ᠡᠯᠢᠭᠡ ᠦᠭᠡᠬᠦᠯᠡᠭᠰᠡᠨ ᠬᠦᠮᠦᠨ ᠤ ᠴᠡᠭᠡᠷᠯᠡᠬᠦ ᠵᠦᠢᠯ
ᠨᠡᠶᠢᠲᠡᠯᠡᠭᠰᠡᠨ ᠴᠠᠭ᠄
2022/6/30
                             ᠡᠯᠢᠭᠡ ᠦᠭᠡᠬᠦᠯᠡᠬᠦ ᠪᠣᠯ ᠨᠢᠭᠡ ᠵᠦᠢᠯ ᠤᠨ ᠵᠠᠰᠠᠯ ᠤᠳᠠᠭᠠᠨ ᠠᠪᠳᠠᠭ ᠡᠪᠡᠳᠴᠢᠨ ᠮᠦᠨ᠃ ᠬᠡᠷᠪᠡ ᠠᠬᠠᠳᠠᠪᠠᠯ ᠵᠠᠰᠠᠯ ᠠᠪᠬᠤ ᠦᠭᠡᠢ ᠪᠣᠯᠵᠤ ᠠᠮᠢᠨ ᠳᠤ ᠬᠦᠷᠬᠦ ᠪᠣᠯᠣᠨ᠎ᠠ᠃ ᠡᠶᠢᠮᠦ ᠠᠴᠠ ᠡᠯᠢᠬᠡ ᠦᠬᠡᠬᠦᠯᠡᠭᠰᠡᠨ ᠬᠦᠮᠦᠨ ᠳᠣᠣᠷᠠᠬᠢ ᠵᠦᠢᠯ ᠢ ᠠᠩᠬᠠᠷᠬᠤ ᠬᠡᠷᠡᠭᠲᠡᠢ᠃      1. ᠶᠠᠮᠠᠷ ᠴᠦ ᠲᠦᠷᠦᠯ ᠤᠨ ᠠᠷᠢᠬᠢ ᠶᠢ ᠤᠤᠭᠤᠵᠤ ᠪᠣᠯᠬᠤ ᠦᠭᠡᠢ᠃      2. ᠦᠭᠡᠬᠦ ᠲᠤᠰᠤ ᠶᠡᠭᠡ ᠢᠳᠡᠭᠡᠨ ᠬᠡᠲᠦ ᠤᠯᠠᠨ ᠢᠳᠡᠬᠦ ᠶᠢ ᠴᠡᠭᠡᠷᠯᠡᠬᠦ᠃      3. ᠰᠣᠩᠬᠢᠨ᠎ᠠ ᠰᠠᠷᠢᠮᠰᠠᠭ ᠵᠦᠢᠯ ᠤᠨ ᠬᠤᠷᠴᠠ ᠬᠠᠯᠠᠭᠤᠨ ᠵᠦᠢᠯ ᠢ ᠴᠡᠭᠡᠷᠯᠡᠬᠦ᠃      4. ᠬᠡᠲᠦ ᠶᠡᠭᠡ ᠬᠦᠴᠦᠨ ᠤ ᠠᠵᠢᠯ ᠬᠢᠵᠦ ᠬᠦᠯᠦᠰᠦ ᠬᠦᠴᠦ ᠭᠠᠷᠬᠤ ᠶᠢ ᠴᠡᠭᠡᠷᠯᠡᠬᠦ᠃      5. ᠴᠠᠢ ᠶᠢ ᠠᠭᠰᠢᠭᠤᠨ ᠤᠤᠭᠤᠵᠤ ᠪᠣᠯᠬᠤ ᠦᠭᠡᠢ᠃      6. ᠳᠠᠪᠣᠰᠤ ᠢᠳᠡᠬᠦ ᠶᠢ ᠡᠳᠦᠷ ᠲᠤ 5 — 6 ᠭᠷᠠᠮ ᠠᠴᠠ ᠬᠡᠲᠦᠷᠡᠭᠦᠯᠵᠦ ᠪᠣᠯᠬᠤ ᠦᠭᠡᠢ᠃      7. ᠬᠡᠲᠦ ᠶᠡᠭᠡ ᠦᠯᠦᠰᠴᠦ᠂ ᠬᠡᠲᠦ ᠶᠡᠭᠡ ᠴᠠᠳᠳᠠᠯ᠎ᠠ ᠢᠳᠡᠵᠦ ᠪᠣᠯᠬᠤ ᠦᠭᠡᠢ᠃      8. ᠡᠳᠦᠷ ᠲᠤ ᠪᠠᠨ ᠠᠷᠪᠢᠨ ᠣᠨᠲᠠᠵᠤ ᠪᠣᠯᠬᠤ ᠦᠭᠡᠢ᠃      9. ᠵᠤᠬᠢᠰᠲᠠᠢ ᠪᠡᠶ᠎ᠡ ᠶᠢᠨ ᠬᠦᠳᠡᠯᠭᠡᠭᠡᠨ ᠳᠤ ᠣᠷᠣᠯᠴᠠᠵᠤ ᠰᠢᠮ᠎ᠡ ᠲᠡᠵᠢᠭᠡᠯ ᠬᠦᠢᠴᠡᠳ ᠨᠦᠬᠦᠪᠡᠷᠢᠯᠡᠵᠦ ᠡᠮᠴᠢ ᠶᠢᠨ ᠵᠢᠭᠠᠪᠤᠷᠢ ᠪᠠᠷ ᠡᠮ᠎ᠡ ᠬᠡᠷᠡᠭᠡᠯᠡᠬᠦ ᠬᠡᠷᠡᠭᠲᠡᠢ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号