ᠤᠷᠢᠶᠠᠩᠬᠠᠨ · ᠤ ᠶᠤᠨᠳᠤᠨ | | | | | ᠨᠢᠭᠡ᠂ ᠮᠠᠯ ᠬᠠᠷᠢᠭᠤᠯᠬᠤᠢ ᠶᠢᠨ ᠪᠡᠯᠴᠢᠭᠡᠷ ᠲᠤ ᠵᠤᠬᠢᠴᠠᠬᠤ ᠠᠷᠭ᠎ᠠ ᠬᠡᠯᠪᠡᠷᠢ | ᠨᠤᠲᠤᠭ ᠲᠡᠪᠰᠢᠭᠰᠡᠨ ᠤ ᠲᠠᠷᠠᠭᠠᠬᠢ ᠮᠠᠯ ᠰᠦᠷᠦᠭ ᠤᠨ ᠪᠡᠯᠴᠢᠭᠡᠷ ᠤᠨ ᠬᠠᠷᠢᠭᠤᠯᠭ᠎ᠠ ᠪᠤᠯ ᠰᠢᠨ᠎ᠡ | ᠪᠡᠯᠴᠢᠭᠡᠷ ᠲᠤ ᠭᠠᠷᠤᠯ᠎ᠠ ᠭᠡᠳ ᠭᠠᠳᠠᠨ᠎ᠠ ᠪᠠᠨ ᠬᠤᠷᠢᠶᠠᠨ ᠮᠠᠯᠵᠢᠬᠤ ᠪᠢᠰᠢ ᠬᠠᠷᠢᠨ ᠪᠡᠯᠴᠢᠭᠡᠷ ᠲᠤ ᠭᠠᠷᠭᠠᠬᠤ ᠶᠠᠪᠤᠳᠠᠯ | ᠪᠠᠶᠢᠳᠠᠭ᠃ ᠪᠡᠯᠴᠢᠭᠡᠷ ᠲᠤ ᠭᠠᠷᠭᠠᠬᠤ ᠭᠡᠳᠡᠭ ᠨᠢ ᠭᠡᠷ ᠠᠴᠠ ᠪᠠᠨ ᠵᠠᠶᠢᠳᠠᠢ ᠶᠠᠪᠤᠭᠤᠯᠵᠦ᠂ ᠰᠢᠯᠢ ᠶᠢᠨ ᠪᠡᠯᠴᠢᠭᠡᠷ ᠲᠤ | ᠢᠳᠡᠰᠢᠯᠡᠭᠦᠯᠬᠦ ᠶᠢ ᠵᠢᠭᠠᠳᠠᠭ᠃ ᠭᠡᠷ ᠤᠨ ᠤᠶᠢᠷᠠᠯᠴᠠᠭ᠎ᠠ ᠮᠠᠯ ᠰᠦᠷᠦᠭ ᠬᠠᠷᠢᠭᠤᠯᠪᠠᠯ ︽ᠠᠷᠭᠠᠮᠵᠢᠶ᠎ᠠ ᠳᠠᠭᠡᠷ᠎ᠡ | ᠮᠠᠯ ᠢᠶᠠᠨ ᠬᠤᠷᠢᠶᠠᠯ᠎ᠠ︾ ᠭᠡᠵᠦ ᠵᠡᠩᠨᠡᠯᠳᠠᠳᠠᠭ ᠶᠤᠮ᠃ ᠮᠣᠩᠭᠤᠯᠴᠤᠳ ᠤᠨ ᠤᠯᠠᠮᠵᠢᠯᠠᠯᠳᠤ ᠮᠠᠯᠵᠢᠬᠤ ᠠᠷᠭ᠎ᠠ ᠪᠠᠷ | ᠪᠤᠯ ᠮᠠᠯ ᠰᠦᠷᠦᠭ ᠢ ᠦᠷᠯᠦᠭᠡ ᠪᠡᠯᠴᠢᠭᠡᠪᠡᠯ ᠤᠷᠤᠢ ᠨᠢᠭᠡᠯᠡ ᠬᠤᠳᠠᠯᠠᠳᠠᠭ᠃ ᠡᠭᠦᠨ ᠳᠤ ᠦᠷᠯᠦᠭᠡ ᠡᠷᠳᠡ ᠳᠤ ︽ | ᠬᠤᠨᠢ ᠬᠦᠳᠡᠯᠭᠡᠬᠦ ᠬᠦᠮᠦᠨ︾᠂ ᠬᠤᠳᠠᠨ ᠠᠴᠠ ᠬᠠᠷᠢᠭᠤᠯᠬᠤ ᠵᠦᠭ ᠲᠤᠨᠢ ᠰᠦᠷᠦᠭ ᠢ ᠨᠢ ᠬᠦᠳᠡᠯᠭᠡᠵᠦ ᠦᠭᠳᠡᠭ | ᠪᠦᠭᠡᠳ ᠦᠳᠡ ᠠᠴᠠ ᠬᠤᠶᠢᠰᠢ ︽ᠤᠭᠳᠤᠭᠤᠯ ᠤᠨ ᠬᠦᠮᠦᠨ︾ ᠲᠤᠰᠴᠤ᠂ ᠮᠠᠯ ᠬᠠᠷᠢᠭᠤᠯᠤᠭᠴᠢ ᠶᠢ ᠢᠳᠡᠭᠦᠯᠵᠦ | ᠤᠤᠭᠤᠯᠭᠠᠬᠤ ᠶᠠᠪᠤᠳᠠᠯ ᠪᠠᠶᠢᠬᠤ ᠠᠴᠠ ᠪᠢᠰᠢ᠂ ᠦᠳᠡ ᠳᠤ ᠮᠠᠯ ᠰᠦᠷᠦᠭ ᠢᠶᠠᠷ ᠪᠤᠴᠠᠬᠤ ᠶᠠᠪᠤᠳᠠᠯ ᠦᠭᠡᠢ ᠶᠤᠮ᠃ | ᠰᠦᠷᠦᠭ ᠢᠶᠠᠨ ᠪᠡᠯᠴᠢᠭᠡᠬᠦ ᠳᠡᠭᠡᠨ ᠨᠢᠭᠡᠯᠡ ᠵᠦᠭ ᠲᠠᠷᠬᠠᠭᠠᠨ ᠢᠳᠡᠰᠢᠯᠡᠭᠦᠵᠦ ᠶᠠᠪᠤᠭᠰᠠᠭᠠᠷ ᠨᠠᠷᠠ ᠬᠡᠯᠪᠡᠶᠢᠵᠦ | ᠦᠳᠡ ᠠᠴᠠ ᠬᠤᠶᠢᠰᠢ ᠪᠤᠯᠬᠤ ᠲᠠᠢ ᠵᠡᠷᠭᠡ ᠰᠠᠶ᠋ᠢ ᠰᠦᠷᠦᠭ ᠡᠷᠭᠢᠵᠦ ᠠᠭᠠᠵᠢᠮ ᠢᠶᠠᠷ ᠪᠤᠴᠠᠨ ᠤᠷᠤᠢ ᠨᠠᠷᠠ | ᠰᠢᠩᠭᠡᠭᠰᠡᠨ ᠤ ᠲᠠᠷᠠᠭ᠎ᠠ ᠬᠤᠳᠠᠨ ᠳᠠᠭᠠᠨ ᠢᠷᠡᠳᠡᠭ᠃ ᠨᠢᠭᠡ ᠵᠦᠭ ᠲᠤ ᠤᠯᠠᠨᠳᠡ ᠭᠠᠷᠭᠠᠬᠤ ᠶᠢ ᠴᠡᠭᠡᠷᠯᠡᠵᠦ᠂ ᠡᠳᠦᠷ | ᠪᠦᠷᠢ ᠶᠢᠨ ᠪᠡᠯᠴᠢᠭᠡᠷᠯᠡᠬᠦ ᠵᠦᠭ ᠶᠢ ᠴᠤ ᠪᠠᠶᠢᠩᠭᠤ ᠰᠤᠯᠢᠳᠠᠭ᠃ ᠡᠭᠦᠨ ᠤ ᠶᠤᠰᠤ ᠤᠴᠢᠷ ᠪᠤᠯ ᠰᠦᠷᠦᠭ ᠶᠠᠪᠤᠵᠦ | ᠪᠤᠴᠠᠬᠤ ᠳᠠᠭᠠᠨ 15 — 20 ᠺᠢᠯᠤᠮᠧᠲᠷ ᠤᠷᠴᠢᠮ ᠭᠠᠵᠠᠷ ᠬᠤᠯᠠ ᠶᠠᠪᠤᠵᠦ᠂ ᠲᠡᠷᠡ ᠡᠳᠦᠷ ᠲᠡᠭᠡᠨ ᠨᠢᠭᠡ | ᠭᠠᠵᠠᠷ ᠲᠤ ᠭᠢᠰᠬᠢᠬᠦ ᠠᠴᠠ ᠬᠤᠶᠠᠷ ᠲᠠᠪᠬᠤᠷᠳᠠᠭᠤᠯᠬᠤ ᠦᠭᠡᠢ ᠶᠤᠮ᠃ ᠡᠶᠢᠮᠦ ᠪᠠᠷ ᠨᠢᠯᠬ᠎ᠠ ᠨᠤᠭᠤᠭ᠎ᠠ ᠶᠢ ᠭᠡᠮᠳᠦᠭᠡᠬᠦ | ᠪᠠ ᠤᠷᠭᠤᠯᠳᠠ ᠭᠦᠢᠴᠡᠭᠰᠡᠨ ᠡᠪᠡᠰᠦ ᠶᠢ ᠬᠢᠰᠬᠢᠯᠡᠨ ᠰᠦᠢᠳᠭᠡᠬᠦ ᠬᠡᠪᠴᠢᠶ᠎ᠠ ᠲᠦᠢᠯ ᠤᠨ ᠪᠠᠭ᠎ᠠ ᠪᠤᠯᠳᠠᠭ᠃ | ᠮᠠᠯᠴᠢᠳ ᠶᠡᠷᠦᠨᠢ ᠡᠷᠳᠡ ᠠᠴᠠ᠂ ᠮᠠᠯ ᠤᠨ ᠲᠤᠭ᠎ᠠ ᠪᠤᠯᠤᠨ ᠪᠡᠯᠴᠢᠭᠡᠷ ᠤᠨ ᠠᠰᠢᠭᠯᠠᠮᠵᠢ ᠶᠢᠨ ᠬᠡᠪᠴᠢᠶ᠎ᠡ ᠶᠢᠨ | ᠬᠤᠭᠤᠷᠤᠨᠳᠤᠬᠢ ᠬᠠᠷᠢᠴᠠᠭ᠎ᠠ ᠶᠢ ᠵᠦᠢ ᠵᠤᠬᠢᠰᠳᠠᠢ ᠠᠰᠢᠭᠯᠠᠨ ᠰᠡᠢᠳᠪᠦᠷᠢᠯᠡᠵᠦ ᠢᠷᠡᠭᠰᠡᠨ ᠪᠠᠶᠢᠳᠠᠭ᠂ ᠨᠢᠭᠡ | ᠨᠤᠲᠤᠭ ᠲᠤ ᠤᠳᠠᠭᠠᠨ ᠰᠠᠭᠤᠬᠤ ᠪᠠ ᠮᠠᠯ ᠤᠨ ᠲᠤᠭ᠎ᠠ ᠲᠤᠯᠤᠭᠠᠢ ᠤᠯᠠᠰᠢᠷᠠᠵᠦ᠂ ︽ᠲᠤᠭᠤᠷᠠᠢ ᠶᠢᠨ ᠵᠤᠳ︾ | ᠪᠤᠯᠬᠤ ᠠᠴᠠ ᠰᠡᠷᠭᠡᠶᠢᠯᠡᠵᠦ᠂ ᠬᠤᠳᠳᠤᠭ ᠮᠠᠯᠳᠠᠵᠦ ᠰᠢᠯᠢ ᠪᠡᠯᠴᠢᠭᠡᠷ ᠢᠶᠠᠨ ᠠᠰᠢᠭᠯᠠᠬᠤ ᠪᠠ ᠰᠦᠷᠦᠭ ᠰᠠᠯᠭᠠᠨ | ᠮᠠᠯᠵᠢᠬᠤ ᠵᠡᠷᠭᠡ ᠪᠦᠳᠦᠮᠵᠢᠳᠡᠢ ᠠᠷᠭ᠎ᠠ ᠶᠢ ᠠᠪᠴᠤ᠂ ᠪᠡᠯᠴᠢᠭᠡᠷ ᠢᠶᠠᠨ ᠵᠤᠬᠢᠰᠳᠠᠢ ᠠᠰᠢᠭᠯᠠᠬᠤ ᠳᠠᠭᠠᠨ | ᠦᠢᠯᠡᠴᠢᠯᠡᠭᠦᠯᠦᠭᠰᠡᠨ ᠪᠠᠶᠢᠳᠠᠭ᠃ | ᠬᠤᠶᠠᠷ᠂ ᠨᠤᠲᠤᠭ ᠦᠵᠡᠬᠦ ᠰᠢᠯᠳᠠᠭᠠᠨ | ᠮᠣᠩᠭᠤᠯᠴᠤᠳ ᠤᠨ ᠵᠦᠢᠷ ᠰᠡᠴᠡᠨ ᠦᠭᠡᠨ ᠳᠤ ︽ᠨᠡᠭᠦᠬᠦ ᠠᠴᠠ ᠡᠮᠦᠨ᠎ᠡ ᠨᠤᠲᠤᠭ ᠢᠶᠠᠨ ᠰᠤᠩᠭᠤ᠂ | ᠪᠠᠭᠤᠬᠤ ᠠᠴᠠ ᠡᠮᠦᠨ᠎ᠡ ᠪᠡᠯᠴᠢᠭᠡᠷ ᠢᠶᠠᠨ ᠰᠢᠨᠵᠢ︕︾ ᠭᠡᠳᠡᠭᠴᠢᠯᠡᠨ᠂ ᠭᠡᠷ ᠤᠨ ᠡᠵᠡᠨ ᠨᠡᠭᠦᠬᠦ ᠶᠢᠨ ᠡᠮᠦᠨ᠎ᠡ | ᠨᠤᠲᠤᠭ ᠰᠠᠭᠤᠴᠠ ᠪᠠᠨ ᠯᠠᠪ ᠲᠠᠪᠠ ᠲᠠᠢ ᠦᠵᠡᠵᠦ ᠢᠷᠡᠳᠡᠭ᠃ ᠨᠡᠭᠦᠬᠦ ᠳᠤ ᠨᠤᠲᠤᠭ ᠦᠵᠡᠬᠦ᠂ ᠬᠦᠯᠦᠪᠦᠷᠢ | ᠬᠦᠯᠦᠰᠢ ᠪᠠᠨ ᠪᠦᠷᠢᠯᠳᠦᠭᠦᠯᠬᠦ᠂ ᠤᠷᠤᠨ ᠰᠠᠭᠤᠴᠠ ᠪᠠᠨ ᠠᠴᠢᠶᠠᠯᠠᠬᠤ᠂ ᠲᠡᠷᠭᠡ ᠪᠠᠨ ᠬᠦᠯᠵᠦ ᠨᠡᠭᠦᠬᠦ᠂ ᠭᠡᠷ | ᠪᠠᠷᠢᠬᠤ᠂ ᠬᠤᠷᠤᠭ᠎ᠠ ᠬᠤᠰᠢ ᠪᠠᠨ ᠬᠢᠬᠦ ᠵᠡᠷᠭᠡ ᠦᠢᠯᠡ ᠶᠠᠪᠤᠳᠠᠯ ᠢᠶᠠᠷ ᠪᠡᠶᠡᠯᠡᠭᠳᠡᠳᠡᠭ᠃ ᠨᠡᠭᠦᠳᠡᠯ ᠬᠢᠬᠦ ᠳᠤ ᠨᠤᠲᠤᠭ | ᠦᠵᠡᠬᠦ ᠶᠠᠪᠤᠳᠠᠯ ᠪᠤᠯ ᠭᠤᠤᠯ ᠴᠢᠬᠤᠯᠠ ᠪᠤᠯᠳᠠᠭ᠃ ᠲᠡᠳᠡ ᠨᠤᠲᠤᠭ ᠦᠵᠡᠬᠦ ᠳᠡᠭᠡᠨ᠂ ︽ᠨᠡᠭᠦᠳᠡᠯ ᠢᠶᠠᠷ ᠵᠤᠰᠠᠪᠠᠯ | ᠰᠡᠷᠢᠭᠦᠨ᠂ ᠰᠠᠭᠤᠳᠠᠯ ᠢᠶᠠᠷ ᠡᠪᠦᠯᠵᠢᠪᠡᠯ ᠲᠤᠯᠠᠭᠠᠨ︕︾ ᠭᠡᠬᠦ ᠵᠢᠮ᠎ᠡ ᠶᠢ ᠮᠦᠷᠳᠡᠵᠦ᠂ ᠠᠶᠢᠯ ᠡᠷᠦᠬᠡ ᠮᠠᠯ | ᠰᠦᠷᠦᠭ ᠰᠢᠨ᠎ᠡ ᠨᠤᠲᠤᠭ ᠲᠤ ᠪᠠᠭᠤᠵᠦ ᠪᠡᠯᠴᠢᠭᠡᠷ ᠰᠡᠯᠭᠦᠨ ᠰᠤᠯᠢᠬᠤ ᠶᠠᠪᠤᠳᠠᠯ ᠪᠤᠯᠬᠤ ᠲᠤᠯᠠ ᠪᠡᠯᠴᠢᠭᠡᠷ ᠤᠨ | ᠤᠷᠭᠤᠴᠠ᠂ ᠡᠪᠡᠰᠦᠨ ᠤ ᠰᠢᠮ᠎ᠡ ᠱᠦᠯᠳᠦ᠂ ᠤᠰᠤᠨ ᠤ ᠲᠤᠬᠢᠷᠠᠮᠵᠢ ᠵᠡᠷᠭᠡ ᠶᠢ ᠰᠢᠨᠵᠢᠯᠡᠨ ᠦᠵᠡᠬᠦ ᠶᠢᠨ ᠬᠠᠮᠳᠤ | ᠭᠡᠷ ᠪᠠᠷᠢᠬᠤ ᠭᠠᠵᠠᠷ᠂ ᠠᠷᠭᠠᠮᠵᠢᠶᠠᠨ ᠤ ᠪᠡᠯᠴᠢᠭᠡᠷ ᠰᠠᠶᠢᠨ ᠡᠰᠡᠬᠦ᠂ ᠭᠦᠢᠳᠡᠨ ᠤᠯᠠᠷᠢᠯ ᠳᠤ ᠨᠦᠮᠦᠷᠢ ᠲᠤᠯᠠᠭᠠᠨ | ᠭᠠᠵᠠᠷ ᠤᠨ ᠬᠤᠭ ᠲᠠᠢ ᠨᠤᠲᠤᠭ ᠶᠢ ᠴᠢᠬᠤᠯᠠᠴᠢᠯᠠᠵᠦ᠂ ᠬᠠᠯᠠᠭᠤᠨ ᠲᠤᠯᠠᠭᠠᠨ ᠤᠯᠠᠷᠢᠯ ᠳᠤ ᠰᠡᠷᠢᠭᠦᠨ ᠲᠡᠭᠰᠢᠭᠡᠨ | ᠲᠡᠨᠵᠢ ᠪᠠ ᠵᠤ ᠭᠠᠵᠠᠷ ᠢ ᠰᠤᠩᠭᠤᠳᠠᠭ᠃ ᠨᠤᠲᠤᠭ ᠦᠵᠡᠵᠦ ᠲᠤᠭᠤᠭᠰᠠᠨ ᠭᠠᠵᠠᠷ ᠲᠠᠭᠠᠨ ᠠᠷᠭᠠᠯ ᠤᠪᠤᠭᠠᠯᠠᠬᠤ | ᠵᠡᠷᠭᠡ ᠪᠠᠷ ᠲᠡᠮᠳᠡᠭ ᠲᠠᠯᠪᠢᠵᠦ᠂ ᠪᠤᠰᠤᠳ ᠬᠦᠮᠦᠰ ᠲᠤ ᠦᠪᠡᠷ ᠤᠨ ᠪᠠᠭᠤᠬᠤ ᠭᠠᠵᠠᠷ ᠢᠶᠠᠨ ᠮᠡᠳᠡᠭᠳᠡᠳᠡᠭ᠂ ᠮᠠᠯᠴᠢᠳ | ᠤᠯᠠᠩᠬᠢ ᠳᠠᠭᠠᠨ ᠲᠡᠮᠳᠡᠭ ᠳᠠᠯᠪᠢᠭᠰᠠᠨ ᠨᠤᠲᠤᠭ ᠲᠡᠭᠡᠷ᠎ᠡ ᠪᠠᠭᠤᠳᠠᠭ ᠦᠭᠡᠢ ᠶᠤᠮ᠃ ᠲᠠᠪᠤ᠂ ᠪᠡᠯᠴᠢᠭᠡᠷ ᠰᠢᠮᠡᠵᠢᠭᠦᠯᠬᠦ | ᠤᠴᠢᠷ᠃ | ᠵᠤᠨ ᠤ ᠲᠦᠷᠦᠭᠦᠴᠢ᠂ ᠨᠤᠭᠤᠭ᠎ᠠ ᠶᠢᠨ ᠤᠷᠭᠤᠯᠳᠠ ᠶᠢᠨ ᠡᠬᠢᠨ ᠤ ᠴᠠᠭ ᠲᠤ᠂ ᠮᠠᠯ ᠰᠦᠷᠦᠭ ᠢᠶᠠᠷ | ᠪᠡᠯᠴᠢᠭᠡᠷ ᠤᠨ ᠠᠯᠢ ᠤᠷᠭᠤᠴᠠ ᠦᠨᠳᠦᠷ ᠢ ᠰᠢᠯᠢᠵᠦ ᠲᠠᠯᠪᠢᠨ ᠨᠡᠶᠢᠳᠡᠮ ᠢᠳᠡᠰᠢᠯᠡᠬᠦᠯᠳᠡᠭ᠂ ᠲᠠᠪᠢᠭᠠᠯ ᠠᠯᠤᠰ ᠤᠨ | ᠪᠡᠯᠴᠢᠭᠡᠷ ᠢ ᠠᠳᠤᠭᠤ ᠪᠤᠶᠤ ᠬᠦᠩᠭᠡᠨ ᠣᠳᠤᠷ ᠢᠶᠠᠷ ᠨᠤᠭᠤᠭᠠᠨ ᠤ ᠡᠬᠢᠨ ᠤ ᠦᠶ᠎ᠡ ᠪᠤᠶᠤ ᠨᠠᠮᠤᠷ ᠤᠨ ᠲᠠᠷᠭᠤ | ᠠᠪᠤᠭᠤᠯᠬᠤ ᠦᠶ᠎ᠡ ᠳᠤ ᠪᠦᠷ ᠮᠠᠯ ᠶᠠᠪᠤᠭᠤᠯᠵᠦ᠂ ᠡᠪᠡᠰᠦ ᠪᠡᠯᠴᠢᠭᠡᠷ ᠢᠶᠠᠨ ︽ᠬᠤᠭᠤᠯᠠ ᠲᠠᠢ ᠪᠤᠯᠭᠠᠳᠠᠭ︾᠃ | ᠡᠭᠦᠨ ᠢ ︽ᠬᠢᠰᠬᠢᠯ ᠪᠤᠯᠭᠠᠬᠤ︾᠂ ︽ᠪᠡᠯᠴᠢᠭᠡᠷ ᠴᠢᠭᠢᠷᠯᠡᠬᠦ︾ ᠭᠡᠳᠡᠭ᠃ ᠨᠤᠭᠤᠭᠠᠨ ᠤ ᠡᠬᠢᠨ ᠤ ᠦᠶ᠎ᠡ ᠳᠤ | ᠢᠩᠭᠢᠵᠦ ᠲᠠᠯᠪᠢᠵᠦ ᠢᠳᠡᠰᠢᠯᠡᠭᠦᠯᠬᠦ ᠨᠢ ︽ᠤᠷᠭᠤᠴᠠ ᠶᠢ ᠰᠠᠶᠢᠵᠢᠷᠠᠭᠤᠯᠤᠨ᠂ ᠪᠡᠯᠴᠢᠭᠡᠷ ᠢᠶᠠᠨ ᠰᠢᠮᠡᠵᠢᠭᠦᠯᠵᠦ︾ | ᠪᠠᠶᠢᠭ᠎ᠠ ᠤᠴᠢᠷ ᠭᠡᠳᠡᠭ᠃ ᠠᠳᠠᠷ ᠰᠢᠯᠢ ᠶᠢᠨ ᠮᠠᠯ ᠴᠢᠭᠢᠷᠯᠡᠭᠰᠡᠨ ᠦᠭᠡᠢ ᠪᠡᠯᠴᠢᠭᠡᠷ ᠲᠤ ᠰᠦᠷᠦᠭ ᠲᠤᠭᠳᠠᠪᠦᠷᠢᠳᠡᠢ | ᠢᠳᠡᠰᠢᠯᠡᠬᠦ ᠦᠭᠡᠢ ᠶᠡᠭᠡ ᠭᠦᠶᠦᠳᠡᠭ᠃ ᠮᠣᠩᠭᠤᠯᠴᠤᠳ ᠤᠨ ᠵᠦᠢᠷ ᠰᠡᠴᠡᠨ ᠦᠭᠡᠨ ᠳᠤ ︽ᠡᠪᠡᠰᠦᠨ ᠤ ᠮᠠᠭᠤ | ᠦᠯᠦᠩ᠂ ᠡᠪᠡᠳᠴᠢᠨ ᠤ ᠮᠠᠭᠤ ᠬᠢᠵᠢᠭ︾ ᠭᠡᠵᠦ ᠪᠠᠶᠢᠳᠠᠭ᠃ ᠨᠡᠰᠦᠳᠡᠶᠢᠴᠤᠳ ᠤᠨ ᠶᠠᠷᠢᠬᠤ ᠪᠠᠷ ᠡᠨᠡ ᠪᠤᠯ ᠡᠪᠡᠰᠦ | ᠤᠷᠭᠤᠮᠠᠯ ᠨᠢ ᠰᠢᠮ᠎ᠡ ᠮᠠᠭᠤᠳᠠᠢ ᠪᠠᠶᠢᠬᠤ ᠶᠢᠨ ᠢᠯᠡᠷᠡᠯ᠂ ᠨᠤᠭᠤᠭᠠᠨ ᠤ ᠡᠬᠢᠨ ᠤ ᠦᠶ᠎ᠡ ᠮᠠᠯ ᠤᠨ ᠬᠢᠰᠭᠢᠯ ᠪᠤᠯᠭᠠᠵᠦ᠂ | ᠵᠤᠨ ᠨᠠᠮᠤᠷ ᠲᠠᠭᠠᠨ ᠮᠠᠯ ᠢᠶᠠᠷ ᠴᠢᠭᠢᠷᠯᠡᠭᠦᠯᠬᠦ ᠬᠡᠷᠡᠭᠳᠡᠢ ᠭᠡᠵᠦ ᠦᠵᠡᠳᠡᠭ᠃ ︽ᠪᠡᠯᠴᠢᠭᠡᠷ ᠴᠢᠭᠢᠷᠯᠡᠬᠦ︾ ᠭᠡᠳᠡᠭ ᠨᠢ | ᠮᠡᠯ ᠠᠮᠢᠳᠠᠨ ᠤ ᠬᠦᠯ ᠢᠶᠠᠷ ᠡᠯ᠎ᠡ ᠤᠷᠭᠤᠮᠠᠯ ᠤᠨ ᠲᠤᠭᠤᠰᠤ ᠶᠢᠨ ᠰᠤᠯᠢᠭᠳᠠᠯ ᠢ ᠪᠡᠶᠡᠯᠡᠭᠦᠯᠵᠦ᠂ ᠮᠠᠯ ᠤᠨ ᠢᠯᠭᠠᠳᠠᠰᠤ | ᠂ ᠲᠤᠭᠤᠷᠠᠢ ᠶᠢᠨ ᠬᠢᠰᠭᠢᠯ ᠢᠶᠠᠷ ᠳᠠᠮᠵᠢᠭᠤᠯᠤᠨ᠂ ᠬᠦᠷᠦᠰᠦ ᠰᠢᠷᠦᠢ ᠶᠢ ᠰᠤᠯᠠᠷᠠᠭᠤᠯᠤᠨ᠂ ᠤᠷᠭᠤᠮᠠᠯ ᠤᠨ ᠲᠦᠷᠦᠯ | ᠵᠦᠢᠯ ᠳᠤ ᠪᠤᠷᠳᠤᠭᠤᠷ ᠬᠦᠷᠭᠡᠬᠦ ᠵᠢᠴᠢ ᠡᠪᠡᠰᠦᠨ ᠤ ᠦᠷ᠎ᠡ ᠪᠤᠶᠤ ᠵᠢᠮᠢᠰ ᠬᠠᠯᠢᠰᠤ ᠶᠢ ᠰᠢᠷᠦᠢ ᠳᠤᠨᠢ ᠤᠷᠤᠭᠤᠯᠤᠨ | ᠰᠢᠮᠵᠢᠭᠦᠯᠦᠨ ᠳᠡᠵᠢᠭᠡᠯ ᠪᠤᠯᠭᠠᠬᠤ ᠵᠡᠷᠭᠡ ᠦᠢᠯᠡᠳᠦᠯ ᠢ ᠦᠵᠡᠭᠦᠯᠵᠦ᠂ ᠪᠡᠯᠴᠢᠭᠡᠷ ᠤᠨ ᠤᠷᠭᠤᠯᠳᠠ ᠪᠠ | ᠰᠢᠮᠡᠵᠢᠭᠦᠯᠦᠯᠳᠡ ᠶᠢ ᠠᠬᠢᠭᠤᠯᠳᠠᠭ ᠪᠠᠶᠢᠨ᠎ᠠ᠃ ᠢᠩᠭᠢᠵᠦ ᠪᠡᠯᠴᠢᠭᠡᠷ ᠢᠶᠠᠨ ᠰᠢᠮᠡᠵᠢᠭᠦᠯᠬᠦ ᠦᠭᠡᠢ ᠪᠤᠯ ᠴᠢᠨᠠᠷ ᠰᠠᠶᠢᠳᠠᠢ | ᠰᠢᠮ᠎ᠡ ᠲᠡᠵᠢᠭᠡᠯ ᠭᠦᠢᠴᠡᠳ ᠪᠡᠯᠴᠢᠭᠡᠷ ᠪᠤᠯᠵᠦ ᠴᠢᠳᠠᠬᠤ ᠦᠭᠡᠢ ᠪᠦᠭᠡᠳ ᠮᠠᠯ ᠳᠤ ᠲᠡᠵᠢᠭᠡᠯ ᠪᠤᠯᠵᠦ ᠳᠡᠶᠢᠯᠳᠡᠭ | ᠦᠭᠡᠢ ᠪᠠᠶᠢᠵᠦ᠂ ︽ᠦᠯᠦᠩ ᠡᠪᠡᠰᠦ︾ ᠲᠡᠳᠦᠢ ᠪᠤᠯᠳᠠᠭ᠃ ᠨᠠᠩ ᠢᠯᠠᠩᠭᠤᠶ᠎ᠠ ᠬᠦᠢᠳᠡᠨ ᠤᠯᠠᠷᠢᠯ ᠳᠤ ᠮᠠᠯ | ᠮᠠᠯᠵᠢᠬᠤ ᠳᠤ ᠠᠨᠠᠢ ᠪᠠᠶᠢᠳᠠᠭ ᠢᠶᠠᠷ ᠦᠯᠦ ᠪᠠᠷᠠᠮ ᠡᠴᠡᠵᠦ ᠲᠤᠷᠠᠬᠤ ᠨᠢ ᠲᠦᠷᠭᠡᠨ ᠲᠠᠷᠭᠤ ᠪᠠᠨ ᠬᠠᠳᠠᠭᠠᠯᠠᠵᠦ | ᠳᠡᠶᠢᠯᠬᠦ ᠦᠭᠡᠢ ᠪᠠᠶᠢᠳᠠᠭ᠃ ᠡᠶᠢᠮᠦ ᠪᠠᠷ ᠮᠠᠯᠴᠢᠳ ︽ᠪᠡᠯᠴᠢᠭᠡᠷ ᠰᠠᠶᠢᠳᠠᠢ ᠮᠠᠯ ᠪᠠᠷᠳᠠᠮ᠂ ᠮᠠᠯ ᠰᠠᠶᠢᠳᠠᠢ ᠪᠡᠯᠴᠢᠭᠡᠷ | ᠰᠤᠷᠭᠤᠭ ᠦᠯ ᠲᠠᠢ︾ ᠭᠡᠬᠦ ᠤᠬᠠᠭᠠᠨ ᠤᠴᠢᠷ ᠢ ᠲᠠᠨᠢᠵᠦ ᠮᠡᠳᠡᠭᠰᠡᠨ ᠢᠶᠠᠷ ᠪᠠᠷᠠᠬᠤ ᠦᠭᠡᠢ᠂ ᠪᠡᠯᠴᠢᠭᠡᠷ ᠢ ︽ᠦᠯ | ᠲᠠᠢ ᠭᠡᠬᠦ ᠪᠤᠶᠤ ᠦᠯᠦᠩ︾ ᠭᠡᠵᠦ ᠭᠡᠳᠡᠭ ᠨᠢ ᠪᠡᠯᠴᠢᠭᠡᠷ ᠤᠨ ᠰᠢᠮ᠎ᠡ ᠰᠠᠶᠢᠳᠠᠢ ᠡᠰᠡᠬᠦ ᠶᠢ ᠬᠡᠮᠵᠢᠶᠡᠯᠡᠨ ᠶᠠᠷᠢᠯᠴᠠᠳᠠᠭ | ᠨᠢ ᠡᠨᠡ ᠤᠴᠢᠷ ᠪᠤᠯᠠᠢ᠃ ᠠᠳᠤᠭᠤᠨ ᠰᠦᠷᠦᠭ ᠠᠯᠤᠰ ᠤᠨ ᠪᠡᠯᠴᠢᠭᠡᠷ ᠲᠤ ᠶᠠᠪᠤᠳᠠᠭ ᠢᠶᠠᠷ ᠠᠳᠤᠭᠤ ᠪᠤᠯ | ᠰᠢᠯᠢ ᠶᠢᠨ ᠪᠡᠯᠴᠢᠭᠡᠷ ᠢ ᠰᠢᠮᠡᠵᠢᠬᠦᠯᠭᠦ ᠡᠪᠡᠰᠦᠨ ᠦᠷ᠎ᠡ ᠶᠢ ᠰᠠᠭᠤᠯᠭᠠᠬᠤ ᠴᠢᠳᠠᠮᠠᠭᠠᠢ ᠦᠢᠯᠡᠳᠦᠯ ᠢ ᠦᠵᠡᠭᠦᠯᠵᠦ᠂ | ᠬᠡᠭᠡᠷ᠎ᠡ ᠶᠢᠨ ᠵᠡᠷᠯᠢᠭ ᠠᠮᠢᠳᠠᠨ ᠤ ᠰᠦᠷᠦᠭ ᠴᠤ ᠡᠨᠡ ᠡᠭᠦᠷᠭᠡ ᠶᠢ ᠪᠡᠶᠡᠯᠡᠭᠦᠯᠵᠦ ᠪᠠᠶᠢᠳᠠᠭ᠃ | ᠲᠠᠪᠤᠨ ᠬᠤᠰᠢᠭᠤ ᠮᠠᠯ ᠤᠨ ᠪᠡᠯᠴᠢᠭᠡᠷ ᠤᠨ ᠠᠮᠢ ᠠᠬᠤᠢ ᠳᠤ ᠦᠵᠡᠭᠦᠯᠬᠦ ᠦᠢᠯᠡᠳᠦᠯ ᠪᠤᠯ ᠤᠮᠳᠤᠭᠠᠶᠢᠯᠠᠵᠦ | ᠪᠤᠯᠤᠰᠢ ᠦᠬᠡᠢ ᠶᠤᠮ᠃ ᠮᠠᠯ ᠤᠨ ᠲᠤᠭᠤᠷᠠᠢ ᠨᠢ ︽ᠪᠡᠯᠴᠢᠭᠡᠷ ᠰᠢᠮᠡᠵᠢᠭᠦᠯᠬᠦ ᠳᠠᠮᠵᠢᠭᠤᠯᠤᠭᠴᠢ︾ ᠶᠢᠨ ᠴᠢᠳᠠᠪᠬᠢ | ᠲᠠᠢ ᠪᠠᠶᠢᠵᠦ᠂ ᠡᠪᠡᠰᠦᠨ ᠤ ᠦᠷ᠎ᠡ ᠰᠠᠭᠤᠯᠭᠠᠬᠤ᠂ ᠬᠤᠵᠢᠷ ᠲᠠᠪᠤᠰᠤ ᠨᠠᠭᠠᠯᠳᠤᠭᠰᠠᠨ ᠲᠤᠭᠤᠷᠠᠢ ᠪᠠᠷ ᠰᠢᠯᠢ ᠶᠢᠨ | ᠨᠤᠭᠤᠭᠠᠨ ᠳᠤ ᠰᠢᠮ᠎ᠡ ᠬᠦᠷᠭᠡᠬᠦ᠂ ᠰᠢᠯᠢ ᠶᠢᠨ ᠡᠪᠡᠰᠦᠨ ᠤ ᠰᠢᠮ᠎ᠡ ᠨᠢ ᠪᠤᠴᠠᠨ ᠭᠤᠪᠢ ᠴᠠᠶᠢᠳᠠᠮ ᠤᠨ ᠪᠡᠯᠴᠢᠭᠡᠷ ᠲᠤ | ᠲᠡᠵᠢᠭᠡᠯ ᠪᠤᠯᠭᠠᠬᠤ ᠡᠭᠦᠷᠭᠡ ᠶᠢ ᠴᠢᠳᠠᠮᠠᠭᠠᠢ ᠪᠠᠷ ᠪᠡᠶᠡᠯᠡᠭᠦᠯᠳᠡᠭ᠂ ᠢᠩᠬᠢᠬᠦ ᠨᠢ ᠪᠠᠰᠠ ᠡᠪᠡᠰᠦᠨ ᠤ ᠤᠷᠭᠤᠮᠠᠯ ᠤᠨ | ᠲᠦᠷᠦᠯ ᠵᠦᠢᠯ ᠢ ᠤᠯᠠᠰᠢᠷᠠᠭᠤᠯᠳᠠᠭ ᠪᠦᠭᠡᠳ ᠲᠠᠩ ᠭᠠᠭᠴᠠ ᠤᠷᠭᠤᠮᠠᠯ ᠭᠠᠷᠬᠤ ᠶᠢ ᠰᠡᠷᠭᠡᠶᠢᠯᠡᠵᠦ ᠴᠢᠳᠠᠨ᠎ᠠ᠂ | ᠡᠭᠦᠨ ᠢ ᠮᠠᠯ ᠢ ᠬᠦᠷᠢᠶᠡᠯᠡᠨ ᠮᠠᠯᠵᠢᠭᠰᠠᠨ ᠦᠢᠷ᠎ᠡ ᠶᠢᠨ ᠬᠤᠭᠤᠴᠠᠭᠠᠨ ᠤ ᠪᠡᠯᠴᠢᠭᠡᠷ ᠤᠨ ᠡᠪᠡᠰᠦᠨ ᠤ ᠤᠷᠭᠤᠮᠠᠯ ᠤᠨ | ᠲᠦᠷᠦᠯ ᠵᠦᠢᠯ ᠤᠨ ᠪᠤᠳᠠᠳᠤ ᠪᠠᠶᠢᠳᠠᠯ ᠭᠡᠷᠡᠴᠢᠯᠡᠵᠦ ᠪᠤᠢ᠂ ᠵᠡᠭᠦᠨᠦᠵᠦᠮᠴᠢᠨ ᠤ ᠪᠠᠷᠠᠭᠤᠨ ᠪᠡᠶ᠎ᠡ ᠶᠢᠨ ᠰᠤᠮᠤ | ᠭᠠᠴᠠᠭ᠎ᠠ ᠶᠢᠨ ᠨᠤᠲᠤᠭ ᠲᠤ 2007 ᠤᠨ ᠳᠤ ᠤᠷᠤᠢ ᠲᠤᠯᠤᠭᠠᠢ ᠦᠭᠡᠢ ᠲᠠᠭᠠᠨ᠎ᠠ ᠭᠤᠭᠤᠳ ᠨᠡᠶᠢᠳᠡᠮ ᠤᠷᠭᠤᠵᠦ | ᠂ ᠨᠠᠮᠤᠷ ᠪᠤᠯᠬᠤ ᠳᠤ ᠴᠠᠰᠤᠨ ᠮᠡᠳᠦ ᠴᠠᠶᠢᠵᠦ ᠪᠠᠶᠢᠪᠠ᠂ ᠲᠠᠷᠠᠭ᠎ᠠ ᠵᠢᠯ ᠨᠢ ᠲᠠᠩ ᠭᠠᠭᠴᠠ ᠬᠠᠮᠬᠤᠤᠯ ᠰᠢᠷᠠᠯᠵᠢ | ᠤᠷᠭᠤᠭᠠᠳ ᠨᠠᠮᠤᠷ ᠪᠤᠯᠬᠤ ᠳᠤ ᠬᠠᠷ᠎ᠠ ᠪᠠᠷᠠᠭᠠᠨ ᠦᠪᠦᠩ ᠪᠤᠳᠢᠤᠯ ᠪᠦᠭᠡᠮᠨᠡᠷᠡᠨ᠂ ᠪᠡᠯᠴᠢᠭᠡᠷ ᠤᠨ ᠡᠪᠡᠰᠦᠨ | ᠬᠦᠷᠢᠶᠡᠨ ᠳᠤ ᠯᠤᠳᠤ ᠶᠡᠭᠡ ᠭᠠᠢ ᠭᠠᠮᠰᠢᠭ ᠠᠪᠴᠢᠷᠠᠵᠦ᠂ ᠰᠦᠢᠳᠭᠡᠭᠰᠡᠨ ᠠᠨᠤ ᠴᠦᠭᠡᠨ ᠪᠤᠰᠤ᠃ ᠡᠨᠡ ᠨᠢ | ᠮᠠᠯ ᠤᠨ ᠲᠤᠭᠤᠷᠠᠢ ᠶᠢᠨ ᠤᠷᠭᠤᠮᠠᠯ ᠤᠨ ᠰᠤᠯᠢᠯᠴᠠᠭ᠎ᠠ ᠶᠢ ᠪᠡᠶᠡᠯᠡᠭᠦᠯᠬᠦ ᠶᠠᠪᠤᠳᠠᠯ ᠢ ᠬᠠᠷᠰᠢᠯᠠᠭᠰᠠᠨ ᠳᠤ ᠪᠠᠶᠢᠬᠤ ᠶᠢ | ᠦᠭᠡᠶᠢᠰᠭᠡᠵᠦ ᠪᠤᠯᠬᠤ ᠦᠭᠡᠢ ᠶᠤᠮ᠂ ᠤᠴᠢᠷ ᠨᠢ ᠮᠠᠯ ᠰᠦᠷᠦᠭ ᠢᠶᠠᠨ ᠬᠦᠷᠢᠶᠠᠯᠠᠨ ᠮᠠᠯᠵᠢᠭᠰᠠᠨ ᠠᠴᠠ ᠶᠠᠪᠤᠬᠤ ᠵᠠᠢ | ᠨᠢ ᠬᠢᠵᠠᠭᠠᠷᠯᠠᠭᠳᠠᠵᠦ᠂ ᠭᠤᠪᠢ ᠨᠢ ᠭᠤᠪᠢ ᠳᠠᠭᠠᠨ᠂ ᠲᠠᠯ᠎ᠠ ᠨᠢ ᠲᠠᠯ᠎ᠠ ᠳᠠᠭᠠᠨ ᠪᠡᠯᠴᠢᠭᠡᠷᠯᠡᠬᠦ ︽ᠲᠠᠩ ᠴᠤᠯᠭᠤᠢ | ᠮᠠᠯᠵᠢᠯᠭ᠎ᠠ︾ ᠠᠴᠠ ᠪᠤᠯᠤᠭᠰᠠᠨ ᠪᠠᠶᠢᠳᠠᠭ᠃ ᠲᠠᠪᠤᠨ ᠬᠤᠰᠢᠭᠤ ᠮᠠᠯ ᠨᠢ ᠪᠡᠯᠴᠢᠭᠡᠷ ᠤᠨ ᠤᠷᠭᠤᠮᠠᠯ ᠤᠨ ᠲᠦᠷᠦᠯ | ᠵᠦᠢᠯ ᠢ ᠲᠡᠩᠴᠡᠭᠦᠨ ᠪᠠᠶᠢᠯᠭᠠᠬᠤ ᠪᠠ ᠪᠡᠯᠴᠢᠭᠡᠷ ᠤᠨ ᠰᠢᠨ᠎ᠡ ᠬᠠᠭᠤᠴᠢᠨ ᠤ ᠰᠤᠯᠢᠭᠳᠠᠯ ᠢ ᠪᠡᠶᠡᠯᠡᠭᠦᠯᠳᠡᠭ ︽ᠠᠮᠢ | ᠠᠬᠤᠢ ᠶᠢᠨ ᠬᠦᠳᠡᠯᠭᠡᠭᠴᠢ ᠬᠦᠴᠦᠨ ᠵᠦᠢᠯ︾ ᠭᠡᠳᠡᠭ ᠢ ᠮᠡᠳᠡᠵᠦ ᠪᠤᠯᠤᠨ᠎ᠠ᠃ | ᠤᠷᠭᠤᠮᠠᠯ ᠨᠡᠶᠢᠳᠡᠮ ᠲᠦᠯᠵᠢᠬᠦ ᠵᠤᠨ ᠤ ᠡᠬᠢ ᠪᠠ ᠲᠤᠮᠳᠠᠴᠢ ᠪᠠᠷ ︽ᠬᠢᠰᠭᠢᠯ ᠪᠤᠯᠭᠠᠵᠦ ᠪᠡᠯᠴᠢᠭᠡᠷ | ᠴᠢᠭᠢᠷᠯᠡᠬᠦ︾ ᠪᠤᠯᠬᠤᠷ ᠤᠳᠤᠷ ᠨᠡᠭᠦᠳᠡᠯ ᠤᠨ ᠴᠠᠭ ᠡᠬᠢᠯᠡᠨ ᠮᠠᠯ ᠰᠦᠷᠦᠭ ᠴᠤ ︽ᠤᠰᠤᠨ ᠪᠠᠳᠠᠢ︾ ᠠᠪᠬᠤ ᠨᠢ | ᠲᠦᠷᠭᠡᠨ ᠪᠠᠶᠢᠵᠦ᠂ ᠲᠦᠷᠭᠡᠨ ᠲᠡᠩᠬᠡᠷᠡᠳᠡᠭ ᠶᠤᠮ᠃ ᠵᠤᠨ ᠤ ᠪᠤᠷᠤᠭᠠᠨᠰᠢᠬᠤ ᠦᠶ᠎ᠡ ᠡᠬᠢᠯᠡᠬᠦ ᠳᠤ ᠵᠤᠰᠠᠯᠠᠩ ᠳᠠᠭᠠᠨ | ᠪᠠᠭᠤᠴᠢᠬᠠᠳᠠᠭ᠃ ᠵᠤᠨ ᠤ ᠤᠯᠠᠷᠢᠯ ᠤᠨ ᠪᠤᠷᠤᠭᠠᠨ ᠢ ᠮᠠᠯᠴᠢᠳ ︽ᠢᠨᠵᠠᠭᠠᠨ ᠵᠦᠰᠡ︾ ᠪᠠ ︽ᠮᠦᠭᠦ ᠶᠢᠨ ᠵᠦᠰᠡ | ︾ ᠭᠡᠵᠦ ᠬᠤᠶᠠᠷ ᠦᠶᠡᠯᠡᠯ ᠤᠨ ᠬᠤᠭᠤᠴᠠᠭ᠎ᠠ ᠪᠠᠷ ᠢᠯᠭᠠᠳᠠᠭ᠂ ᠡᠨᠡ ᠨᠢ ᠲᠠᠯ᠎ᠠ ᠨᠤᠲᠤᠭ ᠤᠨ ᠪᠡᠯᠴᠢᠭᠡᠷ ᠤᠨ ᠠᠮᠢ | ᠠᠬᠤᠢ ᠶᠢᠨ ᠭᠤᠤᠯ ᠤᠷᠭᠤᠯᠳᠠ ᠶᠢᠨ ᠴᠠᠭ᠎ᠠ ᠬᠤᠭᠤᠴᠠᠭ᠎ᠠ ᠪᠤᠯᠤᠨ᠎ᠠ᠃ ︽ᠢᠨᠵᠠᠭᠠᠨ ᠵᠦᠰᠡ︾ ᠪᠤᠯ ᠵᠤᠨ ᠤ | ᠲᠤᠮᠳᠠ ᠰᠠᠷ᠎ᠠ ᠶᠢᠨ ᠦᠶ᠎ᠡ ᠲᠠᠭᠠᠷᠠᠬᠤ ᠲᠤᠯᠨ ᠨᠠᠮᠤᠬᠠᠨ ᠵᠦᠭᠡᠯᠡᠨ ᠲᠤᠯᠠᠭᠠᠨ ᠪᠤᠷᠤᠭᠠᠨ ᠵᠦᠰᠡᠷᠡᠵᠦ ᠬᠤᠶᠠᠷ | ᠭᠤᠷᠪᠠᠨ ᠡᠳᠦᠷ ᠢᠶᠠᠷ ᠤᠷᠤᠵᠦ᠂ ᠴᠢᠬᠢ ᠨᠤᠭᠤᠭᠠᠨ ᠤ ᠤᠷᠭᠤᠯᠳᠠ ᠶᠢ ᠲᠦᠷᠭᠡᠳᠭᠡᠨ ᠠᠬᠢᠭᠤᠯᠳᠠᠭ᠂ ᠡᠨᠡ ᠦᠶ᠎ᠡ | ᠵᠡᠭᠡᠷ᠎ᠡ ᠶᠢᠨ ᠰᠦᠷᠦᠭ ᠴᠤ ᠲᠤᠭᠳᠠᠪᠤᠷᠢᠳᠡᠢ ᠪᠤᠯᠳᠠᠭ ᠪᠦᠭᠡᠳ ᠶᠠᠭ ᠰᠢᠷᠭᠠᠴᠢᠨ ᠢᠨᠵᠡᠭᠠᠯᠠᠬᠤ ᠦᠶ᠎ᠡ ᠪᠠᠶᠢᠳᠠᠭ ᠠᠴᠠ | ︽ᠢᠨᠵᠠᠭᠠᠨ ᠵᠦᠰᠡ︾ ᠭᠡᠵᠠᠢ᠃ ︽ᠮᠦᠭᠦ ᠶᠢᠨ ᠵᠦᠰᠡ︾ ᠭᠡᠳᠡᠭ ᠪᠤᠯ ᠵᠤᠨ ᠤ ᠰᠡᠭᠦᠯ ᠰᠠᠷ᠎ᠠ ᠶᠢᠨ ᠦᠶ᠎ᠡ ᠳᠠᠬᠢ | ᠪᠤᠷᠤᠭᠠᠨ ᠤ ᠬᠤᠭᠤᠴᠠᠭ᠎ᠠ ᠶᠢ ᠬᠡᠯᠡᠳᠡᠭ᠃ ᠡᠨᠡ ᠦᠶ᠎ᠡ ᠪᠡᠯᠴᠢᠭᠡᠷ ᠶᠢᠨ ᠤᠷᠭᠤᠯᠳᠠ ᠦᠳᠭᠡᠷᠡᠵᠦ᠂ ᠤᠷᠭᠤᠮᠠᠯ | ᠠᠮᠢᠳᠤ ᠪᠤᠳᠠᠰ ᠪᠦᠬᠦᠨ ᠰᠡᠷᠭᠦᠵᠦ᠂ ᠠᠮᠢᠯᠠᠨ ᠲᠦᠯᠵᠢᠵᠦ ᠤᠷᠭᠤᠯᠳᠠ ᠭᠦᠢᠴᠡᠬᠦ ᠰᠡᠭᠦᠯ ᠤᠨ ᠬᠤᠭᠤᠴᠠᠭᠠᠨ ᠳᠤ | ᠤᠷᠤᠳᠠᠭ᠂ ᠬᠦᠨᠳᠡᠢ ᠡᠩᠭᠡᠷ ᠭᠠᠵᠠᠷ ᠲᠤ ︽ᠬᠠᠳᠤᠯᠠᠩ ᠪᠡᠯᠴᠢᠭᠡᠷ︾ ᠭᠠᠷᠴᠤ᠂ ᠬᠠᠯᠢᠭᠤᠷᠠᠨ ᠬᠡᠶᠢᠰᠳᠡᠭ᠂ ︽ | ᠮᠦᠬᠦ ᠶᠢᠨ ᠵᠦᠰᠡ︾ ᠨᠢ ᠮᠦᠨ ᠵᠦᠭᠡᠯᠡᠨ ᠲᠤᠯᠠᠭᠠᠨ ᠤᠷᠤᠵᠦ᠂ ᠲᠠᠪᠤ ᠭᠤᠷᠪᠡᠨ ᠡᠳᠦᠷ ᠢᠶᠠᠷ ᠵᠦᠰᠡᠷᠡᠬᠦ ᠪᠤᠯᠬᠤᠷ | ᠪᠡᠯᠴᠢᠭᠡᠷ ᠶᠢᠨ ᠠᠮᠢ ᠠᠬᠤᠢ ᠶᠢᠨ ᠤᠷᠭᠤᠯᠳᠠ ᠶᠢᠨ ᠦᠷᠡᠯᠡᠨ ᠰᠠᠬᠤᠯᠠᠭᠵᠢᠬᠤ ᠶᠢ ᠤᠯᠠᠮ ᠠᠬᠢᠭᠤᠯᠳᠠᠭ ᠶᠢᠨ ᠬᠠᠮᠳᠤ᠂ | ᠲᠠᠯ᠎ᠠ ᠶᠢᠨ ︽ᠴᠠᠭᠠᠨ ᠮᠦᠬᠦ︾ ᠪᠠᠭᠤᠴᠠᠯᠠᠨ ᠬᠦᠷᠢᠶᠡᠯᠡᠵᠦ᠂ ᠨᠤᠭᠤᠭᠠᠨ ᠴᠠᠭᠠᠨ ᠦᠩᠭᠡ ᠪᠠᠷ ᠢᠯᠭᠠᠷᠠᠨ ᠴᠠᠭᠠᠷᠢᠭ | ᠳᠠᠳᠠᠨ ᠤᠷᠭᠤᠳᠠᠭ᠃ ᠮᠦᠬᠦ ᠶᠢᠨ ᠬᠦᠷᠢᠶ᠎ᠡ ᠨᠢ ᠶᠠᠭ ᠡᠨᠡ ᠵᠦᠰᠡ ᠪᠤᠷᠤᠭᠠᠨ ᠳᠤ ᠤᠷᠭᠤᠳᠠᠭ ᠪᠤᠯᠬᠤᠷ ︽ | ᠮᠦᠭᠦ ᠶᠢᠨ ᠵᠦᠰᠡ︾ ᠭᠡᠳᠡᠭ ᠨᠢ ᠲᠠᠷᠠ ᠶᠤᠮ᠃ | |