ᠮᠦᠩᠬᠦᠨ ᠤ ᠠᠭᠤᠢ ᠳᠤ ᠨᠡᠭᠡᠷᠡᠨ ᠭᠠᠩ ᠲᠠᠢ ᠮᠦᠩᠬᠦ ᠬᠠᠳᠠᠭᠠᠯᠠᠵᠦ ᠪᠠᠶᠢᠭ᠎ᠠ ᠤᠤ︖
ᠨᠡᠶᠢᠲᠡᠯᠡᠭᠰᠡᠨ ᠴᠠᠭ᠄
2022/5/31
            ᠴ᠊ · ᠰᠤᠳᠤᠨ       ᠲᠠᠪᠰᠢᠯᠳᠦ                   ᠡᠶᠢᠮᠦ ᠨᠢᠭᠡᠨ ᠶᠠᠷᠢᠶ᠎ᠠ ᠪᠤᠶᠤ ᠦᠯᠢᠬᠡᠷ ᠲᠤᠮᠤᠭ ᠠᠷᠠᠳ ᠤᠨ ᠲᠤᠮᠳᠠ ᠤᠯᠠᠮᠵᠢᠯᠠᠭᠳᠠᠭᠠᠳ ᠡᠳᠦᠭᠡ ᠪᠤᠯᠵᠦ ᠪᠤᠢ᠃       ᠤᠷᠢᠳᠦ ᠪᠠᠭᠠᠳᠤᠷ ᠬᠠᠷ᠎ᠠ ᠵᠠᠩᠵᠤᠨ ᠲᠠᠶᠢᠨ ᠪᠠᠶᠢᠯᠳᠤᠭᠠᠨ ᠳᠤ ᠢᠯᠠᠭᠳᠠᠨ ᠶᠠᠪᠠᠷᠠᠢ ᠠᠭᠤᠯᠠᠨ ᠳᠤ ᠢᠷᠡᠵᠦ ᠰᠠᠭᠤᠵᠦ ᠪᠠᠶᠢᠬᠤ ᠳᠠᠭᠠᠨ ᠪᠠᠭᠤᠬᠤ ᠶᠢᠨ ᠭᠤᠤᠯ ᠤᠨ ᠲᠤᠮᠳᠠ ᠬᠡᠰᠡᠭ ᠲᠤ ᠪᠠᠶᠢᠭ᠎ᠠ ᠪᠠᠷᠳᠠᠭ᠎ᠠ ᠶᠡᠬᠡᠳᠡᠢ᠂ ᠬᠡᠶᠢᠰᠦᠮ᠎ᠡ ᠦᠨᠳᠦᠷ ᠠᠭᠤᠯᠠ ᠶᠢᠨ ᠠᠰᠬ᠎ᠠ ᠬᠠᠳᠠᠨ ᠤ ᠡᠩᠬᠡᠷ ᠤᠨ ᠨᠢᠭᠡ ᠠᠭᠤᠢ ᠳᠤ ᠮᠦᠩᠬᠦ ᠪᠠᠨ ᠬᠢᠵᠦ ᠲᠠᠯᠪᠢᠵᠡᠢ᠃ ᠲᠡᠭᠡᠭᠡᠳ ᠦᠬᠢᠨ ᠬᠦᠪᠡᠬᠦᠨ ᠬᠤᠶᠠᠷ ᠢᠶᠠᠨ ᠦᠯᠡᠳᠡᠭᠡᠵᠦ ᠭᠠᠩ ᠲᠠᠢ ᠮᠦᠩᠬᠦ ᠶᠢ ᠬᠠᠷᠠᠵᠦ ᠪᠠᠢ ᠭᠡᠵᠦ ᠵᠠᠬᠢᠭᠠᠳ ᠶᠠᠪᠤᠵᠠᠢ᠃ ᠦᠬᠢᠨ ᠬᠦᠪᠡᠬᠦᠨ ᠬᠤᠶᠠᠷ ᠨᠢ ᠠᠪᠤ ᠪᠠᠨ ᠬᠦᠯᠢᠶᠡᠵᠦ ᠰᠠᠭᠤᠭᠰᠠᠭᠠᠷ ᠪᠠᠶᠢᠵᠦ ᠠᠷᠦ ᠳᠤᠨᠢ ᠰᠢᠷ᠎ᠠ᠂ ᠬᠦᠬᠡ ᠬᠤᠶᠠᠷ ᠮᠤᠭᠠᠢ ᠪᠤᠯᠵᠦ ᠬᠤᠪᠢᠷᠠᠭᠠᠳ ᠵᠢᠯ ᠤᠨ ᠲᠦᠷᠪᠡᠨ ᠤᠯᠠᠷᠢᠯ ᠳᠤ ᠠᠭᠤᠢ ᠶᠢᠨ ᠠᠮᠠᠨ ᠲᠡᠭᠡᠷ᠎ᠡ ᠨᠠᠭᠠᠰᠢ ᠴᠠᠭᠠᠰᠢ ᠵᠦᠷᠢᠯᠳᠦᠨ ᠠᠭᠤᠢ ᠶᠢ ᠰᠠᠬᠢᠵᠦ ᠪᠠᠶᠢᠳᠠᠭ ᠭᠡᠨ᠎ᠡ᠃ ᠡᠨᠡ ᠠᠭᠤᠢ ᠳᠤ ᠦᠨᠡᠨ ᠭᠠᠩ ᠲᠠᠢ ᠮᠦᠩᠬᠦ ᠪᠠᠶᠢᠳᠠᠭ ᠪᠤᠯᠪᠠᠤ︖ ᠭᠡᠮᠡᠨ ᠭᠠᠵᠠᠷ ᠤᠨ ᠪᠠᠶᠢᠴᠠ ᠶᠢ ᠠᠵᠢᠭᠯᠠᠨ ᠤᠷᠤᠵᠦ ᠦᠵᠡᠬᠦ ᠶᠢ ᠰᠠᠨᠠᠭᠠᠰᠢᠷᠠᠭᠰᠠᠭᠠᠷ ᠢᠷᠡᠭᠰᠡᠨ ᠮᠦᠩᠬᠦᠨ ᠳᠤ ᠲᠤᠷᠠᠳᠠᠢ ᠬᠦᠮᠦᠨ ᠤᠯᠠᠨ ᠪᠠᠶᠢᠭ᠎ᠠ ᠶᠤᠮ ᠪᠠᠶᠢᠨ᠎ᠠ᠃ ᠠᠭᠤᠢ ᠶᠢᠨ ᠡᠰᠡᠷᠬᠦ ᠲᠠᠯ᠎ᠠ᠂ ᠲᠠᠷᠤᠢ ᠭᠤᠤᠯ ᠤᠨ ᠵᠡᠬᠦᠨ ᠠᠭᠤᠯᠠᠨ ᠲᠡᠭᠡᠷ᠎ᠡ ᠠᠴᠠ ᠬᠠᠷᠠᠬᠤ ᠳᠤ ᠠᠭᠤᠢ ᠲᠤᠳᠤᠷ᠎ᠠ ᠭᠠᠩ ᠲᠠᠢ ᠮᠦᠩᠬᠦ ᠠᠳᠠᠯᠢ ᠶᠠᠭᠤᠮ᠎ᠠ ᠬᠠᠷᠠᠭᠳᠠᠳᠠᠭ ᠭᠡᠨ᠎ᠡ᠃ ᠭᠡᠳᠡᠯ᠎ᠡ ᠡᠨᠡ ᠬᠦ ᠠᠭᠤᠢ ᠳᠤ ᠬᠠᠮᠢᠭ᠎ᠠ ᠠᠴᠠ ᠨᠢ ᠴᠤ ᠬᠦᠷᠬᠦ ᠠᠷᠭ᠎ᠠ ᠦᠭᠡᠢ᠂ ᠨᠤᠳᠤᠭ ᠎ ᠤᠨ ᠬᠦᠮᠦᠰ ᠤᠨ ᠶᠠᠷᠢᠬᠤ ᠪᠠᠷ ᠲᠡᠭᠡᠷ᠎ᠡ ᠵᠠᠭᠤᠨ ᠤ ᠵᠢᠷᠠᠭᠠᠳ ᠤᠨ ᠤ ᠦᠶ᠎ᠡ ᠪᠠᠷ ᠵᠠᠷᠢᠮ ᠬᠦᠮᠦᠰ ᠠᠭᠤᠯᠠᠨ ᠤ ᠲᠡᠭᠡᠷ᠎ᠡ ᠲᠠᠯ᠎ᠠ ᠠᠴᠠ ᠬᠦᠮᠦᠨ ᠢ ᠲᠡᠭᠡᠰᠦ ᠪᠠᠷ ᠲᠡᠬᠦᠵᠢᠯᠡᠨ ᠲᠤᠷᠤᠭᠰᠢ ᠲᠠᠯᠪᠢᠭᠠᠳ ᠲᠦᠩᠭᠡᠵᠦ ᠠᠭᠤᠢ ᠶᠢᠨ ᠠᠮᠠᠨ ᠎ ᠳᠤ ᠬᠦᠷᠬᠦ ᠲᠠᠢ ᠵᠡᠷᠭᠡ ᠲᠡᠭᠡᠰᠦ ᠨᠢ ᠲᠠᠰᠤᠷᠠᠬᠤ ᠶᠤᠮ ᠤᠤ᠂ ᠡᠰᠡᠬᠦᠯ᠎ᠡ ᠠᠮᠠ ᠬᠠᠮᠠᠷ ᠠᠴᠠ ᠨᠢ ᠴᠢᠰᠦ ᠭᠠᠷᠴᠤ ᠠᠮᠢ ᠎ ᠪᠠᠨ ᠠᠯᠳᠠᠭᠰᠠᠨ ᠤᠴᠢᠷ ᠭᠠᠷᠴᠦ ᠦᠩᠭᠡᠷᠡᠭᠰᠡᠨ ᠭᠡᠨ᠎ᠡ᠃ ᠲᠡᠭᠡᠭᠡᠳ ᠤᠳᠤ ᠪᠤᠯᠳᠠᠯ᠎ᠠ ᠠᠭᠤᠯᠠᠨ ᠤᠷᠤᠢ ᠳᠤ ᠠᠷᠪᠢᠨ ᠲᠡᠭᠡᠰᠦᠨ ᠤ ᠲᠠᠰᠤᠷᠬᠠᠢ ᠪᠠᠶᠢᠳᠠᠭ ᠪᠦᠭᠡᠳ ᠶᠠᠮᠠᠷ ᠬᠦᠮᠦᠨ ᠴᠤ ᠭᠡᠳ ᠲᠡᠷᠡ ᠮᠦᠩᠬᠦ ᠶᠢ ᠠᠪᠴᠦ ᠴᠢᠳᠠᠭᠰᠠᠨ ᠦᠭᠡᠢ᠂ ᠲᠡᠮᠡᠢ ᠯᠡ ᠵᠡᠬᠦᠨ ᠠᠭᠤᠯᠠ ᠶᠢᠨ ᠤᠷᠤᠢ ᠲᠡᠭᠡᠷ᠎ᠡ ᠭᠠᠷᠴᠦ ᠦᠵᠡᠭᠡᠳ ᠰᠠᠨᠠᠭ᠎ᠠ ᠪᠠᠨ ᠬᠠᠭᠤᠷᠤᠨ ᠶᠠᠪᠤᠳᠠᠭ ᠠᠴᠠ ᠨᠢᠭᠡ ᠪᠢᠳᠡᠬᠦᠤ ᠤᠨᠢᠰᠤᠭ᠎ᠠ ᠪᠤᠯᠵᠦ ᠤᠨ ᠤᠳᠠᠵᠠᠢ᠃ ᠬᠠᠷᠢᠨ ᠪᠠᠭᠠᠳᠤᠷ ᠬᠠᠷ᠎ᠠ ᠵᠠᠩᠵᠤᠨ ᠶᠠᠭᠠᠬᠢᠵᠦ ᠮᠦᠩᠬᠦ ᠪᠠᠨ ᠲᠡᠷᠡ ᠦᠨᠳᠦᠷ ᠲᠤ ᠠᠪᠠᠴᠢᠵᠦ ᠲᠠᠯᠪᠢᠭᠰᠠᠨ ᠶᠤᠮ ᠭᠡᠬᠦᠯᠡᠷ ᠡᠪᠤᠯ ᠴᠠᠭ ᠢ ᠠᠰᠢᠭᠯᠠᠵᠦ ᠴᠢᠯᠠᠭᠤᠨ ᠲᠡᠭᠡᠷ᠎ᠡ ᠤᠰᠤ ᠰᠠᠴᠤᠨ ᠬᠠᠳᠠ ᠶᠢ ᠪᠠᠷᠢᠯᠳᠤᠭᠤᠯᠤᠨ ᠬᠦᠯᠳᠡᠭᠡᠵᠦ ᠦᠷᠦᠭᠡᠳ ᠠᠭᠤᠢ ᠶᠢᠨ ᠠᠮᠠᠨ ᠳᠤ ᠬᠦᠷᠭᠡᠵᠦ ᠤᠷᠤᠭᠰᠠᠨ ᠭᠡᠨ᠎ᠡ ᠭᠡᠮᠡᠨ ᠬᠠᠭᠤᠴᠢᠯᠠᠵᠦ ᠪᠠᠶᠢᠯ᠎ᠠ᠃       ᠡᠨᠡ ᠬᠦ ᠦᠯᠢᠭᠡᠷ ᠢ ᠪᠢ ᠠᠯᠢ ᠡᠷᠳ᠋ᠨ ᠨᠤᠳᠤᠭ ᠤᠨ ᠪᠤᠭᠤᠷᠤᠯᠴᠤᠳ ᠠᠴᠠ ᠰᠤᠨᠤᠰᠴᠦ ᠪᠠᠶᠢᠭᠰᠠᠨ ᠪᠤᠶᠤ ᠨᠤᠮ ᠰᠤᠳᠤᠷ ᠠᠴᠠ ᠤᠯᠵᠦ ᠤᠩᠰᠢᠵᠦ ᠪᠠᠶᠢᠭᠰᠠᠨ ᠶᠤᠮ᠃ 4 ᠰᠠᠷ᠎ᠠ ᠶᠢᠨ 8᠎ ᠤ ᠡᠳᠦᠷ᠂ ᠮᠠᠨ ᠤ ᠬᠠᠶᠢᠨ ᠰᠤᠷᠪᠤᠯᠵᠢᠯᠠᠬᠤ ᠠᠶᠠᠨ ᠤ ᠪᠦᠯᠬᠦᠮ ᠶᠠᠪᠠᠷᠠᠢ ᠪᠠᠯᠭᠠᠰᠤᠨ ᠠᠴᠠ ᠡᠨᠡ ᠠᠭᠤᠢ ᠶᠢᠨ ᠪᠠᠶᠢᠭ᠎ᠠ ᠪᠠᠭᠤᠬᠤ ᠶᠢᠨ ᠭᠤᠤᠯ ᠎ ᠶᠢ ᠴᠢᠭᠯᠡᠭᠰᠡᠨ ᠨᠢ ᠨᠠᠳᠠ ᠶᠡᠭᠡ ᠤᠯᠵᠠᠷᠬᠠᠯ ᠲᠠᠢ ᠰᠠᠨᠠᠭᠳᠠᠵᠦ ᠪᠢᠯᠡ᠃ ᠮᠦᠩᠬᠦ ᠤᠯᠵᠦ ᠪᠠᠶᠠᠵᠢᠬᠤ ᠶᠢ ᠰᠠᠨᠠᠭᠰᠠᠨ ᠪᠤᠰᠤ᠂ ᠬᠠᠷᠢᠨ ᠡᠨᠡ ᠬᠦ ᠠᠭᠤᠢ ᠶᠢᠨ ᠨᠢᠭᠤᠴᠠ ᠨᠢ ᠴᠤᠬᠤᠮ ᠶᠠᠭᠤ ᠶᠤᠮ ᠪᠤᠯ︖ ᠭᠡᠰᠡᠨ ᠬᠠᠴᠢᠷᠬᠠᠭᠰᠠᠨ ᠪᠤᠳᠤᠯ ᠳᠠᠭᠠᠨ ᠬᠦᠳᠦᠯᠦᠭᠳᠡᠨ ᠨᠢᠭᠡᠨ ᠲᠠᠶᠢᠯᠪᠤᠷᠢᠯᠠᠯ ᠤᠯᠬᠤ ᠶᠢ ᠰᠠᠨᠠᠭᠰᠠᠨ ᠶᠤᠮ᠃ ᠪᠢᠳᠠ ᠬᠡᠷᠪᠡ ᠮᠦᠩᠬᠦᠨ ᠳᠤ ᠰᠠᠨᠠᠭᠠᠰᠢᠷᠠᠵᠦ ᠠᠭᠤᠢ ᠦᠭᠡᠳᠡ ᠮᠠᠴᠤᠪᠠᠯ ᠠᠮᠢ ᠪᠠᠨ ᠠᠯᠳᠠᠨ᠎ᠠ ᠭᠡᠰᠡᠨ ᠦᠭᠡ ᠠᠵᠢ᠃       ᠡᠨᠡ ᠬᠦ ᠠᠭᠤᠢ ᠶᠢᠨ ᠲᠤᠬᠠᠢ ᠦᠯᠢᠭᠡᠷ ᠲᠤᠮᠤᠭ ᠠᠷᠪᠢᠨ ᠪᠤᠢ᠃ ᠪᠠᠰᠠ ᠵᠠᠷᠢᠮ ᠨᠤᠳᠤᠭ ᠤᠨ ᠬᠦᠮᠦᠰ ᠤᠨ ᠶᠠᠷᠢᠬᠤ ᠪᠠᠷ ᠤᠷᠢᠳᠦ ᠴᠠᠭ ᠲᠤ ᠡᠪᠤᠯ ᠤᠨ ᠭᠤᠷᠪᠠ ᠶᠢᠰᠦ ᠶᠢᠨ ᠬᠦᠢᠳᠡᠨ ᠳᠤ ᠨᠢᠭᠡ ᠬᠦᠬᠡ ᠪᠤᠬ᠎ᠠ ᠤᠨᠤᠭᠰᠠᠨ ᠪᠠᠶᠠᠨ ᠬᠦᠮᠦᠨ ᠪᠠᠭᠤᠬᠤ ᠶᠢᠨ ᠭᠤᠤᠯ ᠤᠨ ᠬᠤᠶᠢᠳᠦ ᠲᠠᠯ᠎ᠠ ᠠᠴᠠ ᠲᠤᠰ ᠠᠭᠤᠢ ᠶᠢᠨ ᠲᠤᠤᠷ᠎ᠠ ᠢᠷᠡᠭᠡᠳ ᠭᠤᠤᠯ ᠎ ᠤᠨ ᠮᠦᠰᠦ ᠴᠢᠯᠠᠭᠤ ᠬᠤᠶᠠᠷ ᠢ ᠪᠠᠷᠢᠯᠳᠤᠭᠤᠯᠤᠨ ᠬᠦᠯᠳᠡᠭᠡᠵᠦ ᠱᠠᠳᠤ ᠪᠤᠰᠬᠠᠨ ᠠᠭᠤᠢ ᠳᠤ ᠭᠠᠷᠴᠦ ᠤᠴᠢᠭᠠᠳ ᠲᠤᠳᠤᠷ᠎ᠠ ᠨᠢ ᠬᠡᠳᠦᠨ ᠭᠠᠩ ᠮᠦᠩᠬᠦ ᠪᠠᠨ ᠲᠠᠯᠪᠢᠵᠦ᠂ ᠠᠭᠤᠢ ᠶᠢᠨ ᠠᠮᠠ ᠶᠢ ᠨᠢ ᠴᠢᠯᠠᠭᠤ ᠪᠠᠷ ᠬᠠᠰᠢᠵᠦ ᠤᠷᠬᠢᠭᠰᠠᠨ ᠭᠡᠨ᠎ᠡ᠃ ᠲᠡᠭᠡᠭᠡᠳ ᠶᠠᠪᠤᠬᠤ ᠳᠠᠭᠠᠨ᠄ ︽ᠪᠠᠳᠠᠢ ᠶᠢᠨ ᠵᠢᠷᠠᠨ ᠤ ᠡᠯᠡᠰᠦ ᠵᠡᠬᠦᠨᠰᠢ ᠨᠡᠬᠦᠵᠦ ᠡᠨᠡ ᠠᠭᠤᠢ ᠎ ᠶᠢᠨ ᠠᠮᠠ ᠳᠤ ᠬᠦᠷᠬᠦ ᠳᠤ ᠵᠡᠬᠦᠨ ᠬᠤᠶᠢᠨ᠎ᠠ ᠠᠴᠠ ᠬᠦᠬᠡ ᠪᠤᠬ᠎ᠠ ᠤᠨᠤᠭᠰᠠᠨ ᠬᠦᠮᠦᠨ ᠢᠷᠡᠵᠦ ᠡᠨᠡ ᠮᠦᠩᠬᠦ ᠶᠢ ᠠᠪᠤᠨ᠎ᠠ︾ ᠭᠡᠵᠦ ᠬᠡᠯᠡᠵᠡᠢ᠃ ᠡᠨᠡ ᠬᠦᠬᠡ ᠪᠤᠬ᠎ᠠ ᠤᠨᠤᠭᠰᠠᠨ ᠬᠦᠮᠦᠨ ᠶᠠᠪᠤᠭᠰᠠᠨ ᠤ ᠲᠠᠷᠠᠭ᠎ᠠ ᠨᠦᠬᠦᠭᠡ ᠱᠠᠳᠤ ᠪᠠᠷᠢᠭᠰᠠᠨ ᠮᠦᠰᠦ ᠬᠠᠶᠢᠯᠵᠦ ᠴᠢᠯᠠᠭᠤ ᠨᠢ ᠨᠤᠷᠠᠵᠦ ᠤᠨᠠᠭᠰᠠᠨ ᠭᠡᠨ᠎ᠡ᠃ ᠡᠬᠦᠨ ᠠᠴᠠ ᠬᠤᠶᠢᠰᠢ ᠪᠠᠭᠤᠬᠤ ᠶᠢᠨ ᠭᠤᠤᠯ ᠤᠨ ᠪᠤᠯᠠᠭ ᠨᠢ ᠡᠳᠦᠭᠡ ᠪᠤᠯᠳᠠᠯ᠎ᠠ ᠲᠠᠬᠢᠵᠦ ᠬᠦᠯᠳᠡᠭᠰᠡᠨ ᠦᠭᠡᠢ ᠶᠤᠮ ᠭᠡᠨ᠎ᠡ᠃       ᠪᠠᠭᠤᠬᠤ ᠶᠢᠨ ᠭᠤᠤᠯ ᠶᠢ ᠪᠠᠰᠠ ᠪᠤᠬ᠎ᠠ ᠶᠢᠨ ᠭᠤᠤᠯ᠂ ᠪᠤᠶᠢᠬ᠎ᠠ ᠶᠢᠨ ᠭᠤᠤᠯ ᠭᠡᠮᠡᠨ ᠠᠳᠠᠯᠢ ᠪᠤᠰᠤ ᠪᠠᠷ ᠨᠤᠮ ᠰᠤᠳᠤᠷ ᠲᠤ ᠪᠢᠴᠢᠵᠦ ᠪᠤᠢ᠃ ᠪᠤᠬ᠎ᠠ ᠤᠨᠤᠭᠰᠠᠨ ᠬᠦᠮᠦᠨ ᠶᠠᠪᠤᠭᠰᠠᠨ ᠦᠯᠢᠭᠡᠷ ᠲᠤᠮᠤᠭ ᠠᠴᠠ ᠪᠤᠬ᠎ᠠ ᠶᠢᠨ ᠭᠤᠤᠯ ᠭᠡᠮᠡᠭᠰᠡᠨ ᠪᠤᠯᠪᠠᠤ︖ ᠡᠰᠡᠬᠦᠯ᠎ᠡ ᠪᠠᠭᠤᠬᠤ ᠶᠢᠨ ᠭᠤᠤᠯ ᠨᠢ ᠶᠠᠪᠠᠷᠠᠢ ᠠᠭᠤᠯᠠ ᠶᠢᠨ ᠬᠠᠮᠤᠭ ᠲᠤᠮᠤ ᠭᠤᠤᠯ ᠪᠠᠶᠢᠵᠦ᠂ ᠡᠷᠳᠡᠨ ᠳᠡᠭᠡᠨ ᠠᠭᠤᠯᠠ ᠶᠢᠨ ᠠᠷᠦ ᠠᠴᠠ ᠡᠮᠤᠨᠡᠰᠢ ᠪᠠᠭᠤᠵᠦ ᠢᠷᠡᠬᠦ ᠭᠤᠤᠯ ᠵᠠᠮ ᠨᠡᠪᠳᠡᠷᠡᠯᠬᠡ ᠪᠤᠯᠵᠦ ᠪᠠᠶᠢᠭᠰᠠᠨ ᠠᠴᠠ ᠪᠠᠭᠤᠬᠤ ᠶᠢᠨ ᠭᠤᠤᠯ ᠭᠡᠮᠡᠨ ᠨᠡᠷᠡᠯᠡᠭᠰᠡᠨ ᠴᠤ ᠶᠤᠮ ᠤᠤ︖ ᠡᠬᠦᠨ ᠤ ᠲᠤᠬᠠᠢ ᠲᠤᠳᠤᠷᠬᠠᠢ ᠲᠠᠶᠢᠯᠤᠮᠵᠢ ᠤᠯᠳᠠᠭᠰᠠᠨ ᠦᠭᠡᠢ᠃ ᠶᠠᠭᠤ ᠪᠤᠯᠤᠭᠰᠠᠨ ᠴᠤ ᠡᠨᠡ ᠬᠡᠳᠦᠨ ᠠᠳᠠᠯᠢ ᠪᠤᠰᠤ ᠨᠠᠷ᠎ᠠ ᠶᠢᠨ ᠠᠮᠠᠨ ᠤᠩᠰᠢᠯᠭ᠎ᠠ ᠶᠢᠨ ᠠᠶᠠᠯᠭᠤ ᠨᠢ ᠤᠶᠢᠷᠠᠯᠴᠠᠭ᠎ᠠ ᠪᠠᠶᠢᠭ᠎ᠠ ᠶᠤᠮ ᠪᠠᠶᠢᠨ᠎ᠠ᠃ ᠪᠠᠭᠤᠬᠤ ᠶᠢᠨ ᠭᠤᠤᠯ ᠨᠢ ᠤᠳᠤ ᠴᠤ ᠭᠡᠰᠡᠨ ᠤᠨᠤᠭ᠎ᠠ ᠮᠠᠰᠢᠨ ᠢᠶᠠᠷ ᠶᠠᠪᠠᠷᠠᠢ ᠠᠭᠤᠯᠠ ᠶᠢ ᠬᠤᠶᠢᠰᠢ ᠡᠮᠤᠨᠡᠰᠢ ᠲᠤᠭᠤᠯᠬᠤ ᠭᠤᠤᠯ ᠵᠠᠮ ᠪᠤᠯᠬᠤ ᠪᠠᠷ ᠪᠠᠷᠠᠬᠤ ᠦᠭᠡᠢ ᠪᠠᠭᠤᠬᠤ ᠶᠢᠨ ᠭᠤᠤᠯ ᠤᠨ ᠤᠰᠤ ᠪᠠᠷ ᠤᠶᠢᠷ᠎ᠠ ᠵᠡᠷᠭᠡᠯᠡᠳᠡᠭᠡ ᠪᠠᠶᠢᠭ᠎ᠠ ᠤᠢ ᠰᠢᠭᠤᠢ᠂ ᠲᠠᠷᠢᠶᠠᠯᠠᠩ᠂ ᠶᠠᠪᠠᠷᠠᠢ ᠪᠠᠯᠭᠠᠰᠤᠨ ᠤ ᠠᠷᠠᠳ ᠤᠨ ᠬᠡᠷᠡᠭᠴᠡᠭᠡᠨ ᠤ ᠤᠰᠤ ᠶᠢ ᠬᠠᠩᠭᠠᠵᠦ ᠪᠤᠢ᠃       ᠪᠢᠳᠠ ᠪᠠᠭᠤᠬᠤ ᠶᠢᠨ ᠭᠤᠤᠯ ᠤᠨ ᠲᠤᠰᠤᠨ ᠵᠠᠮ ᠢᠶᠠᠷ ᠠᠭᠤᠢ ᠶᠢ ᠡᠷᠢᠨ ᠲᠠᠪᠬᠢᠭᠤᠯᠤᠭᠰᠠᠭᠠᠷ ᠪᠠᠶᠢᠵᠦ ᠭᠠᠳᠤᠯᠤᠭᠠᠳ ᠶᠠᠪᠤᠴᠢᠬᠠᠵᠠᠢ᠃ ᠠᠵᠠ ᠪᠠᠷ ᠡᠨᠡ ᠨᠤᠳᠤᠭ ᠤᠨ ᠬᠠᠪᠢ ᠶᠢᠨ ᠮᠠᠯᠴᠢᠨ ᠡᠷᠳᠡᠨᠢᠠᠠᠭᠤᠯᠠ ᠲᠠᠢ ᠠᠭᠤᠯᠵᠠᠵᠦ ᠪᠢᠳᠠᠨ ᠢ ᠲᠠᠭᠠᠭᠤᠯᠤᠨ ᠠᠭᠤᠢ ᠶᠢᠨ ᠲᠡᠷᠭᠡᠳᠡ ᠬᠦᠷᠴᠦ ᠢᠷᠡᠯ᠎ᠡ᠃ ᠡᠨᠡ ᠠᠭᠤᠢ ᠶᠢ ᠨᠤᠳᠤᠭ ᠤᠨ ᠬᠦᠮᠦᠰ ᠮᠦᠩᠬᠦᠨ ᠤ ᠠᠭᠤᠢ ᠭᠡᠮᠡᠨ ᠨᠡᠷᠡᠯᠡᠳᠡᠭ ᠶᠤᠮ ᠪᠠᠶᠢᠨ᠎ᠠ᠃ ᠭᠤᠤᠯ ᠤᠨ ᠪᠠᠷᠠᠭᠤᠨ ᠲᠠᠯ᠎ᠠ ᠳᠠᠬᠢ ᠵᠡᠬᠦᠨᠰᠢ ᠬᠠᠨᠳᠤᠭᠰᠠᠨ ᠪᠠᠷᠤᠭ ᠵᠠᠭᠤᠭᠠᠳ ᠮᠧᠲᠷ ᠦᠨᠳᠦᠷ ᠠᠰᠬ᠎ᠠ ᠬᠠᠳᠠᠨ ᠠᠭᠤᠯᠠ ᠶᠢᠨ ᠲᠡᠭᠡᠳᠦ ᠲᠤᠮᠳᠠ ᠬᠡᠰᠡᠭ ᠲᠤ ᠠᠭᠤᠢ ᠬᠠᠷᠠᠭᠳᠠᠵᠦ᠂ ᠠᠮᠠ ᠨᠢ ᠵᠡᠬᠦᠨ ᠡᠮᠤᠨᠡᠰᠢ ᠴᠢᠭᠯᠡᠯ ᠲᠠᠢ ᠪᠦᠭᠡᠳ ᠬᠠᠳᠠ ᠴᠢᠯᠠᠭᠤ ᠨᠤᠷᠠᠵᠦ ᠢᠷᠡᠭᠡᠳ ᠠᠭᠤᠢ ᠎ ᠶᠢᠨ ᠠᠮᠠ ᠶᠢᠨ ᠲᠤᠤᠷ᠎ᠡ ᠬᠡᠰᠡᠭ ᠲᠤ ᠤᠪᠤᠭᠠᠷᠠᠨ ᠲᠤᠤᠷ᠎ᠠ ᠠᠴᠠ ᠬᠠᠷᠠᠬᠤ ᠳᠤ ᠶᠠᠭ ᠯᠠ ᠠᠭᠤᠢ ᠶᠢᠨ ᠠᠮᠠ ᠶᠢ ᠬᠠᠰᠢᠭᠰᠠᠨ ᠶᠤᠮ ᠰᠢᠭ᠋ ᠬᠠᠷᠠᠭᠳᠠᠵᠦ᠂ ᠨᠡᠭᠡᠷᠡᠨ ᠮᠦᠩᠬᠦ ᠪᠠᠨ ᠲᠠᠯᠪᠢᠭᠠᠳ ᠠᠭᠤᠢ ᠶᠢᠨ ᠠᠮᠠ ᠶᠢ ᠨᠢ ᠬᠠᠳᠠ ᠪᠠᠷ ᠬᠠᠰᠢᠭᠠᠳ ᠲᠠᠯᠪᠢᠭᠰᠠᠨ ᠴᠤ ᠪᠤᠯᠪᠠᠤ ᠭᠡᠰᠡᠨ ᠪᠤᠳᠤᠯ ᠦᠭᠴᠦ᠂ ᠴᠤᠬᠤᠮ ᠬᠦ ᠰᠢᠪᠠᠭᠤ ᠠᠴᠠ ᠦᠭᠡᠷ᠎ᠡ ᠠᠮᠢᠳᠠᠨ ᠮᠦᠷ ᠢᠶᠠᠨ ᠬᠦᠷᠭᠡᠵᠦ ᠴᠢᠳᠠᠰᠢ ᠦᠭᠡᠢ ᠭᠠᠵᠠᠷ ᠭᠡᠵᠦ ᠬᠡᠯᠡᠬᠦ ᠳᠤ ᠢᠯᠡᠬᠦᠳᠡᠬᠦ ᠪᠠᠷ ᠦᠭᠡᠢ᠃ ᠶᠡᠷᠤᠨᠢ ᠪᠢᠳᠠ ᠵᠠᠮ ᠵᠠᠭᠤᠷ᠎ᠠ ᠪᠠᠨ ᠨᠤᠳᠤᠭ ᠤᠨ ᠬᠦᠮᠦᠰ ᠠᠴᠠ ᠡᠨᠡ ᠠᠭᠤᠢ ᠳᠤ ᠭᠠᠷᠴᠦ ᠦᠩᠭᠡᠷᠡᠭᠰᠡᠨ ᠬᠦᠮᠦᠨ ᠪᠠᠶᠢᠨ᠎ᠠ ᠤᠤ︖ ᠭᠡᠮᠡᠨ ᠰᠤᠷᠠᠭᠯᠠᠬᠤ ᠳᠤ ᠦᠩᠭᠡᠷᠡᠭᠰᠡᠨ ᠳᠤ ᠵᠠᠯᠠᠭᠤᠴᠤᠳ ᠭᠠᠷᠴᠦ ᠦᠵᠡᠭᠰᠡᠨ ᠶᠤᠮ ᠭᠡᠨ᠎ᠡ ᠭᠡᠬᠦ ᠠᠴᠠ ᠪᠢᠰᠢ ᠬᠡᠨ ᠬᠡᠨ ᠭᠠᠷᠤᠯ᠎ᠠ ᠭᠡᠰᠡᠨ ᠨᠡᠷ᠎ᠡ ᠤᠰᠤ ᠶᠢ ᠲᠠᠭ ᠬᠡᠯᠡᠵᠦ ᠦᠭᠬᠦ ᠦᠭᠡᠢ ᠪᠠᠶᠢᠯ᠎ᠠ᠃ ᠴᠤᠬᠤᠮ ᠡᠨᠡ ᠲᠡᠷᠡ ᠬᠡᠷᠡᠭ ᠲᠤ ᠬᠤᠯᠪᠤᠭᠳᠠᠭᠤᠯᠴᠢᠬᠠᠬᠤ ᠠᠴᠠ ᠪᠤᠯᠭᠤᠮᠵᠢᠯᠠᠭᠰᠠᠨ ᠶᠤᠮ ᠤᠤ᠂ ᠡᠰᠡᠬᠦᠯ᠎ᠡ ᠁ ᠪᠤᠤ ᠮᠡᠳᠡ᠃ ︽ᠡᠭ᠍ᠴᠡ ᠠᠰᠬ᠎ᠠ ᠂ ᠪᠡᠷᠭᠡ ᠪᠠᠷᠳᠠᠭ᠎ᠠ ᠲᠠᠢ᠂ ᠲᠡᠭᠡᠷ᠎ᠡ ᠠᠴᠠ ᠲᠡᠭᠡᠰᠦ ᠪᠠᠷ ᠲᠡᠬᠦᠵᠢᠯᠡᠭᠳᠡᠨ ᠪᠠᠭᠤᠵᠦ ᠢᠷᠡᠬᠦ ᠪᠠᠷ ᠪᠤᠳᠤᠬᠤ ᠳᠤ ᠭᠡᠳᠦ ᠬᠡᠳᠦᠨ ᠠᠷᠭᠠᠮᠵᠢ ᠶᠢ ᠵᠠᠯᠭᠠᠬᠤ ᠦᠭᠡᠢ ᠪᠤᠯ ᠬᠦᠷᠬᠦ ᠦᠭᠡᠢ ᠶᠤᠮ ᠪᠠᠶᠢᠨ᠎ᠠ᠂ ᠠᠭᠤᠢ ᠶᠢᠨ ᠠᠮᠠ ᠪᠠᠶᠢᠭ᠎ᠠ ᠬᠡᠰᠡᠭ ᠎ ᠤᠨ ᠬᠠᠳᠠ ᠨᠢ ᠲᠤᠳᠤᠭᠰᠢ ᠪᠠᠭ᠎ᠠ ᠬᠤᠳᠤᠶᠢᠨ ᠤᠷᠤᠭᠰᠠᠨ ᠮᠠᠶ᠋ᠢᠭ ᠲᠠᠢ ᠲᠤᠯᠠ ᠢᠷ ᠲᠠᠢ ᠬᠠᠳᠠᠨ ᠳᠤ ᠲᠡᠭᠡᠰᠦ ᠬᠡᠷᠴᠢᠭᠳᠡᠨ ᠲᠠᠰᠤᠷᠠᠬᠤ ᠨᠢ ᠯᠠᠪᠳᠠᠢ᠂ ᠬᠠᠷᠢᠨ ᠲᠡᠮᠤᠷ ᠢᠶᠠᠷ ᠬᠢᠭᠰᠡᠨ ᠲᠡᠭᠡᠰᠦ ᠪᠠᠷ ᠲᠡᠬᠦᠵᠢᠯᠡᠭᠳᠡᠪᠡᠯ ᠪᠤᠯᠬᠤ ᠮᠠᠭᠠᠳ ᠂ ᠪᠠᠭᠤᠬᠤ ᠳᠠᠭᠠᠨ ᠲᠠᠬᠢᠨ ᠲᠡᠭᠡᠭᠰᠢ ᠲᠠᠳᠠᠵᠦ ᠭᠠᠷᠴᠦ ᠪᠤᠯᠬᠤ ᠦᠭᠡᠢ᠂ ᠬᠠᠷᠢᠨ ᠲᠤᠭᠤᠭᠰᠢ ᠨᠢ ᠲᠠᠯᠪᠢᠪᠠᠯ ᠪᠤᠯᠤᠮᠠᠷ ᠪᠠᠶᠢᠨ᠎ᠠ︾ ᠭᠡᠮᠡᠨ ᠪᠢᠳᠠ ᠮᠦᠩᠬᠦᠨ ᠤ ᠲᠤᠬᠠᠢ᠂ ᠠᠭᠤᠢ ᠶᠢᠨ ᠲᠤᠬᠠᠢ ᠦᠯᠢᠭᠡᠷ ᠲᠤᠮᠤᠭ᠂ ᠦᠨᠡᠨ ᠴᠤ ᠪᠤᠯᠤᠭ᠂ ᠬᠤᠳᠠᠯ ᠴᠤ ᠪᠤᠯᠤᠭ ᠪᠠᠭ᠋ᠠᠨ ᠵᠤᠭᠤᠭ ᠲᠡᠯᠬᠡᠬᠦ ᠶᠢᠨ ᠲᠠᠭᠠᠤ ᠰᠡᠬᠦᠳᠡᠷᠯᠡᠭᠡ ᠠᠪᠤᠭᠠᠳ ᠪᠤᠴᠠᠬᠤ ᠪᠤᠯᠤᠯ᠎ᠠ᠃ ︽ᠡ᠊ᠨᠳᠡ ᠠᠴᠠ ᠡᠮᠤᠨᠡᠬᠡᠨ ᠬᠡᠩᠭᠡᠷᠬᠡ ᠶᠢᠨ ᠦᠵᠦᠬᠦᠷ ᠬᠡᠳᠡᠭ ᠭᠠᠵᠠᠷ ᠲᠤ ᠨᠢᠭᠡᠨ ᠲᠤᠮᠤ ᠦᠭᠡᠷ ᠴᠢᠯᠠᠭᠤ ᠪᠤᠢ᠂ ᠡᠨᠡ ᠴᠢᠯᠠᠭᠤ ᠶᠢ ᠲᠡᠯᠡᠳᠬᠦ ᠳᠤ ᠶᠠᠭ ᠯᠠ ᠬᠡᠩᠭᠡᠷᠭᠡ ᠴᠠᠩ ᠰᠢᠭ᠋ ᠬᠦᠩᠬᠢᠨᠡᠵᠦ ᠲᠤᠤᠭᠠᠷᠳᠠᠭ᠂ ᠲᠠᠨᠠᠷ ᠤᠴᠢᠵᠦ ᠦᠵᠡᠯ ᠳ᠋ᠠ︾ ᠭᠡᠵᠦ ᠡᠷᠳᠡᠨᠢᠠᠠᠭᠤᠯᠠ ᠪᠢᠳᠠᠨ ᠳᠤ ᠲᠠᠨᠢᠯᠴᠠᠭᠤᠯᠤᠨ ᠬᠡᠯᠡᠵᠦ ᠪᠠᠶᠢᠯ᠎ᠠ᠃ ᠬᠡᠪᠡᠴᠦ ᠴᠠᠭ ᠤᠷᠤᠶᠢᠳᠠᠵᠦ᠂ ᠪᠢᠳᠠ ᠮᠠᠨᠳᠤᠯ ᠰᠤᠮᠤᠨ ᠤ ᠬᠦᠳᠡᠭᠡᠬᠤᠳᠳᠤᠭ ᠭᠠᠴᠠᠭᠠᠨ ᠤ ᠭᠠᠰᠢᠭᠤᠨ ᠭᠡᠮᠡᠬᠦ ᠭᠠᠵᠠᠷ ᠰᠠᠭᠤᠷᠢᠰᠢᠭ᠎ᠠ ᠲᠡᠮᠡᠭᠡᠴᠢᠨ ᠤᠷᠳᠤᠨᠠᠰᠤᠨ᠂ ᠲᠦᠮᠡᠨᠴᠡᠴᠡᠭ ᠤᠨ ᠬᠢᠨ ᠳᠤ ᠬᠦᠷᠴᠦ ᠰᠤᠷᠪᠤᠯᠵᠢᠯᠠᠭ᠎ᠠ ᠠᠪᠬᠤ ᠪᠠᠷ ᠴᠠᠭ ᠪᠤᠯᠵᠤᠭᠰᠠᠨ ᠪᠠᠶᠢᠭᠰᠠᠨ ᠲᠤᠯᠠ ᠤᠴᠢᠵᠦ ᠦᠵᠡᠵᠦ ᠠᠮᠵᠢᠯ ᠦᠭᠡᠢ ᠵᠠᠮ ᠢᠶᠠᠨ ᠬᠦᠭᠡᠭᠡᠯ᠎ᠡ᠃       ᠬᠡᠳᠦᠨ ᠡᠳᠦᠷ ᠤᠨ ᠬᠤᠶᠢᠨ᠎ᠠ ᠬᠠᠷᠢᠨ ᠡᠨᠡ ᠬᠦ ᠮᠦᠩᠬᠦᠨ ᠤ ᠠᠭᠤᠢ ᠳᠤ ᠤᠷᠤᠭᠰᠠᠨ ᠭᠡᠮᠡᠨ ᠦᠪᠡᠷ ᠢ ᠪᠠᠨ ᠲᠠᠨᠢᠯᠴᠠᠭᠤᠯᠤᠭᠰᠠᠨ ᠨᠤᠳᠤᠭ ᠤᠨ ᠨᠢᠭᠡᠨ ᠮᠠᠯᠴᠢᠨ ᠲᠠᠢ ᠪᠤᠯᠵᠤᠨ ᠠᠭᠤᠯᠵᠠᠵᠦ ᠰᠤᠨᠢᠨ ᠭᠠᠶᠢᠬᠠᠮᠰᠢᠭ ᠢ ᠨᠢ ᠠᠰᠠᠭᠤᠨ ᠰᠤᠨᠤᠰᠴᠦ ᠪᠢᠯᠡ᠃ ᠲᠡᠭᠡᠷ᠎ᠡ ᠵᠠᠭᠤᠨ ᠤ ᠶᠡᠷᠡᠭᠡᠳ ᠤᠨ ᠤ ᠤᠴᠢᠷ ᠪᠠᠶᠢᠭ᠎ᠠ ᠶᠤᠮ ᠪᠠᠶᠢᠨ᠎ᠠ᠃ ᠲᠤᠬᠠᠢ ᠎ ᠶᠢᠨ ᠦᠶ᠎ᠡ ᠳᠤ ᠡᠨᠡ ᠮᠠᠯᠴᠢᠨ ᠭᠠᠯ ᠵᠠᠯᠠᠭᠤ ᠨᠠᠰᠤᠨ ᠳᠠᠭᠠᠨ ᠪᠠᠶᠢᠵᠠᠢ᠃ ᠲᠡᠷᠡ ᠡᠨᠡ ᠠᠭᠤᠢ ᠳᠤ ᠤᠷᠤᠬᠤ ᠭᠡᠮᠡᠨ ᠠᠮᠢ ᠪᠠᠨ ᠠᠯᠳᠠᠭᠰᠠᠨ ᠦᠯᠢᠭᠡᠷ ᠤᠴᠢᠷ ᠢ ᠤᠯᠠᠨᠳᠠ ᠰᠤᠨᠤᠰᠴᠦ ᠪᠠᠶᠢᠭᠰᠠᠨ ᠪᠤᠯᠬᠤᠷ ᠲᠤᠷᠰᠢᠯᠭ᠎ᠠ ᠬᠤᠷᠠᠮᠳᠤᠭᠤᠯᠤᠨ ᠠᠷᠭ᠎ᠠ ᠤᠬᠠᠭᠠᠨ ᠰᠡᠳᠦᠵᠦ᠂ ᠨᠤᠳᠤᠭ ᠤᠨ ᠪᠤᠰᠤᠳ ᠬᠤᠶᠠᠷ ᠵᠠᠯᠠᠭᠤ ᠶᠢᠨ ᠬᠠᠮᠳᠦ ᠠᠭᠤᠢ ᠳᠤ ᠤᠷᠤᠬᠤ ᠪᠠᠷ ᠪᠤᠯᠵᠦᠵᠦ᠂ ᠲᠡᠷᠡ ᠦᠪᠡᠷ ᠢᠶᠠᠨ ᠠᠭᠤᠯᠠᠨ ᠲᠡᠭᠡᠷ᠎ᠡ ᠠᠴᠠ ᠲᠡᠮᠤᠷ ᠢᠶᠠᠷ ᠲᠠᠮᠤᠭᠰᠠᠨ ᠲᠡᠭᠡᠰᠦ ᠪᠠᠷ ᠲᠡᠬᠦᠵᠢᠯᠡᠭᠳᠡᠨ ᠠᠭᠤᠢ ᠳᠤ ᠤᠷᠤᠵᠦ᠂ ᠲᠠᠬᠢᠭᠠᠳ ᠲᠤᠷᠤᠭᠰᠢ ᠲᠡᠬᠦᠵᠢᠯᠡᠭᠳᠡᠨ ᠪᠠᠭᠤᠭᠰᠠᠨ ᠶᠤᠮ ᠭᠡᠨ᠎ᠡ᠃ ︽ᠠᠭᠤᠢ ᠶᠢᠨ ᠠᠮᠠ ᠎ ᠪᠠᠷ ᠵᠢᠭᠠᠬᠠᠨ ᠪᠦᠬᠦᠶᠢᠰᠬᠢᠪᠡᠯ ᠤᠷᠤᠴᠢᠬᠠᠨ᠎ᠠ᠂ ᠠᠭᠤᠢ ᠲᠤᠳᠤᠷ᠎ᠠ ᠠᠴᠠ ᠬᠦᠢᠳᠡᠨ ᠵᠢᠪᠠᠷ ᠰᠡᠩᠬᠢᠨᠡᠳᠡᠯ᠎ᠡ ᠦᠯᠢᠶᠡᠵᠦ ᠂ ᠴᠦᠳᠡᠩ ᠠᠰᠠᠭᠠᠬᠤ ᠳᠤ ᠪᠡᠯᠡᠨ ᠦᠯᠢᠶᠡᠭᠳᠡᠭᠡᠳ ᠤᠨᠳᠠᠷᠠᠵᠦ ᠪᠠᠶᠢᠯ᠎ᠠ᠂ ᠠᠭᠤᠢ ᠲᠤᠳᠤᠷ᠎ᠠ ᠲᠦᠷᠪᠡᠯᠵᠢᠨ ᠰᠢᠷᠡᠭᠡ ᠲᠠᠯᠪᠢᠭᠠᠳ ᠮᠠᠵᠢᠶᠠᠩ ᠨᠠᠭᠠᠳᠴᠦ ᠪᠤᠯᠬᠤ ᠬᠢᠷᠢ ᠵᠠᠢ ᠲᠠᠢ᠂ ᠠᠭᠤᠢ ᠶᠢᠨ ᠠᠮᠠᠨ ᠤ ᠲᠤᠳᠤᠷ᠎ᠠ ᠲᠠᠯ᠎ᠠ ᠳᠤ ᠨᠢᠭᠡᠨ ᠬᠢᠯᠠᠭᠠᠷ ᠬᠠᠳᠠ ᠪᠤᠢ᠂ ᠡᠨᠡ ᠨᠢ ᠵᠡᠬᠦᠨ ᠤᠷᠤᠢ ᠲᠡᠭᠡᠷ᠎ᠡ ᠠᠴᠠ ᠬᠠᠷᠠᠬᠤ ᠳᠤ ᠭᠠᠩ ᠲᠠᠢ ᠮᠦᠩᠬᠦ‍ ᠰᠢᠭ ᠬᠠᠷᠠᠭᠳᠠᠭᠠᠳ ᠪᠠᠶᠢᠭᠰᠠᠨ ᠪᠠᠶᠢᠯᠳᠠᠢ᠂ ᠬᠢᠰᠬᠢᠬᠦ ᠳᠤ ᠠᠭᠤᠢ ᠶᠢᠨ ᠠᠮᠠᠰᠠᠷ ᠲᠤ ᠤᠪᠤᠭᠠᠷᠠᠭᠰᠠᠨ ᠴᠢᠯᠠᠭᠤ ᠲᠤᠷᠤᠭᠰᠢ ᠤᠨᠠᠵᠦ ᠪᠠᠶᠢᠭᠰᠠᠨ᠂ ᠪᠢ ᠦᠭᠡᠷ᠎ᠡ ᠡᠨᠡ ᠠᠭᠤᠢ ᠳᠤ ᠤᠷᠤᠵᠦ ᠦᠩᠭᠡᠷᠡᠭᠰᠡᠨ ᠬᠦᠮᠦᠨ ᠢ ᠰᠤᠨᠤᠰᠴᠦ ᠦᠩᠭᠡᠷᠡᠭᠡ ᠦᠭᠡᠢ︾ ᠭᠡᠮᠡᠨ ᠠᠭᠤᠢ ᠳᠤ ᠤᠷᠤᠭᠰᠠᠨ ᠦᠩᠭᠡᠷᠡᠯᠳᠡ ᠪᠠᠨ ᠵᠤᠭᠤᠭ ᠪᠤᠯᠭᠠᠨ ᠬᠡᠯᠡᠵᠦ ᠪᠢᠯᠡ᠃       ᠡᠬᠡ ᠪᠠᠶᠢᠭᠠᠯᠢ ᠭᠡᠭᠴᠢ ᠡᠶᠢᠮᠦ ᠯᠡ ᠭᠠᠶᠢᠬᠠᠮᠰᠢᠭ ᠲᠠᠢ ᠪᠦᠭᠡᠳ ᠨᠢᠭᠤᠴᠠᠭᠠᠢ ᠠᠵᠤᠭᠤ᠃ ᠮᠦᠩᠬᠦᠨ ᠤ ᠠᠭᠤᠢ ᠶᠢᠨ ᠦᠯᠢᠭᠡᠷ ᠲᠤᠮᠤᠭ ᠠᠷᠠᠳ ᠤᠨ ᠲᠤᠮᠳᠠ ᠦᠷᠬᠦᠯᠵᠢᠯᠡᠭᠰᠡᠭᠡᠷ ᠁
      ᠮᠦᠩᠬᠦᠨ ᠤ ᠠᠭᠤᠢ ᠨᠢ ᠶᠠᠪᠠᠷᠠᠢ ᠠᠭᠤᠯᠠ ᠶᠢᠨ ᠪᠠᠭᠤᠬᠤ ᠶᠢᠨ ᠭᠤᠤᠯ ᠳᠤ ᠪᠠᠶᠢᠳᠠᠭ᠃ ᠲᠤᠳᠤᠷ᠎ᠠ ᠨᠢ ᠭᠠᠩ ᠲᠠᠢ ᠮᠦᠩᠬᠦ ᠬᠠᠳᠠᠭᠠᠯᠠᠨ ᠲᠠᠯᠪᠢᠭᠠᠳ ᠠᠮᠠᠰᠠᠷ ᠢ ᠨᠢ ᠴᠢᠯᠠᠭᠤ ᠪᠠᠷ ᠬᠠᠰᠢᠵᠦ᠂ ᠵᠡᠬᠦᠨ ᠤᠷᠤᠢ ᠠᠴᠠ ᠬᠠᠷᠠᠬᠤ ᠳᠤ ᠨᠠᠷᠠᠨ ᠳᠤ ᠬᠢᠯᠠᠯᠵᠠᠨ ᠬᠠᠷᠠᠭᠳᠠᠳᠠᠭ ᠭᠡᠨ᠎ᠡ᠃
     
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号