ᠬᠦᠪᠳᠦᠷᠦᠦᠳᠦ ᠤᠯᠠᠭᠠᠨ ᠲᠤᠯᠪᠤ
ᠨᠡᠶᠢᠲᠡᠯᠡᠭᠰᠡᠨ ᠴᠠᠭ᠄
2022/9/2
            ᠲᠤᠰ ᠡᠪᠡᠳᠴᠢᠨ ᠪᠤᠯ ᠨᠢᠶᠡᠨ᠂ ᠴᠢᠰᠤ᠂ ᠰᠢᠷ᠎ᠠ ᠤᠰᠤ ᠨᠢ ᠠᠷᠡᠰᠤᠨ ᠲᠤᠤᠷᠡᠬᠢ ᠦᠬᠡᠬᠦᠨ ᠬᠡᠰᠡᠭ  ᠢ ᠬᠡᠮᠳᠦᠬᠡᠬᠡᠳ ᠡᠬᠦᠰᠬᠦ᠂ ᠰᠢᠯᠪᠢ  ᠶᠢᠨ ᠡᠮᠦᠨ᠎ᠡ ᠬᠡᠰᠡᠭ ᠲᠤ ᠤᠯᠠᠭᠠᠨ ᠦᠩᠬᠡᠳᠡᠢ ᠲᠤᠯᠪᠤ ᠬᠦᠪᠳᠦᠷᠦᠦ ᠢᠯᠡᠷᠡᠬᠦ  ᠪᠠᠷ ᠨᠠᠶᠢᠳᠡᠯᠢᠭ ᠰᠢᠨᠵᠢ  ᠪᠠᠨ ᠪᠤᠯᠭᠠᠭᠰᠠᠨ‌ᠦᠷᠪᠢᠰᠦᠯ  ᠤᠨ ᠴᠢᠨᠡᠷᠳᠡᠢ ᠠᠷᠡᠰᠦᠨ ᠡᠪᠡᠳᠴᠢᠨ ᠪᠤᠯᠤᠨ᠎ᠠ᠃ ᠵᠠᠯᠠᠭᠤ ᠬᠦᠮᠦᠨ  ᠳᠤ ᠤᠯᠠᠨ ᠲᠤᠬᠢᠶᠠᠯᠳᠤᠵᠦ᠂ ᠡᠮᠡᠭᠳᠡᠢ ᠬᠦᠮᠦᠨ ᠤ ᠡᠬᠦᠰᠦᠯᠳᠡ ᠶᠢᠨ ᠨᠤᠷᠮ᠎ᠡ ᠨᠢ ᠬᠠᠷᠢᠴᠠᠩᠭᠤᠢ ᠦᠨᠳᠦᠷ ᠪᠠᠶᠢᠳᠠᠭ᠃       ﹇ᠰᠢᠯᠲᠠᠭᠠᠨ ᠪᠠ ᠡᠪᠡᠳᠴᠢᠨ ᠤ ᠵᠦᠢ﹈       ᠨᠢᠶᠡᠨ᠂ ᠴᠢᠰᠤ᠂ ᠰᠢᠷ᠎ᠠ ᠤᠰᠤ ᠪᠤᠯ ᠲᠤᠰ ᠡᠪᠡᠳᠴᠢᠨ ᠤ ᠭᠤᠤᠯ ᠰᠢᠯᠲᠠᠭᠠᠨ ᠪᠤᠯᠤᠨ᠎ᠠ᠃ ᠬᠠᠯᠭᠠᠤᠨ ᠬᠤᠷᠴᠠᠯᠢᠭ ᠴᠢᠨᠡᠷᠳᠡᠢ᠂ ᠰᠡᠳᠡᠯᠳᠡ ᠶᠡᠬᠡᠳᠡᠢ ᠢᠳᠡᠬᠡᠨ‌ᠤᠮᠳᠠᠭᠠᠨ ᠢ ᠬᠡᠳᠦᠷᠡᠳᠡᠯ᠎ᠡ ᠡᠳ᠋ᠯᠠᠩᠰᠡᠨ᠂ ᠪᠤᠬᠢᠷᠯᠠᠭᠳᠠᠭᠰᠠᠨ‌ᠢᠳᠡᠬᠡᠨ ᠤᠮᠳᠠᠭᠠᠨ ᠢ ᠡᠳ᠋ᠯᠠᠩᠰᠡᠨ᠂ ᠭᠠᠯ ᠨᠠᠷᠠᠨ ᠳᠤ ᠬᠡᠳᠦᠷᠬᠡᠢ ᠰᠢᠷᠡᠠᠭᠳᠠᠭᠰᠠᠨ ᠵᠡᠷᠬᠡ ᠢᠳᠡᠬᠡᠨ ᠤᠮᠳᠠᠭᠠᠨ᠂ ᠶᠠᠪᠤᠳᠠᠯ ᠮᠦᠷ ᠤᠨ ᠪᠤᠷᠤᠭᠤᠳᠠᠯ      ᠂ ᠡᠰᠡᠪᠡᠯ ᠡᠮ ᠤᠨ ᠬᠤᠤᠷᠠᠳᠡᠯ᠂ ᠪᠤᠰᠤᠳ ᠡᠪᠡᠳᠴᠢᠨ ᠤ ᠡᠪᠡᠳᠴᠢᠨ ᠤ ᠬᠤᠤᠷ᠎ᠠ ᠠᠴᠠ ᠪᠤᠯᠵᠦ᠂ ᠪᠡᠶ᠎ᠡ  ᠶᠢᠨ ᠭᠤᠷᠪᠠᠨ ᠮᠠᠬᠠᠪᠤᠳ ᠮᠠᠬᠠᠪᠤᠳ ᠬᠢᠮᠦᠷᠡᠵᠦ᠂ ᠲᠤᠩᠭᠠᠯᠠᠭ ᠴᠦᠪ  ᠤᠨ ᠢᠯᠭᠠᠷᠠᠯᠳᠠ ᠮᠠᠭᠤᠳᠠᠭᠠᠳ᠂ ᠮᠠᠭᠤ ᠴᠢᠰᠦ ᠰᠢᠷ᠎ᠠ ᠤᠰᠤ       ᠠᠷᠪᠢᠵᠢᠨ᠂ ᠨᠢᠶᠡᠨ ᠨᠡᠮᠡᠷᠢᠯᠡᠵᠦ᠂ ᠠᠷᠠᠰᠦᠨ ᠲᠤᠤᠷᠡᠬᠢ ᠦᠬᠡᠬᠦᠨ ᠬᠡᠰᠡᠭ  ᠢ ᠨᠦᠯᠦᠬᠡᠯᠡᠵᠦ ᠲᠤᠰ ᠡᠪᠡᠳᠴᠢᠨ ᠢ ᠡᠬᠦᠰᠬᠡᠨ᠎ᠡ᠃       ﹇ᠵᠦᠢᠯ ᠢᠯᠭᠠᠯ﹈       ᠡᠪᠡᠳᠴᠢᠨ ᠤ ᠶᠠᠪᠤᠴᠨ ᠶᠢ ᠨᠢ ᠦᠨᠳᠦᠰᠦᠯᠡᠵᠦ ᠲᠦᠷᠬᠡᠨ ᠴᠢᠨᠡᠷᠳᠡᠢ ᠬᠦᠪᠳᠦᠷᠦᠦᠳᠦ ᠤᠯᠠᠭᠠᠨ ᠲᠤᠯᠪᠤ ᠪᠠ ᠤᠳᠠᠭᠠᠨ ᠴᠢᠨᠡᠷᠳᠡᠢ ᠬᠦᠪᠳᠦᠷᠦᠦᠳᠦ ᠤᠯᠠᠭᠠᠨ ᠲᠤᠯᠪᠤ ᠬᠡᠵᠦ ᠬᠤᠶᠡᠷ ᠵᠦᠢᠯ  ᠢᠶᠠᠷ ᠢᠯᠭᠠᠨ᠎ᠠ᠃       ﹇ᠰᠢᠨᠵᠢᠯᠡᠭᠡ﹈       ᠶᠡᠷᠦᠩᠬᠡᠢ ᠰᠢᠨᠵᠢ᠄ ᠠᠷᠠᠰᠤᠨ ᠬᠡᠮᠳᠦᠯ ᠡᠬᠦᠰᠬᠦ  ᠠᠴᠠ ᠬᠡᠳᠦᠨ ᠡᠳᠦᠷ  ᠤᠨ ᠡᠮᠦᠨ᠎ᠡ᠂ ᠪᠡᠶ᠎ᠡ ᠬᠠᠯᠠᠭᠤᠷᠠᠬᠤ  ᠂ ᠬᠠᠨᠢᠶᠠᠬᠤ᠂ ᠬᠤᠭᠤᠯᠠᠢ ᠵᠠᠯᠬᠢᠭᠤᠷ ᠡᠪᠡᠳᠬᠦ᠂ ᠦᠶ᠎ᠡ ᠬᠡᠰᠢᠬᠦᠦ᠂ ᠪᠤᠯᠴᠢᠩ ᠮᠢᠬ᠎ᠠ ᠡᠪᠡᠳᠬᠦ  ᠂ ᠲᠡᠮᠢᠷᠳᠡᠬᠤ ᠮᠡᠳᠦ  ᠶᠢᠨ ᠪᠦᠬᠦ ᠪᠡᠶ᠎ᠡ ᠵᠢᠨ‌‍ᠰᠢᠨᠵᠢ ᠲᠡᠮᠳᠡᠭ ᠢᠯᠡᠷᠡᠵᠦ᠂ ᠲᠡᠷᠠᠭ᠎ᠠ ᠨᠢ ᠰᠢᠯᠪᠢ  ᠶᠢᠨ ᠡᠮᠦᠨ᠎ᠡ ᠬᠡᠰᠡᠭ ᠲᠤ ᠬᠦᠪᠳᠦᠷᠦᠦ ᠭᠠᠷᠤᠨ᠎ᠠ᠃ ᠬᠠᠶ᠋ᠨ ᠨᠢᠭᠤᠷ ᠴᠢᠷᠡᠢ᠂ ᠲᠡᠬᠡᠳᠦ ᠮᠦᠴᠢ ᠪᠡ ᠪᠦᠳᠦᠬᠦᠨ ᠭᠤᠶ᠎ᠡ  ᠲᠤ ᠬᠦᠪᠳᠦᠷᠦᠦ ᠭᠠᠷᠳᠠᠭ ᠴᠤ ᠪᠤᠢ᠃ ᠬᠦᠪᠳᠦᠷᠦᠦ ᠨᠢ ᠤᠯᠠᠭᠠᠨ ᠦᠩᠬᠡᠳᠡᠢ᠂ ᠪᠠᠷᠤᠭ1 —5cm ᠤᠷᠴᠢᠮ᠂ ᠬᠡᠳᠦ  ᠠᠴᠠ ᠬᠡᠳᠦᠨ ᠠᠷᠪᠠᠨ ᠬᠦᠪᠳᠦᠷᠦᠦ ᠭᠠᠷᠴᠦ᠂ ᠲᠡᠭᠰᠢ ᠬᠡᠮᠨᠡᠯ  ᠢᠶᠠᠷ ᠲᠠᠷᠬᠠᠵᠦ᠂ ᠬᠤᠭᠤᠷᠤᠨᠳᠤ  ᠪᠠᠨ ᠨᠠᠶᠢᠯᠡᠯᠴᠡᠬᠦ ᠦᠬᠡᠢ᠃ ᠬᠦᠪᠳᠦᠷᠦᠦ ᠨᠢ ᠬᠠᠯᠠᠭᠤᠷᠠᠵᠦ ᠡᠪᠡᠳᠴᠦ᠂ ᠡᠳᠡᠬᠡᠷᠡᠬᠦ ᠳ᠋ᠡᠬᠡᠨ‌‍ᠰᠤᠷᠪᠢ ᠦᠯᠡᠳᠡᠬᠦ ᠦᠬᠡᠢ᠃ ᠲᠤᠰᠪᠤᠷᠢ  ᠶᠢᠨ ᠰᠢᠨᠵᠢ᠄       ᠲᠦᠷᠬᠡᠨ ᠴᠢᠨᠡᠷᠳᠡᠢ ᠬᠦᠪᠳᠦᠷᠦᠦᠳᠦ ᠤᠯᠠᠭᠠᠨ ᠲᠤᠯᠪᠤ᠄ ᠬᠦᠪᠳᠦᠷᠦᠦ ᠨᠢ ᠤᠯᠠᠩᠬᠢ  ᠳᠠᠭᠠᠨ3 —6 ᠭᠠᠷᠠᠭ  ᠤᠨ ᠲᠡᠷᠠᠭ᠎ᠠ ᠠᠶᠠᠨᠳᠡᠭᠠᠨ ᠠᠷᠢᠯᠵᠦ᠂ ᠡᠪᠡᠳᠴᠢᠨ ᠤ ᠶᠠᠪᠤᠴᠨ  ᠨᠢ ᠬᠠᠷᠢᠴᠠᠩᠭᠤᠢ ᠤᠬᠤᠷ ᠪᠠᠶᠢᠳᠠᠭ᠃       ᠤᠳᠠᠭᠠᠨ ᠴᠢᠨᠡᠷᠳᠡᠢ ᠬᠦᠪᠳᠦᠷᠦᠦᠳᠦ ᠤᠯᠠᠭᠠᠨ ᠲᠤᠯᠪᠤ᠄ ᠬᠦᠪᠳᠦᠷᠦᠦ ᠠᠷᠢᠯᠬᠤ ᠨᠢ ᠤᠳᠠᠭᠠᠨ᠂ ᠡᠳᠡᠬᠡᠷᠡᠯᠳᠡ  ᠪᠠᠷ ᠮᠠᠭᠤ᠂ ᠪᠠᠷᠤᠭ 1 —2 ᠵᠢᠯ ᠦᠷᠬᠦᠯᠵᠢᠯᠡᠨ᠎ᠡ᠃       ﹇ᠤᠨᠤᠰᠢ﹈ ᠪᠦᠬᠦ ᠪᠡᠶ᠎ᠡ  ᠶᠢᠨ ᠰᠢᠨᠵᠢ ᠢᠯᠡᠷᠡᠯ᠂ ᠬᠦᠪᠳᠦᠷᠦᠦ ᠵᠢᠨ‌ᠤᠨᠴᠠᠯᠢᠭ ᠰᠢᠨᠵᠢ ᠵᠢᠴᠢ ᠡᠮ ᠬᠡᠷᠡᠭᠯᠡᠭᠰᠡᠨ ᠲᠡᠦᠬᠡ᠂ ᠪᠤᠰᠤᠳ ᠡᠪᠡᠳᠴᠢᠨ  ᠳᠤ ᠨᠠᠷᠪᠡᠭᠳᠡᠭᠰᠡᠨ ᠲᠡᠦᠬᠡ ᠵᠡᠷᠬᠡ  ᠶᠢ ᠦᠨᠳᠦᠰᠦᠯᠡᠵᠦ ᠤᠨᠤᠰᠢᠯᠠᠭᠰᠠᠨ ᠰᠠᠭᠤᠷᠢᠨ ᠳᠡᠭᠡᠷ᠎ᠡ ᠡᠪᠡᠳᠴᠢᠨ  ᠤ ᠶᠠᠪᠤᠴᠨ ᠪᠠᠷ ᠨᠢ ᠡᠪᠡᠳᠴᠢᠨ ᠤ  ᠲᠦᠷᠬᠡᠨ᠂ ᠤᠳᠠᠭᠠᠨ ᠢ ᠵᠠᠳᠠᠯᠵᠤ ᠰᠢᠨᠵᠢᠯᠡᠨ᠎ᠡ᠃       ﹇ᠡᠮᠨᠡᠨ ᠵᠠᠰᠠᠬᠤ﹈       ᠠᠨᠠᠭᠠᠬᠤ ᠵᠠᠷᠴᠢᠮ᠄ ᠨᠢᠶᠠᠨ ᠢ ᠨᠢᠲᠤᠯᠤᠨ᠂ ᠮᠠᠭᠤ ᠴᠢᠰᠦ᠂ ᠰᠢᠷ᠎ᠠ ᠤᠰᠤ ᠶᠢ ᠠᠷᠢᠯᠭᠠᠨ᠂ ᠡᠪᠡᠳᠴᠢᠨ ᠤ       ᠪᠤᠳᠡᠳᠦ ᠪᠡᠶᠢᠳᠡᠯ ᠯᠤᠭ᠎ᠠ ᠤᠶᠠᠯᠳᠤᠭᠤᠯᠤᠨ ᠵᠠᠰᠠᠨ᠎ᠠ᠃       ᠠᠨᠠᠭᠠᠬᠤ ᠠᠷᠭ᠎ᠠ᠄ ᠨᠢᠶᠠᠨ ᠢ ᠨᠢᠲᠤᠯᠤᠨ᠂ ᠰᠢᠷ᠎ᠠ ᠤᠰᠤ  ᠶᠢ ᠬᠠᠳᠠᠭᠠᠬᠤ  ᠠᠴᠠ ᠭᠠᠷᠤᠳᠢ —5  ᠤᠨ ᠨᠠᠶᠢᠷᠠᠯᠲᠠ᠂ ᠴᠦᠩ —5 ᠲᠡᠬᠡᠷ᠎ᠡ ᠦᠯᠴᠦ᠂ ᠰᠠᠩᠳᠧᠩ ᠬᠤᠶᠡᠷ  ᠢ ᠨᠡᠮᠡᠭᠰᠡᠨ ᠴᠦᠩ —7᠂ ᠬᠦᠬᠦᠯ ᠭᠠᠷᠤᠳᠢ —15  ᠤᠨ ᠨᠠᠶᠢᠷᠠᠯᠲᠠ᠂ ᠡᠰᠡᠪᠡᠯ ᠰᠠᠩᠳᠧ‌‍ᠩ ᠢ ᠴᠠᠢ ᠮᠡᠲᠦ ᠴᠢᠨᠠᠵᠦ ᠤᠤᠭᠤᠯᠭᠠᠬᠤ᠂ ᠪᠤᠷᠠᠮ ᠮᠡᠲᠦ       ᠤᠤᠭᠤᠯᠭᠠᠬᠤ᠂ ᠲᠠᠯᠬ᠎ᠠ ᠡᠮ ᠮᠡᠲᠦ ᠤᠤᠭᠤᠯᠭᠠᠬᠤ᠂ ᠲᠤᠰᠤᠨ ᠡᠮ ᠮᠡᠲᠦ ᠤᠤᠭᠤᠯᠭᠠᠵᠦ ᠪᠤᠯᠤᠨ᠎ᠠ᠃       ᠭᠠᠳᠠᠷ ᠠᠴᠠ ᠡᠮᠴᠢᠯᠡᠬᠦ ᠳᠤ᠂ ᠵᠢᠯᠵᠧ᠂ ᠰᠠᠩᠳᠧᠩ ᠤᠨ ᠬᠠᠨᠳᠡ ᠲᠤᠰᠪᠤᠷᠢ 3 ᠴᠢᠨ᠂ ᠳ᠋ᠦᠷᠵᠢᠳ᠂ ᠲᠠᠷᠨᠤ᠂ ᠤᠨᠪᠤ᠂ ᠡᠮ᠎ᠡ ᠠᠯᠳᠠᠨ ᠬᠦᠬᠦᠷ᠂ ᠬᠤᠷᠠᠭᠠᠨ ᠴᠢᠬᠢ ᠡᠪᠡᠰᠦ᠂ ᠬᠦᠬᠦᠷ᠂ ᠪᠤᠩ ᠠ᠂ ᠬᠠᠳᠠᠨ ᠬᠠᠶᠢᠯᠤᠮᠠᠯ᠂ ᠴᠠᠭᠠᠨ ᠬᠡᠴᠢ ᠲᠤᠰᠪᠤᠷᠢ ᠨᠢᠬᠡ ᠴᠢᠨ᠂ ᠵᠢᠭᠠᠷ 6 ᠹᠦᠨ᠂ ᠡᠯᠵᠢᠬᠡᠨ ᠴᠢᠬᠢᠨ ᠨᠠᠪᠴᠢ᠂ ᠦᠮᠡᠬᠡᠢ ᠵᠡᠬᠡᠰᠦ᠂ ᠰᠢᠷ᠎ᠠ ᠭᠠ᠂ ᠲᠠᠪᠤᠰᠤ᠂ ᠰᠢᠷ᠎ᠠ ᠮᠤᠳᠤ᠂ ᠴᠠᠭᠠᠨ ᠬᠦᠬᠦᠷ᠂ ᠬᠢᠮ᠎ᠡ  ᠶᠢᠨ ᠦᠷ᠎ᠡ ᠲᠤᠰᠪᠤᠷᠢ 7 ᠹᠦᠨ᠂ ᠠᠷᠤᠷ᠎ᠠ᠂ ᠪᠠᠷᠦᠷ᠎ᠠ᠂ ᠠᠷᠢᠬᠢᠨ ᠬᠦᠷᠦᠩᠬᠡ᠂ ᠲᠠᠯᠭᠠᠳᠤᠷᠵᠢ᠂ ᠰᠢᠷ᠎ᠠ ᠮᠤᠳᠤ᠂ ᠲᠠᠯᠠᠨ ᠲᠦᠷᠦᠬᠦᠦ ᠲᠤᠰᠪᠤᠷᠢ 8 ᠹᠦᠨ᠂ ᠡᠷ᠎ᠡ ᠠᠯᠳᠠᠨ ᠬᠦᠬᠦᠷ 1 ᠴᠢᠨ5 ᠹᠦᠨ ᠬᠢᠵᠦ ᠨᠠᠶᠢᠷᠠᠭᠤᠯᠤᠭᠠᠳ᠂ ᠦᠨᠢᠶᠡᠨ ᠰᠢᠬᠡᠰᠦ᠂ ᠯᠤᠤᠪᠠᠩ ᠤᠨ ᠰᠢᠬᠦᠰᠦ᠂ ᠭᠠᠭ᠋ᠠᠢ  ᠶᠢᠨ ᠦᠬᠡᠬᠦ᠂ ᠬᠠᠭᠤᠴᠢᠨ ᠲᠤᠰᠤ ᠵᠡᠷᠬᠡ ᠠᠯᠢ ᠵᠤᠬᠢᠷᠠᠬᠤ ᠪᠠᠷ ᠬᠦᠯᠬᠡ ᠪᠤᠯᠭᠠᠨ ᠵᠢᠭᠤᠷᠠᠵᠦ ᠲᠦᠷᠬᠢᠵᠦ ᠪᠤᠯᠤᠨ᠎ᠡ᠃ ᠨᠢᠭᠤᠷ ᠴᠢᠷᠡᠢ ᠲᠤ ᠭᠠᠷᠤᠭᠰᠠᠨ ᠦᠶ᠎ᠡ ᠳᠤ ᠳ᠋ᠧᠨᠳᠤᠭ᠎ᠠ  ᠶᠢᠨ ᠨᠠᠪᠴᠢ  ᠶᠢ ᠴᠢᠨᠠᠭᠰᠠᠨ ᠰᠦᠮᠦᠰᠦᠨ  ᠳᠤ ᠮᠦᠨ ᠳ᠋ᠧᠨᠳᠤᠭ᠎ᠠ ᠶᠢ ᠨᠠᠷᠢᠨ ᠲᠠᠯᠬᠠᠳᠠᠵᠦ ᠬᠤᠯᠢᠭᠠᠳ ᠨᠢᠭᠤᠷ  ᠲᠤᠨᠢ ᠲᠦᠷᠬᠢᠪᠡᠯ ᠠᠷᠠᠰᠤᠨ ᠡᠪᠡᠳᠴᠢᠨ ᠢ ᠠᠷᠢᠯᠭᠠᠵᠦ ᠨᠢᠭᠤᠷ ᠴᠢᠷᠡᠢ  ᠶᠢᠨ ᠦᠩᠬᠡ  ᠶᠢ       ᠰᠠᠶᠢᠬᠠᠨ ᠪᠤᠯᠭᠠᠨ᠎ᠠ᠃ ᠮᠥᠨ ᠴᠠᠭᠠᠨ ᠬᠡᠴᠨ᠂ ᠬᠤᠨ ᠬᠤᠷᠤᠰᠤ᠂ ᠦᠮᠡᠬᠡᠢ ᠵᠡᠬᠡᠰᠦ᠂ ᠬᠡᠯᠨ ᠴᠤᠷᠬᠢᠭᠴᠢ ᠲᠠᠪᠤᠰᠤ  ᠶᠢ ᠨᠢᠭ᠌ᠳᠡ ᠲᠠᠯᠬᠠᠳᠠᠭᠠᠳ ᠵᠢᠭᠤᠷᠠᠮᠠᠯ ᠡᠮ ᠬᠢᠵᠦ᠂ ᠨᠢᠭᠤᠷ ᠢᠶᠠᠨ ᠰᠠᠶᠢᠳᠤᠷ ᠤᠬᠢᠶᠡᠵᠦ ᠴᠡᠪᠡᠷᠯᠡᠭᠰᠡᠨ ᠤ ᠲᠠᠷᠠᠭ᠎ᠠ ᠲᠦᠷᠬᠢᠵᠦ ᠰᠠᠶᠢᠳᠤᠷ ᠢᠯᠢᠵᠦ ᠦᠭᠪᠡᠯ ᠠᠷᠡᠰᠦᠨ ᠬᠡᠮᠳᠦᠯ ᠢ ᠠᠷᠢᠯᠭᠠᠵᠦ᠂ ᠴᠢᠷᠡᠢ  ᠶᠢᠨ ᠦᠩᠬᠡ ᠵᠢᠰᠤ  ᠶᠢ ᠲᠤᠩᠭᠠᠯᠠᠭ ᠪᠤᠯᠭᠠᠨ᠎ᠠ᠃ ᠡᠬᠦᠨ ᠠᠴᠠ ᠭᠠᠳᠠᠨ᠎ᠡ᠂ ᠬᠦᠬᠦᠷ —4  ᠶᠢ ᠬᠠᠭᠤᠴᠢᠨ ᠲᠤᠰᠤ ᠲᠠᠢ ᠨᠤᠬᠤᠵᠦ ᠲᠦᠷᠬᠢᠵᠦ ᠪᠤᠯᠬᠤ ᠪᠦᠬᠡᠳ ᠬᠦᠪᠳᠦᠷᠦᠦ       ᠤᠵᠢᠭᠰᠢᠷᠠᠭᠰᠠᠨ ᠳᠤ ᠽᠠᠨᠳᠡᠨ  ᠤ ᠲᠤᠰᠤᠨ ᠤ ᠲᠦᠷᠬᠢᠯᠬᠡ ᠰᠠᠶᠢᠨ ᠪᠠᠶᠢᠳᠠᠭ᠃       ﹇ᠡᠪᠡᠳᠴᠢᠨ ᠤ ᠲᠠᠪᠢᠯᠠᠩ﹈ ᠤᠯᠠᠩᠬᠢ  ᠳᠠᠭᠠᠨ ᠠᠶᠠᠨᠳᠠᠭᠠᠨ ᠡᠳᠡᠬᠡᠷᠡᠨ᠎ᠡ᠂ ᠬᠡᠪᠡᠴᠦ ᠬᠢᠯᠪᠡᠷ ᠲᠡᠬᠢᠬᠤ ᠤᠨᠴᠠᠯᠢᠭ  ᠲᠠᠢ᠃       ﹇ᠰᠤᠪᠢᠯᠠᠯᠳᠡ ᠪᠡ ᠰᠠᠷᠬᠡᠶᠢᠯᠡᠯᠳᠡ﹈ ᠬᠠᠯᠠᠭᠤᠨ ᠬᠤᠷᠴᠠᠯᠢᠭ᠂ ᠰᠡᠳᠡᠯᠳᠡ ᠶᠡᠬᠡᠳᠡᠢ ᠢᠳᠡᠬᠡᠨ ᠤᠮᠳᠠᠭᠠᠨ  ᠢ ᠴᠡᠬᠡᠷᠯᠡᠨ᠂ ᠠᠭᠤᠷᠯᠠᠵᠦ ᠪᠠᠴᠢᠮᠳᠠᠬᠤ᠂ ᠭᠠᠯ ᠨᠠᠷᠠᠨ  ᠳᠤ ᠤᠳᠠᠳᠡᠯ᠎ᠡ ᠠᠵᠢᠯᠯᠠᠬᠤ ᠮᠡᠳᠦ  ᠶᠢᠨ ᠴᠢᠰᠦ ᠰᠢᠷ᠎ᠠ  ᠶᠢᠨ ᠬᠠᠯᠠᠭᠤᠨ  ᠢ ᠡᠬᠦᠰᠬᠡᠬᠦ ᠶᠠᠪᠤᠳᠡᠯ ᠮᠦᠷ ᠢ ᠲᠡᠪᠴᠢᠵᠦ᠂ ᠠᠷᠢᠭᠤᠨ ᠴᠡᠪᠡᠷ  ᠢ ᠡᠷᠬᠢᠮᠯᠡᠨ᠂ ᠡᠮ ᠬᠡᠷᠡᠭᠯᠡᠬᠦ  ᠳᠡᠭᠡᠨ ᠡᠷᠬᠡᠪᠰᠢ ᠡᠮᠴᠢ  ᠶᠢᠨ ᠵᠢᠯᠤᠭᠤᠳᠤᠯᠭ᠎ᠠ ᠲᠤᠤᠷ᠎ᠠ ᠬᠡᠷᠡᠭᠯᠡᠬᠦ ᠬᠡᠷᠡᠭᠳᠡᠢ᠃       ﹇ᠯᠠᠪᠯᠠᠯᠳᠡ ᠶᠢᠨ ᠮᠠᠲ᠋ᠧᠷᠢᠶᠡᠯ﹈ ᠵᠤᠷ  ᠤᠨ ᠢᠷᠡᠯᠳᠡ᠄       ︽ᠮᠤᠩᠭᠤᠯ ᠡᠮᠨᠡᠯᠬᠡ ᠵᠢᠨ‌ᠡᠷᠳᠡᠨᠢ ᠶᠢᠨ ᠰᠠᠩ︾ ᠤᠨ 869 ᠨᠢᠭᠤᠷ᠂ ᠰᠢᠷ᠎ᠡ ᠤᠰᠤᠨ ᠡᠪᠡᠳᠴᠢᠨ ᠢ ᠵᠠᠰᠠᠬᠤ ᠲᠤᠬᠠᠢ᠄       ᠭᠠᠷᠤᠳᠢ 5   ᠶᠢᠨ ᠨᠠᠶᠢᠷᠠᠯᠲᠠ — ᠰᠢᠷ᠎ᠠ ᠤᠰᠤᠨ  ᠤ ᠭᠤᠷᠪᠠᠨ ᠡᠮ᠂ ᠪᠠᠷᠤᠷ᠎ᠠ᠂ ᠵᠦᠷᠦᠷ᠎ᠠ᠂ ᠬᠠᠷ᠎ᠠ ᠬᠦᠬᠦᠯ ᠂ ᠬᠠᠳᠠᠨ ᠬᠠᠶᠢᠯᠤᠮᠠᠯ᠂ ᠮᠦᠩᠭᠦᠨ ᠤᠰᠤ᠂ ᠠᠨᠠᠷ᠂ ᠰᠡᠩᠳᠡᠩ  ᠤᠨ ᠬᠠᠨᠳᠠ᠂ ᠳᠤᠭᠤᠯ ᠡᠪᠡᠰᠦ᠂ ᠪᠠᠱᠠᠭ᠎ᠠ᠂ ᠦᠷᠭᠡᠰᠦᠲᠦ ᠠᠷᠴᠠ᠂ ᠤᠤᠷᠲᠤᠵᠠ  ᠶᠢ ᠨᠡᠮᠡᠵᠦ᠂ ᠨᠢᠭᠲᠡ ᠲᠠᠯᠬᠠᠲᠠᠵᠦ᠂ ᠪᠤᠴᠠᠯᠭᠠᠵᠤ ᠬᠦᠷᠦᠭᠡᠭᠰᠡᠨ ᠤᠰᠦ  ᠪᠠᠷ ᠳᠠᠷᠤᠭᠤᠯᠪᠠᠯ ᠲᠤᠯᠠᠢ᠂ᠬᠡᠷᠦᠬᠦ ᠨᠢᠶᠠᠨ ᠬᠤᠷᠤᠬᠠᠢ᠂ ᠨᠢᠶᠠᠨ ᠬᠠᠳᠬᠤᠯᠭ᠎ᠠ᠂ ᠰᠠᠬᠤᠤ ᠪᠤᠭᠤᠮ᠎ᠠ᠂ ᠰᠢᠷ᠎ᠠ ᠤᠰᠦ ᠠᠷᠠᠰᠤᠨ  ᠳᠤ ᠪᠠᠭᠤᠭᠰᠠᠨ  ᠢᠶᠠᠷ ᠢᠯᠴᠢᠭᠢᠨᠡᠨ ᠬᠠᠯᠠᠭᠤᠷᠠᠬᠤ᠂ ᠬᠠᠯᠠᠭᠤᠷᠠᠨ ᠡᠭᠡᠳᠡᠷᠡᠬᠦ᠂ ᠬᠠᠯᠠᠭᠤᠷᠠᠨ ᠮᠢᠨᠴᠦᠭᠦᠷᠡᠬᠦ᠂ ᠬᠠᠷ᠎ᠠ ᠰᠢᠷ᠎ᠠ ᠤᠰᠦ᠂ ᠤᠶᠠᠮᠠᠨ ᠤ ᠬᠤᠤᠷ᠎ᠠ ᠡᠪᠡᠳᠴᠢᠨ  ᠢ ᠳᠠᠷᠤᠬᠤ  ᠳᠤ ᠰᠠᠶᠢᠨ ᠪᠦᠭᠡᠳ ᠢᠯᠠᠩᠭᠤᠶ᠎ᠠ ᠪᠠᠮ ᠡᠪᠡᠳᠴᠢᠨ᠂ ᠰᠢᠷ᠎ᠠ ᠤᠰᠤᠨ  ᠳᠤ ᠢᠯᠡᠭᠦᠤ ᠲᠤᠰᠠᠯᠠᠨ᠎ᠠ᠃        ᠬᠦᠬᠦᠯ ᠭᠠᠷᠤᠳᠢ 15   ᠶᠢᠨ ᠨᠠᠶᠢᠷᠠᠯᠲᠠ — ᠬᠦᠬᠦᠯ᠂ ᠬᠠᠷ᠎ᠠ ᠬᠦᠬᠦᠯ᠂ ᠬᠠᠷ᠎ᠠ ᠰᠠᠷᠠᠳᠮ᠎ᠠ᠂ ᠦᠷᠭᠡᠰᠦᠲᠦ ᠠᠷᠴᠠ᠂ ᠮᠦᠩᠭᠦᠨ ᠤᠰᠦ᠂ ᠵᠢᠷᠭᠤᠭᠠᠨ ᠰᠠᠶᠢᠨ᠂ ᠬᠤᠶᠠᠷ ᠽᠠᠨᠳᠠᠨ᠂ ᠭᠤᠷᠪᠠᠨ ᠦᠷ᠎ᠡ  ᠂ ᠷᠦᠳᠠ᠂ ᠪᠠᠭᠠᠪᠠᠭᠠᠢ  ᠶᠢᠨ ᠰᠦᠰᠦ᠂ ᠰᠢᠷ᠎ᠠ ᠣᠰᠣᠨ  ᠤ ᠭᠤᠷᠪᠠᠨ ᠦᠷ᠎ᠡ᠂ ᠪᠤᠭᠤ  ᠶᠢᠨ ᠡᠪᠡᠷ᠂ ᠬᠦᠮᠦᠨ ᠭᠦᠷᠦᠭᠡᠰᠦᠨ ᠤ ᠭᠠᠪᠠᠯᠠ ᠪᠠ ᠢᠪᠠᠤᠬᠠᠢ ᠬᠤᠶᠠᠷ  ᠤᠨ ᠦᠨᠡᠰᠦ ᠨᠦᠭᠦᠳ  ᠢ ᠰᠡᠩᠳᠡᠩ  ᠤᠨ ᠲᠠᠩ  ᠳᠤ ᠰᠢᠬᠢᠷ ᠠᠭᠤᠰᠬᠠᠵᠦ ᠵᠢᠭᠤᠷᠠᠵᠦ ᠦᠷᠦᠯᠳᠦᠭᠰᠡᠨ ᠬᠦᠬᠦᠯ ᠭᠠᠷᠦᠳᠢ40  ᠤᠨ ᠨᠠᠶᠢᠷᠠᠯᠲᠠ  ᠶᠢ ᠦᠭᠪᠡᠯ ᠰᠢᠷ᠎ᠠ ᠤᠰᠤᠨ  ᠤ ᠡᠪᠡᠳᠴᠢᠨ ᠪᠦᠬᠦᠨ  ᠢ ᠠᠷᠢᠯᠭᠠᠨ᠎ᠠ᠃       ᠰᠡᠩᠳᠡᠩ  ᠢ       ᠤᠤᠭᠤᠯᠭᠠᠬᠤ — ᠴᠠᠢ ᠮᠡᠲᠦ ᠴᠢᠨᠠᠵᠦ ᠤᠤᠭᠤᠯᠭᠠᠬᠤ᠂ ᠪᠤᠷᠠᠮ ᠮᠡᠲᠦ ᠤᠤᠭᠤᠯᠭᠠᠬᠤ᠂ ᠲᠠᠯᠬ᠎ᠠ ᠡᠮ ᠮᠡᠲᠦ ᠤᠤᠭᠤᠯᠭᠠᠬᠤ᠂ ᠲᠤᠰᠤᠨ ᠡᠮ ᠮᠡᠲᠦ ᠤᠤᠭᠤᠯᠭᠠᠬᠤ ᠵᠡᠷᠭᠡ ᠨᠢ ᠴᠢᠰᠤ᠂ ᠰᠢᠷ᠎ᠠ ᠤᠰᠦ  ᠶᠢ ᠬᠠᠲᠠᠭᠠᠬᠤ ᠪᠠᠳᠭᠠᠨ ᠰᠢᠷ᠎ᠠ  ᠶᠢ ᠠᠷᠢᠯᠭᠠᠬᠤ᠂ ᠲᠤᠷ᠎ᠠ  ᠶᠢ ᠨᠡᠬᠡᠬᠡᠵ ᠲᠤᠩᠭᠠᠯᠠᠭ  ᠢ ᠠᠷᠪᠢᠳᠤᠭᠤᠯᠤᠨ᠎ᠠ᠃ ᠬᠦᠴᠦᠨ ᠴᠢᠳᠡᠯ  ᠢ ᠨᠡᠮᠡᠭᠳᠡᠬᠦᠯᠵᠦ ᠪᠡᠶ᠎ᠡ  ᠶᠢᠨ ᠬᠦᠳᠡᠯᠬᠡᠬᠡᠨ  ᠢ ᠲᠦᠷᠬᠡᠨ ᠪᠤᠯᠭᠠᠵᠦ ᠦᠩᠬᠡ ᠵᠢᠰᠦ  ᠶᠢ ᠰᠠᠶᠢᠵᠢᠷᠠᠭᠤᠯᠤᠨ᠎ᠠ᠃        ︽ᠲᠦᠷᠪᠡᠨ ᠷᠡᠰᠢᠶᠡᠨ︾ ᠤ 220 ᠨᠢᠭᠤᠷ᠂ ᠠᠷᠠᠰᠤᠨ ᠡᠪᠡᠳᠴᠢᠨ ᠤ ᠬᠡᠰᠡᠭ᠄       ᠶᠡᠷᠦ  ᠶᠢᠨ ᠤᠤᠭᠤᠯᠭᠠᠬᠤ ᠡᠮ ᠨᠢ᠄ ᠴᠦᠩ —5 ᠲᠡᠬᠡᠷ᠎ᠡ ᠦᠯᠴᠦ ᠰᠠᠩᠳᠧᠩ ᠬᠤᠶᠡᠷ  ᠢ ᠨᠡᠮᠡᠭᠰᠡᠨ   ᠴᠦᠩ —7 ᠪᠤᠯᠤᠨ᠎ᠠ᠃       ︽ᠮᠤᠩᠭᠤᠯ ᠡᠮᠨᠡᠯᠬᠡ ᠵᠢᠨ‌ᠡᠷᠳᠡᠨᠢ ᠶᠢᠨ ᠰᠠᠩ︾ ᠤᠨ 886 ᠨᠢᠭᠤᠷ᠂ ᠠᠷᠠᠰᠤᠨ ᠡᠪᠡᠳᠴᠢᠨ ᠢ ᠵᠠᠰᠠᠬᠤ ᠲᠤᠬᠠᠢ᠄       ᠠᠷᠠᠰᠤᠨ ᠡᠪᠡᠳᠴᠢᠨ  ᠤ ᠶᠡᠷᠦᠨᠳᠡᠭ ᠨᠢ ᠵᠢᠯᠵᠧ᠂ ᠰᠠᠩᠳᠧᠩ  ᠤᠨ ᠬᠠᠨᠳᠡ ᠲᠤᠰᠪᠤᠷᠢ ᠭᠤᠷᠪᠡᠨ ᠴᠢᠨ᠂ ᠳ᠋ᠦᠷᠵᠢᠳ᠂ ᠲᠠᠷᠨᠤ᠂ ᠤᠨᠪᠤ᠂ ᠡᠮ᠎ᠡ ᠠᠯᠳᠠᠨ ᠬᠦᠬᠦᠷ᠂ ᠬᠤᠷᠠᠭᠠᠨ ᠴᠢᠬᠢ ᠡᠪᠡᠰᠦ᠂ ᠬᠦᠬᠦᠷ᠂ ᠪᠤᠩ ᠠ᠂ ᠬᠠᠳᠠᠨ ᠬᠠᠶᠢᠯᠤᠮᠠᠯ᠂ ᠴᠠᠭᠠᠨ ᠬᠡᠴᠢ ᠲᠤᠰᠪᠤᠷᠢ ᠨᠢᠬᠡ ᠴᠢᠨ᠂ ᠵᠢᠭᠠᠷ6 ᠹᠦᠨ᠂ ᠡᠯᠵᠢᠬᠡᠨ ᠴᠢᠬᠢᠨ ᠨᠠᠪᠴ᠊᠂ ᠢ ᠦᠮᠡᠬᠡᠢ ᠵᠡᠬᠡᠰ᠊᠂ ᠤ᠂ ᠰᠢᠷ᠎ᠠ ᠭᠠ᠂ ᠲᠠᠪᠤᠰᠤ᠂ᠰᠢᠷ᠎ᠠ ᠮᠤᠳᠤ᠂ ᠴᠠᠭᠠᠨ ᠬᠦᠬᠦᠷ᠂ ᠬᠢᠮ᠎ᠡ  ᠶᠢᠨ ᠦᠷ᠎ᠡ ᠲᠤᠰᠪᠤᠷᠢ 7 ᠹᠦᠨ ᠠᠷᠤᠷ᠎ᠠ ᠪᠠᠷᠦᠷ᠎ᠠ ᠠᠷᠢᠬᠢᠨ ᠬᠦᠷᠦᠩᠬᠡ ᠲᠠᠯᠭᠠᠳᠤᠷᠵᠢ ᠰᠢᠷ᠎ᠠ ᠮᠤᠳᠤ ᠲᠠᠯᠠᠨ ᠲᠦᠷᠦᠬᠦᠦ ᠲᠤᠰᠪᠤᠷᠢ8 ᠹᠦᠨ ᠡᠷ᠎ᠡ ᠠᠯᠳᠠᠨ ᠬᠦᠬᠦᠷ1 ᠴᠢᠨ5 ᠹᠦᠨ᠂ ᠬᠢᠵᠦ ᠨᠠᠶᠢᠷᠠᠭᠤᠯᠤᠭᠠᠳ ᠦᠨᠢᠶᠡᠨ ᠰᠢᠬᠡᠰᠦᠨ ᠯᠤᠤᠪᠠᠩ ᠤᠨ ᠰᠢᠬᠦᠰᠦ ᠭᠠᠭ᠋ᠠᠢ  ᠶᠢᠨ ᠦᠬᠡᠬᠦ᠂ ᠬᠠᠭᠤᠴᠢᠨ ᠲᠤᠰᠤ ᠵᠡᠷᠬᠡ ᠠᠯᠢ ᠵᠤᠬᠢᠷᠠᠬᠤ  ᠪᠠᠷ ᠬᠦᠯᠬᠡ ᠪᠤᠯᠭᠠᠨ ᠵᠢᠭᠤᠷᠠᠵᠦ ᠲᠦᠷᠬᠢᠪᠡᠯ ᠠᠷᠠᠰᠦᠨ ᠡᠪᠡᠳᠴᠢᠨ ᠪᠦᠬᠦᠨ  ᠢ ᠠᠷᠢᠯᠭᠠᠬᠤ ᠶᠡᠷᠦᠩᠬᠡᠢ ᠡᠮ ᠪᠤᠯᠤᠨ᠎ᠠ᠃       ︽ᠮᠤᠩᠭᠤᠯ ᠡᠮᠨᠡᠯᠬᠡ ᠵᠢᠨ‌ᠡᠷᠳᠡᠨᠢ ᠶᠢᠨ ᠰᠠᠩ︾ ᠤᠨ1045 ᠨᠢᠭᠤᠷ᠂ ᠵᠢᠵᠢᠭ ᠬᠦᠪᠳᠦᠷᠦᠦ ᠶᠢ ᠵᠠᠰᠠᠬᠤ ᠲᠤᠬᠠᠢ       ᠳ᠋ᠧᠨᠳᠤᠭ᠎ᠠ  ᠶᠢᠨ ᠨᠠᠪᠴᠢ  ᠶᠢ ᠴᠢᠨᠠᠭᠰᠠᠨ ᠰᠦᠮᠦᠰᠦᠨ  ᠳᠤ ᠮᠦᠨ ᠳ᠋ᠧᠨᠳᠤᠭ᠎ᠠ  ᠶᠢ ᠨᠠᠷᠢᠨ ᠲᠠᠯᠬᠠᠳᠠᠵᠦ ᠬᠤᠯᠢᠭᠠᠳ ᠨᠢᠭᠤᠷ ᠲᠤᠨᠢ ᠲᠦᠷᠬᠢᠪᠡᠯ ᠠᠷᠠᠰᠤᠨ ᠡᠪᠡᠳᠴᠢᠨ  ᠢ ᠠᠷᠢᠯᠭᠠᠵᠦ ᠨᠢᠭᠤᠷ ᠴᠢᠷᠡᠢ  ᠶᠢᠨ ᠦᠩᠬᠡ  ᠶᠢ ᠰᠠᠶᠢᠬᠠᠨ ᠪᠤᠯᠭᠠᠨ᠎ᠠ᠃       ︽ᠮᠤᠩᠭᠤᠯ ᠡᠮᠨᠡᠯᠬᠡ ᠵᠢᠨ‌ᠡᠷᠳᠡᠨᠢ ᠶᠢᠨ ᠰᠠᠩ︾ ᠤᠨ 895 ᠨᠢᠭᠤᠷ᠂ ᠴᠢᠷᠡᠢ  ᠶᠢᠨ ᠢᠬᠢᠷ ᠰᠢᠬᠢᠷ ᠡᠪᠡᠳᠴᠢᠨ᠄       ᠨᠢᠭᠤᠷ  ᠲᠤ ᠰᠡᠪᠬᠡ ᠴᠠᠬᠠᠯᠠᠢ ᠵᠡᠷᠬᠡ ᠭᠠᠷᠤᠭᠰᠠᠨ  ᠳᠤ ᠴᠠᠭᠠᠨ ᠬᠡᠴᠨ᠂ ᠬᠤᠨ ᠬᠤᠷᠤᠰᠤ᠂ ᠦᠮᠡᠬᠡᠢ ᠵᠡᠬᠡᠰᠦ᠂ ᠬᠡᠯᠨ ᠴᠤᠷᠬᠢᠭᠴᠢ ᠲᠠᠪᠤᠰᠤ ᠵᠢ‌ᠨᠢᠭ᠌ᠳᠡ ᠲᠠᠯᠬᠠᠳᠠᠭᠠᠳ ᠵᠢᠭᠤᠷᠠᠮᠠᠯ ᠡᠮ ᠬᠢᠵᠦ᠂ ᠨᠢᠭᠤᠷ ᠢᠶᠠᠨ ᠰᠠᠶᠢᠳᠤᠷ ᠤᠬᠢᠶᠡᠵᠦ ᠴᠡᠪᠡᠷᠯᠡᠭᠰᠡᠨ  ᠤ ᠲᠠᠷᠠᠭ᠎ᠠ ᠲᠦᠷᠬᠢᠵᠦ ᠰᠠᠶᠢᠳᠤᠷ ᠢᠯᠢᠵᠦ ᠦᠭᠪᠡᠯ ᠨᠢᠭᠤᠷ  ᠲᠤ ᠪᠡᠷᠵᠢᠬᠡᠷ ᠭᠠᠷᠬᠤ᠂ ᠵᠢᠵᠢᠭ ᠬᠦᠪᠳᠦᠷᠤᠤ ᠭᠠᠷᠤᠭᠰᠠᠨ᠂ ᠪᠠᠳᠬ᠎ᠠ ᠭᠠᠷᠤᠭᠰᠠᠨ ᠵᠡᠷᠬᠡ ᠬᠡᠮ  ᠤᠳ  ᠢ ᠠᠷᠢᠯᠭᠠᠵᠦ᠂ ᠴᠢᠷᠡᠢ  ᠶᠢᠨ ᠦᠩᠬᠡ ᠵᠢᠰᠤ  ᠶᠢ ᠲᠤᠩᠭᠠᠯᠠᠭ ᠪᠤᠯᠭᠠᠨ᠎ᠠ᠃       ︽ᠲᠦᠷᠪᠡᠨ ᠷᠡᠰᠢᠶᠡᠨ︾ ᠤ 61ᠨᠢᠭᠤᠷ᠄       ᠬᠦᠬᠦᠷ —4  ᠶᠢ ᠬᠠᠭᠤᠴᠢᠨ ᠲᠤᠰᠤ ᠲᠠᠢ ᠨᠤᠬᠤᠪᠠᠯ ᠬᠦᠪᠳᠦᠷᠦᠦ  ᠨᠦᠭᠦᠳ  ᠢ ᠠᠷᠢᠯᠭᠠᠬᠤ       ᠽᠠᠨᠳᠡᠨ  ᠤ ᠲᠤᠰᠤᠨ  ᠤ ᠲᠦᠷᠬᠢᠯᠬᠡ ᠪᠤᠯ ᠨᠠᠮᠤᠰᠤ ᠪᠠ ᠤᠳᠠᠭᠰᠠᠨ ᠬᠦᠪᠳᠦᠷᠦᠦ  ᠳᠤ ᠰᠠᠶᠢᠨ᠃ ᠬᠡᠵᠦ ᠲᠡᠮᠳᠡᠭᠯᠡᠵᠦ ᠪᠠᠶᠢᠳᠠᠭ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号