠠᠭᠠᠷ  ᠢᠷᠡᠭᠰᠡᠨ ᠶᠤᠮ ᠃ ᠳᠡᠶᠢᠨᠬᠦ ᠳᠡᠷᠡᠪᠡᠷ 2018 ᠣᠨ ᠤ ᠨᠠᠮᠣᠷ ᠠᠩᠬ᠎ᠠ ᠨᠢᠭᠡ ᠳᠦᠮᠡᠨ ᠯᠣᠩᠬᠤ ᠯᠠᠵᠣᠣ ᠵᠢᠶᠠᠩ ᠬᠢᠭᠡᠳ ᠪᠣᠷᠣᠯᠠᠭᠤᠯᠵᠣ ᠡᠬᠢᠯᠡᠬᠦ ᠳᠤ ᠵᠠᠬ᠎ᠠ ᠳᠡᠯᠭᠡᠬᠦᠷ ᠳᠡᠭᠡᠷ᠎ᠠ ᠳᠣᠭᠳᠠᠨᠢᠬᠤ᠂ ᠣᠷᠣᠨ ᠪᠠᠶᠢᠷᠢ ᠪᠠᠨ ᠣᠯᠬᠤ ᠭᠡᠵᠣ ᠨᠡᠯᠢᠶᠡᠳ ᠮᠣᠩᠭᠠᠨᠢᠭᠰᠠᠨ ᠪᠠᠶᠢᠳᠠᠭ ᠡ᠃ ᠸᠠᠩ ᠵᠢᠩ ᠪᠣᠣ ᠪᠠᠶᠠᠨᠬᠤᠳᠠ ᠶᠢᠨ ᠵᠠᠬ᠎ᠠ ᠳᠡᠯᠭᠡᠬᠦᠷ ᠤᠨ ᠪᠠᠶᠢᠴᠠᠭᠠᠯᠳᠠ ᠶᠢ ᠣᠯᠠᠨ ᠳᠠᠬᠢᠨ ᠬᠢᠨ᠂ ᠰᠠᠭᠤᠭᠠᠯᠢ ᠳᠣᠭᠤᠷᠢᠭ ᠤᠨ ᠡᠬᠦᠳᠡᠨ ᠳᠤ ᠵᠣᠭᠰᠣᠨ ᠬᠦᠮᠣᠨ ᠢᠶᠠᠷ ᠠᠮᠰᠠᠭᠤᠯᠬᠤ ᠪᠣᠶᠣ ᠣᠯᠠᠨ ᠠᠵᠢᠯᠯᠠᠭ᠎ᠠ ᠦᠷᠨᠢᠬᠦᠯᠣᠨ ᠬᠤᠳᠠᠯᠳᠣᠬᠤ᠂ ᠭᠡᠳᠣ ᠳᠡᠯᠭᠡᠬᠦᠷ ᠲᠤ ᠬᠤᠳᠠᠯᠳᠣᠬᠤ᠂ ᠨᠠᠶᠢᠵᠠ ᠨᠦᠬᠦᠳ ᠳᠡᠭᠡᠨ ᠦᠨ᠎ᠡ ᠳᠦᠯᠦᠪᠦᠷᠢ ᠦᠭᠡᠢ ᠪᠠᠷ ᠬᠦᠷᠭᠡᠬᠦ ᠵᠡᠷᠭᠡ ᠣᠯᠠᠨ ᠵᠦᠢᠯ ᠤᠨ ᠠᠷᠭ᠎ᠠ ᠠᠪᠴᠢᠯ ᠢᠶᠠᠷ ᠳᠠᠮᠵᠢᠨ ᠯᠠᠵᠣᠣ ᠵᠢᠶᠠᠩ ᠢᠶᠠᠨ ᠬᠦᠮᠣᠰ ᠲᠤ ᠳᠠᠨᠢᠭᠤᠯᠣᠨ᠂ ᠵᠠᠬ᠎ᠠ ᠳᠡᠯᠭᠡᠬᠦᠷ ᠳᠡᠭᠡᠷ᠎ᠠ ᠦᠴᠦᠭᠡᠨ ᠴᠦ ᠭᠡᠰᠡᠨ ᠣᠷᠣᠨ ᠪᠠᠶᠢᠷᠢ ᠪᠠᠨ ᠣᠯᠵᠣ ᠴᠢᠳᠠᠵᠡᠢ᠃ ᠢᠩᠭᠢᠭᠡᠳ 2019 ᠣᠨ ᠳᠤ ᠬᠤᠶᠠᠷ ᠳᠦᠮᠡᠨ ᠯᠣᠩᠬᠤ ᠯᠠᠵᠣᠣ ᠵᠢᠶᠠᠩ᠂ 2020 ᠣᠨ ᠳᠤ ᠭᠤᠷᠪᠠᠨ ᠳᠦᠮᠡᠨ ᠯᠣᠩᠬᠤ ᠯᠠᠵᠣᠣ ᠵᠢᠶᠠᠩ᠂2021 ᠣᠨ ᠳᠤ ᠳᠠᠪᠣᠨ ᠳᠦᠮᠡᠨ ᠯᠣᠩᠬᠤ ᠯᠠᠵᠣᠣ ᠵᠢᠶᠠᠩ ᠶᠢ ᠦᠢᠯᠡᠳᠦᠨ ᠬᠢᠵᠣ  ᠪᠣᠷᠣᠯᠠᠭᠤᠯᠣᠭᠰᠠᠭᠠᠷ ᠢᠷᠡᠵᠡᠢ᠃           ︽ᠴᠢᠷᠮᠠᠶᠢᠯᠭ᠎ᠠ ᠬᠦᠮᠣᠨ ᠢ ᠭᠤᠮᠣᠳᠠᠭᠠᠬᠤ ᠦᠭᠡᠢ︾ ᠭᠡᠳᠡᠭ ᠢᠶᠠᠷ ᠸᠠᠩ ᠵᠢᠩ ᠪᠣᠣ ᠳᠦᠷᠪᠡᠨ ᠵᠢᠯ ᠎ ᠤᠨ ᠳᠦᠷᠰᠢ ᠯᠠᠵᠣᠣ ᠵᠢᠶᠠᠩ ᠤᠨ ᠢᠶᠠᠨ ᠬᠠᠶᠢᠷᠴᠠᠭ᠂ ᠰᠢᠯᠢᠨ ᠯᠣᠩᠬᠤ ᠶᠢᠨ ᠶᠡᠭᠡ ᠪᠠᠭ᠎ᠠ ᠶᠢ ᠬᠤᠶᠠᠷ ᠣᠳᠠᠭ᠎ᠠ ᠰᠢᠨᠡᠳᠭᠡᠨ ᠦᠭᠡᠷᠡᠴᠢᠯᠡᠵᠣ᠂ ᠣᠳᠣ ᠶᠡᠭᠡ ᠪᠠᠭ᠎ᠠ ᠬᠤᠶᠠᠷ ᠬᠠᠶᠢᠷᠴᠠᠭ ᠲᠤ ᠳᠣᠰ ᠳᠣᠰ 6 ᠯᠣᠩᠬᠤ᠂30 ᠯᠣᠩᠬᠤ ᠎ ᠶᠢᠨ ᠯᠠᠵᠣᠣ ᠵᠢᠶᠠᠩ ᠬᠠᠶᠢᠷᠴᠠᠭᠯᠠᠬᠤ ᠪᠣᠯᠵᠣ᠂  ᠪᠡᠯᠡᠭ ᠲᠤ ᠬᠦᠷᠭᠡᠬᠦ ᠲᠤ ᠪᠡᠯᠡᠭᠡᠨ  ᠪᠣᠯᠭᠠᠨ᠂ ᠭᠡᠳᠣ ᠳᠡᠯᠭᠡᠬᠦᠷ ᠎ ᠲᠤ ᠰᠠᠯᠣᠩᠭᠢ ᠬᠤᠳᠠᠯᠳᠣᠬᠤ᠂ ᠪᠦᠭᠡᠮ ᠢᠶᠠᠷ ᠬᠤᠳᠠᠯᠳᠣᠬᠤ ᠵᠡᠷᠭᠡ ᠠᠷᠭ᠎ᠠ ᠪᠠᠷ ᠣᠳᠣ ᠨᠢᠭᠡᠨᠳᠡ60 ᠭᠠᠷᠦᠢ ᠬᠤᠳᠠᠯᠳᠣᠭᠠᠴᠢᠨ ᠡᠷᠦᠭᠡ ᠲᠤ ᠬᠠᠩᠭᠠᠬᠤ ᠪᠣᠯᠵᠡᠢ᠃      ᠸᠠᠩ ᠵᠢᠩ ᠪᠣᠣ ᠰᠣᠷᠪᠤᠯᠵᠢᠯᠠᠭᠴᠢ ᠳᠤ᠄ ︽ ᠨᠢᠳᠣᠨᠣᠨ ᠠᠴᠠ ᠢᠳᠡᠬᠦ ᠳᠣᠰᠣ᠂ ᠠᠮᠳᠠ ᠣᠷᠣᠭᠤᠯᠬᠤ ᠵᠦᠢᠯ ᠤᠨ ᠦᠨ᠎ᠡ ᠪᠦᠷ ᠦᠰᠦᠭᠰᠡᠨ ᠪᠣᠯᠪᠠᠴᠣ ᠮᠠᠨᠠᠶᠢᠬᠢᠨ ᠦᠪᠡᠷ ᠤᠨ ᠣᠨᠴᠠᠯᠢᠭ ᠢᠶᠠᠨ ᠪᠠᠳᠣᠯᠠᠬᠤ ᠪᠠᠷ ᠰᠢᠯᠢᠨ ᠯᠣᠩᠬᠤᠨ ᠤ ᠭᠡᠮᠵᠢᠶ᠎ᠡ ᠶᠢ ᠳᠠᠬᠢᠨ ᠢᠶᠠᠷ ᠶᠡᠭᠡᠰᠭᠡᠨ ᠦᠨ᠎ᠡ ᠶᠢ ᠨᠢ ᠬᠤᠪᠢᠷᠠᠭᠠᠭᠰᠠᠨ ᠦᠭᠡᠢ᠃ ᠭᠤᠣᠯ ᠨᠢ ᠭᠡᠷᠡᠭᠯᠡᠭᠴᠢᠳ ᠲᠤ ᠦᠷᠭᠡᠨ ᠬᠡᠪᠴᠢᠶ᠎ᠡ ᠪᠠᠷ ᠳᠠᠨᠢᠭᠤᠯᠬᠤ ᠪᠠᠷ ᠴᠢᠷᠮᠠᠶᠢᠵᠣ ᠪᠣᠢ︾ ᠭᠡᠯ᠎ᠡ᠃ ᠳᠡᠷᠡᠪᠡᠷ ᠨᠠᠮᠣᠷ ᠤᠨ 8 ᠰᠠᠷ᠎ᠠ ᠶᠢᠨ ᠰᠡᠬᠦᠯᠴᠢ ᠠᠴᠠ10 ᠰᠠᠷ᠎ᠠ ᠶᠢᠨ ᠰᠡᠬᠦᠯᠴᠢ ᠬᠦᠷᠳᠡᠯ᠎ᠡ ᠯᠠᠵᠣᠣ ᠵᠢᠶᠠᠩ ᠢᠶᠠᠨ ᠦᠢᠯᠡᠳᠴᠣ ᠬᠢᠳᠡᠭ ᠢᠶᠠᠷ ᠮᠠᠰᠢ ᠶᠠᠭᠠᠷᠠᠤ ᠪᠠᠶᠢᠳᠠᠭ᠂ ᠯᠠᠵᠣᠣ ᠶᠢᠨ ᠢᠷᠡᠯᠳᠡ ᠨᠢ ᠭᠤᠣᠯ ᠨᠣᠳᠤᠭ ᠤᠨ ᠳᠠᠷᠢᠶᠠᠴᠢᠨ ᠡᠷᠦᠭᠡ ᠪᠠᠷ ᠳᠣᠰᠬᠠᠢ ᠳᠠᠷᠢᠭᠤᠯᠣᠭᠰᠠᠨ ᠯᠠᠵᠣᠣ ᠶᠢᠨ ᠳᠦᠷᠦᠯ ᠪᠠᠶᠢᠵᠣ᠂ ᠯᠠᠵᠣᠣ ᠵᠢᠶᠠᠩ ᠨᠢ ᠪᠣᠬᠢᠷᠳᠣᠯ ᠦᠭᠡᠢ ᠪᠦᠳᠦᠭᠡᠭᠳᠡᠬᠦᠨ ᠪᠣᠯᠵᠡᠢ᠃ ᠸᠠᠩ ᠵᠢᠩ ᠪᠣᠣ ᠯᠠᠵᠣᠣ ᠵᠢᠶᠠᠩ ᠢᠶᠠᠨ ᠦᠢᠯᠡᠳᠦᠨ ᠬᠢᠬᠦ ᠳᠤ ᠦᠪᠡᠷ ᠢᠶᠠᠨ ᠭᠤᠣᠯ ᠠᠮᠳᠠ ᠶᠢ ᠨᠢ ᠳᠣᠬᠢᠷᠠᠭᠤᠯᠣᠨ ᠳᠠᠭᠠᠷᠠᠭᠤᠯᠵᠣ᠂ ᠭᠤᠷᠪᠡᠨ ᠠᠵᠢᠯᠳᠠᠨ ᠤ ᠬᠠᠪᠰᠣᠷᠣᠯᠭ᠎ᠠ ᠪᠠᠷ ᠬᠢᠳᠡᠭ᠃ ᠳᠡᠬᠦᠨ ᠤ ᠯᠠᠵᠣᠣ ᠵᠢᠶᠠᠩ ᠤᠨ ᠣᠶᠢᠯᠡᠰ ᠎ ᠨᠢ ᠭᠡᠷᠭᠡᠢ ᠡᠷᠳᠡᠨᠢᠬᠤᠸᠠᠷ ᠤᠨ ᠬᠠᠪᠰᠣᠷᠣᠯᠭ᠎ᠠ ᠳᠡᠮᠵᠢᠭᠡ ᠠᠴᠠ ᠶᠡᠷᠣ ᠨᠢ ᠰᠠᠯᠵᠣ ᠴᠢᠳᠠᠰᠢ ᠦᠭᠡᠢ᠃      ᠸᠠᠩ ᠵᠢᠩ ᠪᠣᠣ ᠯᠠᠵᠣᠣ ᠵᠢᠶᠠᠩ ᠢᠶᠠᠨ ᠬᠦᠮᠣᠰ ᠤᠨ ᠳᠠᠭᠠᠰᠢᠶᠠᠯ ᠳᠤ ᠬᠦᠷᠭᠡᠬᠦ᠂ ᠵᠠᠬ᠎ᠠ ᠳᠡᠯᠭᠡᠬᠦᠷ ᠤᠨ ᠣᠷᠴᠢᠨ ᠳᠤ ᠵᠣᠬᠢᠴᠠᠭᠤᠯᠬᠤ᠂ ᠪᠣᠷᠣᠯᠠᠭᠤᠯᠭ᠎ᠠ ᠪᠠᠨ ᠳᠡᠭᠡᠭᠰᠢᠯᠡᠬᠦᠯᠬᠦ᠂ ᠭᠡᠷᠡᠭᠯᠡᠭᠴᠢᠳ ᠢᠶᠠᠨ ᠬᠠᠮᠠᠭᠠᠯᠠᠬᠤ᠂ ᠪᠠᠭ᠎ᠠ ᠭᠡᠮᠵᠢᠶ᠎ᠡ ᠠᠴᠠ ᠪᠠᠨ ᠶᠡᠭᠡᠰᠭᠡᠬᠦ ᠵᠡᠷᠭᠡ ᠣᠯᠠᠨ ᠬᠠᠷᠠᠯᠳᠠ ᠶᠢᠨ ᠢᠶᠠᠨ ᠳᠦᠯᠦᠭᠡ   ᠶᠠᠭᠠᠷᠠᠯᠳᠠᠢ ᠠᠵᠢᠯᠯᠠᠨ᠂ ᠠᠷᠭ᠎ᠠ ᠪᠣᠳᠣᠯᠭ᠎ᠠ ᠪᠠᠨ ᠴᠠᠭ ᠢᠮᠠᠭᠳᠠ ᠦᠭᠡᠷᠡᠴᠢᠯᠡᠨ ᠰᠢᠨᠡᠳᠭᠡᠵᠣ᠂  ᠭᠠᠳᠠᠨᠠᠬᠢ ᠵᠠᠮ ᠮᠦᠷ ᠢᠶᠠᠨ ᠦᠷᠭᠡᠳᠭᠡᠨ᠂ ᠨᠡᠩ ᠣᠯᠠᠨ ᠬᠦᠮᠣᠰ ᠲᠤ ᠪᠣᠷᠣᠯᠠᠭᠤᠯᠬᠤ ᠪᠠᠷ ᠴᠢᠷᠮᠠᠶᠢᠵᠣ ᠶᠠᠪᠣᠨ᠎ᠠ᠃
         
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号