| | ᠠ᠊ | ᠠᠢ ᠪᠠᠢ ᠨᠢ ᠠᠯᠲᠠᠷᠬᠠᠤ᠄ ᠬᠡᠷᠡᠭ ᠤᠴᠢᠷ ᠲᠡᠭᠦᠰᠴᠦ ᠬᠥᠮᠥᠰ ᠲᠠᠷᠬᠠᠨ ᠵᠦᠭ ᠵᠦᠭ ᠲᠡᠭᠡᠨ ᠶᠠᠪᠤᠬᠤ᠃ | ᠵᠢᠱᠢᠶ᠎ᠡ᠄ ︽ᠲᠡᠷᠡ ᠴᠠᠭ ᠲᠤ ᠮᠤᠬᠤᠷ ᠮᠣᠵᠢᠭ ᠬᠠᠭᠠᠨ ᠴᠡᠷᠢᠭ ᠢᠶᠠᠨ ᠲᠠᠲᠠᠭᠠᠳ᠂ ᠬᠠᠷᠢ ᠳᠥᠷᠪᠡᠨ ᠣᠶᠢᠷᠠᠳ ᠢ | ᠡᠷᠬᠡᠨ ᠳᠡᠭᠡᠨ ᠣᠷᠣᠭᠤᠯᠪᠠ ᠭᠡᠵᠦ ᠪᠠᠶᠠᠷᠯᠠᠭᠠᠳ᠂ ᠨᠤᠲᠤᠭ ᠲᠠᠭᠠᠨ ᠬᠠᠷᠢᠵᠤ ᠨᠠᠶᠢᠷ ᠨᠠᠭᠠᠳᠤᠮ ᠬᠢᠵᠦ ᠴᠡᠷᠢᠭ ᠨᠢ | ᠭᠡᠷ ᠭᠡᠷ ᠲᠡᠭᠡᠨ ᠬᠠᠷᠢᠵᠤ ᠠᠢ ᠪᠠᠢ ᠨᠢ ᠠᠯᠳᠠᠷᠠᠭᠰᠠᠨ ᠬᠤᠶᠢᠨ᠎ᠠ ᠁︾ ︵ᠠ᠊ · ᠳᠠᠶᠢᠪᠠᠢ ᠶᠢᠨ ︽ᠪᠠᠭᠠᠲᠤᠷ | ᠬᠤᠩ ᠲᠠᠶᠢᠵᠢ︾᠂ 28 ᠳ᠋ᠤᠭᠠᠷ ᠨᠢᠭᠤᠷ︶᠃ | ᠠᠢ ᠪᠠᠢ ᠳᠠᠭᠠᠨ ᠣᠷᠣᠬᠤ᠄ ᠶᠠᠭᠤᠮ᠎ᠠ ᠪᠥᠬᠦᠨ ᠠᠮᠵᠢᠯᠲᠠᠲᠠᠢ ᠳᠠᠭᠤᠰᠴᠤ ᠬᠡᠪ ᠤᠨ ᠶᠣᠰᠣᠨ ᠳᠠᠭᠠᠨ ᠣᠷᠣᠵᠤ | ᠲᠥᠪᠬᠢᠨᠡᠬᠦ᠃ ᠵᠢᠱᠢᠶ᠎ᠡ᠄ ︽ᠴᠠᠭᠠᠨ ᠪᠣᠯᠳᠠᠭ ᠪᠣᠯᠵᠤ ᠪᠠᠶᠢᠨ᠎ᠠ ᠭᠡᠳ ᠬᠡᠳᠦᠨ ᠡᠳᠦᠷ ᠬᠢᠭᠡᠳ ᠪᠠᠶᠢᠲᠠᠯ᠎ᠠ ᠣᠳᠣ ᠠᠷᠠᠢ | ᠭᠡᠵᠦ ᠠᠢ ᠪᠠᠢ ᠳᠠᠭᠠᠨ ᠣᠷᠣᠪᠠ︾᠃ | ᠠᠶᠢᠯ ᠠᠮᠢᠳᠠᠨ ᠪᠣᠯᠬᠤ᠄ ᠬᠤᠷᠢᠮᠯᠠᠬᠤ᠃ ᠵᠢᠱᠢᠶ᠎ᠡ᠄ ︽ᠮᠠᠨ ᠤ ᠬᠥᠪᠡᠭᠦᠨ ᠰᠠᠶᠢᠨᠪᠠᠲᠤ ᠪᠣᠯᠵᠤ ᠪᠠᠶᠢᠨ᠎ᠠ᠂ | ᠵᠠᠯᠠᠭᠤ ᠬᠥᠮᠥᠨ ᠠᠶᠢᠯ ᠠᠮᠢᠳᠠᠨ ᠪᠣᠯᠳᠠᠭ ᠨᠢ ᠶᠢᠷᠲᠢᠨᠴᠦ ᠶᠢᠨ ᠬᠠᠤᠯᠢ︾ ︵ᠬᠠ᠊ · ᠬᠥᠮᠦᠵᠢᠯ ᠤᠨ ︽ᠲᠥᠷᠦᠭᠡᠳ | ᠦᠭᠡᠢ ᠬᠥᠪᠡᠭᠦᠨ ᠤ ᠨᠡᠷ᠎ᠡ︾᠂ P.87︶᠃ | ᠠᠶᠢᠯ ᠠᠮᠢᠳᠠᠨ ᠬᠢᠬᠦ᠄ ᠬᠤᠷᠢᠮ ᠬᠢᠵᠦ ᠥᠭᠬᠦ᠃ ᠵᠢᠱᠢᠶ᠎ᠡ᠄ ︽ᠣᠲᠣ ᠴᠤ ᠬᠤᠩᠭᠤᠷ ᠲᠤ ᠨᠢᠭᠡ᠂ ᠭᠡᠷ ᠮᠠᠯ | ᠠᠪᠴᠤ ᠥᠭᠭᠦᠭᠡᠳ᠂ ᠠᠶᠢᠯ ᠠᠮᠢᠳᠠᠨ ᠬᠢᠬᠦ ᠴᠠᠭ ᠪᠣᠯᠪᠠ᠃︾ ︵︽ᠵᠠᠩᠭᠠᠷ ᠤᠨ ᠡᠬᠡ ᠮᠠᠲ᠋ᠧᠷᠢᠶᠠᠯ 4︾᠂ P. | 193︶᠃ | ᠠᠶᠢᠯ ᠠᠮᠢᠳᠠᠨ ᠳᠠᠭᠤᠷᠢᠶᠠᠬᠤ᠄ ᠬᠤᠷᠢᠮᠯᠠᠬᠤ᠃ ᠵᠢᠱᠢᠶ᠎ᠡ᠄ ︽ᠬᠤᠶᠠᠷ ᠬᠥᠪᠡᠭᠦᠳ ᠬᠤᠪᠤᠭ ᠤᠨ ᠰᠠᠶᠢᠷ ᠤᠨ | ᠦᠯᠭᠡᠨ ᠳᠤ᠂ ᠠᠶᠢᠯ ᠠᠮᠢᠳᠠᠨ ᠳᠠᠭᠤᠷᠢᠶᠠᠳᠠᠭ ᠪᠣᠯᠪᠠ︾ ︵︽ᠵᠤᠤᠨᠠᠢ ᠶᠢᠨ ᠭᠠᠷ ᠪᠢᠴᠢᠮᠡᠯ ᠢᠷᠦᠭᠡᠯ︾︶᠃ | ᠠᠶᠢᠯ ᠠᠮᠢᠳᠠᠨ ᠳᠠᠭᠤᠷᠢᠶᠠᠯᠭᠠᠬᠤ᠄ ᠬᠤᠷᠢᠮ ᠬᠢᠯᠭᠡᠬᠦ᠃ ᠵᠢᠱᠢᠶ᠎ᠡ᠄ ︽ᠠᠭᠠᠰᠢ ᠪᠠᠭᠠᠰᠢ ᠲᠠᠢ ᠬᠤᠩᠭᠤᠷ ᠢ | ᠪᠢᠳᠠᠨ ᠠᠶᠢᠯ ᠠᠮᠢᠳᠠᠨ ᠳᠠᠭᠤᠷᠢᠶᠠᠯᠭᠠᠭᠠᠳ ᠁︾ ︵ᠵᠤᠤᠨᠠᠢ ᠶᠢᠨ ᠭᠠᠷ ᠪᠢᠴᠢᠮᠡᠯ ︽ᠵᠠᠩᠭᠠᠷ︾᠂ P.55︶᠃ | | ᠠᠶᠢᠯ ᠤᠨ ᠪᠤᠭ ᠪᠣᠯᠬᠤ᠄ ① ᠠᠶᠢᠯ ᠬᠤᠲᠠ ᠪᠠᠷ ᠢᠶᠠᠨ ᠮᠠᠭᠤ ᠦᠵᠡᠭᠰᠡᠨ ᠬᠥᠮᠥᠨ᠃ ② ᠤᠶᠠᠨ | ᠪᠠᠭᠤᠷᠠᠢ ᠬᠥᠮᠥᠨ᠃ | ᠠᠶᠢᠬᠠᠢ ᠬᠤᠤᠬᠠᠢ ᠪᠣᠯᠬᠤ᠄ ᠵᠢᠱᠢᠶ᠎ᠡ᠄ ︽ᠳᠣᠭᠰᠢᠨ ᠳ᠋ᠤᠮᠪᠤ ᠬᠠᠭᠠᠨ᠂ ᠬᠠᠳᠤᠨ ᠬᠤᠶᠠᠷ ᠴᠤ᠂ ᠪᠡᠯ ᠤᠨ | ᠠᠮᠲᠠ ᠲᠠᠢ᠂ ᠠᠷᠢᠬᠢ ᠶᠢ ᠤᠤᠭᠤᠭᠠᠳ᠂ ᠪᠠᠳᠮ᠎ᠠ ᠰᠠᠶᠢᠬᠠᠨ ᠢᠷᠦᠭᠡᠯ ᠲᠠᠯᠪᠢᠭᠠᠳ᠂ ᠮᠠᠨᠤ ᠤᠯᠠᠭᠠᠨ ᠬᠠᠯᠠᠩᠭᠢ | ᠪᠣᠯᠵᠤ᠂ ᠮᠢᠬᠠᠨ ᠤᠯᠠᠭᠠᠨ ᠰᠣᠭᠲᠣᠭᠤ ᠪᠣᠯᠵᠤ᠂ ᠠᠶᠢᠬᠠᠢ ᠬᠤᠤᠬᠠᠢ ᠪᠣᠯᠣᠭᠠᠳ ᠪᠠᠶᠢᠪᠠ ᠁︾ ︵︽ | ᠵᠠᠩᠭᠠᠷ ᠤᠨ ᠡᠬᠡ ᠮᠠᠲ᠋ᠧᠷᠢᠶᠠᠯ 3︾᠂ P.61-62︶᠃ | ᠠᠶᠢᠲᠦᠷ ᠲᠦᠢᠲᠦᠷ ᠴᠣᠬᠢᠬᠤ᠄ ① ᠬᠡᠶᠢᠰᠪᠦᠷᠢ ᠬᠤᠳᠠᠯ ᠦᠨᠡᠨ ᠨᠥᠬᠦᠴᠡᠯ ᠰᠢᠯᠲᠠᠭ ᠳᠤᠷᠠᠳᠴᠤ ᠵᠦᠭᠡᠷ | ᠡᠳᠦᠷ ᠥᠩᠭᠡᠷᠡᠭᠦᠯᠬᠦ᠃ ② ᠶᠠᠮᠠᠷ ᠨᠢᠭᠡ ᠠᠵᠢᠯ ᠬᠡᠷᠡᠭ ᠠᠴᠠ ᠡᠪᠲᠡᠶᠢᠬᠡᠨ ᠮᠤᠯᠲᠤᠷᠠᠬᠤ᠃ ᠵᠢᠱᠢᠶ᠎ᠡ᠄ ︽ᠪᠠᠶᠠᠵᠢᠵᠤ | ᠪᠣᠯᠣᠨ᠎ᠠ ᠭᠡᠳᠡᠭ ᠲᠤ ᠪᠠᠰᠠ ᠨᠢᠳᠦᠨ ᠨᠢ ᠰᠠᠶᠢᠨ ᠬᠦᠷᠬᠦ ᠦᠭᠡᠢ ᠪᠠᠶᠢᠭᠰᠠᠨ ᠲᠤᠯᠠ ᠠᠶᠢᠳᠤᠷ ᠲᠤᠶᠢᠲᠤᠷ ᠴᠣᠬᠢᠭᠠᠳ | ᠪᠠᠲᠤᠲᠠᠢ ᠦᠭᠡ ᠪᠠᠨ ᠬᠡᠯᠡᠬᠦ ᠦᠭᠡᠢ ᠥᠩᠭᠡᠷᠡᠭᠦᠯᠵᠡᠢ︾ ︵ᠬᠤ · ᠪᠠᠳᠠᠢ ᠶᠢᠨ ︽ᠬᠠᠶᠠᠭᠳᠠᠬᠤ ᠦᠭᠡᠢ ᠨᠥᠬᠦᠷᠯᠡᠯ︾ | ︵︽ᠬᠤ · ᠪᠠᠳᠠᠢ ᠶᠢᠨ ᠵᠣᠬᠢᠶᠠᠯ ᠤᠳ︾᠂ P.178︶᠃ | ᠠᠶᠢᠷᠤᠤ ᠲᠠᠶᠢᠷᠤᠤ ᠪᠠᠶᠢᠬᠤ᠄ ᠡᠪᠲᠡᠢ᠂ ᠰᠠᠶᠢᠬᠠᠨ ᠪᠠᠶᠢᠯᠴᠠᠬᠤ᠃ ᠵᠢᠱᠢᠶ᠎ᠡ᠄ ︽ᠠᠬ᠎ᠠ ᠳᠡᠭᠦᠦ ᠬᠥᠮᠥᠨ | ᠠᠶᠢᠷᠤᠤ ᠲᠠᠶᠢᠷᠤᠤ ᠪᠠᠶᠢᠭᠰᠠᠨ ᠨᠢ ᠰᠠᠶᠢᠨ ᠪᠢᠰᠢ ᠦᠦ︾ ︵ᠬᠤ · ᠪᠠᠳᠠᠢ ᠶᠢᠨ ︽ᠠᠮᠠ ᠲᠠᠢ ᠪᠣᠷᠣ︾᠂ P.219 | ︶᠃ | ᠠᠶᠢᠭᠤ ᠲᠤᠤᠭᠤ ᠪᠣᠯᠭᠠᠬᠤ᠄ ᠨᠢᠭᠡ ᠳᠣᠣᠷ᠎ᠠ ᠬᠤᠷᠢᠶᠠᠨ ᠴᠤᠭᠯᠠᠭᠤᠯᠬᠤ᠃ ᠵᠢᠱᠢᠶ᠎ᠡ᠄ ︽ᠠᠷᠪᠠᠨ ᠶᠠᠰᠤᠨ | ᠠᠳᠠᠯ ᠮᠠᠯ ᠢ ᠠᠶᠢᠭᠤ ᠲᠤᠤᠭᠤ ᠪᠣᠯᠭᠠᠨ ᠬᠠᠮᠲᠤᠳᠬᠠᠭᠠᠳ ᠁︾ ︵︽ᠵᠤᠤᠨᠠᠢ ᠶᠢᠨ ᠭᠠᠷ ᠪᠢᠴᠢᠮᠡᠯ ︿ᠵᠠᠩᠭᠠᠷ﹀︾ | ᠂ P.54︶᠃ | ᠠᠨᠴᠢ ᠠᠪᠬᠤ᠄ ᠪᠠᠶᠢᠳᠠᠯ ᠠᠵᠢᠭᠯᠠᠬᠤ᠃ ᠵᠢᠱᠢᠶ᠎ᠡ᠄ ︽ᠠᠷᠪᠠᠨ ᠲᠠᠪᠤ ᠬᠤᠨᠣᠭᠠᠳ᠂ ᠠᠨᠴᠢ ᠶᠢ ᠠᠵᠢᠭᠯᠠᠵᠤ ᠁ | ︾ ︵ᠲᠤ᠋ · ᠪᠠᠳᠮ᠎ᠠ᠂ ᠪᠤᠶᠠᠨᠬᠡᠰᠢᠭ ᠨᠠᠷ ᠡᠮᠭᠢᠳᠭᠡᠨ ᠨᠠᠶᠢᠷᠠᠭᠤᠯᠤᠭᠰᠠᠨ ︽ᠵᠠᠩᠭᠠᠷ︾᠂ P.341︶᠃ | ᠠᠨᠴᠢ ᠶᠢ ᠨᠢ ᠠᠵᠢᠭᠯᠠᠬᠤ᠄ ᠠᠵᠢᠭᠯᠠᠵᠤ ᠦᠵᠡᠬᠦ᠃ ᠵᠢᠱᠢᠶ᠎ᠡ᠄ ︽ᠠᠳᠠᠭ ᠲᠤᠨᠢ ᠣᠳᠴᠤ᠂ ᠠᠷᠪᠠᠨ ᠲᠠᠪᠤ | ᠬᠤᠨᠣᠭᠠᠳ ᠠᠨᠴᠢ ᠶᠢ ᠠᠵᠢᠭᠯᠠᠵᠤ ᠁︾ ︵ᠲᠤ᠋ · ᠪᠠᠳᠮ᠎ᠠ᠂ ᠪᠤᠶᠠᠨᠬᠡᠰᠢᠭ ᠨᠠᠷ ᠡᠮᠭᠢᠳᠭᠡᠨ ᠨᠠᠶᠢᠷᠠᠭᠤᠯᠤᠭᠰᠠᠨ | ︽ᠵᠠᠩᠭᠠᠷ︾᠂ P.341︶᠃ | ᠠᠩ ᠲᠠᠩ ᠪᠣᠯᠬᠤ᠄ ᠭᠠᠶᠢᠬᠠᠬᠤ᠃ ᠵᠢᠱᠢᠶ᠎ᠡ᠄ ︽ᠶᠠᠮᠠᠷ ᠭᠡᠳᠡᠭ ᠬᠦᠴᠦᠲᠦ ᠳᠠᠶᠢᠰᠤᠨ᠂ ᠬᠠᠷᠭᠤᠯᠳᠠᠬᠰᠠᠨ ᠨᠢ | ᠡᠨᠡ ᠪᠤᠢ ᠭᠡᠳ᠂ ᠠᠩ ᠲᠠᠩ ᠪᠣᠯᠣᠨ ᠵᠣᠭᠰᠣᠵᠤ ᠪᠠᠶᠢᠲᠠᠯ᠎ᠠ ᠁︾ ︵ᠲᠤ᠋ · ᠪᠠᠳᠮ᠎ᠠ᠂ ᠪᠤᠶᠠᠨᠬᠡᠰᠢᠭ ᠨᠠᠷ | ᠡᠮᠭᠢᠳᠭᠡᠨ ᠨᠠᠶᠢᠷᠠᠭᠤᠯᠤᠭᠰᠠᠨ ︽ᠵᠠᠩᠭᠠᠷ︾᠂ P.38︶᠃ ︽ᠬᠤᠶᠢᠲᠤᠨ ᠬᠠᠪᠤᠷ ᠨᠢ ᠳᠠᠷᠠᠰᠤ ᠳᠠᠷᠢᠭᠰᠠᠨ | ᠭᠠᠵᠠᠷ ᠨᠢ ᠪᠢᠴᠢᠬᠠᠨ ᠪᠢᠴᠢᠬᠠᠨ ᠪᠦᠴᠢᠷ ᠲᠠᠢ ᠬᠥᠬᠡ ᠨᠣᠭᠤᠭ᠎ᠠ ᠭᠠᠷᠴᠤ ᠡᠬᠢᠯᠡᠬᠦ ᠳᠤ ᠡᠪᠦᠭᠡᠨ ᠡᠪᠦᠳᠦᠭᠯᠡᠨ | ᠰᠠᠭᠤᠵᠤ᠂ ᠲᠠᠰᠤᠯᠤᠨ ᠦᠵᠡᠵᠦ᠂ ᠢᠮᠡᠷᠦᠨ ᠦᠵᠡᠵᠦ᠂ ᠵᠠᠵᠢᠯᠤᠨ ᠦᠵᠡᠵᠦ ᠥᠪᠥᠷ ᠮᠣᠩᠭᠤᠯ ᠤᠨ ᠲᠠᠷᠠᠰᠤᠨ | ᠡᠶᠢᠮᠦ ᠪᠤᠯᠬᠠᠢ ᠦᠦ ᠭᠡᠵᠦ ᠠᠩ ᠲᠠᠩ ᠪᠣᠯᠵᠤ ᠪᠠᠶᠢᠭᠠᠳ ᠵᠤᠰᠠᠯᠠᠩ ᠳᠠᠭᠠᠨ ᠨᠡᠭᠦᠵᠡᠢ︾ ︵ᠪᠠ᠊᠆ · ᠵᠠᠰᠠᠨ᠎ᠠ ᠶᠢᠨ ︽ | ᠠᠪᠤ ᠬᠢᠭᠡᠳ ᠥᠬᠢᠨ︾᠂ P.107︶᠃ | ᠠᠩᠭᠠᠷ ᠠᠩᠭᠠᠷ ᠭᠡᠳ᠄ ᠵᠢᠭᠠᠬᠠᠨ ᠲᠡᠨᠡᠭᠳᠡᠭᠦᠦ ᠰᠢᠨᠵᠢ ᠲᠠᠢ ᠢᠨᠢᠶᠡᠬᠦ ᠶᠢ ᠳᠦᠷᠰᠦᠯᠡᠭᠰᠡᠨ ᠬᠡᠯᠡᠯᠭᠡ᠃ | ᠵᠢᠱᠢᠶ᠎ᠡ᠄ ︽ᠭᠤᠴᠢᠨ ᠲᠠᠪᠤᠨ ᠲᠣᠯᠣᠭᠠᠢ ᠲᠠᠢ᠂ ᠭᠤᠨᠠᠨ ᠬᠠᠷ᠎ᠠ ᠮᠠᠩᠭᠤᠰ᠂ ᠠᠩᠭᠠᠷ ᠠᠩᠭᠠᠷ ᠢᠨᠢᠶᠡᠭᠡᠳ ᠁︾ | ᠃ | ᠠᠪ ᠲᠤᠨᠢ ᠣᠷᠣᠬᠤ᠄ ① ᠵᠠᠯᠢ ᠮᠡᠭᠡ ᠳᠤᠨᠢ ᠣᠷᠣᠬᠤ᠃ ② ᠦᠭᠡ ᠶᠢ ᠨᠢ ᠲᠠᠭᠠᠬᠤ᠃ ᠵᠢᠱᠢᠶ᠎ᠡ᠄ ︽ | ᠴᠢᠮ᠎ᠠ ᠰᠢᠩᠭᠢ ︵ᠨᠤᠲᠤᠭ ᠤᠨ ᠬᠡᠯᠡᠯᠭᠡ︶ ᠥᠬᠢᠨ ᠤ ᠠᠪ ᠲᠤ ᠣᠷᠣᠳᠠᠭ ᠵᠠᠯᠠᠭᠤ ᠪᠢ ᠪᠢᠰᠢ ᠭᠡᠳ ᠁︾ ︵ | ᠲᠤ᠋ · ᠪᠠᠳᠮ᠎ᠠ᠂ ᠪᠤᠶᠠᠨᠬᠡᠰᠢᠭ ᠨᠠᠷ ᠡᠮᠭᠢᠳᠭᠡᠨ ᠨᠠᠶᠢᠷᠠᠭᠤᠯᠤᠭᠰᠠᠨ ︽ᠵᠠᠩᠭᠠᠷ︾᠂ P.264︶᠃ | ᠠᠪᠬᠤ ᠶᠢᠨ ᠲᠠᠨᠤᠭ ᠦᠭᠡᠢ᠄ ᠶᠠᠮᠠᠷ ᠴᠤ ᠦᠨ᠎ᠡ ᠴᠡᠨ᠎ᠡ ᠦᠭᠡᠢ᠃ | ᠠᠪᠳᠠᠭ ᠲᠠᠨᠤᠭ ᠦᠭᠡᠢ᠄ ᠠᠪᠬᠤ ᠶᠢᠨ ᠠᠷᠭ᠎ᠠ ᠦᠭᠡᠢ᠂ | ᠠᠪᠢᠷ ᠭᠡᠪᠡᠷ ᠦᠭᠡᠢ᠄ ᠬᠡᠮᠵᠢᠶ᠎ᠡ ᠬᠢᠵᠠᠭᠠᠷ ᠦᠭᠡᠢ᠃ | ᠠᠪᠴᠠ ᠲᠠᠪᠢᠴᠠ ᠦᠭᠡᠢ᠄ ① ᠯᠠᠷᠵᠢᠶ᠎ᠠ ᠰᠣᠷᠲᠣᠭᠤ ᠦᠭᠡᠢ᠃ ② ᠡᠬᠡᠯ ᠵᠢᠷ ᠤᠨ ᠵᠠᠩ ᠲᠥᠯᠥᠪ ᠲᠠᠢ᠂ | ᠳᠠᠷᠤᠤ ᠬᠢᠴᠢᠶᠡᠩᠭᠦᠢ᠃ ᠵᠢᠱᠢᠶ᠎ᠡ᠄ ︽ᠮᠠᠨ ᠤ ᠡᠩᠬᠡᠰᠠᠶᠢᠨ ᠳᠡᠭᠡᠷ᠎ᠡ ᠳᠣᠣᠷ᠎ᠠ ᠦᠭᠡᠢ᠂ ᠠᠪᠢᠴᠠ ᠲᠠᠪᠢᠴᠠ ᠦᠭᠡᠢ | ᠰᠠᠶᠢᠬᠠᠨ ᠵᠠᠯᠠᠭᠤ ᠭᠡᠵᠦ ᠬᠡᠯᠡᠪᠡ︾ ︵ᠳ᠋ᠤ᠋ · ᠨᠠᠶᠢᠳᠠᠢ ᠶᠢᠨ ︽ᠮᠥᠩᠬᠡ ᠶᠢᠨ ᠬᠠᠶᠢᠷ᠎ᠠ︾᠂ P.26︶᠃ | ᠠᠪᠤ ᠶᠢ ᠴᠢᠨᠢ ᠠᠯᠠᠭᠠᠳ ᠠᠳᠤᠭᠤ ᠶᠢ ᠴᠢᠨᠢ ᠬᠥᠭᠡᠭᠡᠪᠡ ᠦᠦ᠄ ① ᠬᠡᠷᠬᠢᠪᠡᠴᠦ ᠦᠯᠦ ᠮᠠᠷᠲᠠᠭᠳᠠᠬᠤ | ᠡᠪᠯᠡᠷᠡᠰᠢ ᠦᠭᠡᠢ ᠶᠡᠭᠡ ᠥᠰᠢᠶ᠎ᠡ ᠲᠠᠢ ᠦᠦ︖ ② ᠬᠡᠨᠡᠭ ᠦᠭᠡᠢ ᠪᠠᠶᠢᠭᠰᠠᠨ ᠬᠠᠮᠢᠶ᠎ᠠ ᠨᠠᠮᠢᠶ᠎ᠠ ᠦᠭᠡᠢ ᠵᠦᠢᠯ ᠳᠤ | ᠬᠠᠯᠳᠠᠵᠤ ᠬᠡᠷᠡᠭ ᠡᠳᠦᠭᠦ ᠳᠤ ᠬᠡᠳᠡᠷᠬᠦ ᠠᠰᠠᠭᠤᠬᠤ ᠦᠭᠡ᠃ ᠵᠢᠱᠢᠶ᠎ᠡ᠄ ︽ᠬᠥᠳᠡᠭᠡ ᠳᠡᠭᠡᠨ ᠶᠠᠪᠤᠵᠤ ᠪᠠᠶᠢᠭᠰᠠᠨ | ᠬᠥᠮᠥᠨ ᠤ ᠬᠥᠪᠡᠭᠦᠨ ᠠᠪᠤ ᠶᠢ ᠴᠢᠨᠢ ᠠᠯᠠᠭᠠᠳ ᠠᠳᠤᠭᠤ ᠶᠢ ᠴᠢᠨᠢ ᠬᠥᠭᠡᠭᠡᠪᠡ ᠦᠦ︖︾ ︽ᠨᠢᠰᠤᠬᠠᠢ ᠵᠤᠷᠤ | ᠠᠪᠤ ᠶᠢ ᠴᠢᠨᠢ ᠠᠯᠠᠭᠠᠳ ᠠᠳᠤᠭᠤ ᠶᠢ ᠴᠢᠨᠢ ᠬᠥᠭᠡᠭᠡᠵᠦ ᠣᠷᠬᠢᠪᠠ ᠦᠦ︖︾ ︵ᠲ᠊ · ᠨᠠᠮᠵᠢᠯ ᠤᠨ ︽ | ᠰᠢᠨᠵᠢᠶᠠᠩ ᠤᠨ ᠮᠣᠩᠭᠤᠯ ︿ᠭᠡᠰᠡᠷ﹀ ᠤᠨ ᠴᠤᠭᠯᠠᠭᠤᠯᠭ᠎ᠠ ᠪᠠ ᠰᠤᠳᠤᠯᠤᠯ︾ ︵ᠳᠡᠭᠡᠳᠦ︶᠂ P.21︶᠃ | ᠠᠪᠤ ᠪᠠᠨ ᠦᠵᠡᠭᠰᠡᠨ ᠬᠡᠪᠲᠡᠢ᠄ ① ᠲᠥᠷᠥᠭᠰᠡᠨ ᠭᠠᠷᠤᠭᠰᠠᠨ ᠢᠶᠠᠨ ᠦᠵᠡᠭᠰᠡᠨ ᠰᠢᠭ ᠶᠡᠭᠡ ᠯᠠ | ᠪᠠᠶᠠᠷᠯᠠᠭᠰᠠᠨ ᠭᠡᠳᠡᠭ ᠤᠳᠬ᠎ᠠ ᠶᠢ ᠢᠯᠡᠳᠬᠡᠵᠦ ᠪᠤᠢ᠃ ᠵᠢᠱᠢᠶ᠎ᠡ᠄ ︽ᠠᠮᠤᠷᠪᠠᠶᠠᠷ ᠳᠣᠲᠣᠷ᠎ᠠ ᠪᠠᠨ ︿ᠬᠠᠷᠢᠨ ᠡᠶᠢᠮᠦ | ᠪᠢᠯᠡ᠂ ᠡ᠊ᠨᠳᠡ ᠮᠣᠩᠭᠤᠯ ᠵᠢᠯᠣᠭᠤᠴᠢ ᠤᠯᠠᠨ ᠪᠠᠶᠢᠳᠠᠭ ᠪᠢᠯᠡ﹀ ᠭᠡᠳ ᠠᠯᠲᠠᠨᠭᠡᠷᠡᠯ ᠠᠶᠢᠮᠠᠭ ᠲᠤ ᠭᠦᠷᠤᠨ᠎ᠠ ᠭᠡᠵᠦ | ᠠᠪᠤ ᠪᠠᠨ ᠦᠵᠡᠭᠰᠡᠨ ᠰᠢᠭ ᠪᠠᠶᠠᠷᠯᠠᠪᠠ︾ ︵ᠬᠠ᠊ · ᠬᠥᠮᠦᠵᠢᠯ ᠤᠨ ︽ᠰᠣᠶᠣᠯ ᠤᠨ ᠪᠠᠳᠢᠷᠴᠢ︾᠂ P.97︶᠃ | ② ᠡᠷᠬᠡ ᠮᠡᠳᠡᠯ᠂ ᠬᠥᠷᠥᠩᠭᠡ ᠮᠥᠩᠭᠦ ᠲᠠᠢ ᠬᠥᠮᠥᠨ ᠢ ᠦᠵᠡᠵᠦ ᠰᠢᠷᠪᠠᠭᠠᠳᠠᠨ ᠠᠭᠠᠰᠢᠯᠠᠵᠤ ᠶᠡᠬᠡᠳᠡ | ᠳᠣᠲᠣᠨᠣᠰᠣᠨ ᠪᠢᠯᠳᠠᠤᠴᠢᠯᠠᠬᠤ ᠵᠢᠱᠢᠶ᠎ᠡ᠄ ︽ᠴᠠᠭᠠᠲᠤᠬᠢ ᠪᠠᠯᠵᠠᠢ ᠴᠢᠨᠢ ᠦᠷᠦᠮᠴᠢ ᠠᠴᠠ ᠢᠷᠡᠭᠰᠡᠨ ᠺᠠᠳ᠋ᠷ ᠢᠷᠡᠬᠦᠯ᠎ᠡ | ᠠᠪᠤ ᠪᠠᠨ ᠦᠵᠡᠭᠰᠡᠨ ᠬᠡᠪᠲᠡᠢ ᠳᠡᠭᠡᠷ᠎ᠡ ᠳᠣᠣᠷ᠎ᠠ ᠭᠠᠷᠤᠭᠠᠳ ᠬᠥᠯ ᠨᠢ ᠬᠤᠭᠤᠷᠠᠲᠠᠯ᠎ᠠ ᠬᠡᠳᠦᠨ ᠡᠳᠦᠷ ᠭᠦᠶᠦᠪᠡ︾᠃ | | ᠠᠭᠠᠵᠠᠭ ᠠᠭᠠᠵᠠᠭ ᠭᠡᠳ᠄ ᠠᠮᠠ ᠪᠠᠨ ᠠᠩᠭᠠᠶᠢᠨ ᠲᠡᠨᠡᠭᠯᠡᠨ ᠢᠨᠢᠶᠡᠬᠦ ᠪᠠᠶᠢᠳᠠᠯ᠃ | ᠠᠭᠤᠷ ᠡᠮᠦᠨ᠎ᠡ ᠪᠠᠨ᠂ ᠤᠬᠠᠭᠠᠨ ᠬᠤᠶᠢᠨ᠎ᠠ ᠪᠠᠨ᠄ ᠲᠦᠷ ᠵᠠᠭᠤᠷ᠎ᠠ ᠶᠢᠨ ᠠᠭᠤᠷ ᠬᠢᠯᠢᠩ ᠢᠶᠠᠷ ᠪᠤᠷᠤᠭᠤ | ᠰᠢᠢᠳᠪᠦᠷᠢ ᠭᠠᠷᠭᠠᠵᠤ ᠬᠤᠶᠢᠨ᠎ᠠ ᠨᠢ ᠤᠬᠠᠭᠠᠷᠠᠵᠤ ᠭᠡᠮᠰᠢᠬᠦ᠃ | ᠠᠮᠠ ᠲᠠᠢ ᠶᠠᠭᠤᠮᠠᠨ ᠠᠮᠠᠯᠠᠵᠤ ᠪᠣᠯᠣᠰᠢ ᠦᠭᠡᠢ ᠠᠮᠢᠳᠠᠨ᠄ ᠦᠭᠡ ᠬᠡᠯᠡ ᠪᠠᠷ ᠢᠯᠡᠳᠬᠡᠬᠦ ᠶᠢᠨ ᠠᠷᠭ᠎ᠠ ᠦᠭᠡᠢ | ᠬᠠᠴᠢᠨ ᠵᠢᠭᠲᠡᠢ ᠬᠥᠮᠥᠨ ᠪᠤᠶᠤ ᠬᠡᠴᠡᠭᠦᠦ ᠬᠥᠮᠥᠨ᠃ | ᠠᠮᠠ ᠠᠪᠬᠤ᠄ ᠬᠤᠶᠠᠷ ᠬᠥᠮᠥᠨ ᠬᠡᠯᠡᠯᠴᠡᠬᠦ ᠦᠶᠡᠰ ᠦᠭᠡ ᠥᠭᠬᠦ ᠦᠭᠡᠢ᠃ | ᠠᠮᠠ ᠪᠠᠨ ᠠᠪᠬᠠᠭᠤᠯᠬᠤ᠄ ① ᠬᠡᠯᠡᠬᠦ ᠦᠭᠡ ᠦᠭᠡᠢ ᠪᠣᠯᠭᠠᠬᠤ᠃ ② ᠬᠡᠯᠡᠭᠦᠯᠬᠦ᠃ | ᠠᠮᠠ ᠶᠢ ᠨᠢ ᠲᠣᠰᠣᠯᠠᠬᠤ᠄ ᠬᠡᠭᠡᠯᠢ ᠬᠠᠭ᠋ᠤᠤᠯᠢ ᠥᠭᠬᠦ᠂ ᠪᠡᠯᠡᠭ ᠰᠡᠯᠲᠡ ᠬᠦᠷᠭᠡᠬᠦ᠃ | ᠠᠮᠠ ᠪᠠᠨ ᠱᠠᠯᠳᠠᠭᠤᠯᠬᠤ᠄ ᠵᠦᠢ ᠵᠣᠬᠢᠰ ᠦᠭᠡᠢ ᠦᠭᠡ ᠬᠡᠯᠡᠭᠡᠳ ᠪᠤᠰᠤᠳ ᠲᠤ ᠲᠠᠭᠤ ᠭᠠᠷᠬᠤ ᠦᠭᠡᠢ | ᠪᠤᠯᠲᠠᠯ᠎ᠠ ᠪᠠᠨ ᠬᠠᠷᠢᠭᠤ ᠨᠢᠴᠤᠭᠠᠭᠳᠠᠬᠤ᠃ ᠵᠢᠱᠢᠶ᠎ᠡ᠄ ︽ᠰᠤᠪᠤᠰᠣᠨ ᠠᠶᠢᠯ ᠤᠨ ᠲᠥᠷᠥ ᠳᠤ ᠣᠷᠣᠯᠴᠠᠭᠠᠳ | ᠬᠡᠦᠬᠡᠨ ᠢ ᠨᠢ ᠪᠠᠰᠠ ᠬᠠᠮᠢᠶᠠᠷᠴᠢᠬᠠᠳᠠᠭ ᠪᠣᠯᠣᠭᠠᠳ ᠠᠮᠠ ᠪᠠᠨ ᠱᠠᠯᠳᠠᠭᠤᠯᠵᠤ ᠠᠪᠤᠪᠠ︾᠃ | ᠠᠮᠠᠨ ᠳᠠᠭᠠᠨ ᠠᠪᠬᠤ᠄ ① ᠶᠠᠯᠢᠮ ᠦᠭᠡᠢ ᠬᠡᠷᠡᠭ ᠢ ᠶᠠᠷᠢᠶᠠᠨ ᠤ ᠰᠡᠳᠦᠪ ᠲᠤ ᠪᠠᠭᠲᠠᠭᠠᠵᠤ ᠬᠡᠷᠡᠭ ᠪᠣᠯᠭᠠᠨ | ᠶᠠᠷᠢᠬᠤ᠃ ᠵᠢᠱᠢᠶ᠎ᠡ᠄ ︽᠁ ᠬᠥᠯ ᠳᠤ ᠣᠷᠤᠭ᠎ᠠ ᠦᠭᠡᠢ ᠬᠥᠪᠡᠭᠦᠨ ᠢ ᠮᠢᠨᠢ ᠠᠮᠠᠨ ᠳᠠᠭᠠᠨ ᠠᠪᠳᠠᠭ ᠶᠠᠮᠠᠷ ᠬᠡᠷᠡᠭ | ᠪᠠᠶᠢᠨ᠎ᠠ︖︾᠃ ② ᠶᠠᠮᠠᠷ ᠨᠢᠭᠡ ᠶᠠᠭᠤᠮ᠎ᠠ ᠶᠢ ᠠᠮᠠᠨ ᠳᠠᠭᠠᠨ ᠠᠪᠴᠤ ᠵᠠᠭᠤᠬᠤ᠂ ᠢᠳᠡᠬᠦ᠂ ᠠᠮᠰᠠᠬᠤ᠃ | ᠵᠢᠱᠢᠶ᠎ᠡ᠄ ︽ᠬᠡᠦᠬᠡᠨ ᠴᠢᠨᠢ ᠰᠡᠷᠡᠵᠦ ᠠᠪᠤᠭᠠᠳ ᠪᠤᠯᠲᠠᠭᠤᠯᠴᠢᠬᠠᠭᠰᠠᠨ ᠰᠢᠬᠢᠷ ᠢ ᠴᠢᠨᠢ ᠠᠮᠠᠨ ᠳᠠᠭᠠᠨ ᠠᠪᠴᠢᠬᠠᠭᠰᠠᠨ | ᠨᠠᠭᠠᠳᠴᠤ ᠪᠠᠶᠢᠨ᠎ᠠ︾᠃ | ᠠᠮᠠᠨ ᠴᠢᠨᠢ ᠠᠯᠳᠠᠨ ᠪᠣᠯᠲᠤᠭᠠᠢ᠄ ᠪᠡᠯᠭᠡ ᠳᠡᠮᠪᠡᠷᠢᠯ ᠲᠠᠢ ᠰᠠᠶᠢᠬᠠᠨ ᠦᠭᠡ ᠬᠡᠯᠡᠬᠦ ᠳᠤᠨᠢ ᠲᠠᠯᠠᠷᠬᠠᠭᠰᠠᠨ | ᠰᠠᠨᠠᠭ᠎ᠠ ᠪᠠᠨ ᠢᠯᠡᠳᠬᠡᠬᠦ ᠳᠤ ᠬᠡᠯᠡᠳᠡᠭ ᠦᠭᠡ᠃ | ᠠᠮᠢ ᠪᠠᠨ ᠠᠪᠬᠤ ᠨᠢ ᠵᠠᠭᠤ ᠪᠣᠯᠣᠭᠠᠳ᠄ ᠶᠠᠮᠠᠷ ᠨᠢᠭᠡ ᠬᠥᠮᠥᠨ ᠪᠤᠶᠤ ᠬᠡᠷᠡᠭ ᠲᠤ ᠣᠷᠢᠶᠠᠭᠳᠠᠨ | ᠵᠢᠭᠤᠷᠠᠯᠳᠤᠵᠤ ᠮᠤᠯᠲᠤᠷᠠᠬᠤ ᠶᠢᠨ ᠠᠷᠭ᠎ᠠ ᠦᠭᠡᠢ ᠪᠣᠯᠬᠤ᠃ ᠵᠢᠱᠢᠶ᠎ᠡ᠄ ︽ᠮᠠᠩᠭᠠᠳᠤᠷ ᠦᠳᠡ ᠳᠡᠭᠡᠨ ᠡᠷᠲᠡᠬᠡᠨ | ᠭᠦᠷᠦᠭᠡᠳ ᠢᠷᠡᠭᠲᠦᠨ ᠭᠡᠵᠦ ᠴᠡᠴᠡᠭᠡᠢ ᠬᠠᠳᠤᠨ ᠠᠮᠢ ᠪᠠᠨ ᠠᠪᠬᠤ ᠨᠢ ᠵᠠᠭᠤ ᠪᠣᠯᠣᠭᠠᠳ ᠁︾ ︵ᠬᠠ᠊ · | ᠬᠥᠮᠦᠵᠢᠯ ᠤᠨ ︽ᠬᠠᠶᠢᠷᠠᠨ ᠨᠠᠢᠮᠠᠨ ᠡᠳᠦᠷ︾᠂ P.17︶᠃ | ᠠᠮᠢ ᠪᠠᠨ ᠠᠪᠬᠤ ᠨᠢ ᠳᠡᠯᠡᠬᠡᠢ ᠪᠣᠯᠬᠤ᠄ ᠶᠠᠮᠠᠷ ᠨᠢᠭᠡ ᠬᠥᠮᠥᠨ ᠪᠤᠶᠤ ᠬᠡᠷᠡᠭ ᠲᠤ ᠣᠷᠢᠶᠠᠭᠳᠠᠨ | ᠵᠢᠭᠤᠷᠠᠯᠳᠤᠵᠤ ᠮᠤᠯᠲᠤᠷᠠᠬᠤ ᠶᠢᠨ ᠠᠷᠭ᠎ᠠ ᠦᠭᠡᠢ ᠪᠣᠯᠬᠤ᠃ ᠵᠢᠱᠢᠶ᠎ᠡ᠄ ︽ᠪᠢ ᠮᠡᠳᠡᠬᠦ ᠦᠭᠡᠢ᠂ ᠪᠢ ᠰᠢᠨᠡᠬᠡᠨ | ᠪᠡᠭᠡᠵᠢᠩ ᠠᠴᠠ ᠬᠠᠷᠢᠵᠤ ᠢᠷᠠᠯ᠎ᠠ︾ ᠭᠡᠰᠡᠨ ᠢᠶᠠᠨ ᠲᠡᠷᠡ ᠵᠠᠯᠠᠭᠤ ᠡᠯᠪᠡᠭ ᠡᠪᠦᠭᠡᠨ ᠠᠴᠠ ᠠᠮᠢ ᠪᠠᠨ ᠠᠪᠬᠤ ᠨᠢ | ᠳᠡᠯᠡᠬᠡᠢ ᠪᠣᠯᠵᠤ ᠁︾ ︵ᠬᠠ᠊ · ᠬᠥᠮᠦᠵᠢᠯ ᠤᠨ ︽ᠬᠠᠶᠢᠷᠠᠨ ᠨᠠᠢᠮᠠᠨ ᠡᠳᠦᠷ︾᠂ P.22︶᠃ | ᠠᠮᠠᠨ ᠳᠠᠭᠠᠨ ᠠᠪᠬᠤ ᠦᠭᠡᠢ᠄ ᠳᠤᠷᠠᠳᠬᠤ ᠦᠭᠡᠢ᠂ ᠶᠠᠷᠢᠬᠤ ᠦᠭᠡᠢ᠃ | ᠠᠮᠠ ᠪᠠᠷ ᠢᠶᠠᠨ ᠠᠯᠲᠠᠢ ᠭᠠᠲᠤᠯᠬᠤ᠄ ᠬᠡᠯᠡᠬᠦ ᠨᠢ ᠰᠠᠶᠢᠬᠠᠨ ᠴᠤ ᠬᠢᠬᠦ ᠨᠢ ᠮᠠᠭᠤᠬᠠᠢ ᠪᠠᠶᠢᠳᠠᠯ ᠢ ᠬᠡᠯᠡᠵᠦ ᠪᠤᠢ | ᠃ | ᠠᠮᠠ ᠨᠢ ᠠᠯᠲᠠᠢ ᠭᠠᠲᠤᠯᠬᠤ᠄ ᠦᠭᠡ ᠬᠡᠯᠡᠬᠦ ᠳᠡᠭᠡᠨ ᠮᠡᠷᠭᠡᠨ᠃ | ᠠᠮᠠ ᠠᠩᠭᠠᠶᠢᠬᠤ ᠠᠷᠭ᠎ᠠ ᠦᠭᠡᠢ᠄ ① ᠬᠡᠯᠡᠭᠰᠡᠨ ᠦᠭᠡ ᠪᠦᠷᠢ ᠠᠴᠠ ᠨᠢ ᠦ ᠰᠠᠪ ᠡᠷᠢᠬᠦ ᠪᠤᠶᠤ ᠬᠡᠯᠡᠭᠰᠡᠨ | ᠪᠥᠬᠦᠨ ᠢ ᠨᠢ ᠨᠢᠴᠤᠭᠠᠵᠤ ᠦᠭᠡ ᠶᠠᠷᠢᠬᠤ ᠠᠴᠠ ᠪᠠᠨ ᠠᠶᠤᠬᠤ ᠬᠡᠮᠵᠢᠶᠡᠨ ᠳᠤ ᠬᠦᠷᠬᠦ᠃ ② ᠦᠭᠡ ᠬᠡᠯᠡᠬᠦ ᠡᠷᠬᠡ | ᠪᠤᠶᠤ ᠵᠠᠪᠰᠢᠶᠠᠨ ᠳᠣᠭᠢᠶᠠᠯ ᠥᠭᠬᠦ ᠦᠭᠡᠢ ᠪᠠᠶᠢᠳᠠᠯ ᠢ ᠬᠡᠯᠡᠵᠦ ᠪᠤᠢ᠃ ᠵᠢᠱᠢᠶ᠎ᠡ᠄ ︽ᠳᠣᠭᠰᠢᠨ ᠰᠢᠷ᠎ᠠ ᠮᠠᠩᠭᠤᠰ᠂ | ᠴᠣᠴᠢᠵᠤ ᠪᠣᠰᠣᠭᠠᠳ᠂ ᠬᠠᠶᠢᠭᠢᠷᠤᠨᠠ ᠭᠡᠬᠦᠯ᠎ᠡ᠂ ᠠᠭᠠᠯᠵᠢᠨ ᠤ ᠰᠢᠯᠦᠰᠦᠨ ᠳᠤ ᠣᠷᠢᠶᠠᠭᠳᠠᠭᠠᠳ᠂ ᠠᠮᠠ | ᠠᠩᠭᠠᠶᠢᠬᠤ ᠠᠷᠭ᠎ᠠ ᠦᠭᠡᠢ ᠪᠣᠯᠵᠤ ᠤᠳᠤᠬᠰᠠᠨ ᠢᠶᠠᠨ ᠮᠡᠳᠡᠭᠡᠳ ᠁︾ ︵︽ᠵᠠᠩᠭᠠᠷ ᠤᠨ ᠡᠬᠡ ᠮᠠᠲ᠋ᠧᠷᠢᠶᠠᠯ ︵ | 11︶︾᠂ P.587︶᠃ | ᠠᠮᠠ ᠪᠠᠷ ᠨᠢ ᠣᠷᠣᠨ ᠠᠯᠳᠠᠭᠠᠳ᠄ ᠣᠶᠢᠷ᠎ᠠ ᠰᠠᠭᠤᠭᠰᠠᠨ ᠬᠥᠮᠥᠰ ᠨᠢᠭᠡ ᠨᠢᠭᠡ ᠶᠢᠨ ᠢᠶᠠᠨ ᠶᠠᠷᠢᠭᠰᠠᠨ | ᠵᠦᠢᠯ ᠢ ᠨᠢ ᠶᠡᠬᠡᠳᠡ ᠠᠩᠬᠠᠷᠤᠯ ᠲᠠᠢ ᠴᠢᠩᠨᠠᠨ ᠰᠣᠨᠣᠰᠬᠤ᠃ | ᠠᠮᠠ ᠪᠠᠷ ᠢᠶᠠᠨ ᠬᠢᠭᠡᠳ ᠪᠠᠶᠢᠳᠠᠭ᠄ ᠪᠤᠰᠤᠳ ᠤᠨ ᠬᠢᠭᠰᠡᠨ ᠠᠵᠢᠯ ᠢ ᠥᠪᠡᠷ ᠤᠨ ᠬᠢᠭᠰᠡᠨ ᠮᠡᠲᠦ ᠶᠠᠷᠢᠳᠠᠭ | ᠬᠥᠮᠥᠨ᠃ ᠵᠢᠱᠢᠶ᠎ᠡ᠄ ︽ᠴᠠᠭᠠᠲᠤᠬᠢ ᠴᠢᠨᠢ ᠡᠬᠡᠨᠡᠷ ᠢᠶᠠᠨ ᠵᠠᠷᠤᠴᠢᠬᠠᠭᠠᠳ ᠭᠡᠷ ᠲᠡᠭᠡᠨ ᠠᠮᠠ ᠪᠠᠷ ᠢᠶᠠᠨ ᠬᠢᠭᠡᠳ | ᠪᠠᠶᠢᠳᠠᠭ ᠠᠮᠢᠳᠠᠨ ᠯᠠ ᠁︾᠃ | ᠠᠮᠠᠨ ᠠᠩᠭᠠᠶᠢᠪᠠᠯ ᠠᠭᠤᠰᠬᠢ ᠢᠯᠠ᠄ ᠦᠭᠡ ᠪᠠᠨ ᠡᠬᠢᠯᠡᠵᠦ ᠬᠡᠯᠡᠬᠦ ᠪᠤᠶᠤ ᠬᠡᠷᠡᠭ ᠢᠶᠠᠨ ᠡᠬᠢᠯᠡᠵᠦ ᠬᠢᠬᠦ | ᠪᠠᠶᠢᠳᠠᠯ ᠠᠴᠠ ᠨᠢ ᠪᠥᠬᠦ ᠵᠦᠢᠯ ᠢ ᠪᠠᠷᠤᠭᠴᠠᠭᠠᠯᠠᠵᠤ ᠮᠡᠳᠡᠬᠦ ᠶᠢ ᠬᠡᠯᠡᠵᠦ ᠪᠤᠢ᠃ | ᠠᠮᠠᠨ ᠤ ᠠᠰᠠᠢ ᠠᠷᠢᠯᠤᠭᠠᠳ ᠦᠭᠡᠢ᠄ ᠥᠰᠴᠦ ᠲᠣᠷᠨᠢᠭᠠ ᠦᠭᠡᠢ ᠨᠢᠯᠬ᠎ᠠ ᠬᠡᠦᠬᠡᠳ᠃ | ᠠᠮᠠ ᠪᠠᠷ ᠣᠷᠣᠭᠠᠳ ᠬᠠᠮᠠᠷ ᠢᠶᠠᠷ ᠭᠠᠷᠬᠤ᠄ ① ᠣᠷᠣᠬᠤ ᠳᠠᠭᠠᠨ ᠠᠮᠠᠷ ᠴᠤ ᠭᠠᠷᠬᠤ ᠳᠠᠭᠠᠨ ᠬᠡᠴᠡᠭᠦᠦ | ᠪᠠᠶᠢᠳᠠᠯ ᠢ ᠬᠡᠯᠡᠵᠦ ᠪᠤᠢ᠃ ② ᠵᠢᠰᠤᠷ ᠪᠢᠯᠳᠠᠤᠴᠢ ᠪᠠᠶᠢᠳᠠᠯ ᠢ ᠬᠡᠯᠡᠵᠦ ᠪᠤᠢ᠃ | ᠠᠮᠠ ᠪᠠᠷ ᠣᠷᠣᠭᠠᠳ ᠬᠤᠱᠭᠢᠨᠠᠭ ᠢᠶᠠᠷ ᠭᠠᠷᠬᠤ᠄ ᠪᠢᠯᠳᠠᠤᠴᠢ ᠪᠠᠶᠢᠳᠠᠯ ᠢ ᠬᠡᠯᠡᠵᠦ ᠪᠤᠢ᠃ | ᠠᠮᠠ ᠲᠠᠢ ᠬᠡᠯᠡ ᠲᠠᠢ᠄ ᠬᠡᠯᠡ ᠠᠮᠠᠨ ᠳᠠᠭᠠᠨ ᠰᠠᠶᠢᠨ᠂ ᠤᠷᠠᠨ ᠢᠯᠡᠳᠬᠡᠬᠦ ᠴᠢᠳᠠᠪᠤᠷᠢ ᠲᠠᠢ᠃ ᠵᠢᠱᠢᠶ᠎ᠡ᠄ ︽ | ᠪᠢ ᠶᠠᠭᠠᠬᠢᠭᠠᠳ ᠡᠶᠢᠮᠦ ᠠᠮᠠ ᠲᠠᠢ ᠬᠡᠯᠡ ᠲᠠᠢ ᠪᠣᠯᠵᠤ ᠤᠷᠭᠢᠬᠰᠠᠨ ᠢᠶᠠᠨ ᠥᠪᠡᠷ ᠢᠶᠠᠨ ᠪᠠᠰᠠ ᠰᠠᠶᠢᠨ ᠮᠡᠳᠡᠬᠦ | ᠦᠭᠡᠢ ᠶᠤᠮ︾ ︵ᠳ᠋ᠤ᠋ · ᠨᠠᠶᠢᠳᠠᠢ ᠶᠢᠨ ︽ᠮᠥᠩᠬᠡ ᠶᠢᠨ ᠬᠠᠶᠢᠷ᠎ᠠ︾᠂ P.31︶᠃ | ᠠᠮᠠᠨ ᠳᠤ ᠣᠷᠣᠬᠤ ᠪᠠᠷ ᠪᠠᠶᠢᠬᠤ ᠪᠣᠷᠣ ᠮᠢᠬ᠎ᠠ ᠶᠢ ᠬᠡᠯᠡ ᠪᠠᠷ ᠢᠶᠠᠨ ᠲᠦᠯᠬᠢᠬᠦ᠄ ᠨᠢᠳᠦᠨ ᠡᠮᠦᠨ᠎ᠡ ᠢᠯᠡᠳᠲᠡ | ᠪᠠᠶᠢᠭ᠎ᠠ ᠠᠰᠢᠭᠲᠠᠢ ᠵᠦᠢᠯ ᠢ ᠲᠡᠪᠴᠢᠨ ᠵᠠᠶᠢᠯᠠᠭᠤᠯᠬᠤ᠃ ᠵᠢᠱᠢᠶ᠎ᠡ᠄ ︽ᠪᠠᠯᠳᠠᠨ ᠤ ᠰᠠᠨᠠᠭᠠᠨ ᠳᠤᠨᠢ ᠲᠠᠭᠠᠷᠠᠵᠤ | ᠰᠡᠳᠬᠢᠯ ᠳᠤᠨᠢ ᠶᠠᠭ ᠲᠣᠬᠢᠷᠠᠭᠰᠠᠨ ᠬᠡᠷᠡᠭ ᠲᠤᠯᠠ ᠠᠮᠠᠨ ᠳᠤ ᠣᠷᠣᠬᠤ ᠪᠠᠷ ᠪᠠᠶᠢᠬᠤ ᠪᠣᠷᠣ ᠮᠢᠬ᠎ᠠ ᠶᠢ | ᠬᠡᠯᠡ ᠪᠠᠷ ᠢᠶᠠᠨ ᠲᠦᠯᠬᠢᠭᠡᠳ ᠬᠠᠶᠠᠴᠢᠬᠠᠪᠠᠯ ᠪᠣᠯᠬᠤ ᠦᠦ︖︾ ︵ᠫᠤ · ᠪᠠᠳᠮᠠᠷ᠎ᠠ᠄ ︽ᠬᠠᠯᠠ ᠪᠠᠷ ᠬᠠᠯᠲᠤᠷᠢᠭᠰᠠᠨ | ᠵᠠᠶᠠᠭ᠎ᠠ︾᠂ P.152︶᠃ | ᠠᠮᠠᠨ ᠳᠠᠭᠠᠨ ᠣᠷᠣᠭᠰᠠᠨ ᠢᠶᠠᠷ ᠢᠶᠠᠨ ᠬᠡᠯᠡᠬᠦ᠄ ① ᠦᠭᠡ ᠶᠢᠨ ᠰᠠᠶᠢᠨ ᠮᠠᠭᠤ᠂ ᠬᠦᠨᠳᠦ ᠬᠥᠩᠭᠡᠨ᠂ ᠵᠦᠢ | ᠵᠣᠬᠢᠰᠲᠠᠢ ᠡᠰᠡᠬᠦ ᠶᠢ ᠨᠢ ᠦᠯᠦ ᠬᠠᠷᠠᠭᠠᠯᠵᠠᠨ ᠬᠠᠷᠢᠶᠠᠯ ᠤᠨ ᠦᠭᠡᠰ ᠢ ᠴᠤᠪᠤᠷᠠᠭᠤᠯᠬᠤ ᠪᠤᠶᠤ ᠪᠤᠳᠤᠵᠤ ᠣᠯᠣᠭᠰᠠᠨ | ᠮᠠᠭᠤ ᠦᠭᠡ ᠪᠠᠷ ᠳᠣᠣᠷ᠎ᠠ ᠳᠣᠣᠷ᠎ᠠ ᠨᠢ ᠬᠠᠷᠢᠶᠠᠬᠤ᠃ ᠵᠢᠱᠢᠶ᠎ᠡ᠄ ︽ᠪᠤᠯᠠᠭᠠᠨ ᠠᠭᠤᠷ ᠨᠢ ᠭᠦᠷᠦᠭᠡᠳ ᠠᠮᠠᠨ ᠳᠠᠭᠠᠨ | ᠣᠷᠣᠭᠰᠠᠨ ᠢᠶᠠᠷ ᠢᠶᠠᠨ ᠮᠠᠭᠤ ᠬᠡᠯᠡᠵᠦ ᠠᠪᠤᠪᠠ︾᠃ ② ᠥᠪᠡᠷ ᠤᠨ ᠪᠣᠳᠣᠯ ᠲᠠᠭᠠᠮᠠᠭ ᠢᠶᠠᠷ ᠢᠶᠠᠨ ᠡᠷᠦᠢ ᠬᠤᠷᠤᠢ | ᠦᠭᠡᠢ ᠶᠠᠷᠢᠬᠤ᠃ ᠵᠢᠱᠢᠶ᠎ᠡ᠄ ︽ᠡᠨᠡ ᠬᠥᠮᠥᠰ ᠶᠠᠭᠤᠮᠠᠨ ᠤ ᠨᠠᠭᠠᠲᠤᠬᠢ ᠴᠠᠭᠠᠲᠤᠬᠢ ᠶᠢ ᠨᠢ ᠮᠡᠳᠡᠯ ᠦᠭᠡᠢ ᠪᠠᠶᠢᠵᠤ | ᠠᠮᠠᠨ ᠳᠠᠭᠠᠨ ᠣᠷᠣᠭᠰᠠᠨ ᠢᠶᠠᠷ ᠢᠶᠠᠨ ᠬᠡᠯᠡᠳᠡᠭ ᠵᠢᠭᠢ︾᠃ | ᠠᠮᠠᠨ ᠳᠠᠭᠠᠨ ᠪᠠᠭᠲᠠᠭᠰᠠᠨ ᠢᠶᠠᠷ ᠢᠶᠠᠨ ᠬᠡᠯᠡᠬᠦ᠄ ᠳᠤᠷ᠎ᠠ ᠪᠠᠷ ᠢᠶᠠᠨ ᠬᠡᠯᠡᠬᠦ᠃ ᠵᠢᠱᠢᠶ᠎ᠡ᠄ ︽ᠬᠥᠮᠥᠰ ᠲᠡᠭᠦᠨ ᠢ | ᠨᠢᠭᠤᠷ ᠳᠠᠯᠳᠠ ᠪᠣᠯᠪᠠᠯ ︿ᠭᠠᠷᠢᠬᠳᠠᠢ ᠬᠤᠵᠢᠭᠠᠷ﹀ ᠭᠡᠵᠦ ᠠᠮᠠᠨ ᠳᠤ ᠪᠠᠭᠲᠠᠭᠰᠠᠨ ᠢᠶᠠᠷ ᠢᠶᠠᠨ ᠬᠡᠯᠡᠳᠡᠭ ᠪᠣᠯᠪᠠᠴᠤ ᠁ | ︾ ︵ᠲ᠊ · ᠨᠠᠮᠵᠢᠯ ᠤᠨ ︽ᠵᠡᠭᠦᠳᠦᠨ ᠤ ᠬᠤᠩᠭᠤᠷ ᠭᠤᠪᠢ︾᠂ P.114︶᠃ | ᠠᠮᠠᠨ ᠳᠤ ᠴᠢᠨᠢ ᠰᠢᠷ᠎ᠠ ᠲᠣᠰᠣ ᠲᠦᠷᠬᠢᠨ᠎ᠡ ᠪᠢ᠄ ᠪᠡᠯᠭᠡ ᠳᠡᠮᠪᠡᠷᠢᠯ ᠲᠠᠢ ᠰᠠᠶᠢᠨ ᠦᠭᠡ ᠬᠡᠯᠡᠭᠰᠡᠨ | ᠬᠥᠮᠥᠨ ᠳᠤ ᠬᠠᠷᠢᠭᠤ ᠬᠡᠯᠡᠭᠰᠡᠨ ᠲᠠᠯᠠᠷᠬᠠᠬᠤ ᠤᠳᠬ᠎ᠠ ᠲᠠᠢ ᠦᠭᠡᠰ᠃ | ᠠᠮᠠ ᠪᠠᠨ ᠪᠠᠷᠢᠬᠤ᠄ ᠬᠠᠷᠠᠮᠰᠠᠬᠤ ᠶᠢ ᠬᠡᠯᠡᠵᠦ ᠪᠤᠢ᠃ ᠵᠢᠱᠢᠶ᠎ᠡ᠄ ︽︿᠁ ᠲᠣᠬᠢᠷᠠᠮᠵᠢᠲᠠᠢ ᠠᠵᠢᠯ | ᠣᠯᠳᠠᠳᠠᠭ ᠦᠭᠡᠢ ᠶᠠᠮᠠᠷ ᠪᠠᠷᠴᠢᠳ ᠲᠠᠢ ᠬᠡᠷᠡᠭ ᠪᠢᠯᠡ︖﹀ ᠭᠡᠵᠦ ᠡᠯᠪᠡᠭ ᠡᠪᠦᠭᠡᠨ ᠠᠮᠠ ᠪᠠᠨ ᠪᠠᠷᠢᠵᠤ ᠬᠠᠷᠠᠮᠰᠠᠪᠠ | ︾ ︵ᠬᠠ᠊ · ᠬᠥᠮᠦᠵᠢᠯ ᠤᠨ ︽ᠬᠠᠶᠢᠷᠠᠨ ᠨᠠᠢᠮᠠᠨ ᠡᠳᠦᠷ︾᠂ P.9︶᠃ | ᠠᠮᠠ ᠪᠥᠭᠯᠡᠬᠦ᠄ ① ᠶᠠᠮᠠᠷ ᠨᠢᠭᠡᠨ ᠬᠡᠷᠡᠭ ᠶᠠᠪᠤᠳᠠᠯ ᠢᠯᠡᠷᠡᠬᠦ ᠠᠴᠠ ᠤᠷᠢᠳᠴᠢᠯᠠᠨ ᠰᠡᠷᠭᠡᠶᠢᠯᠡᠵᠦ ᠠᠷᠭ᠎ᠠ | ᠭᠠᠷᠳᠠᠬᠤ᠃ ② ᠦᠭᠡ ᠬᠡᠯᠡᠬᠦ ᠡᠷᠬᠡ ᠦᠭᠡᠢ ᠪᠣᠯᠭᠠᠬᠤ᠃ | ᠠᠮᠠᠨ ᠵᠠᠪ ᠦᠭᠡᠢ᠄ ① ᠲᠠᠰᠤᠷᠠᠯᠳᠠ ᠦᠭᠡᠢ ᠦᠭᠡ ᠬᠡᠯᠡᠬᠦ ② ᠵᠠᠪ ᠵᠠᠢ ᠦᠭᠡᠢ ᠠᠷᠤ ᠠᠷᠤ ᠠᠴᠠ ᠨᠢ | ᠬᠤᠪᠳᠣᠭᠯᠠᠨ ᠢᠳᠡᠬᠦ᠃ | ᠠᠮᠠᠨ ᠤ ᠵᠠᠶᠢᠯᠠᠪᠤᠷᠢ ᠪᠣᠯᠬᠤ ᠦᠭᠡᠢ᠄ ᠬᠡᠮᠵᠢᠶ᠎ᠡ ᠨᠢ ᠪᠠᠭ᠎ᠠ ᠲᠤᠯᠠ ᠦᠯᠦ ᠬᠦᠷᠦᠯᠴᠡᠵᠦ ᠶᠠᠭᠤ ᠴᠦ ᠪᠣᠯᠤᠭ᠎ᠠ | ᠦᠭᠡᠢ ᠮᠡᠲᠦ᠃ ᠵᠢᠱᠢᠶ᠎ᠡ᠄ ︽ᠴᠢᠮ᠎ᠠ ᠠᠴᠠ ᠪᠣᠯᠬᠤ ᠤᠯᠠᠨ ᠬᠠᠭᠠᠨ ᠤ ᠬᠥᠪᠡᠭᠦᠳ \ ᠠᠮᠠᠨ ᠤ ᠵᠠᠶᠢᠯᠪᠤᠷᠢ ᠪᠣᠯᠣᠯ | ᠦᠭᠡᠢ \ ᠠᠷᠠᠭᠠᠨ ᠳᠤᠨᠢ ᠬᠠᠳᠠᠵᠤ ᠤᠳᠤᠬᠰᠠᠨ ᠪᠠᠶᠢᠨ᠎ᠠ᠃ \ ᠠᠶᠤᠩᠭ᠎ᠠ ᠶᠢᠨ ᠠᠷᠪᠠᠨ ᠭᠤᠷᠪᠠᠨ ᠰᠤᠮᠤᠨ \ | ᠳᠡᠭᠡᠷ᠎ᠡ ᠨᠢ ᠲᠡᠭᠴᠡ ᠮᠠᠨᠠᠵᠤ ᠪᠠᠶᠢᠨ᠎ᠠ︾ ︵︽ᠮᠣᠩᠭᠤᠯ ᠪᠠᠭᠠᠲᠤᠷᠯᠢᠭ ᠲᠤᠤᠯᠢ ᠶᠢᠨ ᠴᠢᠭᠤᠯᠭᠠᠨ ︵ᠭᠤᠷᠪᠠ︶︾᠂ | P.1245︶᠃ | ᠠᠮᠠ ᠪᠠᠨ ᠬᠠᠪᠴᠢᠬᠤ᠄ ᠳᠤᠭᠤᠢ ᠪᠠᠶᠢᠬᠤ᠃ | ᠠᠮᠠ ᠲᠠᠢ ᠬᠠᠮᠠᠷ ᠲᠠᠢ᠄ ᠦᠭᠡ ᠬᠡᠯᠡᠨ ᠳᠡᠭᠡᠨ ᠬᠤᠷᠴᠠ᠃ ᠵᠢᠱᠢᠶ᠎ᠡ᠄ ︽ᠠᠮᠠ ᠲᠠᠢ ᠬᠠᠮᠠᠷ ᠲᠠᠢ ᠬᠥᠮᠥᠨ | ᠭᠡᠳᠡᠭ ︿ᠰᠠᠨᠠᠭᠰᠠᠨ ᠢᠶᠠᠨ ᠬᠡᠯᠡᠭᠡᠳ᠂ ᠰᠠᠩᠭᠢᠷᠴᠠᠭ ᠢᠶᠠᠨ ᠰᠠᠪᠢᠭᠠᠳ﹀ ᠪᠠᠶᠢᠳᠠᠭ ᠶᠤᠮ︾ ︵ᠳ᠋ᠤ᠋ · ᠨᠠᠶᠢᠳᠠᠢ ᠶᠢᠨ ︽ | ᠠᠪᠠᠭ᠎ᠠ ᠡᠭᠡᠴᠢ ᠶᠢᠨ ᠥᠯᠢᠭᠡᠷ︾᠂ P.317︶᠃ | ᠠᠮᠠᠨ ᠳᠠᠪᠠ ᠪᠠᠷ ᠬᠡᠯᠡᠬᠦ᠄ ᠥᠪᠡᠷ ᠤᠨ ᠪᠤᠳᠣᠬᠰᠠᠨ ᠢᠶᠠᠷ ᠢᠶᠠᠨ ᠪᠤᠷᠤᠭᠤ ᠵᠥᠪ ᠴᠠᠯᠴᠢᠬᠤ᠃ | ᠠᠮᠠ ᠬᠠᠮᠠᠷ ᠳᠣᠯᠢᠶᠠᠬᠤ᠄ ᠪᠢᠯᠳᠠᠤᠴᠢᠯᠠᠬᠤ | ᠠᠮᠠᠨ ᠬᠠᠮᠠᠷ ᠦᠭᠡᠢ᠄ ᠦᠭᠡ ᠮᠡᠳᠡᠳᠡᠭ ᠦᠭᠡᠢ᠂ ᠶᠣᠰᠣ ᠮᠡᠳᠡᠳᠡᠭ ᠦᠭᠡᠢ᠃ | ᠠᠮᠠ ᠬᠠᠮᠠᠷ ᠢᠶᠠᠨ ᠮᠡᠳᠡᠳᠡᠭ ᠦᠭᠡᠢ ᠭᠠᠷᠢᠭ᠄ ᠦᠭᠡ ᠮᠡᠳᠡᠳᠡᠭ ᠦᠭᠡᠢ᠂ ᠶᠣᠰᠣ ᠮᠡᠳᠡᠳᠡᠭ ᠦᠭᠡᠢ᠃ | ᠠᠮᠠ ᠬᠠᠮᠠᠷ ᠢᠶᠠᠨ ᠳᠣᠯᠢᠶᠠᠬᠤ᠄ ᠬᠤᠭᠤᠰᠤᠨ ᠬᠤᠴᠣᠷᠬᠤ᠂ ᠭᠡᠳᠡᠰᠦ ᠴᠠᠳᠬᠤ ᠦᠭᠡᠢ ᠪᠠᠶᠢᠬᠤ᠃ | ᠠᠮᠠ ᠨᠢ ᠬᠠᠯᠠᠬᠤ᠄ ① ᠠᠷᠢᠬᠢ ᠤᠤᠭᠤᠭᠠᠳ ᠠᠷᠢᠬᠢ ᠶᠢᠨ ᠬᠦᠴᠦᠨ ᠡᠬᠢᠯᠡᠨ ᠬᠦᠷᠦᠯᠴᠡᠭᠰᠡᠨ ᠴᠤ | ᠪᠦᠷᠢᠮᠦᠰᠦᠨ ᠰᠣᠭᠲᠤᠭᠠ ᠦᠭᠡᠢ ᠪᠠᠶᠢᠳᠠᠯ ② ᠶᠠᠷᠢᠬᠤ ᠬᠥᠭᠡᠷᠦᠭᠡ ᠨᠢ ᠢᠳᠡ ᠠᠪᠴᠤ᠂ ᠬᠥᠭᠵᠢᠶᠡᠨ ᠲᠠᠢ | ᠶᠠᠷᠢᠯᠴᠠᠨ ᠦᠭᠡ ᠨᠢ ᠣᠯᠠᠰᠢᠷᠠᠬᠤ ᠪᠠᠶᠢᠳᠠᠯ᠃ | ᠠᠮᠠ ᠪᠠᠷ ᠢᠶᠠᠨ ᠭᠠᠷᠳᠠᠯ᠎ᠠ ᠪᠠᠨ ᠴᠢᠬᠢᠬᠦ᠄ ᠬᠤᠪᠳᠣᠭᠯᠠᠵᠤ ᠨᠢᠭᠡ ᠤᠳᠠᠭ᠎ᠠ ᠳᠤ ᠶᠡᠭᠡ ᠬᠡᠮᠵᠢᠶᠡᠨ ᠤ ᠬᠤᠭᠤᠯᠠ | ᠢᠳᠡᠬᠦ᠃ | ᠠᠮᠠ ᠪᠠᠨ ᠶᠠᠷᠪᠠᠶᠢᠬᠤ᠄ ᠳᠤᠷ᠎ᠠ ᠦᠭᠡᠶᠢᠴᠡᠬᠦ᠂ ᠵᠢᠪᠡᠭᠦᠴᠡᠨ ᠦᠯᠦ ᠲᠣᠭᠤᠮᠰᠠᠷᠠᠬᠤ᠃ | ᠠᠮᠠ ᠪᠠᠨ ᠪᠤᠵᠠᠷᠯᠠᠬᠤ᠄ ① ᠪᠤᠰᠳ ᠲᠤ ᠬᠡᠯᠡᠭᠰᠡᠨ ᠦᠭᠡ ᠨᠢ ᠪᠦᠲᠦᠭᠰᠡᠨ ᠦᠭᠡᠢ ᠪᠤᠶᠤ ᠪᠦᠲᠦᠬᠦ ᠪᠠᠶᠢᠳᠠᠯ | ᠦᠭᠡᠢ᠃ ② ᠢᠳᠬᠠᠯᠭ᠎ᠠ ᠰᠠᠨᠠᠭᠤᠯᠭ᠎ᠠ ᠲᠠᠯᠠᠭᠠᠷ ᠪᠣᠯᠵᠤ ᠴᠠᠭ ᠵᠠᠪ᠂ ᠬᠦᠴᠦ ᠴᠢᠳᠠᠯ ᠢᠶᠠᠨ ᠪᠠᠷᠠᠬᠤ᠃ | ᠠᠮᠠᠨ ᠤ ᠠᠰᠠᠢ ᠨᠢ ᠠᠷᠢᠯᠤᠭᠠᠳ ᠦᠭᠡᠢ᠄ ᠥᠰᠴᠦ ᠲᠣᠷᠨᠢᠭᠠ ᠦᠭᠡᠢ ᠨᠢᠯᠬ᠎ᠠ ᠬᠡᠦᠬᠡᠳ᠃ ᠵᠢᠱᠢᠶ᠎ᠡ᠄ ︽ | ᠡᠮᠦᠨ᠎ᠡ ᠪᠡᠶ᠎ᠡ ᠶᠢᠨ ᠥᠷᠥᠴᠡ ᠶᠢ ᠨᠢ ᠥᠷᠦᠭᠦᠨ ᠤ ᠰᠠᠯᠬᠢᠨ ᠢᠳᠡᠭᠰᠡᠨ ᠬᠤᠩᠭᠤᠷ᠂ ᠠᠮᠠᠨ ᠤ ᠨᠢ ᠠᠰᠠᠢ | ᠠᠷᠢᠯᠤᠭᠠᠳ ᠦᠭᠡᠢ ᠪᠠᠶᠢᠵᠤ᠂ ᠲᠠᠬᠢᠮ ᠤᠨ ᠪᠠᠭᠠᠰᠤ ᠨᠢ ᠠᠷᠢᠯᠤᠭᠠᠳ ᠦᠭᠡᠢ ᠪᠠᠶᠢᠵᠤ ᠁︾ ︵︽ᠵᠠᠩᠭᠠᠷ ᠤᠨ | ᠡᠬᠡ ᠮᠠᠲ᠋ᠧᠷᠢᠶᠠᠯ ︵11︶︾᠂ P.15︶᠃ | ᠠᠮᠠ ᠰᠡᠭᠡᠷ ᠨᠢ ᠲᠠᠭᠠᠷᠠᠭᠤᠯᠬᠤ᠄ ᠡᠪᠯᠡᠭᠦᠯᠬᠦ᠃ ᠵᠢᠱᠢᠶ᠎ᠡ᠄ ︽ᠵᠠᠩᠭᠠᠷᠴᠢ ᠶᠢᠨ ᠬᠡᠯᠡᠭᠰᠡᠨ ᠥᠯᠢᠭᠡᠷ ᠢ ᠲᠠᠬᠢᠨ | ᠳᠠᠪᠲᠠᠨ ᠤᠩᠰᠢᠵᠤ ᠣᠶᠢᠯᠠᠭᠠᠭᠰᠠᠨ ᠤ ᠰᠠᠭᠤᠷᠢ ᠳᠡᠭᠡᠷ᠎ᠡ ᠠᠮᠠᠨ ᠰᠡᠭᠡᠷ ᠢ ᠨᠢ ᠲᠠᠭᠠᠷᠠᠭᠤᠯᠵᠤ ᠴᠡᠭᠴᠡᠯᠡᠨ ᠡᠮᠬᠢᠳᠬᠡᠬᠦ | ᠳᠡᠭᠡᠨ ᠁︾ ︵︽ᠵᠠᠩᠭᠠᠷ ᠤᠨ ᠡᠬᠡ ᠮᠠᠲ᠋ᠧᠷᠢᠶᠠᠯ 10︾᠂ P.506︶᠃ | ᠠᠮᠠ ᠨᠢ ᠵᠠᠭᠤᠷᠠᠬᠤ᠄ ᠦᠭᠡ ᠬᠡᠯᠡᠬᠦ ᠳᠤᠷ᠎ᠠ ︵ᠤᠷᠮ᠎ᠠ︶ ᠦᠭᠡᠢ ᠪᠠᠶᠢᠳᠠᠯ ᠢ ᠬᠡᠯᠡᠵᠦ ᠪᠤᠢ᠃ ᠵᠢᠱᠢᠶ᠎ᠡ᠄ ︽ | ᠮᠢᠨᠤ ᠠᠮᠠᠨ ᠵᠠᠭᠤᠷᠠᠭᠰᠠᠨ ᠪᠣᠯᠬᠤᠷ ᠦᠭᠡ ᠬᠡᠯᠡᠵᠦ ᠴᠢᠳᠠᠭᠰᠠᠨ ᠦᠭᠡᠢ︾ ︵ᠲ᠊ · ᠨᠠᠮᠵᠢᠯ ᠤᠨ ︽ᠵᠡᠭᠦᠳᠦᠨ ᠤ | ᠬᠤᠩᠭᠤᠷ ᠭᠤᠪᠢ︾᠂ P.184︶᠃ | ᠠᠮᠲᠠ ᠪᠠᠨ ᠪᠠᠷᠠᠬᠤ᠄ ᠦᠨ᠎ᠡ ᠪᠠᠨ ᠪᠠᠷᠠᠬᠤ᠃ ① ᠥᠪᠡᠷ ᠤᠨ ᠵᠣᠬᠢᠰ ᠦᠭᠡᠢ ᠦᠢᠯᠡᠳᠦᠯ ᠠᠴᠠ ᠪᠣᠯᠵᠤ | ᠨᠡᠷ᠎ᠡ ᠠᠯᠳᠠᠷ ᠢᠶᠠᠨ ᠪᠤᠵᠠᠷᠯᠠᠵᠤ᠂ ᠪᠡᠶ᠎ᠡ ᠪᠠᠨ ᠬᠤᠭᠢᠷᠠᠭᠠᠬᠤ᠃ ᠵᠢᠱᠢᠶ᠎ᠡ᠄ ︽ᠲᠡᠶᠢᠮᠦ ᠰᠠᠶᠢᠬᠠᠨ ᠵᠠᠯᠠᠭᠤ ᠶᠠᠭᠠᠬᠢᠭᠠᠳ | ᠠᠷᠢᠬᠢ ᠤᠤᠭᠤᠴᠢᠬᠠᠭᠠᠳ ᠠᠮᠲᠠ ᠪᠠᠨ ᠪᠠᠷᠠᠭᠠᠳ ᠪᠠᠶᠢᠨ᠎ᠠ ᠴᠢ︾᠃ ② ᠦᠢᠮᠡᠭᠦᠯᠵᠦ ᠰᠠᠮᠠᠭᠤᠷᠠᠭᠤᠯᠬᠤ᠃ | ᠵᠢᠱᠢᠶ᠎ᠡ᠄ ︽ᠬᠡᠦᠬᠡᠨ ᠴᠢᠨᠢ ᠪᠣᠭᠤᠷᠰᠤᠭ ᠳᠡᠭᠡᠷ᠎ᠡ ᠤᠰᠤ ᠬᠢᠭᠡᠳ ᠠᠮᠲᠠ ᠪᠠᠨ ᠪᠠᠷᠠᠪᠠ︾᠃ | ᠠᠮᠲᠠ ᠪᠠᠨ ᠪᠢᠲᠡᠭᠡᠢ ᠪᠠᠷ᠎ᠠ᠄ ᠦᠨ᠎ᠡ ᠪᠠᠨ ᠪᠠᠷᠠᠬᠤ᠃ ᠵᠢᠱᠢᠶ᠎ᠡ᠄ ︽ᠭᠦᠢ᠂ ᠵᠠᠯᠠᠭᠤ᠂ ᠨᠠᠭᠠᠷᠤ ᠪᠠᠨ ᠢᠷ᠎ᠡ︕ | ᠴᠢ ᠪᠢᠳᠠᠨ ᠲᠠᠢ ᠪᠠᠷᠢᠯᠳᠤᠨ᠎ᠠ ᠭᠡᠵᠦ ᠠᠮᠲᠠ ᠪᠠᠨ ᠪᠢᠲᠡᠭᠡᠢ ᠪᠠᠷ᠎ᠠ︾ ︵ᠠ᠊ · ᠳᠠᠶᠢᠪᠠᠢ ᠶᠢᠨ ︽ᠭᠡᠭᠡᠳᠡᠷᠡᠭᠰᠡᠨ | ᠵᠠᠬᠢᠶ᠎ᠠ︾᠂ P.115︶᠃ | ᠠᠮᠠᠷ ᠢᠶᠠᠷ ᠰᠠᠭᠤᠬᠤᠯᠠ ᠮᠡᠷᠭᠡᠨ ᠪᠣᠯᠳᠠᠭ ᠦᠭᠡᠢ᠄ ᠴᠠᠭ ᠵᠠᠪ ᠢ ᠲᠠᠯᠠᠭᠠᠷ ᠥᠩᠭᠡᠷᠡᠭᠦᠯᠪᠡᠯ ᠶᠠᠮᠠᠷ ᠴᠦ | ᠠᠮᠵᠢᠯᠲᠠ ᠪᠦᠲᠦᠭᠡᠯ ᠭᠠᠷᠭᠠᠬᠤ ᠦᠭᠡᠢ᠃ | ᠠᠮᠢ ᠨᠢ ᠬᠠᠮᠠᠷ ᠤᠨ ᠦᠵᠦᠭᠦᠷ ᠲᠤ ᠬᠦᠷᠬᠦ᠄ ᠲᠥᠷᠢᠭᠦᠦ ᠵᠦᠳᠡᠭᠦᠦ ᠶᠢᠨ ᠲᠤᠶᠢᠯ ᠳᠤ ᠬᠦᠷᠬᠦ᠃ | ᠠᠮᠪᠠᠷ ᠤᠮᠪᠤᠷ ᠭᠡᠳ᠄ ᠵᠠᠯᠭᠠᠭᠠᠳ ᠴᠤᠪᠤᠷᠠᠭᠠᠳ ᠪᠠᠶᠢᠬᠤ ᠶᠢ ᠬᠡᠯᠡᠵᠦ ᠪᠠᠶᠢᠨ᠎ᠠ᠃ | ᠠᠮᠢ ᠠᠪᠬᠤ᠄ ① ᠬᠦᠴᠦ ᠪᠠᠷᠠᠬᠤ ᠠᠵᠢᠯ ᠪᠤᠶᠤ ᠲᠠᠷᠢᠬᠢ ᠵᠣᠪᠠᠭᠠᠬᠤ ᠠᠵᠢᠯ ᠢ ᠬᠡᠯᠡᠵᠦ ᠪᠤᠢ᠃ ② ᠶᠠᠮᠠᠷ | ᠨᠢᠭᠡ ᠤᠴᠢᠷ ᠳᠡᠭᠡᠷ᠎ᠡ ᠬᠠᠰᠢᠵᠤ ᠵᠣᠪᠠᠭᠠᠬᠤ᠃ | ᠠᠮᠢ ᠪᠠᠨ ᠠᠪᠬᠤ᠄ ① ᠶᠠᠮᠠᠷ ᠨᠢᠭᠡ ᠲᠦᠪᠡᠭᠲᠡᠢ ᠶᠠᠪᠤᠳᠠᠯ ᠠᠴᠠ ᠮᠣᠯᠲᠤᠷᠴᠤ ᠭᠠᠷᠬᠤ᠃ ᠵᠢᠱᠢᠶ᠎ᠡ᠄ ︽ | ᠡᠩᠬᠡᠰᠠᠶᠢᠨ ᠣᠳᠣᠬᠢ ᠡᠮᠡᠭᠲᠡᠢ ᠠᠴᠠ ᠠᠮᠢ ᠪᠠᠨ ᠠᠪᠤᠭᠰᠠᠨ ᠳᠠᠭᠠᠨ ᠴᠤ ᠪᠢᠯᠡ ᠦᠦ︖︾ ︵ᠳ᠋ᠤ᠋ · ᠨᠠᠶᠢᠳᠠᠢ ᠶᠢᠨ ︽ | ᠮᠥᠩᠬᠡ ᠶᠢᠨ ᠬᠠᠶᠢᠷ᠎ᠠ︾᠂ P.10︶᠃ ② ᠪᠤᠳᠤᠯᠢᠶᠠᠨᠲᠤ ᠪᠠᠶᠢᠳᠠᠯ᠂ ᠠᠶᠤᠯᠲᠤ ᠣᠷᠴᠢᠨ ᠠᠴᠠ ᠵᠢᠭᠤᠲᠠᠬᠤ᠃ | ᠵᠢᠱᠢᠶ᠎ᠡ᠄ ︽ᠴᠢ ᠠᠷᠢᠬᠢ ᠤᠤᠭᠤᠴᠢᠬᠠᠭᠠᠳ ᠠᠬᠰᠠᠮᠨᠠᠭᠠᠳ ᠪᠠᠶᠢᠬᠤᠯ᠎ᠠ ᠬᠥᠮᠥᠨ ᠠᠮᠢ ᠪᠠᠨ ᠠᠪᠤᠭᠠᠳ ᠶᠠᠪᠤᠬᠤᠰᠢ | ᠦᠦ︾᠃ | ᠠᠮᠢ ᠪᠠᠨ ᠠᠷᠪᠢᠯᠠᠯ ᠦᠭᠡᠢ᠂ ᠲᠥᠷᠦᠭᠡ ᠪᠠᠨ ᠰᠤᠭᠤᠯᠤᠯ ᠦᠭᠡᠢ᠄ ᠬᠠᠮᠤᠭ ᠬᠦᠴᠦ ᠪᠠᠷ ᠢᠶᠠᠨ ᠵᠢᠳᠬᠦᠬᠦ᠃ | ᠠᠮᠢ ᠪᠠᠷ ᠢᠶᠠᠨ ᠱᠤᠷᠳᠠᠬᠤ᠄ ᠶᠠᠮᠠᠷ ᠨᠢᠭᠡᠨ ᠬᠡᠷᠡᠭ ᠲᠤ ᠠᠭᠤᠷᠯᠠᠵᠤ ᠠᠮᠢ ᠪᠠᠨ ᠬᠤᠣᠷᠯᠠᠬᠤ᠃ | ᠠᠮᠢ ᠮᠥᠴᠢ ᠭᠠᠵᠠᠷ᠄ ᠬᠢᠯᠪᠠᠷᠬᠠᠨ ᠰᠢᠷᠬᠠᠲᠤᠬᠤ ᠪᠠᠭᠤᠷᠠᠢ ᠭᠠᠵᠠᠷ᠃ | ᠠᠮᠢᠨ ᠭᠤᠣᠯ ᠨᠢ ᠲᠠᠰᠤᠷᠠᠬᠤ᠄ ① ᠠᠮᠢ ᠨᠢ ᠭᠠᠷᠬᠤ ② ᠴᠢᠳᠠᠯ ᠨᠢ ᠪᠠᠷᠠᠭᠳᠠᠬᠤ | ᠠᠮᠢᠨ ᠰᠢᠷ ᠦᠭᠡᠢ᠄ ᠬᠥᠳᠡᠯᠬᠦ ᠴᠢᠳᠠᠯ ᠦᠭᠡᠢ ᠪᠣᠯᠬᠤ᠃ ᠵᠢᠱᠢᠶ᠎ᠡ᠄ ︽ᠰᠥᠨᠢ ᠳᠤᠮᠳᠠ ᠥᠩᠭᠡᠷᠴᠤ | ᠪᠠᠶᠢᠲᠠᠯ᠎ᠠ ᠴᠢᠷᠠᠢ ᠨᠢ ᠴᠠᠶᠢᠵᠤ ᠠᠮᠢᠨ ᠰᠢᠷ ᠦᠭᠡᠢ ᠬᠡᠪᠲᠡᠭᠰᠡᠨ ᠰᠡᠨᠳᠡᠨ ᠠᠮᠠᠨ ᠨᠢ ᠴᠤᠪᠤᠷ ᠴᠤᠪᠤᠷ ᠬᠥᠳᠡᠯᠵᠦ | ᠪᠠᠶᠢᠭᠠᠳ ᠁︾ ︵ᠠ᠊ · ᠳᠠᠶᠢᠪᠠᠢ ᠶᠢᠨ ︽ᠭᠡᠭᠡᠳᠡᠷᠡᠭᠰᠡᠨ ᠵᠠᠬᠢᠶ᠎ᠠ︾᠂ P.74︶᠃ | ᠠᠮᠢᠨ ᠰᠡᠬᠦᠯ ᠳᠤᠨᠢ᠄ ᠠᠳᠠᠭ ᠰᠡᠬᠦᠯ ᠳᠤᠨᠢ᠃ | ᠠᠮᠢᠨ ᠰᠢᠷ ᠨᠢ ᠲᠠᠰᠤᠷᠠᠬᠤ᠄ ᠬᠥᠳᠡᠯᠬᠦ ᠴᠢᠳᠠᠯ ᠦᠭᠡᠢ ᠪᠣᠯᠬᠤ᠃ | ᠠᠮᠢᠨ ᠳᠠᠭᠠᠨ ᠵᠥᠪ᠄ ᠪᠡᠶ᠎ᠡ ᠳᠡᠭᠡᠨ ᠵᠣᠬᠢᠷᠠᠭᠰᠠᠨ ᠵᠣᠬᠢᠬᠤ ᠬᠡᠮᠵᠢᠶᠡᠨ ᠤ ᠲᠠᠭᠠᠷᠠᠤᠬᠠᠨ ᠠᠮᠢᠳᠤᠷᠠᠯ ᠲᠠᠢ᠃ | ᠵᠢᠱᠢᠶ᠎ᠡ᠄ ︽ᠦᠨᠡᠨ ᠳᠡᠭᠡᠨ ᠪᠢ ᠲᠡᠶᠢᠮᠦ ᠴᠤ ᠥᠭᠡᠳᠡ ᠦᠭᠡᠢ ᠶᠢᠨ ᠲᠣᠭᠠᠨ ᠳᠤ ᠣᠷᠣᠳᠠᠭ ᠦᠭᠡᠢ ᠠᠮᠢᠨ ᠳᠠᠭᠠᠨ | ᠵᠥᠪ ᠠᠭᠤᠷ ᠲᠠᠢ ᠬᠥᠮᠥᠨ᠃︾ ︵ᠲ᠊ · ᠨᠠᠮᠵᠢᠯ ᠤᠨ ︽ᠵᠡᠭᠦᠳᠦᠨ ᠤ ᠬᠤᠩᠭᠤᠷ ᠭᠤᠪᠢ︾᠂ P.195︶᠃ | ᠠᠮᠢᠨ ᠳᠠᠭᠠᠨ ᠵᠥᠪ ᠦᠭᠡᠢ᠄ ᠠᠮᠢᠳᠤᠷᠠᠯ ᠨᠢ ᠰᠠᠶᠢᠨ ᠪᠢᠰᠢ᠃ ᠲᠠᠷᠴᠢᠪᠲᠤᠷ ᠶᠠᠳᠠᠭᠤ᠃ | ᠠᠮᠢᠳᠠᠨ ᠤ ᠬᠡᠯᠡᠨ ᠬᠦᠷᠬᠦ᠄ ᠬᠥᠮᠥᠰ ᠤᠨ ᠶᠠᠷᠢᠶᠠᠨ ᠤ ᠰᠡᠳᠦᠪ ᠪᠤᠯᠣᠬᠰᠠᠨ ᠠᠴᠠ ᠲᠤᠬᠠᠢ ᠶᠢᠨ ᠬᠥᠮᠥᠨ ᠳᠤ | ᠨᠠᠵᠠᠭᠠᠢ ᠨᠥᠯᠥᠭᠡ ᠦᠵᠡᠭᠦᠯᠬᠦ᠃ | ᠠᠮᠢᠳᠠᠨ ᠤ ᠬᠤᠷᠮᠣᠢ ᠳᠤ ᠪᠠᠭᠲᠠᠬᠤ᠄ ᠬᠥᠮᠥᠨ ᠤ ᠵᠡᠷᠭᠡ ᠳᠤ ᠬᠦᠷᠬᠦ᠃ | ᠠᠮᠢᠳᠠᠨ ᠤ ᠲᠣᠭᠤᠰᠣᠨ ᠳᠤ ᠪᠠᠭᠲᠠᠬᠤ᠄ ᠶᠢᠷᠲᠢᠨᠴᠦ ᠶᠢᠨ ᠵᠢᠮ᠎ᠡ ᠪᠠᠷ ᠪᠤᠰᠤᠳ ᠲᠠᠢ ᠠᠳᠠᠯᠢ ᠠᠮᠢᠳᠤᠷᠠᠵᠤ | ᠶᠠᠪᠤᠬᠤ᠃ ᠵᠢᠱᠢᠶ᠎ᠡ᠄ ︽ᠠᠪᠤ ᠠᠴᠠ ᠭᠠᠷᠤᠭᠠᠳ ᠡᠵᠢ ᠠᠴᠠ ᠭᠡᠤᠭᠡᠯᠡᠭᠰᠡᠨ᠂ ᠦᠷ᠎ᠡ ᠬᠡᠦᠬᠡᠳ ᠮᠠᠨᠢ ᠨᠠᠰᠤᠨ | ᠪᠠᠳᠤᠰᠢᠭᠠᠳ᠂ ᠡᠮᠦᠨ᠎ᠡ ᠪᠠᠨ ᠤᠭ ᠲᠠᠢ ᠬᠤᠶᠢᠨ᠎ᠠ ᠪᠠᠨ ᠬᠤᠭ ᠲᠠᠢ᠂ ᠣᠷᠴᠢᠯᠠᠩ ᠤᠨ ᠠᠮᠢᠳᠠᠨ ᠤ ᠲᠣᠭᠤᠰᠣᠨ ᠳᠤ | ᠪᠠᠭᠲᠠᠭᠠᠳ ᠁︾ ︵︽ᠵᠤᠤᠨᠠᠢ ᠶᠢᠨ ᠭᠠᠷ ᠪᠢᠴᠢᠮᠡᠯ ᠢᠷᠦᠭᠡᠯ︾︶᠃ | ᠠᠮᠢᠳᠤ ᠪᠠᠷ ᠠᠷᠠᠰᠤ ᠶᠢ ᠴᠢᠨᠢ ᠥᠪᠴᠢᠬᠦ᠄ ᠰᠡᠳᠬᠢᠯ ᠰᠠᠨᠠᠭ᠎ᠠ ᠪᠡᠶ᠎ᠡ ᠮᠠᠬᠠᠪᠤᠳ ᠢ ᠨᠢ ᠲᠠᠷᠴᠢᠯᠭᠠᠨ | ᠵᠣᠪᠠᠭᠠᠬᠤ᠃ ᠵᠢᠱᠢᠶ᠎ᠡ᠄ ︽ᠴᠢ ᠤᠳᠤᠭᠠᠳ ᠰᠢᠷᠠᠭᠴᠢ ᠢᠩᠭᠡ ᠶᠢ ᠮᠢᠨᠢ ᠡᠰᠡ ᠠᠪᠴᠢᠷᠠᠪᠠᠯ ᠠᠮᠢᠳᠤ ᠪᠠᠷ ᠴᠢᠨᠢ | ᠠᠷᠠᠰᠤ ᠶᠢ ᠴᠢᠨᠢ ᠥᠪᠴᠢᠨᠡᠮ ᠪᠢ ᠁︾ ︵ᠫᠤ · ᠪᠠᠳᠮᠠᠷ᠎ᠠ ᠶᠢᠨ ︽ᠬᠠᠯᠠ ᠪᠠᠷ ᠬᠠᠯᠲᠤᠷᠢᠭᠰᠠᠨ ᠵᠠᠶᠠᠭ᠎ᠠ︾᠂ | P.60︶᠃ | ᠠᠮᠢᠳᠤ ᠶᠢᠨ ᠲᠠᠮᠤ ᠪᠠᠨ ᠦᠵᠡᠬᠦ᠄ ᠬᠠᠲᠠᠭᠤ ᠬᠠᠯᠠ ᠵᠣᠪᠠᠯᠠᠩ ᠦᠵᠡᠬᠦ᠃ ᠵᠢᠱᠢᠶ᠎ᠡ᠄ ︽ᠰᠡᠭᠦᠯᠳᠡᠵᠦ ᠢᠷᠡᠭᠡᠳ | ᠬᠤᠲᠠ ᠶᠢᠨ ᠱᠠᠭ ᠨᠢ ᠬᠠᠳᠠᠭᠠᠳ ᠭᠠᠷᠴᠤ ᠥᠭᠬᠦ ᠦᠭᠡᠢ ᠦᠬᠦᠬᠦ ᠠᠴᠠ ᠪᠠᠰᠠ ᠬᠡᠴᠡᠭᠦᠦ ᠠᠮᠢᠳᠤ ᠶᠢᠨ ᠲᠠᠮᠤ ᠪᠠᠨ | ᠦᠵᠡᠵᠦ ᠪᠠᠶᠢᠪᠠ︾ ︵ᠮ᠊ · ᠵᠠᠯᠰᠠᠷᠠᠢ ᠶᠢᠨ ︽ᠶᠠᠰᠤ ᠮᠢᠬᠠᠨ ᠤ ᠲᠠᠰᠤᠷᠬᠠᠢ︾ ︽ᠨᠤᠲᠤᠭ ᠤᠨ ᠴᠡᠩᠬᠡᠷ ᠤᠲᠤᠭᠠᠨ | ︾᠂ P.105︶᠃ | ᠠᠮᠢᠰᠬᠤᠯ ᠠᠪᠳᠠᠭ ᠵᠠᠪ ᠦᠭᠡᠢ᠄ ᠶᠠᠭᠠᠷᠠᠤ᠂ ᠵᠠᠪ ᠦᠭᠡᠢ᠃ ᠵᠢᠱᠢᠶ᠎ᠡ᠄ ︽ᠡᠩᠬᠡᠰᠠᠶᠢᠨ ᠥᠷᠦᠭᠦᠨ | ᠮᠣᠷᠳᠠᠭᠠᠳ ᠠᠰᠬᠠᠨ ᠢᠷᠠᠵᠤ᠂ ᠬᠤᠰᠬᠢᠨᠠᠭ ᠢᠶᠠᠨ ᠪᠦᠯᠢᠶᠡᠳᠬᠡᠭᠡᠳ ᠠᠮᠢᠰᠬᠤᠯ ᠠᠪᠬᠤ ᠵᠠᠪ ᠦᠭᠡᠢ ᠶᠠᠭᠠᠷᠠᠵᠤ | ᠡᠬᠢᠯᠡᠪᠡ︾ ︵ᠳ᠋ᠤ᠋ · ᠨᠠᠶᠢᠳᠠᠢ ᠶᠢᠨ ︽ᠮᠥᠩᠬᠡ ᠶᠢᠨ ᠬᠠᠶᠢᠷ᠎ᠠ︾᠂ P.4︶᠃ | ᠠᠯᠳᠠᠭ ᠤᠨᠤᠭ ᠭᠡᠳ᠄ ᠬᠡᠯᠡᠭᠰᠡᠨ ᠦᠭᠡ ᠨᠢ ᠲᠣᠳᠣᠷᠬᠠᠢ ᠦᠭᠡᠢ᠂ ᠯᠣᠭᠢᠭ ᠵᠦᠢ ᠳᠤ ᠨᠡᠶᠢᠴᠡᠬᠦ ᠦᠭᠡᠢ᠃ | ᠠᠯᠠᠩ ᠳᠠᠯᠠᠩ ᠪᠣᠯᠬᠤ᠄ ᠤᠴᠢᠷ ᠨᠠᠴᠢᠷ ᠢ ᠨᠢ ᠣᠯᠳᠠᠵᠤ ᠶᠠᠳᠠᠨ ᠠᠯᠮᠠᠶᠢᠷᠠᠨ ᠭᠠᠶᠢᠬᠠᠬᠤ᠂ ᠶᠠᠭᠤ | ᠪᠤᠯᠤᠬᠰᠠᠨ ᠢ ᠮᠡᠳᠡᠬᠦ ᠦᠭᠡᠢ᠃ ᠵᠢᠱᠢᠶ᠎ᠡ᠄ ︽ᠡᠨᠡ ᠶᠠᠪᠤᠳᠠᠯ ᠨᠢ ᠪᠥᠬᠦ ᠨᠤᠲᠤᠭ ᠢ ᠠᠯᠠᠩ ᠳᠠᠯᠠᠩ ᠪᠣᠯᠭᠠᠵᠤ | ᠢᠲᠡᠭᠡᠬᠦ ᠶᠢᠨ ᠠᠷᠭ᠎ᠠ ᠦᠭᠡᠢ ᠁︾ ︵ᠭᠠ᠊ · ᠭᠤᠮᠪᠠ ᠶᠢᠨ ︽ᠲᠥᠭᠡᠷᠢᠭᠰᠡᠨ ᠳᠦᠷᠦᠯ︾ ︽ᠰᠡᠬᠡᠭᠡᠷᠡᠭᠰᠡᠨ | ᠲᠠᠯ᠎ᠠ — ᠰᠢᠨ᠎ᠡ ᠵᠠᠭᠤᠨ ᠤ ᠰᠢᠨᠵᠢᠶᠠᠩ ᠤᠨ ᠮᠣᠩᠭᠤᠯ ᠥᠭᠦᠯᠡᠯᠭᠡ ᠶᠢᠨ ᠰᠣᠩᠭᠤᠮᠠᠯ︾᠂ P.36︶᠃ | ᠠᠯᠠᠩ ᠵᠢᠯᠢᠩ ᠪᠣᠯᠬᠤ᠄ ᠤᠴᠢᠷ ᠰᠢᠯᠲᠠᠭᠠᠨ ᠢ ᠨᠢ ᠣᠯᠵᠤ ᠶᠠᠳᠠᠨ ᠭᠠᠶᠢᠬᠠᠬᠤ᠂ ᠶᠠᠭᠤ ᠪᠤᠯᠤᠬᠰᠠᠨ ᠢ | ᠮᠡᠳᠡᠬᠦ ᠦᠭᠡᠢ᠃ ᠵᠢᠱᠢᠶ᠎ᠡ᠄ ︽ᠶᠠᠮᠠᠷ ᠤᠴᠢᠷ ᠪᠤᠯᠤᠬᠰᠠᠨ ᠢ ᠨᠢ ᠮᠡᠳᠡᠯ ᠦᠭᠡᠢ ᠠᠯᠠᠩ ᠵᠢᠯᠢᠩ ᠪᠤᠯᠤᠬᠰᠠᠨ ᠤᠯᠠᠨ | ᠤᠯᠤᠰ ᠳᠣᠲᠣᠷ᠎ᠠ ᠠᠴᠠ ᠥᠴᠢ ᠳᠠᠪᠠᠯ ᠡᠮᠦᠰᠦᠭᠰᠡᠨ ᠳᠤᠮᠳᠠ ᠶᠢᠨ ᠨᠠᠰᠤᠲᠠᠢ ᠨᠢᠭᠡ ᠬᠥᠮᠥᠨ ᠭᠠᠷᠴᠤ ᠢᠷᠡᠭᠡᠳ ᠁ | ︾ ︵ᠫᠤ · ᠪᠠᠳᠮᠠᠷ᠎ᠠ ᠶᠢᠨ ︽ᠬᠠᠯᠠ ᠪᠠᠷ ᠬᠠᠯᠲᠤᠷᠢᠭᠰᠠᠨ ᠵᠠᠶᠠᠭ᠎ᠠ︾᠂ P.151︶᠃ | ᠠᠯᠠᠭ ᠲᠠᠢ ᠪᠤᠯᠠᠭ ᠲᠠᠢ᠄ ① ᠶᠠᠮᠠᠷ ᠨᠢᠭᠡ ᠶᠠᠭᠤᠮ᠎ᠠ ᠢᠯᠡᠭᠦᠦ ᠲᠠᠢ ᠳᠤᠲᠠᠭᠤ ᠲᠠᠢ᠃ ② ᠶᠠᠭᠤᠮᠠᠨ ᠤ | ᠠᠯᠢ ᠠᠯᠢ ᠨᠢ ᠴᠥᠮ ᠪᠠᠶᠢᠬᠤ ᠣᠯᠠᠨ ᠶᠠᠩᠵᠤᠲᠤ ᠰᠢᠨᠵᠢ᠃ | ᠠᠯᠤᠰ ᠪᠤᠯᠤᠰ ᠠᠪᠬᠤ᠄ ᠲᠣᠩᠭᠤᠷᠴᠠᠭᠯᠠᠵᠤ ᠤᠨᠠᠬᠤ᠃ | ᠠᠯᠠᠭ ᠠᠯᠠᠭ ᠭᠡᠬᠦᠯ᠎ᠡ ᠠᠮᠠ ᠳᠣᠯᠢᠶᠠᠬᠤ᠄ ᠳᠡᠩᠳᠡᠭᠦᠦ ᠬᠦᠨᠳᠦᠳᠬᠡᠬᠦᠯᠡ ᠲᠣᠯᠣᠭᠠᠢ ᠳᠡᠭᠡᠷ᠎ᠡ ᠭᠠᠷᠬᠤ ︵ | ᠬᠠᠶᠢᠷ᠎ᠠ ᠬᠦᠨᠳᠦᠳᠬᠡᠯ ᠢ ᠤᠮᠠᠷᠲᠠᠨ ᠬᠠᠷᠢᠭᠤ ᠳᠤᠨᠢ ᠶᠡᠬᠡᠷᠬᠡᠨ ᠠᠭᠠᠰᠢᠯᠠᠬᠤ︶᠃ | ᠠᠯᠴᠠ ᠲᠠ ᠪᠠᠨ ᠦᠵᠡᠯᠴᠡᠬᠦ᠄ ① ᠬᠦᠴᠦ ᠴᠢᠳᠠᠯ ᠢᠶᠠᠨ ᠦᠵᠡᠯᠴᠡᠬᠦ᠃ ② ᠰᠠᠶᠢᠨ ᠮᠠᠭᠤ ᠪᠠᠨ | ᠦᠵᠡᠯᠴᠡᠬᠦ᠃ | | |