ᠲᠠᠭ᠎ᠠ ᠲᠠᠮᠠᠭᠠᠯᠠᠬᠤ
ᠨᠡᠶᠢᠲᠡᠯᠡᠭᠰᠡᠨ ᠴᠠᠭ᠄
2022/6/7
   ᠠᠳᠤᠭᠤ ᠬᠡᠳᠡᠭ ᠠᠮᠢᠳᠠᠨ ᠬᠦᠯ ᠬᠤᠷᠳᠤᠨ᠂ ᠶᠠᠪᠤᠬᠤ ᠭᠠᠵᠠᠷ ᠨᠢ ᠬᠤᠯᠠ ᠪᠦᠭᠡᠳ ᠦᠩᠭᠡ ᠵᠢᠰᠦᠮ ᠢᠵᠢᠯᠭᠡᠨ  ᠨᠢ ᠤᠯᠠᠨ᠂ ᠰᠠᠯᠬᠢᠳᠠᠵᠦ ᠤᠷᠤᠭᠤᠳᠠᠭᠠᠳ ᠠᠯᠳᠠᠵᠦ ᠬᠡᠬᠡᠬᠦ ᠶᠠᠪᠤᠳᠠᠯ ᠵᠦᠩᠳᠡᠭᠡᠨ ᠭᠠᠷᠳᠠᠭ᠃ ᠡᠶᠢᠮᠤ ᠠᠴᠠ ᠮᠤᠩᠭᠤᠯᠴᠤᠳ ᠠᠯᠢ ᠡᠷᠳᠡ ᠠᠴᠠ ᠠᠳᠤᠭᠤᠨ ᠰᠦᠷᠦᠭ ᠲᠡᠭᠡᠨ ᠦᠪᠡᠷ ᠤᠨ ᠦᠮᠴᠢ ᠬᠡᠰᠡᠨ ᠢᠶᠠᠨ ᠲᠤᠳᠤᠷᠬᠠᠶᠢᠯᠠᠬᠤ ᠪᠠᠷ ᠲᠤᠰᠬᠠᠢ ᠲᠠᠮᠠᠭ᠎ᠠ ᠪᠠᠷ ᠲᠠᠮᠠᠭᠠᠯᠠᠵᠦ ᠢᠯᠭᠠᠵᠦ ᠰᠠᠯᠭᠠᠬᠤ ᠶᠢ ᠬᠢᠴᠢᠶᠡᠵᠦ ᠢᠷᠡᠭᠰᠡᠨ ᠶᠤᠮ᠃ ᠤᠤᠯ ᠳᠠᠭᠠᠨ ᠮᠤᠷᠢ ᠨᠢ ᠮᠤᠩᠭᠤᠯᠴᠤᠳ ᠤᠨ ᠤᠨᠤᠯᠭ᠎ᠠ ᠶᠢᠨ ᠲᠡᠭᠡᠳᠦ᠂ ᠠᠶᠠᠨ ᠲᠠᠶᠢᠨ ᠳᠤ ᠶᠠᠪᠤᠵᠦ᠂ ᠠᠳᠤᠭᠤ ᠮᠠᠯ ᠢᠶᠠᠨ ᠬᠠᠷᠢᠭᠤᠯᠬᠤ᠂ ᠠᠩ ᠬᠦᠷᠦᠭᠡ ᠬᠢᠬᠦ᠂ ᠠᠴᠢᠶ᠎ᠠ ᠲᠡᠭᠡᠭᠡᠪᠦᠷᠢ ᠬᠢᠬᠦ᠂ ᠠᠮᠠᠷᠠᠭ ᠰᠠᠳᠤᠨ ᠢᠶᠠᠨ ᠡᠷᠬᠢᠬᠦ᠂ ᠠᠭᠳᠠ ᠶᠢᠨ ᠮᠠᠩᠯᠠᠢ ᠰᠢᠯᠭᠠᠷᠠᠭᠤᠯᠬᠤ᠂ ᠠᠶᠢᠷᠠᠭ ᠴᠡᠭᠡ ᠢᠰᠭᠡᠬᠦ ᠠᠯᠢ ᠪᠤᠯᠭᠠᠨ ᠳᠤ ᠬᠡᠷᠡᠭᠯᠡᠭᠳᠡᠵᠦ ᠪᠠᠶᠢᠭᠰᠠᠨ ᠪᠤᠯ ᠤᠳᠤᠬᠠᠨ ᠤ ᠠᠳᠤᠭᠤᠨ ᠤ ᠡᠳ᠋ᠯᠡᠭᠡ ᠬᠡᠷᠡᠭᠯᠡᠭᠡ ᠴᠦᠭᠡᠷᠡᠵᠦ᠂ ᠵᠦᠪᠭᠡᠨ ᠴᠦᠭᠡᠨ ᠲᠤᠭᠠᠨ ᠤ ᠠᠶᠢᠯ ᠯᠠ ᠮᠤᠷᠢ ᠪᠠᠨ ᠤᠶᠠᠵᠦ ᠰᠤᠶᠢᠨ᠂ ᠤᠨᠤᠵᠦ ᠡᠳ᠋ᠯᠡᠨ᠂ ᠪᠠᠰᠠ ᠴᠦᠭᠡᠨ ᠲᠤᠭᠠᠨ ᠤ ᠠᠶᠢᠯ ᠯᠠ ᠬᠡᠬᠦᠦ ᠪᠠᠨ ᠤᠶᠠᠵᠦ ᠴᠡᠭᠡ ᠢᠰᠭᠡᠵᠦ ᠪᠤᠢ᠃ ᠴᠢᠨᠠᠷᠠᠪ ᠤᠨ ᠬᠢ ᠴᠦ ᠦᠩᠰᠢᠭ ᠵᠢᠯ ᠪᠤᠯᠤᠭᠰᠠᠭᠠᠷ ᠬᠤᠶᠠᠷ ᠭᠤᠷᠪᠠᠨ ᠮᠤᠷᠢ ᠤᠶᠠᠵᠦ ᠰᠤᠶᠢᠨ ᠨᠠᠶᠢᠷ ᠨᠠᠭᠠᠳᠤᠮ ᠳᠤ ᠰᠢᠨᠳᠠᠰᠤ ᠰᠤᠷᠢᠬᠤ ᠪᠤᠶᠤ ᠤᠶᠢᠷ᠎ᠠ ᠵᠠᠭᠤᠷ᠎ᠠ ᠠᠳᠤᠭᠤ ᠮᠠᠯ ᠡᠷᠬᠢᠬᠦᠯᠬᠦ ᠳᠤ ᠬᠦᠯ ᠵᠠᠯᠭᠠᠳᠠᠭ ᠠᠵᠢ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号