| | ᠪᠤᠶᠠᠨᠪᠠᠲᠤ | | ᠲᠡᠷᠡ ᠦᠶ᠎ᠡ ᠳᠤ ᠲᠡᠶᠢᠮᠦ ᠯᠠ ᠪᠠᠶᠢᠯ᠎ᠠ | ︵ᠡᠨᠡ ᠪᠣᠯ ᠪᠠᠯᠠᠷ ᠮᠠᠩᠬᠠᠨ ᠡᠯᠡᠰᠦᠨ ᠳᠤ ᠲᠥᠷᠥᠵᠦ ᠥᠰᠦᠭᠰᠡᠨ ᠬᠥᠳᠡᠭᠡ ᠶᠢᠨ | ᠬᠡᠦᠬᠡᠳ ᠤᠨ ᠡᠳᠦᠷ ᠲᠤᠲᠤᠮ ᠤᠨ ᠠᠮᠢᠳᠤᠷᠠᠯ ᠤᠨ ᠵᠦᠭᠡᠷ ᠯᠠ ᠪᠣᠷᠣ ᠬᠠᠭᠤᠯᠪᠤᠷᠢ | ᠪᠤᠶᠤ ᠲᠠᠲᠠᠯᠠᠪᠤᠷᠢ ᠶᠤᠮ᠂ ᠰᠢᠯᠦᠭ ᠪᠢᠰᠢ ᠰᠢᠯᠦᠭᠡᠨᠴᠡᠷ ᠴᠦ ᠪᠠᠶᠢᠵᠤ ᠮᠡᠳᠡᠨ᠎ᠡ︶ | | ᠪᠢ ᠪᠣᠯ | ᠬᠤᠷᠢᠳᠤᠭᠠᠷ ᠵᠠᠭᠤᠨ ᠤ ᠵᠢᠷᠠᠭᠠᠳ ᠣᠨ ᠤ ᠳᠤᠮᠳᠠᠴᠢ ᠪᠠᠷ | ᠬᠤᠮ ᠲᠠᠢ ᠠᠲᠠ ᠭᠠᠵᠠᠷ ᠬᠤᠲᠣᠯᠵᠠᠭᠤᠯᠵᠤ ᠳᠡᠷᠭᠡᠭᠰᠡᠨ | ᠬᠤᠪᠢᠰᠬᠠᠯᠲᠤ ᠯᠣᠽᠦᠩ ᠦᠭᠡᠨ ᠤ ᠦᠵᠦᠭᠦᠷ ᠠᠴᠠ ᠬᠠᠩᠬᠤᠯᠤᠭᠰᠠᠨ | ᠬᠠᠤᠬᠢᠬᠤ ᠰᠠᠯᠬᠢ ᠲᠤᠭᠤᠷᠭ᠎ᠠ ᠮᠥᠷᠭᠦᠵᠦ ᠨᠣᠮᠣᠬᠠᠷᠠᠭᠰᠠᠨ | ᠲᠡᠶᠢᠮᠦ ᠯᠠ ᠴᠠᠭ ᠲᠤ ᠲᠤᠯᠭᠠᠨ ᠤ ᠵᠠᠬ᠎ᠠ ᠳᠤ ᠲᠥᠷᠥᠭᠰᠡᠨ | ᠲᠡᠭᠦᠨ ᠠᠴᠠ ᠬᠤᠶᠢᠰᠢ ᠬᠤᠷᠸ᠎ᠠ ᠶᠢᠨ ᠵᠢᠰᠦᠨ ᠵᠦᠢᠯ ᠢ ᠠᠮᠲᠠᠯᠠᠭᠰᠠᠨ᠃ | ︽ᠡᠵᠢ ᠠ᠋᠂ ᠡᠵᠢ ᠠ᠋ ᠁︾ ᠭᠡᠵᠦ ᠠᠩᠬ᠎ᠠ ᠬᠡᠯᠡ ᠳᠤ ᠣᠷᠣᠭᠰᠠᠨ | ︽ᠴᠢᠯᠠᠭᠤ᠂ ᠴᠢᠯᠠᠭᠤ ᠁︾ ᠭᠡᠬᠦ ᠳᠤ ᠵᠤᠯᠠᠢ ᠮᠢᠨᠢ ᠪᠢᠲᠡᠭᠦᠷᠡᠵᠦ ᠬᠠᠲᠠᠭᠤᠷᠠᠭᠰᠠᠨ | ᠡᠪᠡᠰᠦ ᠪᠥᠬᠦᠨ ᠤ ᠠᠨᠢᠷ ᠢᠶᠠᠷ ᠲᠠᠲᠠᠭᠤᠯᠵᠤ ᠬᠥᠯ ᠳᠡᠭᠡᠷ᠎ᠡ ᠪᠠᠨ ᠪᠣᠰᠴᠤ ᠵᠣᠭᠰᠣᠭᠰᠠᠨ | ᠴᠢᠳᠬᠦᠷ ᠰᠢᠮᠨᠤᠰ ᠤᠨ ᠥᠯᠢᠭᠡᠷ ᠢᠶᠠᠷ ᠵᠢᠷᠦᠬᠡ ᠪᠠᠨ ᠳᠡᠯᠡᠰᠴᠦ ︽ᠪᠦᠳᠦᠭᠦᠷᠡᠭᠦᠯᠦᠭᠰᠡᠨ︾᠃ | ᠲᠤᠱᠠ ᠲᠠᠢ ᠲᠡᠮᠡᠭᠡᠨ ᠤ ᠬᠤᠶᠢᠨ᠎ᠠ ᠠᠴᠠ ᠶᠠᠪᠠᠭᠠᠨ ᠨᠢᠴᠦᠭᠦᠨ ᠲᠠᠪᠠᠷᠠᠭᠠᠵᠤ ᠶᠠᠪᠤᠯ᠎ᠠ | ᠴᠠᠩᠭᠠᠪᠠᠯ ᠤᠰᠤ ᠮᠠᠯᠲᠠᠭᠠᠳ ᠤᠤᠭᠤᠴᠢᠬᠠᠵᠤ ᠪᠠᠶᠢᠯ᠎ᠠ | ᠭᠠᠵᠠᠷ ᠤᠰᠤᠨ ᠤ ᠪᠠᠨ ᠤᠨᠠᠭᠠᠨ ᠠᠮᠲᠠ ᠶᠢ ᠲᠡᠶᠢᠨ ᠬᠦ ᠮᠡᠳᠡᠷᠡᠭᠰᠡᠨ᠃ | ᠲᠦᠯᠡᠭᠡ ᠲᠡᠭᠦᠭᠡᠳ ᠭᠠᠷ ᠢᠶᠠᠨ ᠰᠢᠯᠪᠤᠯᠠᠨ ᠰᠢᠨᠠᠯᠵᠤ ᠪᠠᠶᠢᠯ᠎ᠠ | ᠵᠢᠪᠠᠷ ᠤᠨ ᠦᠵᠦᠭᠦᠷ ᠢᠶᠠᠷ ᠳᠣᠯᠢᠶᠠᠯᠭᠠᠵᠤ ᠲᠡᠭᠡᠰᠬᠢᠭᠡᠳ ᠮᠠᠷᠲᠠᠵᠤ ᠪᠠᠶᠢᠯ᠎ᠠ | ᠭᠤᠪᠢ ᠶᠢᠨ ᠢᠶᠠᠨ ᠮᠥᠨ ᠴᠢᠨᠠᠷ ᠲᠠᠢ ᠲᠡᠭᠡᠵᠦ ᠯᠠ ᠲᠠᠨᠢᠯᠴᠠᠭᠰᠠᠨ᠃ | ᠡᠪᠡᠰᠦ ᠨᠢ ᠦᠨᠳᠦᠰᠦ ᠪᠦᠲᠦᠨ᠂ ᠤᠰᠤ ᠨᠢ ᠤᠨᠳᠤᠷᠭ᠎ᠠ ᠪᠦᠷᠢᠨ ᠪᠠᠶᠢᠯ᠎ᠠ | ᠡᠭᠦᠯᠡ ᠯᠠ ᠭᠠᠷᠪᠠᠯ ᠪᠣᠷᠣᠭᠠᠨ ᠱᠠᠭᠢᠴᠢᠬᠠᠳᠠᠭ ᠪᠠᠶᠢᠯ᠎ᠠ | ᠰᠣᠯᠣᠩᠭ᠎ᠠ ᠵᠡᠭᠦᠬᠡᠨ ᠳᠡᠨᠵᠢᠨ ᠳᠡᠭᠡᠷ᠎ᠡ ᠨᠠᠮᠢᠷᠠᠳᠠᠭ ᠪᠠᠶᠢᠵᠤ ᠪᠢᠯᠡ | ᠲᠡᠭᠦᠨ ᠢ ᠲᠡᠭᠷᠢ ᠶᠢᠨ ᠥᠬᠢᠨ ᠤ ᠠᠯᠴᠢᠭᠤᠷ ᠬᠡᠮᠡᠨ ᠢᠲᠡᠭᠡᠵᠦ ᠥᠰᠦᠯ᠎ᠡ | ᠲᠣᠷᠭᠠᠨ ᠰᠡᠵᠢᠭᠦᠷ ᠠᠴᠠ ᠨᠢ ᠪᠠᠷᠢᠵᠤ ᠦᠵᠡᠬᠦ ᠭᠡᠵᠦ ᠲᠣᠯᠣᠭᠠᠳ ᠳᠠᠮᠵᠢᠨ ᠬᠥᠭᠡᠭᠡᠵᠦ ᠦᠵᠡᠯ᠎ᠡ | ︽ᠥᠩᠭᠡ ᠪᠣᠯ ᠬᠤᠭᠤᠰᠤᠨ ᠁︾ ᠭᠡᠵᠦ ᠵᠠᠬᠢᠬᠤ ᠨᠢ ᠰᠣᠨᠣᠰᠳᠠᠭᠰᠠᠨ | ︽ᠥᠪᠡᠷ ᠢᠶᠠᠷ ᠢᠶᠠᠨ ᠪᠠᠢ︕︾ ᠭᠡᠰᠡᠨ ᠦᠭᠡ ᠪᠤᠲᠠᠨ ᠳᠤ ᠲᠡᠭᠡᠭᠯᠡᠵᠦ ᠦᠯᠡᠳᠡᠭᠰᠡᠨ᠃ | ᠲᠠᠨᠢᠬᠤ ᠲᠠᠨᠢᠬᠤ ᠦᠭᠡᠢ ᠰᠢᠪᠠᠭᠤᠳ ᠬᠠᠰᠢᠶᠠᠨ ᠳᠡᠭᠡᠷ᠎ᠡ ᠬᠥᠭᠡᠷᠦᠯᠳᠦᠵᠦ | ᠲᠠᠤᠯᠠᠢ ᠶᠢᠨ ᠪᠥᠵᠥᠩ ᠬᠤᠲᠠᠨ ᠤ ᠵᠠᠬ᠎ᠠ ᠳᠤ ᠭᠦᠷᠪᠡᠵᠢᠳᠡᠭ ᠪᠠᠶᠢᠵᠤ ᠪᠢᠯᠡ | ᠬᠥᠳᠥᠰᠥᠨ ᠳᠠᠪᠠᠯ ᠲᠠᠢ ᠪᠤᠷᠠᠨᠲᠠᠭ ᠪᠦᠰᠡᠯᠡᠭᠰᠡᠨ ᠬᠦᠦ | ᠲᠣᠷᠤᠮ ᠳᠠᠰᠬᠠᠵᠤ ︽ᠲᠡᠭᠷᠢ ᠶᠢᠨ ᠣᠶᠣᠳᠠᠯ︾ ※ ᠦᠵᠡᠵᠦ ᠶᠠᠪᠤᠯ᠎ᠠ | ᠭᠡᠮᠲᠦᠵᠦ ᠪᠠᠷᠲᠡᠵᠦ ᠬᠠᠷᠢᠨ ᠨᠢᠭᠡ ᠴᠦ ᠦᠵᠡᠭᠡ ᠦᠭᠡᠢ ᠳ᠋ᠡ | ᠨᠤᠲᠤᠭ ᠤᠨ ᠰᠢᠷᠣᠢ ᠲᠣᠷᠭ᠎ᠠ ᠪᠠᠶᠢᠭᠰᠠᠨ ᠢ | ᠲᠡᠮᠡᠭᠡ ᠵᠣᠭᠳᠣᠷ ᠢᠶᠠᠨ ᠳᠡᠪᠢᠰᠴᠦ ᠲᠣᠰᠳᠠᠭ ᠪᠠᠶᠢᠭᠰᠠᠨ ᠢ ᠲᠡᠭᠡᠵᠦ ᠯᠠ ᠤᠬᠠᠭᠠᠷᠠᠭᠰᠠᠨ ᠳ᠋ᠠ | ᠲᠠᠰᠬᠢᠮ᠎ᠠ ᠬᠦᠢᠲᠡᠨ ᠳᠤ ᠬᠠᠴᠠᠷ ᠢᠶᠠᠨ ᠬᠠᠭᠠᠷᠢᠭᠤᠯᠵᠤ ᠤᠭᠢᠯᠠᠵᠤ ᠪᠠᠶᠢᠯ᠎ᠠ | ᠠᠭᠠᠭᠢᠮ᠎ᠠ ᠬᠠᠯᠠᠭᠤᠨ ᠳᠤ ᠭᠠᠳᠠᠭ᠎ᠠ ᠲᠠᠷᠪᠠᠭ᠎ᠠ ᠰᠢᠭ᠋ ᠲᠣᠭᠯᠠᠵᠤ ᠨᠡᠭᠦᠷᠡᠰᠦ ᠰᠢᠭ ᠰᠢᠲᠠᠵᠤ ᠪᠠᠶᠢᠯ᠎ᠠ | ᠡᠪᠡᠳᠴᠢᠨ ᠬᠠᠭᠤᠴᠢ ᠭᠡᠳᠡᠭ ᠶᠠᠭᠤᠮ᠎ᠠ ᠭᠠᠭᠴᠠ ᠴᠦ ᠨᠠᠭᠠᠯᠳᠤᠭ᠎ᠠ ᠦᠭᠡᠢ ᠳ᠋ᠡ | ᠭᠠᠵᠠᠷ ᠲᠡᠭᠷᠢ ᠶᠢᠨ ᠢᠪᠡᠭᠡᠯ ᠲᠡᠶᠢᠮᠦ ᠯᠠ ᠤᠪᠠᠳᠢᠰᠯᠢᠭ ᠪᠠᠶᠢᠳᠠᠭ ᠢ ᠲᠡᠭᠡᠵᠦ ᠯᠠ ᠮᠡᠳᠡᠷᠡᠭᠰᠡᠨ ᠳ᠋ᠡ | ᠬᠡᠭᠡᠷ᠎ᠡ ᠶᠢᠨ ᠴᠢᠯᠠᠭᠤ᠂ ᠱᠠᠭᠠᠵᠠᠩ ᠤᠨ ᠬᠠᠭᠠᠷᠬᠠᠢ ᠪᠠᠷ ᠠᠮᠢᠳᠤᠷᠠᠯ ᠵᠣᠬᠢᠶᠠᠨ ᠲᠣᠭᠯᠠᠵᠤ | ᠥᠰᠦᠭᠰᠡᠨ | ᠬᠡᠷᠢᠶ᠎ᠡ ᠭᠤᠸᠠᠭᠯᠠᠬᠤ᠂ ᠬᠤᠯᠠᠨ ᠵᠢᠷᠤᠭ᠎ᠠ ᠵᠢᠷᠭᠢᠬᠦ ᠶᠢ ᠵᠥᠩ ᠪᠡᠯᠭᠡ ᠭᠡᠵᠦ ᠢᠲᠡᠭᠡᠵᠦ ᠶᠠᠪᠤᠭᠰᠠᠨ | ᠬᠥᠭᠰᠢᠨ ᠪᠤᠭᠤᠷᠤᠯ ᠤᠳ ᠤᠨ ᠬᠡᠯᠡᠭᠰᠡᠨ ᠥᠯᠢᠭᠡᠷ ᠢᠶᠠᠷ ᠤᠬᠠᠭᠠᠨ ᠢᠶᠠᠨ ᠤᠭᠵᠢᠵᠤ ᠲᠣᠮᠤᠭᠠᠵᠢᠭᠰᠠᠨ | ᠬᠡᠳᠦᠨ ᠪᠣᠷᠣ ᠰᠢᠪᠠᠭᠤᠳ ᠤᠨ ᠢᠶᠠᠨ ᠵᠢᠷᠭᠢᠭᠡ ᠪᠠᠷ ᠤᠶᠢᠳᠬᠠᠷ ᠢᠶᠠᠨ ᠰᠡᠷᠭᠦᠭᠡᠵᠦ ᠲᠠᠶᠢᠳᠬᠤᠷᠠᠭᠰᠠᠨ | ᠲᠣᠮᠤᠭ᠎ᠠ ᠦᠭᠡᠢ ᠠᠭᠠᠰᠢᠯᠠᠵᠤ ᠡᠵᠢ ᠶᠢᠨ ᠢᠶᠠᠨ ︽ᠠᠯᠠᠭᠠᠨ ᠪᠣᠣᠪᠤ︾ ᠶᠢ ᠬᠦᠷᠲᠡᠵᠦ ᠪᠠᠶᠢᠯ᠎ᠠ | ᠲᠡᠷᠡ ᠪᠥᠬᠦᠨ ᠠᠳᠠ ᠵᠡᠳᠬᠡᠷ ᠢ ᠮᠢᠨᠢ ᠨᠠᠮ ᠳᠠᠷᠤᠳᠠᠭ ᠳᠣᠮ ᠪᠠᠶᠢᠵᠠᠢ | ᠲᠣᠷᠳᠤᠭ ᠵᠠᠭᠤᠭᠰᠠᠨ ᠭᠡᠷ ᠤᠨ ᠤᠨᠢ ᠲᠡᠮᠲᠡᠷᠢᠵᠦ ᠮᠥᠯᠬᠦᠭᠰᠡᠨ | ᠲᠣᠰᠣᠨ ᠰᠢᠷᠭᠠᠯ ᠨᠠᠷᠠ ᠨᠠᠰᠤ ᠶᠢ ᠮᠢᠨᠢ ᠲᠡᠳᠬᠦᠭᠰᠡᠨ ᠡᠷᠴᠢᠰ ᠪᠠᠶᠢᠵᠠᠢ | ᠲᠡᠮᠡᠭᠡ ᠲᠠᠢ ᠬᠥᠮᠥᠨ ᠲᠣᠯᠣᠭᠠᠳ ᠤᠨ ᠴᠠᠭᠠᠨ᠎ᠠ ᠠᠴᠠ ᠳᠣᠪᠲᠤᠯᠤᠭᠠᠳ ᠭᠠᠷᠤᠭᠠᠳ ᠢᠷᠡᠬᠦ ᠳᠤ | ᠲᠤᠯᠭᠠᠨ ᠤ ᠭᠠᠯ ᠳᠡᠭᠡᠷ᠎ᠡ ᠳᠠᠩᠬᠤ ᠲᠠᠢ ᠴᠠᠢ ᠥᠪᠡᠷ ᠢᠶᠠᠨ ᠪᠤᠴᠠᠯᠳᠠᠭ ᠪᠠᠶᠢᠯ᠎ᠠ | ᠲᠣᠷᠤᠮ ᠪᠣᠲᠣᠭᠤᠨ ᠳᠠᠭᠠᠨ ᠬᠠᠶᠢᠷ᠎ᠠ ᠨᠢ ᠴᠢᠨᠦᠷᠡᠭᠡᠳ ᠡᠬᠡ ᠨᠢ ᠲᠡᠰᠢᠭᠡᠳ ᠢᠷᠡᠬᠦ ᠳᠤ | ᠲᠣᠭᠤᠨᠣᠲᠤ ᠭᠡᠷ ᠤᠨ ᠮᠢᠨᠢ ᠬᠤᠶᠢᠮᠤᠷ ᠲᠤ ᠪᠣᠷᠲᠣᠭᠤ ᠲᠠᠢ ᠠᠶᠢᠷᠠᠭ ︽ᠱᠣᠭᠰᠢᠷᠠᠵᠤ︾ | ᠡᠬᠢᠯᠡᠳᠡᠭ ᠪᠠᠶᠢᠯ᠎ᠠ | ᠲᠡᠮᠡᠭᠡᠨ ᠤ ᠮᠥᠷ ᠢ ᠲᠡᠭᠷᠢ ᠶᠢᠨ ᠦᠰᠦᠭ ᠬᠡᠮᠡᠨ ᠨᠢᠳᠦᠯᠡᠵᠦ ᠥᠰᠦᠯ᠎ᠡ | ᠲᠣᠷᠤᠮ ᠪᠥᠬᠦᠨ ᠪᠦᠢᠯᠡ ᠲᠠᠢ᠂ ᠲᠣᠯᠣᠭᠠᠳ ᠪᠦᠷ ᠨᠡᠷ᠎ᠡ ᠲᠠᠢ ᠪᠠᠶᠢᠯ᠎ᠠ | ᠲᠡᠷᠭᠡᠨ ᠤ ᠮᠥᠷ᠂ ᠮᠣᠲ᠋ᠣᠷ ᠤᠨ ᠴᠢᠮᠡᠭᠡ ᠲᠡᠭᠷᠢ ᠶᠢᠨ ᠬᠠᠶᠠᠭᠠᠨ ᠳᠤ ᠪᠠᠶᠢᠯ᠎ᠠ | ᠲᠦᠮᠡᠨ ᠪᠠᠷ᠎ᠠ ᠶᠢᠨ ᠠᠯᠤᠰ ᠢ ᠲᠡᠮᠡᠭᠡᠨ ᠳᠡᠭᠡᠷ᠎ᠡ ᠠᠴᠠ ᠪᠠᠨ ᠬᠠᠷᠠᠳᠠᠭ ᠪᠠᠶᠢᠯ᠎ᠠ | ᠲᠡᠮᠡᠭᠡ ᠮᠢᠨᠢ᠂ ᠭᠤᠪᠢ ᠮᠢᠨᠢ ᠠᠳᠠᠯᠢᠬᠠᠨ ᠠᠷᠠᠨᠰᠢᠨ ᠲᠠᠢ ᠪᠠᠶᠢᠪᠠ | ᠲᠡᠷᠯᠢᠭ ᠮᠢᠨᠢ᠂ ᠲᠡᠭᠷᠢ ᠮᠢᠨᠢ ᠢᠵᠢᠯᠢᠬᠡᠨ ᠥᠩᠭᠡ ᠲᠠᠢ ᠪᠠᠶᠢᠪᠠ | ᠪᠣᠲᠣᠭᠤ ᠮᠢᠨᠢ᠂ ᠪᠤᠲᠠ ᠮᠢᠨᠢ ᠨᠢᠭᠡ ᠯᠠ ᠪᠣᠷᠣᠭᠠᠨ ᠳᠤ ᠰᠡᠷᠭᠦᠳᠡᠭ ᠪᠠᠶᠢᠪᠠ | ᠪᠣᠳᠣᠯ ᠮᠢᠨᠢ᠂ ᠪᠦᠷᠭᠦᠳ ᠮᠢᠨᠢ ᠨᠢᠭᠡ ᠯᠠ ᠵᠦᠭ ᠲᠤ ᠨᠢᠰᠳᠡᠭ ᠪᠠᠶᠢᠪᠠ | ᠰᠤᠮᠤ ᠶᠢᠨ ᠲᠥᠪ ᠲᠤ ᠡᠳᠦᠷ ᠤᠨ ᠣᠳᠣ ᠰᠢᠭ᠋ ᠣᠴᠢᠨ᠎ᠠ | ᠰᠤᠪᠠᠢ ᠬᠥᠭᠰᠢᠨ ᠢᠩᠭᠡ ᠰᠢᠭ ᠰᠢᠪᠠᠷ ᠪᠠᠶᠢᠰᠢᠩ ᠤᠳ ᠥᠮᠥᠯᠵᠡᠵᠦ ᠲᠣᠰᠣᠨ᠎ᠠ | ᠬᠥᠮᠥᠨ ᠠᠮᠢᠳᠠᠨ ᠠᠴᠠ ᠠᠶᠤᠭᠰᠠᠨ ᠢᠴᠢᠭᠰᠡᠨ ᠪᠦᠷᠦᠭ ᠠᠮᠢᠳᠠᠨ | ᠬᠢᠷᠤᠭᠰᠠᠨ ᠲᠠᠤᠯᠠᠢ ᠰᠢᠭ᠋ ᠡᠵᠢ ᠶᠢᠨ ᠢᠶᠠᠨ ᠬᠤᠷᠮᠣᠢ ᠠᠴᠠ ᠵᠡᠭᠦᠭᠳᠡᠨᠡ | ᠬᠠᠮᠤᠭ ᠤᠨ ᠣᠴᠢᠬᠤ ᠳᠤᠷᠠᠲᠠᠢ ᠭᠠᠵᠠᠷ ᠮᠢᠨᠢ ᠬᠠᠩᠭᠠᠯᠭ᠎ᠠ ᠶᠢᠨ ᠬᠤᠷᠰᠢᠶ᠎ᠠ ᠪᠠᠶᠢᠪᠠ | ᠬᠠᠴᠢᠨ ᠰᠠᠶᠢᠬᠠᠨ ᠦᠨᠦᠷ ᠨᠢ ᠬᠠᠮᠢᠭ᠎ᠠ ᠬᠤᠯᠠ ᠠᠴᠠ ᠬᠠᠩᠬᠤ ᠲᠣᠰᠳᠠᠭ ᠪᠠᠶᠢᠪᠠ | ᠬᠠᠷᠠᠭᠳᠠᠬᠤ ᠪᠠᠷᠠᠭ᠎ᠠ ᠬᠡᠮᠵᠢᠶ᠎ᠡ ᠲᠠᠢ᠂ ︽ᠬᠠᠯᠲᠠᠷ ᠴᠠᠭᠠᠰᠤ︾ ᠨᠢᠮᠭᠡᠨ ᠪᠠᠶᠢᠪᠠ | ᠬᠠᠯᠠᠭᠠᠰᠤᠨ ᠳᠠᠭᠠᠨ ᠰᠢᠬᠢᠷ ᠲᠠᠢ ᠪᠣᠯ ᠬᠠᠭᠠᠨ ᠬᠥᠮᠥᠨ ᠰᠢᠭ ᠯᠠ ᠬᠠᠩᠬᠠᠯᠵᠠᠭᠤᠷ ᠪᠠᠶᠢᠪᠠ | ᠠᠷᠭᠠᠮᠵᠢ ᠳᠡᠭᠡᠰᠦ ᠲᠠᠮᠤᠵᠤ ᠠᠵᠢᠯ ᠳᠤ ᠰᠣᠷ ᠰᠢᠭ᠋ ᠡᠯᠳᠡᠭᠦᠯᠦᠭᠰᠡᠨ | ᠠᠷᠪᠠ ᠭᠠᠲᠤᠯᠤᠭᠰᠠᠨ ︽ᠬᠥᠭᠰᠢᠨ ᠬᠡᠦᠬᠡᠳ︾ ᠰᠤᠷᠭᠠᠭᠤᠯᠢ ᠳᠤ ᠣᠷᠣᠭᠰᠠᠨ ᠶᠤᠮ | ᠠ᠂ ᠠ᠋ ᠴᠠᠭᠠᠨ ᠲᠣᠯᠣᠭᠠᠢ ᠤᠨ ᠦᠰᠦᠭ ᠳᠤᠮᠳᠠᠭᠤᠷ | ᠠᠪᠤ ᠡᠵᠢ ᠶᠢᠨ ᠮᠢᠨᠢ ᠳᠦᠷᠢ ᠲᠣᠳᠣᠷᠠᠵᠤ ᠨᠢᠭᠡ ᠪᠦᠷᠦᠯᠵᠡᠵᠦ ᠨᠢᠭᠡ ᠦᠵᠡᠭᠳᠡᠳᠡᠭ ᠰᠠᠨ | ᠠᠷᠠᠪ ᠲᠣᠭᠠᠨ ᠤ ᠨᠡᠮᠡᠬᠦ ᠬᠠᠰᠤᠬᠤ ᠪᠣᠳᠣᠯᠭ᠎ᠠ ᠳᠤᠮᠳᠠᠭᠤᠷ | ᠠᠷᠤ ᠭᠡᠷ ᠤᠨ ᠮᠢᠨᠢ ᠪᠠᠷ᠎ᠠ ᠣᠶᠢᠷᠠᠲᠤᠵᠤ ᠨᠢᠭᠡ ᠬᠤᠯᠠᠳᠠᠵᠤ ᠨᠢᠭᠡ ᠲᠣᠷᠣᠯᠵᠠᠳᠠᠭ ᠰᠠᠨ | ᠬᠡᠯᠲᠡᠷᠬᠡᠢ ᠪᠣᠭᠤᠷᠰᠤᠭ ᠢᠶᠠᠨ ᠴᠦ ᠲᠠᠯᠠᠯᠠᠨ ᠬᠤᠪᠢᠶᠠᠵᠤ | ᠠᠳᠠᠯᠢᠬᠠᠨ ᠥᠯᠥᠰᠴᠦ᠂ ᠢᠵᠢᠯᠢᠬᠡᠨ ᠵᠢᠷᠭᠠᠳᠠᠭ ᠪᠠᠶᠢᠯ᠎ᠠ | ᠬᠥᠨᠵᠢᠯᠡ ᠥᠷᠲᠡᠭᠡᠯᠡᠭᠰᠡᠨ ᠪᠥᠭᠡᠰᠦ ᠪᠠᠷ ᠪᠢ ᠴᠢ ᠦᠭᠡᠢ | ᠲᠡᠩᠴᠡᠭᠦᠬᠡᠨ ᠬᠡᠮᠡᠯᠢᠭᠦᠯᠵᠦ᠂ ᠲᠡᠭᠰᠢᠬᠡᠨ ᠵᠠᠭᠠᠲᠤᠨᠠᠳᠠᠭ ᠪᠠᠶᠢᠯ᠎ᠠ | ᠪᠥᠭᠡᠰᠦ ᠴᠠᠳᠬᠤᠯᠠᠩ ᠪᠢᠳᠡ ᠥᠯᠥᠰᠬᠦᠯᠡᠩ ᠪᠠᠶᠢᠯ᠎ᠠ | ᠬᠡᠨ ᠬᠡᠨ ᠠᠴᠠ ᠪᠠᠨ ᠢᠯᠡᠭᠦᠦ ᠴᠦ ᠦᠭᠡᠢ᠂ ᠳᠤᠲᠠᠭᠤ ᠴᠦ ᠦᠭᠡᠢ ᠠᠮᠢᠳᠤᠷᠠᠯ ᠲᠠᠢ | ᠬᠡᠳᠡᠷᠭᠡ ᠰᠢᠭ ᠲᠤᠷᠠᠩᠬᠠᠢ ᠬᠡᠳᠦᠨ ᠬᠠᠯᠲᠠᠷ ᠵᠢᠭᠠᠯ ᠤᠳ | ᠬᠡ ᠱᠠ ᠦᠭᠡᠢ ᠨᠢᠭᠡ ᠠᠶᠢᠯ ᠤᠨ ᠬᠡᠦᠬᠡᠳ ᠰᠢᠭ ᠱᠤᠤᠭᠢᠯᠳᠤᠩᠬᠠᠨ ᠲᠣᠷᠨᠢᠳᠠᠭ ᠪᠠᠶᠢᠪᠠ | ᠭᠤᠲᠤᠷᠠᠬᠤ᠂ ᠭᠤᠨᠢᠬᠤ᠂ ᠠᠳᠠᠯᠢᠳᠬᠠᠬᠤ᠂ ᠬᠠᠷᠢᠴᠠᠭᠤᠯᠬᠤ ᠭᠡᠳᠡᠭ ᠥᠨᠥ ᠶᠢᠨ ᠤᠬᠠᠮᠰᠠᠷ | ᠲᠡᠷᠡ ᠦᠶ᠎ᠡ ᠳᠤ ᠲᠠᠷᠢᠬᠢᠨ ᠤ ᠪᠤᠯᠤᠩ ᠳᠤ ᠴᠦ ᠪᠠᠶᠢᠭᠰᠠᠨ ᠦᠭᠡᠢ ᠳ᠋ᠡ᠂ ᠪᠤᠷᠬᠠᠨ ᠮᠢᠨᠢ | ᠬᠥᠮᠥᠨ ᠬᠥᠮᠥᠨ ᠤ ᠬᠤᠭᠤᠷᠣᠨᠳᠤᠭᠤᠷ ᠥᠩᠭᠡ ᠮᠥᠩᠭᠦ ᠣᠷᠣᠳᠠᠭ ᠦᠭᠡᠢ ᠪᠠᠶᠢᠭᠰᠠᠨ ᠪᠣᠯᠬᠤᠷ | ᠬᠦᠢᠲᠡ ᠳᠠᠭᠠᠭᠠᠭᠰᠠᠨ ᠵᠢᠪᠠᠷ ᠢ ᠮᠥᠩᠭᠦᠨ ᠢᠨᠢᠶᠡᠳᠦ ᠪᠠᠷ ᠦᠷᠭᠦᠭᠡᠳᠡᠭ ᠪᠠᠶᠢᠭᠰᠠᠨ ᠪᠣᠯᠬᠤᠷ | ᠡᠮᠦᠰᠦᠭᠰᠡᠨ ᠬᠤᠪᠴᠠᠰᠤ᠂ ᠣᠨᠣᠭᠰᠠᠨ ᠤᠨᠤᠭ᠎ᠠ ᠪᠠᠷ ᠨᠢ ᠬᠥᠮᠥᠨ ᠢ ᠦᠨᠡᠯᠡᠳᠡᠭ ᠦᠭᠡᠢ | ᠪᠠᠶᠢᠭᠰᠠᠨ ᠪᠣᠯᠬᠤᠷ | ᠥᠰᠦᠭᠰᠡᠨ ᠭᠠᠵᠠᠷ᠂ ᠤᠬᠢᠶᠠᠭᠰᠠᠨ ᠤᠰᠤᠨ ᠳᠠᠭᠠᠨ ᠰᠡᠪ ᠰᠠᠭᠤᠯᠭᠠᠳᠠᠭ ᠦᠭᠡᠢ | ᠪᠠᠶᠢᠭᠰᠠᠨ ᠪᠣᠯᠬᠤᠷ | ᠳᠠᠪᠠᠯ ᠤᠨ ᠬᠠᠭᠤᠴᠢᠨ ᠨᠥᠬᠦᠭᠡᠰᠦ ᠰᠢᠭ ᠲᠠᠷᠴᠢᠬᠬᠠᠨ᠂ ᠳᠠᠷᠤᠤᠬᠠᠨ ᠠᠮᠢᠳᠤᠷᠠᠯ ᠲᠠᠢ ᠴᠦ | ᠳᠠᠨᠵᠢ ᠶᠢᠨ ᠴᠡᠴᠡᠭ ᠰᠢᠭ ᠰᠡᠳᠬᠢᠯ ᠳᠡᠭᠡᠨ ᠮᠠᠨᠠᠨ ᠦᠭᠡᠢ ᠥᠰᠦᠭᠰᠡᠨ ᠶᠤᠮ | ᠳᠡᠯᠡᠬᠡᠢ ᠶᠢᠨ ᠰᠠᠨᠠᠮᠵᠢ ᠠᠴᠠ ᠮᠠᠷᠲᠠᠭᠳᠠᠬᠤ ᠳᠥᠬᠦᠭᠰᠡᠨ ᠠᠭᠯᠠᠭ ᠭᠤᠪᠢ | ᠶᠢᠨ ᠮᠤᠬᠤᠷ ᠲᠤ | ᠳᠡᠭᠡᠳᠦᠰ ᠤᠨ ᠰᠤᠷᠭᠠᠯ ᠤᠨ ᠰᠦ ᠬᠥᠬᠦᠵᠦ ᠬᠥᠮᠥᠨ ᠰᠢᠭ ᠬᠥᠮᠥᠨ ᠪᠤᠯᠣᠬᠰᠠᠨ ᠶᠤᠮ | ︽ᠮᠡᠳᠡᠬᠦ ᠶᠣᠰᠣᠲᠠᠢ︾ ᠪᠠᠨ ᠮᠡᠳᠡᠳᠡᠭ ᠬᠡᠦᠬᠡᠳ ᠪᠠᠶᠢᠯ᠎ᠠ | ︽ᠮᠡᠳᠡᠬᠦ ᠶᠣᠰᠣ ᠦᠭᠡᠢ︾ ᠪᠠᠨ ᠮᠡᠳᠡᠳᠡᠭ ᠦᠭᠡᠢ ᠬᠡᠦᠬᠡᠳ ᠪᠠᠶᠢᠯ᠎ᠠ | ︽ᠬᠢᠬᠦ ᠶᠣᠰᠣᠲᠠᠢ ᠶᠠᠭᠤᠮ᠎ᠠ︾ ᠪᠠᠨ ᠬᠢᠵᠦ ᠴᠢᠳᠠᠳᠠᠭ ᠬᠡᠦᠬᠡᠳ ᠪᠠᠶᠢᠯ᠎ᠠ | ︽ᠬᠢᠬᠦ ᠶᠣᠰᠣ ᠦᠭᠡᠢ ᠶᠠᠭᠤᠮ᠎ᠠ︾ ᠪᠠᠨ ᠤᠭᠲᠤ ᠬᠢᠳᠡᠭ ᠦᠭᠡᠢ ᠬᠡᠦᠬᠡᠳ ᠪᠠᠶᠢᠯ᠎ᠠ | ᠦᠨᠡᠨ ᠴᠦ ᠪᠠᠶᠢᠵᠤ ᠮᠡᠳᠡᠬᠦ ᠪᠠᠷ ᠬᠤᠳᠠᠯ ᠶᠠᠷᠢᠳᠠᠭ ᠬᠥᠮᠥᠰ ᠢ | ᠠᠮᠰᠠᠭᠠᠳ ᠯᠠ ᠥᠩᠭᠡᠷᠡᠭᠰᠡᠨ ᠰᠣᠯᠢ ᠶᠢᠨ ᠪᠡᠯ ᠰᠢᠭ᠋ ᠮᠠᠷᠲᠠᠵᠤ | ᠥᠯᠢᠭᠡᠷ ᠴᠦ ᠪᠠᠶᠢᠵᠤ ᠮᠡᠳᠡᠬᠦ ᠨᠤᠲᠤᠭ ᠤᠨ ᠪᠤᠭᠤᠷᠤᠯ ᠤᠳ ᠢᠶᠠᠨ | ᠠᠯᠤᠰ ᠠᠴᠠ ᠴᠠᠶᠢᠯᠵᠠᠬᠤ ᠰᠥᠮᠪᠥᠷ ᠣᠷᠬᠢᠯ ᠰᠢᠭ᠋ ᠰᠠᠨᠠᠭᠰᠠᠨ | ᠤᠩᠭᠤᠷᠬᠠᠢ ᠬᠠᠭᠠᠯᠭ᠎ᠠ ᠰᠢᠭ᠋ ᠰᠡᠳᠬᠢᠯ ᠲᠠᠢ | ᠵᠠᠳᠠᠭᠠᠢ ᠲᠡᠭᠷᠢ ᠰᠢᠭ ᠪᠠᠶᠢᠵᠤ ᠳ᠋ᠠ ᠪᠢᠳᠡ ᠨᠠᠷ ᠁ | ︽ᠪᠠᠶᠢᠬᠤ ᠯᠠ ᠤᠴᠢᠷᠲᠠᠢ︾ ᠬᠡᠦᠬᠡᠳ — ᠴᠢᠨᠠᠷ ᠢᠶᠠᠷ ᠢᠶᠠᠨ ᠪᠠᠶᠢᠯᠴᠠᠭᠰᠠᠨ | ᠪᠠᠶᠢᠭᠠᠯᠢ ᠳᠡᠯᠡᠬᠡᠢ ᠲᠠᠢ ᠪᠠᠨ ᠣᠶᠢᠷᠠᠬᠠᠨ ᠪᠠᠰᠠ ᠲᠡᠭᠦᠨ ᠲᠠᠢ ᠨᠢᠭᠤᠯᠴᠠᠵᠤ ᠨᠠᠭᠠᠳᠤᠭᠰᠠᠨ | ᠪᠤᠶᠢᠳᠠᠬᠠᠨ ᠠᠮᠢᠳᠤᠷᠠᠯ ᠤᠨ ᠲᠣᠭᠤᠷᠢᠭ ᠲᠠᠭᠠᠨ ᠪᠣᠭᠱᠣᠷᠭ᠎ᠠ ᠰᠢᠭ᠋ ᠢᠶᠠᠨ ᠳᠠᠰᠤᠭᠰᠠᠨ | ᠪᠣᠯᠣᠷ ᠴᠠᠶᠢᠯᠭᠠᠨ ᠰᠠᠨᠠᠭᠠᠨ ᠤ ᠬᠦᠴᠦᠷᠬᠡᠭ ᠣᠷᠣᠰᠢᠬᠤᠢ ᠪᠠᠶᠢᠯ᠎ᠠ᠂ ᠪᠢ | ᠪᠤᠴᠠᠭᠠᠵᠤ ᠪᠣᠯᠳᠠᠭ ᠦᠭᠡᠢ ᠴᠠᠭ ᠬᠤᠭᠤᠴᠠᠭᠠᠨ ᠤ ᠣᠷᠣᠭᠤᠯ ᠳᠡᠭᠡᠷ᠎ᠡ | ᠪᠤᠳᠠᠷᠠᠬᠰᠠᠨ ᠴᠠᠰᠤ ᠰᠢᠭ᠋ ᠬᠠᠶᠢᠯᠤᠭᠰᠠᠨ ᠨᠠᠰᠤ ᠮᠢᠨᠢ | ᠵᠦᠭ ᠤᠨ ᠰᠠᠶᠢᠨ ᠳᠤ ᠤᠷᠤᠰᠴᠤ ᠣᠳᠣᠬᠰᠠᠨ | ᠵᠡᠭᠦᠳᠦᠨ ᠤ ᠰᠡᠵᠢᠭᠦᠷ ᠰᠢᠭ ᠪᠦᠷᠦᠯᠵᠡᠭᠡᠳ ᠥᠩᠭᠡᠷᠡᠭᠰᠡᠨ ᠣᠨ ᠵᠢᠯ ᠤᠳ ᠮᠢᠨᠢ | ᠲᠡᠷᠡ ᠦᠶ᠎ᠡ ᠳᠤ ᠲᠡᠶᠢᠮᠦ ᠯᠠ ᠪᠠᠶᠢᠯ᠎ᠠ | ᠲᠡᠭᠡᠭᠡᠳ ᠪᠢᠳᠡ ᠡᠶᠢᠮᠦ ᠯᠠ ᠪᠣᠯᠣᠯ᠎ᠠ ᠁ | | 2018 ᠣᠨ ᠳᠤ ᠭᠠᠷᠴᠠᠭᠯᠠᠵᠤ 2023 ᠣᠨ ᠤ 6 ᠰᠠᠷ᠎ᠠ ᠶᠢᠨ 25 ᠤ ᠡᠳᠦᠷ | ᠪᠤᠶᠤ ᠬᠥᠬᠡ ᠪᠠᠷᠰ ᠡᠳᠦᠷ ︵ᠨᠢᠮ᠎ᠠ ᠭᠠᠷᠠᠭ︶ ᠭᠠᠷ ᠠᠴᠠ ᠭᠠᠷᠭᠠᠪᠠ᠃ | | ※ ᠲᠡᠮᠡᠭᠡᠨ ᠠᠴᠠ ᠤᠨᠠᠬᠤ ᠶᠢ ᠶᠣᠭᠲᠠᠯᠠᠵᠤ ᠬᠡᠯᠡᠭᠰᠡᠨ ᠦᠭᠡ᠃ | | ᠡᠷᠡᠭᠡᠯᠵᠡᠯ | ᠰᠦᠮ᠎ᠡ ᠳᠤ ᠣᠴᠢᠯ᠎ᠠ | ᠰᠦᠮ᠎ᠡ ᠳᠦᠭᠦᠷᠡᠩ ᠪᠤᠷᠬᠠᠨ | ᠠᠯᠢ ᠪᠤᠷᠬᠠᠨ ᠳᠤᠨᠢ ᠵᠠᠯᠪᠠᠷᠢᠬᠤ ᠪᠢᠯᠡ⁈ | | ᠬᠤᠷᠠᠯ ᠳᠤ ᠰᠠᠭᠤᠯ᠎ᠠ | ᠬᠤᠷᠠᠯ ᠳᠦᠭᠦᠷᠡᠩ ᠲᠠᠷᠨᠢ | ᠠᠯᠢ ᠲᠠᠷᠨᠢ ᠶᠢ ᠨᠢ ᠤᠩᠰᠢᠬᠤ ᠪᠢᠯᠡ⁈ | | ᠭᠡᠷ ᠲᠤ ᠣᠷᠣᠯ᠎ᠠ | ᠭᠡᠷ ᠳᠦᠭᠦᠷᠡᠩ ᠪᠦᠰᠡᠭᠦᠢ | ᠠᠯᠢ ᠨᠢ ᠮᠢᠨᠤ ᠠᠮᠠᠷᠠᠭ ᠶᠤᠮ ᠪᠤᠢ⁈ | | ᠨᠣᠮ ᠤᠨ ᠬᠠᠭᠤᠳᠠᠰᠤ ᠪᠠᠷ ᠰᠢᠷᠭᠤᠯ᠎ᠠ | ᠨᠣᠮ ᠳᠦᠭᠦᠷᠡᠩ ᠪᠠᠭᠠᠲᠤᠷ ᠤᠳ | ᠠᠯᠢ ᠨᠢ ᠮᠢᠨᠤ ᠥᠯᠢᠭᠡᠷ ᠵᠢᠱᠢᠶ᠎ᠡ ᠶᠤᠮ ᠪᠤᠢ⁈ | | ᠴᠢᠯᠠᠭᠤᠨ ᠳᠤ ᠪᠦᠳᠦᠷᠢᠯᠡ | ᠳᠡᠯᠡᠬᠡᠢ ᠳᠦᠭᠦᠷᠡᠩ ᠴᠢᠯᠠᠭᠤ | ᠠᠯᠢ ᠴᠢᠯᠠᠭᠤᠨ ᠠᠴᠠ ᠨᠢ ᠤᠬᠠᠭᠠᠷᠠᠬᠤ ᠶᠤᠮ ᠪᠤᠢ⁈ | ᠳ᠋ᠧᠪᠠᠵᠢᠨ ᠳᠤ ᠭᠦᠷᠦᠯ᠎ᠡ | ᠳ᠋ᠧᠪᠠᠵᠢᠨ ᠳᠦᠭᠦᠷᠡᠩ ᠵᠢᠷᠭᠠᠯᠠᠩ | ᠠᠯᠢ ᠵᠢᠷᠭᠠᠯᠠᠩ ᠨᠢ ᠮᠢᠨᠤᠬᠢ ᠶᠤᠮ ᠪᠤᠢ⁈ | | ᠲᠠᠮᠤ ᠳᠤ ᠤᠨᠠᠯ᠎ᠠ | ᠲᠠᠮᠤ ᠳᠦᠭᠦᠷᠡᠩ ᠵᠣᠪᠠᠯᠠᠩ | ᠠᠯᠢ ᠵᠣᠪᠠᠯᠠᠩ ᠨᠢ ᠮᠢᠨᠤᠬᠢ ᠪᠢᠰᠢ ᠶᠤᠮ ᠪᠤᠢ⁈ | | ᠦᠨᠡᠨ ᠳᠤ ᠰᠢᠲᠦᠯᠡ | ᠦᠨᠡᠨ ᠳᠦᠭᠦᠷᠡᠩ ᠬᠤᠳᠠᠯ | ᠠᠯᠢ ᠬᠤᠳᠠᠯ ᠨᠢ ᠦᠨᠡᠨ ᠶᠤᠮ ᠪᠤᠢ⁈ | | ᠬᠤᠭᠤᠰᠤᠨ ᠤᠷᠤᠭᠤ ᠥᠩᠭᠡᠶᠢᠯᠡ | ᠬᠤᠭᠤᠰᠤᠨ ᠳᠦᠭᠦᠷᠡᠩ ᠬᠤᠭᠤᠰᠤᠨ | ᠠᠯᠢ ᠬᠤᠭᠤᠰᠤᠨ ᠨᠢ ᠮᠢᠨᠤ ᠲᠡᠭᠦᠰᠬᠡᠯ ᠶᠤᠮ ᠪᠤᠢ⁈ | | ᠣᠷᠣᠰᠢᠬᠤᠢ ᠳᠤ ᠣᠷᠣᠰᠢᠯᠠ | ᠣᠷᠣᠰᠢᠬᠤᠢ ᠳᠦᠭᠦᠷᠡᠩ ᠦᠯᠦ ᠣᠷᠣᠰᠢᠬᠤᠢ | ᠠᠯᠢ ᠣᠷᠣᠰᠢᠬᠤᠢ ᠨᠢ ᠮᠢᠨᠤ ᠰᠣᠩᠭᠤᠯᠲᠠ ᠶᠤᠮ ᠪᠤᠢ⁈ | | ᠮᠡᠳᠡᠬᠦᠢ ᠶᠢ ᠮᠡᠳᠡᠯ᠎ᠡ | ᠮᠡᠳᠡᠬᠦᠢ ᠳᠦᠭᠦᠷᠡᠩ ᠦᠯᠦ ᠮᠡᠳᠡᠬᠦᠢ | ᠠᠯᠢ ᠮᠡᠳᠡᠬᠦᠢ ᠨᠢ ᠮᠢᠨᠤ ᠬᠢᠵᠠᠭᠠᠷ ᠶᠤᠮ ᠪᠤᠢ⁈ | | ᠪᠤᠢ ᠭᠡᠬᠦ ᠳᠤ ᠪᠤᠢ ᠪᠤᠰᠤ | ᠦᠭᠡᠢ ᠭᠡᠬᠦ ᠳᠤ ᠦᠭᠡᠢ ᠪᠤᠰᠤ | ᠪᠤᠢ ᠦᠭᠡᠢ ᠭᠡᠬᠦ ᠳᠤ ᠪᠠᠶᠢᠬᠤ ᠪᠤᠰᠤ | | ᠡᠨᠡ ᠲᠠᠪᠢᠯᠠᠩ ᠁ | ᠡᠨᠡ ᠭᠠᠴᠢᠯᠠᠩ ᠁ | ᠡᠨᠡ ᠣᠷᠴᠢᠯᠠᠩ ᠁ | | ᠠᠷᠪᠠᠨ ᠳᠣᠯᠣᠳᠤᠭᠠᠷ ᠵᠢᠷᠠᠨ ᠤ ᠡᠮ᠎ᠡ ᠰᠢᠷᠣᠢ ᠭᠠᠭ᠋ᠠᠢ ᠵᠢᠯ ᠤᠨ | ᠵᠣᠨ ᠤ ᠠᠳᠠᠭ ᠰᠠᠷ᠎ᠠ ᠶᠢᠨ ᠬᠠᠷ᠎ᠠ ᠨᠣᠬᠠᠢ ᠡᠳᠦᠷ᠃ ᠪᠤᠳ᠋ ᠭᠠᠷᠠᠭ᠃ | ︵ᠪᠤᠶᠠᠨ ᠤ ᠬᠤᠩᠬᠤᠷ ᠲᠤ︶ | | | |