| | | | | | | | | ᠪᠠ᠊᠆ · ᠤᠷᠲᠤᠨᠠᠰᠤᠲᠤ | | — ᠪᠠᠷᠢᠮᠲᠠᠲᠤ ᠨᠠᠶᠢᠷᠠᠭᠤᠯᠤᠯ | ᠳᠠᠷᠠᠰᠤ ᠬᠤᠯᠤᠰᠤᠨ ᠤ ᠳᠤᠮᠳᠠᠭᠤᠷ ᠤᠭᠠᠯᠵᠠᠯᠠᠨ ᠤᠷᠤᠰᠤᠭᠰᠠᠨ ᠤᠷᠤᠰᠬᠠᠯ ᠲᠤᠩᠭᠠᠯᠠᠭ ᠤᠶᠠᠬᠠᠨ | ᠪᠠᠯᠭᠠᠷ ᠤᠨ ᠵᠡᠭᠦᠨ ᠭᠥᠪᠡᠭᠡ ᠶᠢ ᠲᠠᠭᠠᠵᠤ᠂ ᠡᠮᠦᠨ᠎ᠡ ᠠᠴᠠ ᠬᠤᠶᠢᠰᠢ ᠪᠠᠨ ᠴᠤᠪᠤᠷᠠᠨ ᠦᠷᠭᠦᠯᠵᠢᠯᠡᠭᠰᠡᠨ ᠨᠠᠮᠬᠠᠨ | ᠪᠣᠷᠣ ᠲᠣᠯᠣᠭᠠᠳ ᠤᠨ ᠳᠤᠮᠳᠠ ᠬᠡᠰᠡᠭ ᠤᠨ ᠡᠭᠡᠪᠦᠷ ᠳᠤᠯᠠᠭᠠᠨ ᠡᠩᠭᠡᠷ ᠲᠤ ᠡᠬᠡᠯ ᠵᠢᠷ ᠤᠨ ᠨᠢᠭᠡ ᠵᠢᠵᠢᠭᠬᠡᠨ | ᠡᠪᠦᠯᠵᠢᠶ᠎ᠡ ᠪᠠᠶᠢᠳᠠᠭ ᠰᠠᠨ᠃ ᠭᠤᠣᠯ ᠤᠨ ᠭᠥᠪᠡᠭᠡ ᠶᠢ ᠳᠠᠭᠠᠬᠰᠠᠨ ᠡᠪᠦᠳᠦᠭ ᠴᠢᠨᠡᠭᠡᠨ ᠥᠳᠬᠡᠨ ᠰᠠᠬᠤᠯᠢᠭ | ᠵᠦᠯᠭᠡᠨ ᠳᠤᠨᠢ ᠵᠦᠢᠯ ᠤᠨ ᠴᠡᠴᠡᠭ ᠬᠤᠸᠠᠷ ᠠᠯᠠᠭᠯᠠᠨ᠂ ᠵᠥᠭᠡᠢ ᠡᠷᠪᠡᠬᠡᠢ ᠰᠦᠯᠵᠢᠯᠳᠦᠵᠦ᠂ ᠡᠷᠢᠶᠡᠨ ᠠᠯᠠᠭ | ᠴᠡᠭᠴᠡᠦᠬᠡᠢ ᠰᠢᠪᠠᠭᠤ ᠪᠣᠰᠣᠨ ᠰᠠᠭᠤᠨ ᠵᠢᠷᠭᠢᠨ᠎ᠡ᠃ ᠪᠣᠳᠠ ᠪᠤᠲᠠᠨ ᠤ ᠬᠢᠨᠢ ᠭᠥᠪᠡᠭᠡ ᠤᠭ ᠢᠶᠠᠷ ᠤᠯᠠᠭᠠᠨ᠂ ᠴᠠᠭᠠᠨ | ᠮᠥᠬᠦ ᠠᠶᠠᠭ᠎ᠠ ᠬᠥᠮᠥᠷᠢᠭᠰᠡᠨ ᠰᠢᠭ ᠪᠥᠮᠪᠥᠶᠢᠨ ᠣᠷᠭᠤᠵᠤ᠂ ᠰᠣᠳᠣᠨ ᠰᠠᠶᠢᠬᠠᠨ ᠠᠩᠬᠢᠯᠤᠮ᠎ᠠ ᠦᠨᠦᠷ ᠬᠤᠯᠠ ᠠᠴᠠ | ᠰᠠᠩ ᠲᠠᠲᠠᠨ᠎ᠠ᠃ ᠮᠠᠯ ᠤᠨ ᠬᠠᠰᠢᠶ᠎ᠠ ᠰᠠᠷᠠᠪᠴᠢᠨ ᠤ ᠬᠢᠨᠢ ᠬᠤᠶᠢᠭᠤᠷ ᠤᠷᠳᠤᠭᠤᠷ ᠮᠣᠷᠢᠨ ᠰᠢᠷᠠᠯᠵᠢ᠂ ᠡᠷᠮ᠎ᠡ | ᠨᠣᠶᠢᠯ ᠪᠠᠭᠰᠢᠷᠠᠨ ᠤᠷᠭᠤᠭᠠᠳ᠂ ᠡ᠊ᠨᠳᠡ ᠲᠡᠨᠳᠡ ᠦᠭᠡᠢ ᠰᠢᠷ᠎ᠠ ᠴᠠᠷᠴᠠᠬᠠᠢ ᠰᠠᠷ ᠰᠠᠷ ᠨᠢᠰᠴᠦ᠂ ᠨᠣᠭᠤᠭᠠᠨ | ᠭᠤᠯᠢᠶ᠎ᠠ ᠵᠢᠷ ᠵᠢᠷ ᠳᠤᠤᠭᠠᠷᠤᠨ᠎ᠠ᠃ ᠵᠣᠨ ᠤ ᠳᠤᠮᠳᠠ ᠰᠠᠷ᠎ᠠ ᠪᠣᠯᠬᠤ ᠲᠠᠢ ᠵᠡᠷᠭᠡ ᠳᠠᠭᠠᠨ᠎ᠠ᠂ ᠮᠠᠩᠭᠢᠷ᠂ | ᠭᠤᠭᠤᠳ ᠤᠨ ᠦᠨᠦᠷ ᠬᠠᠩᠬᠤᠯᠵᠤ᠂ ᠣᠷᠣᠢ ᠬᠤᠨᠢ ᠦᠬᠡᠷ ᠢᠶᠠᠨ ᠬᠤᠲᠠᠯᠠᠬᠤ ᠦᠶᠡᠰ ᠮᠠᠯ ᠤᠨ ᠠᠮᠢᠰᠬᠤᠯ ᠢᠶᠠᠷ | ᠡᠬᠡᠭᠦᠨ ᠦᠨᠦᠷ ᠬᠠᠮᠠᠷ ᠴᠣᠷᠭᠢᠳᠠᠭ ᠪᠠᠶᠢᠯ᠎ᠠ᠃ ᠰᠣᠷᠢᠰᠤᠨ ᠲᠣᠯᠣᠭᠠᠢ ᠬᠥᠨᠳᠡᠢ ᠵᠢᠯᠠᠭ᠎ᠠ ᠪᠠᠷ ᠴᠠᠭᠠᠨ ᠳᠠᠪᠤᠤ | ᠳᠡᠯᠭᠡᠴᠢᠬᠡᠭᠰᠡᠨ ᠰᠢᠭ ᠨᠡᠶᠢᠳᠡᠮ ᠴᠠᠶᠢᠷᠠᠵᠤ᠂ ᠣᠲᠣᠷ ᠤᠨ ᠠᠶᠢᠯ᠂ ᠵᠠᠮ ᠤᠨ ᠠᠶᠠᠨᠴᠢᠳ ᠳᠡᠪᠢᠭᠦᠷ ᠳᠡᠪᠢᠭᠦᠷ ᠢᠶᠠᠷ | ᠲᠡᠭᠦᠳᠡᠭ᠃ ᠭᠠᠭᠴᠠ ᠨᠢᠭᠡ ᠬᠡᠴᠡᠭᠦᠦ ᠨᠢ ᠵᠣᠨ ᠨᠠᠮᠤᠷ ᠲᠠᠭᠠᠨ ᠢᠯᠠᠭ᠎ᠠ ᠰᠢᠮᠠᠭᠤᠯ ᠶᠡᠭᠡ᠂ ᠬᠥᠬᠡ ᠳᠦᠷᠦᠭᠦᠦ᠂ | ᠨᠣᠭᠤᠭᠠᠨ ᠲᠣᠯᠣᠭᠠᠶᠢᠲᠤ᠂ ᠰᠢᠷ᠎ᠠ ᠢᠯᠠᠭ᠎ᠠ᠂ ᠬᠠᠷ᠎ᠠ ᠪᠠᠲᠠᠭᠠᠨ᠎ᠠ ᠨᠢᠳᠦ ᠨᠢᠭᠤᠷ ᠦᠭᠡᠢ ᠪᠡᠳᠡᠵᠦ᠂ ᠬᠦᠵᠦᠭᠦᠦ | ᠲᠣᠯᠣᠭᠠᠢ ᠶᠢ ᠴᠢᠯᠦᠭᠡ ᠵᠠᠪ ᠦᠭᠡᠢ ᠬᠠᠳᠬᠤᠨ᠎ᠠ᠃ ᠨᠡᠩ ᠴᠦ ᠤᠶᠠᠭ᠎ᠠ ᠲᠠᠢ ᠮᠣᠷᠢ ᠦᠬᠡᠷ ᠢ ᠪᠣᠯ ᠠᠮᠢᠳᠤ ᠪᠠᠷ ᠨᠢ | ᠪᠠᠷᠢᠭᠠᠳ ᠢᠳᠡᠴᠢᠬᠡᠨ᠎ᠡ ᠭᠡᠰᠡᠨ ᠦᠭᠡ᠃ ᠣᠨᠣᠭᠰᠠᠨ ᠮᠣᠷᠢᠨ ᠤ ᠪᠠᠨ ᠬᠦᠵᠦᠭᠦᠦ ᠰᠡᠭᠡᠷ ᠢ ᠭᠠᠷ ᠢᠶᠠᠷ ᠢᠶᠠᠨ | ᠢᠯᠢᠬᠦ ᠳᠤ ᠭᠠᠷ ᠤᠨ ᠠᠯᠠᠭ᠎ᠠ ᠨᠢᠯ ᠤᠯᠠᠶᠢᠭᠠᠳ ᠭᠠᠷᠴᠢᠬᠠᠳᠠᠭ᠃ ᠬᠠᠷᠢᠨ ᠡᠪᠦᠯ ᠳᠡᠭᠡᠨ ᠪᠣᠯ ᠬᠡᠳᠦᠢ ᠶᠡᠭᠡ ᠴᠠᠰᠤ | ᠣᠷᠣᠯ᠎ᠠ ᠴᠦ ᠭᠡᠰᠡᠨ ᠰᠢᠭᠤᠷᠭ᠎ᠠ ᠭᠦᠶᠦᠵᠦ᠂ ᠰᠠᠯᠬᠢ ᠴᠣᠬᠢᠳᠠᠭ ᠦᠭᠡᠢ ᠨᠦᠮᠵᠦᠭ ᠳᠤᠯᠠᠭᠠᠬᠠᠨ ᠪᠠᠶᠢᠳᠠᠭ ᠨᠢ | ᠠᠶᠠᠲᠠᠢ᠃ ᠰᠢᠯᠢ ᠵᠣ ᠪᠠᠷ ᠶᠠᠪᠠᠭᠠᠨ ᠰᠢᠭᠤᠷᠭ᠎ᠠ ᠨᠢᠳᠦ ᠨᠢᠭᠤᠷ ᠦᠭᠡᠢ ᠭᠤᠶᠠᠳᠠᠵᠤ ᠪᠠᠶᠢᠬᠤ ᠳᠤ ᠣᠪᠣᠭᠠᠨ | ᠠᠷᠤ ᠶᠢᠨ ᠡᠪᠦᠯᠵᠢᠶᠡᠨ ᠳᠤ ᠦᠬᠡᠷ ᠮᠠᠯ ᠤᠳ ᠪᠤᠲᠠᠨ ᠤ ᠡᠩᠭᠡᠷ ᠠᠮᠤᠷ ᠳᠠᠶᠢᠪᠤᠡᠭ ᠬᠡᠪᠲᠡᠴᠢᠬᠡᠭᠰᠡᠨ᠂ ᠵᠣ | ᠨᠢᠷᠤᠭᠤ ᠪᠠᠨ ᠨᠡᠷᠡᠨ ᠳᠤ ᠡᠭᠡᠭᠡᠳ ᠲᠠᠭᠠᠲᠠᠢ ᠬᠡᠪᠢᠳᠡᠭ ᠪᠠᠶᠢᠯ᠎ᠠ᠃ | ᠵᠢᠯ ᠪᠣᠯᠭᠠᠨ ᠤ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠ ᠶᠢᠰᠦᠨ ᠳᠤ ᠬᠤᠯᠠ ᠣᠶᠢᠷ᠎ᠠ ᠶᠢᠨ | ᠬᠡᠳᠦᠨ ᠬᠤᠰᠢᠭᠤ ᠪᠠᠷ ᠢᠶᠠᠨ ᠬᠦᠷᠦᠯᠴᠡᠨ ᠢᠷᠠᠵᠤ ᠲᠠᠬᠢᠳᠠᠭ ᠠᠷᠢᠭᠤᠨ ᠰᠢᠲᠦᠭᠡᠨᠲᠦ ᠪᠠᠶᠠᠨᠬᠤᠰᠢᠭᠤ ᠣᠪᠣᠭ᠎ᠠ ᠡᠨᠡᠬᠦ | ᠰᠠᠶᠢᠬᠠᠨ ᠨᠤᠲᠤᠭ ᠤᠨ ᠢᠶᠠᠨ ᠰᠦᠯᠳᠡ ᠬᠡᠶᠢᠮᠣᠷᠢ ᠨᠢ ᠪᠣᠯᠵᠤ᠂ ᠠᠰ ᠡᠮᠦᠨᠡᠲᠡᠢ ᠨᠢ ᠪᠠᠶᠢᠷᠢᠯᠠᠵᠤ ᠪᠠᠶᠢᠳᠠᠭ ᠢᠶᠠᠷ | ᠤᠯᠠᠨ ᠢᠶᠠᠷ ᠢᠶᠠᠨ ᠡᠨᠡᠬᠦ ᠡᠪᠦᠯᠵᠢᠶ᠎ᠡ ᠶᠢ ︽ᠣᠪᠣᠭᠠᠨ ᠠᠷᠤ ᠶᠢᠨ ᠡᠪᠦᠯᠵᠢᠶ᠎ᠡ︾ ᠭᠡᠳᠡᠭ ᠶᠤᠮ᠃ | ᠣᠪᠣᠭᠠᠨ ᠠᠷᠤ ᠶᠢᠨ ᠡᠪᠦᠯᠵᠢᠶ᠎ᠡ ᠭᠡᠬᠦᠯᠡᠷ ᠨᠠᠳᠠᠳᠤ ᠳᠤᠯᠠᠭᠠᠬᠠᠨ ᠮᠥᠷᠲᠡᠭᠡᠨ ᠳᠤᠷᠠᠳᠬᠠᠯ ᠲᠠᠢ ᠰᠠᠨᠠᠭᠳᠠᠵᠤ᠂ | ᠥᠪᠡᠷ ᠤᠨ ᠡᠷᠬᠡ ᠦᠭᠡᠢ ᠤᠯᠠᠨ ᠶᠠᠭᠤᠮ᠎ᠠ ᠶᠢ ᠬᠤᠯᠪᠣᠨ ᠪᠤᠳᠤᠬᠳᠠᠭᠤᠯᠳᠠᠭ ᠰᠠᠨ᠃ | ᠠᠯᠢ ᠡᠷᠲᠡ ᠨᠠᠮᠠᠶᠢ ᠲᠠᠪᠤ ᠵᠢᠷᠭᠤᠭᠠᠨ ᠨᠠᠰᠤᠲᠠᠢ ᠪᠠᠶᠢᠬᠤ ᠳᠤ ︽ᠦᠬᠡᠷ ᠤᠨ ᠠᠪᠤ︾ ᠶᠢᠨ ᠬᠢ ᠭᠡᠳᠡᠭ | ᠨᠢᠭᠡᠯᠬᠡᠨ ᠭᠡᠷ ᠡ᠊ᠨᠳᠡ ᠰᠠᠭᠤᠷᠢᠰᠢᠵᠤ ᠪᠠᠶᠢᠭᠰᠠᠨ ᠶᠤᠮ᠃ ᠪᠣᠷᠣ ᠪᠦᠷᠢᠶᠡᠰᠦ ᠲᠠᠢ ᠵᠢᠵᠢᠭᠬᠡᠨ ᠮᠣᠩᠭᠤᠯ ᠭᠡᠷ᠂ ᠨᠢᠭᠡ | ᠲᠠᠰᠤᠯᠭ᠎ᠠ ᠬᠠᠭᠠᠰ ᠰᠢᠪᠠᠷ ᠪᠠᠶᠢᠰᠢᠩ ᠨᠢ ᠥᠨᠳᠥᠷ ᠳᠠᠷᠠᠰᠤ᠂ ᠡᠪᠡᠰᠦ ᠨᠣᠶᠢᠯ ᠤᠨ ᠳᠤᠮᠳᠠ ᠦᠵᠡᠭᠳᠡᠬᠦ ᠲᠠᠢ | ᠦᠭᠡᠢ ᠲᠠᠢ ᠤᠳᠤᠭ᠎ᠠ ᠭᠠᠷᠴᠤ ᠯᠠ ᠪᠠᠶᠢᠳᠠᠭ᠃ ᠡᠪᠦᠭᠡᠨ ᠬᠥᠭᠰᠢᠨ ᠬᠤᠶᠠᠭᠤᠯᠠ ᠪᠠᠨ ᠦᠷ᠎ᠡ ᠬᠡᠦᠬᠡᠳ ᠭᠡᠵᠦ | ᠪᠠᠶᠢᠬᠤ ᠦᠭᠡᠢ᠂ ᠨᠠᠶᠢᠳᠠ ᠶᠢᠨ ᠨᠢᠭᠡ ᠰᠦᠷᠦᠭ ᠦᠬᠡᠷ ᠢ ᠬᠠᠷᠢᠭᠤᠯᠵᠤ᠂ ᠡᠪᠦᠯ ᠵᠣᠨ ᠦᠭᠡᠢ ᠡᠨᠡ ᠣᠷᠴᠢᠮ ᠠᠴᠠ | ᠰᠠᠯᠬᠤ ᠦᠭᠡᠢ᠂ ᠬᠡᠳᠦᠨ ᠠᠷᠭᠠᠮᠵᠢᠶ᠎ᠠ ᠭᠠᠵᠠᠷ ᠲᠣᠪᠤ ᠳᠣᠪᠣᠷᠴᠠᠭ ᠤᠨ ᠣᠷᠣᠢ ᠲᠣᠯᠣᠭᠠᠢ ᠳᠠᠮᠵᠢᠨ ᠬᠤᠶᠢᠰᠢ | ᠤᠷᠤᠭᠰᠢ ᠪᠠᠨ ᠨᠡᠭᠦᠵᠦ ᠪᠠᠭᠤᠵᠤ ᠯᠠ ᠪᠠᠶᠢᠳᠠᠭ᠃ ᠬᠥᠭᠰᠢᠨ ᠢ ᠨᠢ ᠤᠯᠠᠨ ᠢᠶᠠᠷ ᠢᠶᠠᠨ ︽ᠤᠩᠭᠤ ᠡᠵᠢ︾ ᠭᠡᠳᠡᠭ᠃ | ᠡᠭᠦᠳᠡᠨ ᠰᠢᠳᠦ ᠨᠢ ᠤᠩᠭᠤᠷᠬᠠᠢ᠂ ᠶᠠᠭᠤᠮ᠎ᠠ ᠪᠣᠯᠭᠠᠨ ᠳᠤ ᠯᠠ ︽ᠤᠳᠤᠭ ᠠ᠋᠂ ᠪᠤᠳᠤᠭ ᠠ᠋︾ ᠭᠡᠵᠦ ᠳᠡᠭᠡᠷ᠎ᠡ | ᠲᠠᠭᠤ ᠪᠠᠷ ᠪᠡᠯᠡᠩᠳᠡᠴᠢᠬᠡᠭᠰᠡᠨ᠂ ᠪᠣᠭᠵᠣᠭᠤᠷ ᠵᠢᠵᠢᠭᠬᠡᠨ ᠪᠡᠶ᠎ᠡ ᠲᠠᠢ᠂ ᠪᠠᠷᠬᠢᠷᠠᠭ᠎ᠠ ᠬᠥᠭᠰᠢᠨ᠃ ᠥᠷᠯᠥᠭᠡ | ᠣᠷᠣᠢ ᠳᠠᠭᠠᠨ ᠤᠯᠠᠨ ᠦᠨᠢᠶ᠎ᠡ ᠰᠠᠭᠠᠵᠤ᠂ ᠡᠭᠡᠵᠡᠭᠡᠢ ᠬᠤᠷᠤᠳ ᠢ ᠪᠣᠷᠣ ᠭᠡᠷ ᠤᠨ ᠢᠶᠠᠨ ᠳᠡᠭᠡᠪᠦᠷ ᠳᠡᠭᠡᠭᠦᠷ | ᠴᠠᠶᠢᠲᠠᠯ᠎ᠠ ᠳᠡᠯᠭᠡᠴᠢᠬᠡᠳᠡᠭ ᠰᠠᠭᠠᠯᠢ ᠰᠦᠨ ᠳᠤ ᠭᠠᠷ ᠥᠭᠡᠳᠡ ᠲᠠᠢ ᠬᠥᠮᠥᠨ ᠪᠠᠶᠢᠯ᠎ᠠ᠃ ︽ᠦᠬᠡᠷ ᠤᠨ ᠠᠪᠤ︾ ᠶᠢ | ᠬᠥᠮᠥᠰ ᠥᠪᠥᠷ ᠵᠦᠭ ᠤᠨ ᠬᠥᠮᠥᠨ ᠭᠡᠬᠦ ᠪᠤᠶᠤ ᠳᠠᠪᠠᠭᠠᠨ ᠡᠩᠭᠡᠷ ᠤᠨ ᠬᠥᠮᠥᠨ ᠴᠦ ᠭᠡᠳᠡᠭ᠃ ᠴᠣᠬᠤᠮ ᠠᠯᠢ | ᠨᠤᠲᠤᠭ ᠤᠨ ᠬᠥᠮᠥᠨ᠂ ᠬᠡᠵᠢᠶ᠎ᠡ ᠡ᠊ᠨᠳᠡ ᠢᠷᠡᠭᠰᠡᠨ ᠢ ᠨᠢ ᠠᠰᠠᠭᠤᠳᠠᠭ ᠬᠥᠮᠥᠨ ᠴᠦ ᠪᠠᠶᠢᠬᠤ ᠦᠭᠡᠢ᠂ ᠮᠡᠳᠡᠬᠦ | ᠬᠥᠮᠥᠨ ᠴᠦ ᠪᠠᠶᠢᠬᠤ ᠦᠭᠡᠢ᠃ ᠦᠭᠡ ᠲᠠᠭᠤ ᠴᠥᠭᠡᠨ᠂ ᠬᠤᠪᠢ ᠪᠠᠨ ᠬᠥᠭᠡᠭᠡᠭᠰᠡᠨ ᠳᠦᠩᠰᠦᠭᠡᠷ ᠬᠥᠬᠡ ᠡᠪᠦᠭᠡᠨ | ᠤᠷᠳᠦ ᠴᠠᠭᠠᠨ ᠰᠢᠯᠪᠢ ᠲᠠᠢ ᠭᠠᠩᠰᠠ ᠪᠠᠨ ᠰᠣᠷᠣᠵᠤ᠂ ᠴᠠᠢ ᠲᠠᠮᠰᠢᠶᠠᠯᠠᠵᠤ ᠰᠠᠭᠤᠬᠤ ᠦᠭᠡᠢ ᠪᠣᠯ ᠬᠠᠱᠠᠩ ᠪᠣᠷᠣ | ᠮᠣᠷᠢ ᠪᠠᠨ ᠳᠡᠪᠠᠷᠡᠵᠦ᠂ ᠬᠤᠶᠠᠷ ᠨᠣᠬᠠᠢ ᠪᠠᠨ ᠳᠠᠭᠠᠭᠤᠯᠤᠭᠠᠳ ᠳᠠᠷᠠᠰᠤ ᠬᠤᠯᠤᠰᠤ ᠪᠠᠷ ᠦᠨᠡᠭᠡ᠂ ᠮᠠᠩᠭᠢᠰᠤ | ᠠᠩᠨᠠᠵᠤ᠂ ᠰᠠᠯ ᠰᠠᠯ ᠳᠤᠩᠰᠢᠭᠤᠯᠤᠨᠠ᠃ ᠬᠡᠲᠦ ᠬᠤᠨᠣᠬᠤ ᠦᠭᠡᠢ ᠨᠢᠭᠡ ᠦᠨᠡᠭᠡ ᠪᠤᠶᠤ ᠱᠠᠬᠠᠷ ᠠᠪᠴᠢᠬᠠᠭᠠᠳ | ᠠᠷᠠᠰᠤᠨ ᠳᠤᠨᠢ ᠡᠪᠡᠰᠦ ᠴᠢᠬᠢᠴᠢᠬᠡᠭᠡᠳ ᠥᠨᠳᠥᠷ ᠮᠣᠳᠣᠨ ᠠᠴᠠ ᠳᠡᠭᠦᠵᠢᠯᠡᠨ ᠰᠠᠯᠬᠢᠨ ᠳᠤ ᠬᠡᠶᠢᠰᠬᠡᠵᠦ ᠪᠠᠶᠢᠬᠤ | ᠬᠠᠷᠠᠭᠳᠠᠳᠠᠭ᠂ ᠬᠠᠶᠠ ᠵᠠᠷᠢᠮ ᠳᠠᠭᠠᠨ ᠮᠠᠩᠭᠢᠰᠤ᠂ ᠲᠠᠷᠪᠠᠭ᠎ᠠ᠂ ᠡᠯᠪᠡᠩᠬᠦ ᠮᠡᠲᠦ ᠶᠢᠨ ᠶᠠᠭᠤᠮ᠎ᠠ ᠠᠯᠠᠵᠤ᠂ ᠲᠠᠷᠭᠤᠨ | ᠮᠢᠬ᠎ᠠ ᠶᠢ ᠨᠢ ᠲᠠᠪᠠᠭᠯᠠᠵᠤ ᠲᠠᠯᠪᠢᠴᠢᠬᠠᠭᠠᠳ᠂ ᠢᠷᠡᠭᠰᠡᠨ ᠬᠥᠮᠥᠨ ᠪᠣᠯᠭᠠᠨ ᠢ ︽ᠢᠳᠡ ᠢᠳᠡ︾ ᠭᠡᠵᠦ ᠶᠠᠩᠨᠠᠨ᠂ | ᠲᠣᠰᠣᠨ ᠠᠴᠠ ᠨᠢ ᠵᠢᠵᠢᠭ ᠯᠣᠩᠬᠤ ᠰᠠᠪᠠᠨ ᠳᠤ ᠬᠢᠵᠦ ︽ᠬᠠᠯᠠᠭᠠᠭᠰᠠᠨ ᠰᠢᠷᠬᠠᠨ ᠳᠤ ᠰᠠᠶᠢᠨ ᠶᠤᠮ᠂ ᠮᠠᠢ ᠬᠡᠦᠬᠡ︕ | ︾ ᠭᠡᠵᠦ ᠪᠡᠯᠡᠭ ᠥᠭᠭᠦᠨ᠎ᠡ᠃ ︽ᠦᠬᠡᠷ ᠤᠨ ᠠᠪᠤ︾ ᠶᠢᠨ ᠪᠣᠷᠣ ᠮᠣᠷᠢ ᠭᠡᠵᠢ ᠡᠪᠦᠯ ᠵᠣᠨ ᠦᠭᠡᠢ ᠲᠠᠪ ᠲᠠᠷᠭᠤᠨ | ᠂ ᠬᠡᠦᠬᠡᠳ ᠰᠢᠤᠬᠠᠳ ᠬᠠᠵᠠᠭᠤᠳᠠ ᠨᠢ ᠣᠶᠢᠷᠠᠲᠤᠪᠠᠯ ᠴᠢᠬᠢ ᠪᠠᠨ ᠬᠤᠯᠠᠮᠠᠶᠢᠵᠦ᠂ ᠮᠠᠭᠤᠬᠠᠢ ᠬᠠᠷᠠᠨ᠎ᠠ᠂ | ᠵᠠᠷᠢᠮ ᠳᠠᠭᠠᠨ ᠪᠥᠭᠰᠡ ᠪᠠᠨ ᠮᠤᠷᠤᠶᠢᠯᠭᠠᠵᠤ ᠢᠰᠬᠦᠯᠬᠦ ᠪᠠᠷ ᠢᠶᠠᠨ ᠠᠶᠤᠯᠭᠠᠨ᠎ᠠ᠃ ︽ᠦᠬᠡᠷ ᠤᠨ ᠠᠪᠤ︾ ᠶᠢᠨ ᠬᠢ | ᠶᠠᠭ ᠵᠠᠮ ᠤᠨ ᠬᠠᠵᠠᠭᠤᠳᠠ ᠪᠠᠶᠢᠳᠠᠭ ᠪᠣᠯᠬᠤᠷ ᠮᠠᠨ ᠤ ᠪᠠᠶᠠᠨᠴᠠᠭᠠᠨ ᠤ ᠠᠶᠢᠯ ᠤᠳ ᠮᠠᠶᠢᠮᠠᠢ ᠱᠣᠣᠮᠠᠢ ᠬᠢᠬᠦ ᠪᠤᠶᠤ | ᠪᠤᠳᠠᠭ᠎ᠠ ᠭᠤᠯᠢᠷ ᠢᠶᠠᠨ ᠠᠪᠬᠤ ᠪᠠᠷ ᠶᠠᠪᠤᠪᠠᠯ ᠠᠯᠪᠠ ᠲᠠᠢ ᠶᠤᠮ ᠰᠢᠭ᠋ ︽ᠦᠬᠡᠷ ᠤᠨ ᠠᠪᠤ︾ ᠶᠢᠨ ᠳᠤ ᠵᠠᠪᠠᠯ ᠨᠢᠭᠡ | ᠪᠠᠭᠤᠵᠤ᠂ ᠬᠤᠷᠤᠳ᠂ ᠰᠢᠷ᠎ᠠ ᠲᠣᠰᠣ ᠲᠠᠢ ᠴᠠᠢ ᠶᠢ ᠨᠢ ᠬᠥᠯᠥᠰᠦ ᠪᠠᠨ ᠭᠠᠷᠳᠠᠯ᠎ᠠ ᠤᠤᠭᠤᠳᠠᠭ᠃ ᠬᠠᠶᠠ ᠵᠠᠷᠢᠮ | ᠨᠢᠭᠡ ᠨᠢ ᠶᠠᠭᠠᠷᠠᠵᠤ ᠰᠠᠨᠳᠤᠷᠤᠭᠠᠳ ᠪᠠᠭᠤᠬᠤ ᠦᠭᠡᠢ ᠭᠠᠷᠴᠢᠬᠠᠪᠠᠯ ︽ᠤᠩᠭᠤ ᠡᠵᠢ︾ ᠠᠯᠢ ᠬᠡᠳᠦᠶᠢᠨ ᠣᠯᠵᠤ | ᠦᠵᠡᠴᠢᠬᠡᠭᠡᠳ ︽ᠠᠶᠢᠯ ᠤᠨ ᠬᠠᠶᠠᠭ᠎ᠠ ᠬᠠᠨᠳᠤᠷᠠᠯᠠ︾ ᠭᠡᠵᠦ ᠳᠤᠨᠳᠤᠬᠴᠢᠨ ᠵᠠᠩᠨᠠᠨ᠎ᠠ᠃ ᠲᠡᠷᠡ ᠮᠥᠷᠲᠡᠭᠡᠨ | ᠣᠨᠣᠭᠰᠠᠨ ᠮᠣᠷᠢ᠂ ᠬᠥᠯᠥᠭᠰᠡᠨ ᠦᠬᠡᠷ ᠢ ᠨᠢ ᠴᠦ ᠠᠨᠳᠠᠬᠤ ᠦᠭᠡᠢ ᠲᠠᠨᠢᠵᠤ᠂ ᠬᠡᠨ ᠬᠡᠨ ᠭᠡᠵᠦ ᠨᠡᠷ᠎ᠡ ᠶᠢ ᠨᠢ | ᠬᠡᠯᠡᠨ᠎ᠡ᠃ ᠬᠥᠮᠥᠨ ᠪᠠᠭᠤᠪᠠᠯ ᠬᠦᠦ ᠨᠢ ᠢᠷᠡᠭᠰᠡᠨ ᠰᠢᠭ ᠪᠠᠶᠠᠷᠯᠠᠵᠤ᠂ ᠠᠯᠢ ᠪᠠᠶᠢᠬᠤ ᠪᠠᠨ ᠲᠡᠮᠲᠡᠷᠢᠨ ᠳᠤᠯᠤᠭᠠᠨ | ᠪᠤᠯᠴᠢᠷᠬᠠᠢ ᠪᠠᠨ ᠲᠣᠭᠠᠴᠢᠨ᠎ᠠ᠃ ᠷᠠᠳᠢᠣ᠋᠂ ᠰᠣᠨᠢᠨ ᠬᠤᠪᠣᠷ ᠪᠠᠶᠢᠭᠰᠠᠨ ᠲᠡᠷᠡ ᠦᠶ᠎ᠡ ᠳᠤ ︽ᠤᠩᠭᠤ ᠡᠵᠢ︾ ᠪᠣᠯ | ᠬᠤᠯᠠ ᠣᠶᠢᠷ᠎ᠠ ᠶᠢᠨ ᠰᠣᠨᠢᠨ ᠮᠡᠳᠡᠭᠡ ᠳᠠᠮᠵᠢᠭᠤᠯᠤᠭᠴᠢ ᠭᠡᠵᠦ ᠮᠡᠳᠡ᠃ ᠶᠠᠭᠤᠮ᠎ᠠ ᠪᠣᠯᠭᠠᠨ ᠢ ᠲᠡᠷᠡ ᠯᠠ ᠤᠷᠢᠳᠠᠪᠠᠷ | ᠰᠣᠨᠣᠰᠴᠢᠬᠠᠭᠰᠠᠨ ︽ᠡᠶᠢᠮᠦ ᠭᠡᠨ᠎ᠡ ᠰᠢᠤ᠂ ᠬᠡᠦᠬᠡ︕︾ ︽ᠲᠡᠶᠢᠮᠦ ᠭᠡᠨ᠎ᠡ ᠰᠢᠤ᠂ ᠠᠶᠤᠮᠠᠷ ᠠ᠋᠂ ᠠᠯᠮᠠᠷ ᠮᠢᠨᠢ︾ | ᠭᠡᠵᠦ ᠦᠵᠡᠭᠰᠡᠨ ᠰᠤᠨᠤᠰᠤᠬᠰᠠᠨ ᠢᠶᠠᠨ ᠳᠠᠪᠤᠰᠤ ᠬᠤᠵᠢᠷ ᠨᠡᠮᠡᠵᠦ᠂ ᠠᠮᠠ ᠰᠤᠯᠠ ᠦᠭᠡᠢ ᠶᠠᠷᠢᠨ᠎ᠠ᠃ | 1967ᠣᠨ ᠤ ᠨᠠᠮᠤᠷ ᠮᠠᠨ ᠤ ᠬᠢ ︽ᠦᠬᠡᠷ ᠤᠨ ᠠᠪᠤ︾ ᠶᠢᠨ ᠭᠡᠷ ᠤᠨ ᠪᠠᠷᠠᠭᠤᠨᠲᠠᠢ ᠬᠤᠶᠠᠷ ᠲᠠᠰᠤᠯᠭ᠎ᠠ | ᠵᠢᠵᠢᠭ ᠰᠢᠪᠠᠷ ᠪᠠᠶᠢᠰᠢᠩ ᠪᠠᠷᠢᠪᠠ᠃ ᠠᠪᠤ ᠶᠡᠭᠡ ᠠᠬ᠎ᠠ ᠬᠤᠶᠠᠭᠤᠯᠠ ᠡᠳᠦᠷᠵᠢᠨ ᠤᠰᠤ ᠰᠢᠪᠠᠷ ᠲᠡᠭᠡᠭᠡᠵᠦ ᠭᠡᠷ | ᠪᠠᠷᠢᠨ᠎ᠠ᠃ ᠳᠡᠭᠦᠦ ᠪᠢᠳᠡ ᠬᠤᠶᠠᠷ ᠬᠠᠵᠠᠭᠤᠳᠠ ᠨᠢ ᠱᠣᠪᠣᠶᠢᠵᠤ ᠰᠠᠭᠤᠴᠢᠬᠠᠭᠠᠳ᠂ ᠰᠢᠪᠠᠷ ᠢᠶᠠᠷ ᠨᠢ ᠡᠯᠳᠡᠪ | ᠶᠠᠭᠤᠮ᠎ᠠ ᠪᠠᠷᠢᠵᠤ᠂ ᠢᠯᠠᠭ᠎ᠠ ᠰᠢᠮᠠᠭᠤᠯ ᠳᠤ ᠬᠠᠵᠠᠭᠳᠠᠵᠤ ᠪᠠᠶᠢᠭᠰᠠᠨ ᠴᠦ ᠡᠳᠦᠷᠵᠢᠨ ᠨᠠᠭᠠᠳᠤᠨ᠎ᠠ᠃ | ᠨᠠᠮᠤᠷ ᠤᠨ ᠰᠡᠭᠦᠯᠴᠢ ᠶᠢᠨ ᠨᠢᠭᠡ ᠡᠳᠦᠷ ︽ᠤᠩᠭᠤ ᠡᠵᠢ︾ ᠮᠠᠨ ᠤ ᠳᠤ ᠣᠷᠣᠵᠤ ᠢᠷᠡᠭᠡᠳ ᠠᠶ᠋ᠢ ᠶᠢᠨ | ᠴᠢᠬᠢᠨ ᠳᠤ ︵ᠪᠢᠳᠡ ᠡᠵᠢ ᠪᠠᠨ ᠠᠶ᠋ᠢ ᠭᠡᠵᠦ ᠳᠠᠭᠤᠳᠠᠳᠠᠭ︶ ᠣᠶᠢᠷᠠᠲᠤᠵᠤ ︽ᠤᠯᠠᠨ ᠪᠠᠭᠠᠴᠤᠤᠯ ᠠᠡᠭ ᠳᠤ | ᠶᠠᠪᠤᠵᠤ ᠪᠠᠶᠢᠭᠠᠳ ᠪᠠᠶᠠᠨᠬᠤᠰᠢᠭᠤ ᠣᠪᠣᠭ᠎ᠠ ᠶᠢ ᠮᠠᠯᠲᠠᠵᠤ ᠭᠡᠨ᠎ᠡ ᠰᠢᠤ᠃ ᠠᠯᠮᠡᠷ ᠠ᠋᠂ ᠳᠣᠲᠣᠷ᠎ᠠ ᠠᠴᠠ ᠨᠢ ᠬᠡᠲᠦ | ᠬᠡᠳᠦᠨ ᠪᠣᠲᠤᠩ ᠲᠠᠢ ᠶᠠᠭᠤᠮ᠎ᠠ ᠭᠠᠷᠴᠤ ᠭᠡᠨ᠎ᠡ᠃ ᠪᠠᠰᠠ ᠨᠢᠭᠡ ᠨᠣᠭᠤᠭᠠᠨ ᠡᠷᠢᠶᠡᠨ ᠮᠡᠯᠡᠬᠡᠢ ᠭᠠᠷᠴᠤ ᠢᠷᠡᠭᠡᠳ | ᠳᠡᠭᠡᠷ᠎ᠡ ᠳᠡᠭᠡᠷ᠎ᠡ ᠦᠰᠦᠷᠴᠦ ᠪᠠᠶᠢᠭᠰᠠᠭᠠᠷ ᠭᠡᠨᠡᠳᠲᠡ ᠠᠯᠠᠭ᠎ᠠ ᠪᠣᠯᠴᠢᠬᠠᠵᠠᠢ ᠭᠡᠨ᠎ᠡ ᠰᠢᠤ᠃ ᠪᠠᠷᠤᠭ ᠨᠠᠪᠳᠠᠭ | ᠰᠠᠪᠳᠠᠭ ᠨᠢ ᠮᠥᠨ ᠪᠠ᠃ ᠪᠤᠷᠬᠠᠨ ᠮᠢᠨᠢ᠂ ᠴᠠᠭᠠᠰᠢ ᠪᠠᠨ ᠲᠠᠭᠤ ᠦᠭᠡᠢ ᠪᠠᠢ ᠳ᠋ᠠ᠃ ᠶᠠᠮᠠᠷ ᠴᠠᠭ ᠪᠣᠯᠬᠤ ᠶᠢ ᠮᠡᠳᠡᠬᠦ | ᠦᠭᠡᠢ︾ ᠭᠡᠵᠦ ᠰᠢᠪᠡᠨᠡᠨ ᠬᠡᠯᠡᠭᠡᠳ ᠵᠠᠯᠪᠠᠷᠢᠵᠤ ᠪᠠᠶᠢᠭᠰᠠᠨ ᠢᠶᠠᠨ ᠬᠤᠶᠠᠭᠤᠯᠠ ᠪᠠᠨ ᠠᠶᠠᠭ᠎ᠠ ᠲᠠᠢ ᠶᠠᠭᠤᠮ᠎ᠠ ᠠᠪᠴᠤ | ᠭᠠᠷᠤᠭᠠᠳ ᠣᠪᠣᠭᠠᠨ ᠵᠦᠭ ᠡᠷᠭᠦᠵᠦ ᠪᠠᠶᠢᠯ᠎ᠠ᠃ | ᠳᠡᠮᠡᠢ ᠤᠳᠠᠭᠰᠠᠨ ᠦᠭᠡᠢ ᠭᠦᠩᠱᠧ ︵ᠰᠤᠮᠤ︶ ᠶᠢᠨ ᠰᠤᠷᠭᠠᠭᠤᠯᠢ ᠤᠷᠢᠳᠴᠢᠯᠠᠨ ᠴᠢᠯᠦᠭᠡ ᠲᠠᠯᠪᠢᠵᠤ᠂ | ᠬᠤᠶᠠᠳᠤᠭᠠᠷ ᠠᠬ᠎ᠠ ᠠᠶᠢᠯ ᠤᠨ ᠦᠬᠡᠷ ᠲᠡᠷᠭᠡ ᠶᠢ ᠲᠠᠭᠠᠵᠤ᠂ ᠭᠡᠷ ᠲᠡᠭᠡᠨ ᠭᠦᠶᠦᠵᠦ ᠢᠷᠠᠯ᠎ᠠ᠃ ᠠᠶ᠋ᠢ ᠬᠤᠶᠠᠳᠤᠭᠠᠷ | ᠠᠬ᠎ᠠ ᠶᠢ ᠢᠳᠡᠭᠦᠯᠵᠦ ᠤᠤᠭᠤᠯᠭᠠᠭᠠᠳ᠂ ᠪᠥᠭᠡᠰᠦ ᠲᠠᠢ ᠬᠠᠨᠲᠠᠭᠠᠰᠤ ᠥᠮᠥᠳᠦ ᠶᠢ ᠨᠢ ᠪᠤᠴᠠᠯᠤᠭᠰᠠᠨ ᠤᠰᠤ ᠪᠠᠷ | ᠰᠢᠯᠵᠠᠯᠵᠤ ᠤᠬᠢᠶᠠᠭᠠᠳ᠂ ᠬᠡᠵᠢᠭᠡ ᠶᠢ ᠨᠢ ᠪᠦᠲᠦᠨ ᠨᠠᠷᠢᠨ ᠱᠦᠭᠦᠷ ᠢᠶᠠᠷ ᠡᠭᠡᠯᠵᠢᠯᠡᠨ ᠰᠠᠮᠨᠠᠵᠤ ᠥᠭᠪᠡ᠃ | ᠮᠠᠷᠭᠠᠰᠢ ᠠᠴᠠ ᠨᠢ ᠡᠬᠢᠯᠡᠵᠦ᠂ ᠪᠢ ᠳᠡᠭᠦᠦ ᠲᠠᠢ ᠪᠠᠨ ᠨᠠᠭᠠᠳᠬᠤ ᠳᠤᠷ᠎ᠠ ᠦᠭᠡᠢ ᠪᠣᠯᠵᠤ᠂ ᠬᠤᠶᠠᠳᠤᠭᠠᠷ ᠠᠬ᠎ᠠ ᠶᠢ | ᠲᠠᠭᠠᠵᠤ᠂ ᠠᠭᠤᠯᠠ ᠳᠣᠪᠣᠷᠴᠠᠭ ᠤᠨ ᠣᠷᠣᠢ᠂ ᠭᠤᠣ ᠰᠤᠵᠠᠭ ᠢᠶᠠᠷ ᠭᠦᠶᠦᠳᠡᠭ ᠪᠣᠯᠣᠯ᠎ᠠ᠃ ᠡᠨᠡ ᠨᠢ ᠨᠠᠳᠠᠳᠤ | ᠤᠬᠢᠯᠠᠩᠬᠠᠢ ᠮᠥᠷᠲᠡᠭᠡᠨ ᠡᠪᠦᠷᠢᠴᠢ ᠳᠡᠭᠦᠦ ᠲᠠᠢ ᠪᠠᠨ ᠬᠠᠷ᠎ᠠ ᠠᠯᠪᠠ ᠪᠠᠷ ᠡᠳᠦᠷ ᠥᠩᠭᠡᠷᠡᠭᠡᠭᠰᠡᠨ ᠠᠴᠠ ᠬᠤᠯᠠ | ᠰᠠᠶᠢᠬᠠᠨ ᠪᠠᠶᠢᠯ᠎ᠠ᠃ | ᠬᠤᠶᠠᠳᠤᠭᠠᠷ ᠠᠬ᠎ᠠ ᠲᠠᠤᠯᠠᠢ ᠠᠯᠠᠨ᠎ᠠ ᠭᠡᠲᠡᠯ᠎ᠡ ᠢᠳᠤᠭᠤ ᠠᠯᠠᠨ᠎ᠠ ᠭᠡᠳ ᠬᠠᠯᠲᠠᠷ ᠬᠥᠯᠥᠭᠡ ᠪᠢᠳᠡ | ᠬᠤᠶᠠᠷ ᠢ ᠳᠠᠭᠠᠭᠤᠯᠵᠤ᠂ ᠮᠣᠳᠣ ᠴᠢᠯᠠᠭᠤ ᠪᠠᠷᠢᠭᠠᠳ ᠡᠳᠦᠷᠵᠢᠨ ᠠᠪᠠ ᠳᠤ ᠭᠦᠶᠦᠳᠡᠭ ᠴᠦ ︽ᠡᠰᠡᠯ᠎ᠡ ᠠᠯᠠᠴᠢᠬᠠᠯ᠎ᠠ | ᠰᠢᠳᠡ︾ ᠭᠡᠳ ᠭᠠᠨᠵᠤᠭ᠎ᠠ ᠬᠤᠭᠤᠰᠤᠨ ᠢᠷᠡᠳᠡᠭ ᠠᠴᠠ ᠪᠢᠰᠢ᠂ ᠡᠳᠦᠷ ᠪᠣᠯᠭᠠᠨ ᠣᠯᠣᠭᠰᠠᠨ ᠶᠠᠭᠤᠮ᠎ᠠ ᠭᠡᠵᠦ | ᠶᠠᠭᠤ ᠴᠦ ᠦᠭᠡᠢ ᠪᠠᠶᠢᠵᠤ ᠪᠢᠯᠡ᠃ | ᠲᠡᠷᠡ ᠡᠪᠦᠯ ᠴᠠᠭᠠᠨ ᠵᠤᠳ ᠪᠣᠯᠵᠤ᠂ ᠣᠯᠠᠩᠬᠢ ᠠᠶᠢᠯ ᠤᠳ ᠨᠢ ᠮᠠᠯ ᠢᠶᠠᠨ ᠠᠪᠤᠭᠠᠳ ᠣᠲᠣᠷ ᠨᠡᠭᠦᠴᠢᠬᠡᠯᠡ | ᠃ ᠠᠪᠤ ᠰᠤᠪᠳᠠᠭ ᠣᠲᠣᠷ ᠢᠶᠠᠷ ᠶᠠᠪᠤᠵᠤ᠂ ᠠᠶ᠋ᠢ ᠪᠢᠳᠡ ᠬᠡᠳᠦᠭᠦᠯᠡ ᠪᠠᠨ ᠰᠢᠨ᠎ᠡ ᠪᠠᠶᠢᠰᠢᠩ ᠳᠠᠭᠠᠨ ᠦᠯᠡᠳᠡᠯ᠎ᠡ᠃ | ᠨᠢᠭᠡ ᠣᠷᠣᠢ ᠬᠠᠷᠠᠩᠭᠤᠢ ᠪᠤᠯᠤᠬᠰᠠᠨ ᠬᠤᠶᠢᠨ᠎ᠠ ︽ᠦᠬᠡᠷ ᠤᠨ ᠠᠪᠤ︾ ᠣᠷᠣᠵᠤ ᠢᠷᠡᠭᠡᠳ ︽ᠬᠡᠦᠬᠡ ᠠ᠋᠂ | ᠬᠠᠯᠲᠠᠷ ᠬᠥᠯᠥᠭᠡ ᠴᠢᠨᠢ ᠮᠢᠨᠤ ᠬᠠᠪᠬᠠᠨ ᠳᠤ ᠣᠷᠣᠴᠢᠬᠠᠵᠠᠢ᠃ ᠪᠠᠷᠠᠭᠤᠨ ᠬᠤᠯᠤᠰᠤᠨ ᠳᠤ ᠪᠠᠶᠢᠨ᠎ᠠ᠃ ᠬᠤᠷᠳᠤᠬᠠᠨ | ᠣᠴᠢᠭᠠᠳ ᠭᠠᠷᠭᠠᠭᠠᠳ ᠠᠪᠤᠭᠠᠳᠠᠭ᠋ᠠ ᠳ᠋ᠠ︾ ᠭᠡᠪᠡ᠃ ᠠᠶ᠋ᠢ ᠰᠣᠨᠣᠰᠤᠩᠭᠤᠲᠠ ᠪᠠᠨ ︽ᠲᠠᠨ ᠤ ᠬᠤᠶᠠᠭᠤᠯᠠ | ᠳᠡᠭᠦᠦ ᠪᠠᠨ ᠬᠠᠷᠠᠭᠠᠳ ᠰᠠᠶᠢᠬᠠᠨ ᠰᠠᠭᠤᠵᠤ ᠪᠠᠢ︾ ᠭᠡᠵᠦ ᠬᠡᠯᠡᠩᠭᠦᠲᠡ ᠪᠠᠨ ᠶᠠᠭᠠᠷᠠᠨ ᠭᠠᠷᠴᠤ ᠶᠠᠪᠤᠯ᠎ᠠ᠃ ᠨᠡᠯᠢᠶᠡᠳ | ᠤᠳᠠᠭᠠᠳ ᠠᠶ᠋ᠢ ᠬᠠᠯᠲᠠᠷ ᠬᠥᠯᠥᠭᠡ ᠬᠤᠶᠠᠭᠤᠯᠠ ᠴᠠᠭᠠᠨ ᠴᠠᠩ ᠲᠠᠲᠠᠭᠤᠯᠤᠭᠰᠠᠭᠠᠷ ᠣᠷᠣᠵᠤ ᠢᠷᠡᠪᠡ᠃ ᠬᠠᠯᠲᠠᠷ | ᠬᠥᠯᠥᠭᠡ ᠡᠮᠦᠨ᠎ᠡ ᠲᠠᠯ᠎ᠠ ᠶᠢᠨ ᠨᠢᠭᠡ ᠬᠥᠯ ᠢᠶᠠᠨ ᠮᠤᠶᠢᠳᠠᠶᠢᠯᠭᠠᠭᠠᠳ ᠳᠡᠭᠡᠷ᠎ᠡ ᠡᠷᠭᠦᠴᠢᠬᠡᠵᠡᠢ᠃ ᠠᠶ᠋ᠢ ︽ᠭᠥᠯᠥᠭᠡᠨ ᠤ | ᠮᠢᠨᠢ ᠬᠥᠯ ᠢ ᠡᠰᠡᠯ᠎ᠡ ᠮᠤᠬᠤᠷ ᠪᠣᠯᠭᠠᠴᠢᠬᠠᠵᠠᠢ︾ ᠭᠡᠳ ᠨᠡᠬᠡᠢ ᠣᠶᠢᠮᠤᠰᠤ ᠣᠶᠣᠵᠤ᠂ ᠭᠥᠯᠥᠭᠡᠨ ᠤ ᠪᠠᠨ ᠬᠥᠯ ᠳᠤ | ᠤᠭᠯᠠᠵᠤ ᠥᠭᠪᠡ᠃ ᠪᠢᠳᠡ ᠬᠡᠳᠦᠭᠦᠯᠡ ᠦᠵᠡᠭᠡᠳ ᠶᠡᠭᠡ ᠯᠠ ᠢᠨᠢᠶᠡᠵᠦ ᠪᠠᠶᠢᠯ᠎ᠠ᠃ ᠬᠠᠯᠲᠠᠷ ᠬᠥᠯᠥᠭᠡ ᠡᠯᠡᠭᠯᠡᠵᠦ | ᠪᠠᠶᠢᠭ᠎ᠠ ᠶᠢ ᠨᠢ ᠮᠡᠳᠡᠭᠰᠡᠨ ᠶᠤᠮ ᠰᠢᠭ᠂ ᠡᠰᠡᠬᠦᠯ᠎ᠡ ᠡᠪᠡᠳᠦᠭᠡᠳ ᠲᠡᠰᠬᠦ ᠠᠯᠳᠠᠬᠤ ᠳᠠᠭᠠᠨ ᠢᠩᠭᠢᠵᠦ ᠪᠠᠶᠢᠭ᠎ᠠ ᠴᠦ | ᠶᠤᠮ ᠰᠢᠭ᠋ ︽ᠭᠤᠩ ᠭᠠᠩ︾ ᠭᠡᠵᠦ ᠬᠠᠮᠠᠷ ᠢᠶᠠᠨ ᠭᠤᠩᠭᠠᠨᠠᠵᠦ ᠪᠢᠳᠠᠨ ᠤ ᠭᠠᠷ ᠢ ᠡᠭᠡᠯᠵᠢᠯᠡᠨ ᠳᠣᠯᠢᠶᠠᠵᠤ ᠪᠠᠶᠢᠯ᠎ᠠ | ᠃ | ᠴᠠᠭᠠᠨ ᠰᠠᠷ᠎ᠠ ᠠᠴᠠ ᠨᠡᠯᠢᠶᠡᠳ ᠰᠡᠭᠦᠯᠡᠷ ᠨᠢᠭᠡ ᠡᠳᠦᠷ ᠬᠠᠷ᠎ᠠ ᠦᠬᠡᠷ ᠬᠥᠯᠥᠭᠰᠡᠨ ᠴᠠᠭᠠᠨ ᠰᠠᠬᠠᠯ ᠲᠠᠢ | ᠡᠪᠦᠭᠡᠨ ︽ᠦᠬᠡᠷ ᠤᠨ ᠠᠪᠤ︾ ᠶᠢᠨ ᠳᠤ ᠢᠷᠡᠪᠡ᠃ ᠬᠡᠴᠢᠨᠡᠨ ᠬᠤᠨᠤᠭ ᠬᠥᠮᠥᠨ ᠠᠮᠢᠳᠠᠨ ᠤ ᠪᠠᠷ᠎ᠠ ᠦᠵᠡᠭᠳᠡᠭᠰᠡᠨ | ᠦᠭᠡᠢ ᠡᠨᠡ ᠭᠠᠵᠠᠷ ᠭᠡᠨᠡᠳᠲᠡ ᠨᠢᠭᠡ ᠦᠬᠡᠷ ᠲᠡᠷᠭᠡ ᠲᠠᠢ ᠡᠪᠦᠭᠡᠨ ᠭᠦᠷᠦᠭᠡᠳ ᠢᠷᠡᠬᠦᠯᠡᠷ ᠪᠢᠳᠡ ᠬᠡᠳᠦᠭᠦᠯᠡ ︽ | ᠨᠠᠭ᠎ᠠ ᠠᠪᠤ︾ ᠪᠠᠨ ᠢᠷᠡᠭᠰᠡᠨ ᠰᠢᠭ ᠭᠦᠶᠦᠯᠳᠦᠨ ᠭᠠᠷᠤᠯ᠎ᠠ᠃ ᠦᠭᠡ ᠠᠶᠠᠯᠭᠤ ᠨᠢ ᠰᠣᠨᠢᠬᠠᠨ᠂ ᠬᠠᠷᠠᠴᠠ ᠨᠢ | ᠰᠢᠷᠦᠭᠦᠨ᠂ ᠴᠠᠭᠠᠨ ᠠᠷᠠᠰᠤᠨ ᠳᠠᠪᠠᠯ ᠢ ᠳᠣᠷᠣᠭᠰᠢ ᠪᠠᠨ ᠳᠠᠷᠤᠭᠠᠳ ᠪᠦᠰᠡᠯᠡᠴᠢᠬᠡᠭᠰᠡᠨ᠂ ᠬᠥᠩᠭᠡᠨ ᠰᠢᠩᠭᠡᠨ | ᠠᠯᠬᠤᠳᠠᠯ ᠲᠠᠢ᠂ ᠡᠮᠰᠢᠭᠡᠷ ᠰᠢᠷ᠎ᠠ ᠡᠪᠦᠭᠡᠨ ᠪᠠᠶᠢᠯ᠎ᠠ᠃ ︽ᠦᠬᠡᠷ ᠤᠨ ᠠᠪᠤ︾ ︽ᠤᠩᠭᠤ ᠡᠵᠢ︾ ᠬᠤᠶᠠᠷ ᠤᠨ | ᠬᠥᠯ ᠨᠢ ᠭᠠᠵᠠᠷ ᠬᠦᠷᠬᠦ ᠦᠭᠡᠢ ᠪᠠᠶᠠᠷᠯᠠᠴᠢᠬᠠᠵᠠᠢ᠃ ᠲᠡᠷᠡ ᠡᠪᠦᠭᠡᠨ ᠦᠭᠡ ᠶᠢ ᠳᠡᠭᠡᠷ᠎ᠡ ᠲᠠᠭᠤ ᠪᠠᠷ ᠶᠠᠷᠢᠳᠠᠭ | ᠵᠠᠩ ᠲᠠᠢ ᠶᠤᠮ ᠪᠠᠶᠢᠨ᠎ᠠ᠃ ︽ᠦᠬᠡᠷ ᠤᠨ ᠠᠪᠤ︾ ᠶᠢᠨ ᠳᠤ ᠣᠷᠣᠭᠠᠳ ᠦᠭᠡ ᠶᠠᠷᠢᠵᠤ ᠪᠠᠶᠢᠬᠤ ᠨᠢ ᠮᠠᠨ ᠤ | ᠭᠡᠷ ᠤᠨ ᠭᠠᠳᠠᠨ᠎ᠠ ᠲᠣᠪ ᠲᠣᠳᠣ ᠰᠣᠨᠣᠰᠳᠠᠵᠤ ᠪᠠᠶᠢᠯ᠎ᠠ᠃ ᠬᠤᠶᠠᠳᠤᠭᠠᠷ ᠠᠬ᠎ᠠ ᠪᠢᠳᠡ ᠬᠤᠶᠠᠷ ᠡᠪᠦᠭᠡᠨ ᠤ | ᠲᠡᠷᠭᠡᠨ ᠤ ᠬᠠᠵᠠᠭᠤᠳᠠ ᠰᠡᠮᠡᠭᠡᠷᠬᠡᠨ ᠭᠦᠷᠪᠡᠯ ᠬᠡᠳᠦᠨ ᠪᠣᠷᠣ ᠰᠠᠭᠰᠤ ᠲᠠᠢ ᠶᠠᠭᠤᠮ᠎ᠠ᠂ ᠳᠡᠭᠡᠰᠦ᠂ ᠬᠦᠷᠵᠡ᠂ | ᠬᠠᠳᠤᠭᠤᠷ ᠮᠡᠲᠦ ᠶᠢᠨ ᠶᠠᠭᠤᠮ᠎ᠠ ᠦᠵᠡᠭᠳᠡᠵᠦ ᠪᠠᠶᠢᠯ᠎ᠠ᠃ ᠠᠶ᠋ᠢ ︽ᠦᠬᠡᠷ ᠤᠨ ᠠᠪᠤ︾ ᠶᠢᠨ ᠳᠤ ᠣᠷᠣᠵᠤ᠂ ᠳᠡᠮᠡᠢ | ᠤᠳᠠᠯ ᠦᠭᠡᠢ ᠭᠠᠷᠴᠤ ᠢᠷᠡᠭᠡᠳ ︽ᠡᠪᠦᠭᠡᠨ ᠮᠠᠮᠠ ᠥᠭᠴᠡᠢ︾ ᠭᠡᠳ ᠬᠡᠳᠦᠨ ᠬᠥᠯᠳᠡᠭᠦᠦ ᠰᠣᠩᠭᠢᠨ᠎ᠠ | ᠬᠤᠷᠮᠣᠶᠢᠯᠠᠭᠰᠠᠭᠠᠷ ᠭᠡᠷ ᠲᠡᠭᠡᠨ ᠣᠷᠣᠪᠠ᠃ | ᠬᠡᠲᠦ ᠬᠤᠨᠤᠭ ᠤᠨ ᠳᠠᠷᠠᠭ᠎ᠠ ᠠᠪᠤ ᠣᠲᠣᠷ ᠠᠴᠠ ᠢᠷᠠᠵᠤ᠂ ᠮᠠᠨᠤᠰ ᠬᠠᠪᠤᠷᠵᠢᠶᠠᠨ ᠳᠠᠭᠠᠨ ᠨᠡᠭᠦᠵᠦ ᠪᠠᠭᠤᠯ᠎ᠠ | ᠃ ᠲᠥᠯ ᠲᠣᠰᠬᠤ ᠬᠠᠮᠵᠢᠶᠠᠨ ᠤ ᠠᠶᠢᠯ ᠭᠡᠳ ︽ᠪᠡᠶᠡᠨ ᠮᠠᠯᠴᠢᠨ︾ ᠨᠡᠷ᠎ᠡ ᠲᠠᠢ ᠪᠤᠶᠠᠨᠲᠤ ᠶᠢᠨ ᠭᠡᠳᠡᠭ ᠨᠢᠭᠡ | ᠠᠶᠢᠯ ᠢ ᠮᠠᠨ ᠤ ᠭᠡᠷ ᠤᠨ ᠬᠠᠵᠠᠭᠤᠳᠠ ᠪᠠᠭᠤᠯᠭᠠᠵᠠᠢ᠃ ᠪᠠᠰᠠ ᠨᠢᠭᠡ ᠴᠢᠮᠡᠳ ᠭᠡᠳᠡᠭ ᠭᠠᠭᠴᠠ ᠪᠡᠶ᠎ᠡ ᠬᠥᠮᠥᠨ ᠢ | ᠮᠠᠨ ᠤ ᠳᠤ ᠰᠠᠭᠤᠬᠤ ᠪᠠᠷ ᠲᠣᠬᠢᠷᠠᠭᠤᠯᠤᠭᠰᠠᠨ ᠪᠠᠶᠢᠯ᠎ᠠ᠃ ᠦᠨᠡᠨᠳᠡᠭᠡᠨ ᠡᠨᠡ ᠠᠶᠢᠯ ᠨᠢ ᠬᠡᠦᠬᠡᠳ ᠢᠶᠠᠷ ᠪᠡᠶᠡᠨ | ᠪᠣᠯᠬᠤ ᠠᠴᠠ ᠪᠢᠰᠢ᠂ ᠶᠠᠭᠤᠮ᠎ᠠ ᠪᠠᠷ ᠪᠡᠶᠡᠨ ᠪᠢᠰᠢ᠂ ᠶᠠᠭᠤ ᠴᠦ ᠦᠭᠡᠢ ᠶᠠᠳᠠᠭᠤ ᠬᠤᠭᠤᠰᠤᠨ ᠠᠶᠢᠯ ᠪᠠᠶᠢᠯ᠎ᠠ᠃ | ᠬᠡᠦᠬᠡᠳ ᠤᠳ ᠨᠢ ᠮᠠᠨᠤᠰ ᠲᠠᠢ ᠨᠠᠰᠤ ᠪᠠᠷᠤᠭ ᠪᠣᠯᠬᠤᠷ ᠪᠢᠳᠡ ᠡᠳᠦᠷᠵᠢᠨ ᠬᠠᠮᠲᠤ ᠨᠠᠭᠠᠳᠤᠨ᠎ᠠ᠃ ᠲᠡᠷᠡ ᠭᠠᠭᠴᠠ | ᠪᠡᠶ᠎ᠡ ᠬᠥᠮᠥᠨ ᠨᠢ ᠬᠤᠭᠤᠯᠠ ᠪᠤᠳᠠᠭ᠎ᠠ ᠶᠢ ᠰᠠᠶᠢᠬᠠᠨ ᠬᠢᠳᠡᠭ ᠴᠦ ᠪᠠᠭ᠎ᠠ ᠯᠠ ᠡᠪ ᠦᠭᠡᠢ ᠪᠣᠯᠣᠭᠰᠠᠭᠠᠷ | ᠮᠠᠨᠠᠷᠠᠴᠢᠬᠠᠳᠠᠭ ᠬᠡᠮ ᠲᠠᠢ᠃ ᠵᠥᠪ ᠵᠦᠭᠡᠷ ᠬᠡᠯᠡᠯᠴᠡᠵᠦ ᠪᠠᠶᠢᠭᠰᠠᠭᠠᠷ ᠶᠠᠭᠤ ᠨᠢ ᠪᠣᠯᠵᠤ ᠶᠠᠳᠠᠳᠠᠭ ᠢ ᠮᠡᠳᠡᠬᠦ ᠦᠭᠡᠢ᠂ | ᠤᠬᠠᠭ᠎ᠠ ᠠᠯᠳᠠᠵᠤ ᠮᠠᠨᠠᠷᠠᠴᠢᠬᠠᠭᠠᠳ ᠮᠠᠨᠤᠰ ᠢ ᠪᠠᠶᠢᠨ ᠪᠠᠶᠢᠨ ᠠᠶᠤᠯᠭᠠᠳᠠᠭ᠃ ᠲᠡᠷᠡ ᠬᠠᠪᠤᠷ ᠰᠤᠷᠭᠠᠭᠤᠯᠢ | ᠴᠤᠭᠯᠠᠷᠠᠭᠰᠠᠨ ᠦᠭᠡᠢ ᠪᠣᠯᠬᠤᠷ ᠬᠤᠶᠠᠳᠤᠭᠠᠷ ᠠᠬ᠎ᠠ ᠪᠢᠳᠡ ᠬᠤᠶᠠᠭᠤᠯᠠ ᠨᠢᠯᠬ᠎ᠠ ᠰᠠᠬᠠ ᠬᠠᠷᠢᠭᠤᠯᠳᠠᠭ ᠪᠣᠯᠣᠯ᠎ᠠ᠃ | ᠨᠢᠭᠡ ᠡᠳᠦᠷ ᠪᠢᠳᠡ ᠬᠤᠶᠠᠷ ᠰᠣᠨᠢᠭᠤᠴᠢ ᠬᠥᠳᠡᠯᠵᠦ᠂ ᠪᠠᠶᠠᠨᠬᠤᠰᠢᠭᠤ ᠣᠪᠣᠭᠠᠨ ᠳᠤ ᠭᠠᠷᠤᠭᠰᠠᠨ ᠶᠤᠮ᠃ ᠳᠡᠭᠡᠷ᠎ᠡ | ᠨᠢ ᠠᠷᠤᠭ ᠬᠥᠮᠥᠷᠢᠭᠰᠡᠨ ᠰᠢᠭ ᠵᠢᠵᠢᠭᠬᠡᠨ ᠴᠢᠯᠠᠭᠤᠨ ᠣᠪᠣᠭ᠎ᠠ ᠨᠡᠯᠢᠶᠡᠳ ᠬᠡᠲᠦ ᠪᠠᠶᠢᠵᠤ᠂ ᠭᠤᠣᠯ ᠤᠨ ᠲᠣᠮᠣ | ᠣᠪᠣᠭ᠎ᠠ ᠶᠢ ᠨᠢ ᠮᠠᠯᠲᠠᠭᠠᠳ ᠬᠤᠩᠬᠤᠶᠢᠯᠭᠠᠴᠢᠬᠠᠭᠰᠠᠨ ᠪᠠᠶᠢᠯ᠎ᠠ᠃ ᠬᠠᠵᠠᠭᠤᠳᠠ ᠨᠢ ᠭᠤᠣᠯ ᠳᠠᠭᠠᠨ ᠨᠦᠬᠡ ᠲᠠᠢ᠂ | ᠫᠢᠯᠠ ᠠᠳᠠᠯᠢ ᠲᠥᠭᠦᠷᠢᠭ ᠬᠠᠪᠲᠠᠭᠠᠢ ᠬᠥᠬᠡ ᠴᠢᠯᠠᠭᠤ ᠪᠠᠶᠢᠪᠠ᠃ ᠬᠤᠶᠠᠳᠤᠭᠠᠷ ᠠᠬ᠎ᠠ ᠪᠢᠳᠡ ᠬᠤᠶᠠᠷ ᠤᠤᠯ ᠨᠢ | ᠡᠶᠢᠮᠦ ᠶᠠᠭᠤᠮ᠎ᠠ ᠶᠢ ᠶᠡᠷᠦ ᠦᠵᠡᠵᠦ ᠪᠠᠶᠢᠭᠰᠠᠨ ᠦᠭᠡᠢ ᠪᠣᠯᠬᠤᠷ ᠶᠡᠭᠡ ᠯᠠ ᠰᠣᠨᠢᠷᠬᠠᠵᠤ᠂ ᠠᠭᠤᠯᠠ ᠤᠷᠤᠭᠤ | ᠪᠥᠮᠪᠥᠷᠢᠭᠦᠯᠦᠨ ᠨᠠᠭᠠᠳᠴᠤ ᠪᠠᠶᠢᠭᠰᠠᠭᠠᠷ ᠭᠡᠷ ᠲᠡᠭᠡᠨ ᠬᠠᠷᠢᠬᠤ ᠳᠠᠭᠠᠨ ᠬᠠᠶᠠᠴᠢᠬᠠᠭᠠᠳ ᠶᠠᠪᠤᠭᠰᠠᠨ ᠶᠤᠮ᠃ | ᠨᠢᠭᠡ ᠮᠡᠳᠡᠬᠦ ᠳᠤ ᠯᠠ ᠬᠠᠪᠤᠷ ᠵᠣᠨ ᠥᠩᠭᠡᠷᠡᠵᠦ᠂ ᠨᠠᠮᠤᠷ ᠤᠨ ᠠᠭᠤᠷ ᠣᠷᠣᠭᠠᠳ ᠨᠣᠭᠤᠭᠠᠨ ᠡᠷᠢᠶᠡᠨ | ᠭᠤᠯᠢᠶ᠎ᠠ ᠲᠠᠷᠭᠤᠨ ᠭᠡᠳᠡᠰᠦ ᠪᠠᠨ ᠴᠣᠷᠳᠣᠶᠢᠯᠭᠠᠨ᠂ ᠰᠢᠷᠠᠯᠵᠢᠨ ᠨᠠᠮᠠᠭᠠᠨ ᠳᠡᠭᠡᠷ᠎ᠡ ᠠᠶᠢᠵᠠᠮ ᠲᠠᠢ ᠵᠢᠷᠭᠢᠵᠦ ᠪᠠᠶᠢᠯ᠎ᠠ᠃ | ᠨᠢᠭᠡ ᠡᠳᠦᠷ ᠠᠶ᠋ᠢ ᠳᠡᠭᠦᠦ ᠪᠢᠳᠡ ᠬᠤᠶᠠᠷ ᠢ ᠲᠡᠭᠡᠭᠡᠵᠦ᠂ ᠣᠪᠣᠭᠠᠨ ᠠᠷᠤ ᠶᠢᠨ ᠪᠠᠶᠢᠰᠢᠩ ᠠᠴᠠ ᠪᠠᠨ ᠪᠠᠭ᠎ᠠ ᠰᠠᠭ᠎ᠠ | ᠶᠠᠭᠤᠮ᠎ᠠ ᠠᠪᠬᠤ ᠪᠠᠷ ᠦᠬᠡᠷ ᠲᠡᠷᠭᠡ ᠪᠠᠷ ᠶᠠᠪᠤᠪᠠ᠃ ᠥᠨᠥᠬᠢ ᠡᠪᠦᠭᠡᠨ ᠮᠠᠮᠠ ᠭᠡᠳᠡᠭ ᠡᠪᠦᠭᠡᠨ ︽ᠦᠬᠡᠷ ᠤᠨ ᠠᠪᠤ︾ | ᠶᠢᠨ ᠭᠡᠷ ᠤᠨ ᠵᠡᠭᠦᠨᠲᠡᠢ᠂ ᠨᠢᠭᠡ ᠵᠠᠩ ᠰᠢᠪᠠᠷ ᠭᠡᠷ ᠪᠠᠷᠢᠴᠢᠬᠠᠭᠠᠳ᠂ ᠭᠡᠷ ᠤᠨ ᠢᠶᠠᠨ ᠬᠠᠵᠠᠭᠤ ᠪᠠᠷ ᠳᠥᠷᠪᠡᠯᠵᠢᠨ | ᠭᠤᠣ ᠮᠠᠯᠲᠠᠵᠤ᠂ ᠳᠣᠲᠣᠷ᠎ᠠ ᠨᠢ ᠤᠯᠠᠨ ᠲᠠᠨᠢᠬᠤ ᠦᠭᠡᠢ ᠨᠣᠭᠤᠭ᠎ᠠ ᠲᠠᠷᠢᠴᠢᠬᠠᠭᠰᠠᠨ ᠪᠠᠶᠢᠯ᠎ᠠ᠃ ᠡᠨᠡ ᠨᠢ ᠢᠯᠢᠮ | ᠵᠢᠯᠢᠮᠬᠡᠨ ᠪᠠᠶᠢᠳᠠᠭ ᠮᠠᠨ ᠤ ᠣᠪᠣᠭᠠᠨ ᠠᠷᠤ ᠶᠢᠨ ᠡᠪᠦᠯᠵᠢᠶᠡᠨ ᠳᠤ ᠨᠢᠭᠡᠨ ᠰᠢᠨ᠎ᠡ ᠰᠣᠨᠢᠨ ᠵᠦᠢᠯ ᠪᠤᠯᠤᠬᠰᠠᠨ ᠪᠠᠶᠢᠯ᠎ᠠ | ᠃ ᠡᠪᠦᠭᠡᠨ ᠮᠠᠮᠠ ᠮᠠᠨ ᠤ ᠠᠶ᠋ᠢ ᠶᠢᠨ ᠥᠭᠭᠦᠭᠰᠡᠨ ᠬᠡᠳᠦᠨ ᠬᠡᠰᠡᠭ ᠬᠤᠷᠤᠳ ᠢ ᠠᠪᠳᠠᠷ᠎ᠠ ᠳᠡᠭᠡᠷ᠎ᠡ ᠪᠠᠨ | ᠲᠠᠯᠪᠢᠴᠢᠬᠠᠭᠠᠳ ᠬᠦᠷᠵᠡ ᠪᠠᠨ ᠠᠪᠴᠤ᠂ ᠡᠨᠡ ᠨᠢ ᠤᠯᠠᠭᠠᠨ ᠯᠤᠤᠪᠠᠩ᠂ ᠲᠡᠷᠡ ᠨᠢ ᠤᠰᠤᠨ ᠯᠤᠤᠪᠠᠩ ᠭᠡᠳ ᠨᠢᠭᠡ | ᠤᠯᠠᠨ ᠯᠤᠤᠪᠠᠩ ᠤᠨ ᠨᠡᠷ᠎ᠡ ᠬᠡᠯᠡᠵᠦ᠂ ᠨᠣᠭᠤᠭ᠎ᠠ ᠪᠠᠨ ᠶᠠᠭᠤ ᠶᠠᠭᠤᠨ ᠳᠤ ᠰᠠᠶᠢᠨ ᠭᠡᠵᠦ ᠳᠡᠭᠡᠷ᠎ᠡ ᠳᠡᠭᠡᠷ᠎ᠡ ᠨᠢ | ᠮᠠᠭᠲᠠᠵᠤ ᠪᠠᠷᠬᠢᠷᠠᠭᠰᠠᠭᠠᠷ ᠨᠡᠯᠢᠶᠡᠳ ᠤᠯᠠᠨ ᠨᠣᠭᠤᠭ᠎ᠠ ᠤᠯᠠᠯᠠᠵᠤ ᠥᠭᠪᠡ᠃ ᠠᠶ᠋ᠢ ᠶᠢᠨ ᠬᠠᠴᠠᠷ ᠶᠠᠭᠠᠷᠠᠨ | ᠤᠯᠠᠶᠢᠵᠤ᠂ ᠲᠠᠭᠤ ᠦᠭᠡᠢ ᠢᠨᠢᠶᠡᠮᠰᠦᠭᠯᠡᠵᠦ ᠵᠣᠭᠰᠣᠬᠤ ᠨᠢ ᠪᠠᠶᠠᠷᠯᠠᠵᠤ ᠪᠠᠶᠢᠭ᠎ᠠ ᠶᠢᠨ ᠰᠢᠨᠵᠢ ᠮᠡᠳᠡᠭᠳᠡᠵᠦ ᠪᠠᠶᠢᠯ᠎ᠠ᠃ | ᠳᠡᠭᠦᠦ ᠪᠢᠳᠡ ᠬᠤᠶᠠᠭᠤᠯᠠ ᠰᠠᠶ᠋ᠢᠬᠠᠨ ᠰᠢᠷᠤᠶᠢᠨ ᠠᠴᠠ ᠭᠠᠷᠤᠭᠰᠠᠨ ᠤᠯᠠᠭᠠᠨ ᠯᠤᠤᠪᠠᠩ ᠠᠴᠠ ᠨᠢᠭᠡ ᠨᠢᠭᠡ ᠶᠢ | ᠰᠢᠭᠦᠷᠦᠨ ᠠᠪᠴᠤ᠂ ᠰᠢᠷᠣᠢ ᠶᠢ ᠨᠢ ᠭᠠᠷ ᠢᠶᠠᠷ ᠢᠶᠠᠨ ᠬᠡᠲᠦ ᠰᠢᠪᠳᠤᠷᠴᠦ ᠡᠩᠭᠡᠷ ᠲᠡᠭᠡᠨ ᠨᠢᠭᠡ ᠵᠦᠯᠭᠦᠭᠰᠡᠨ ᠢᠶᠠᠨ | ᠢᠳᠡᠵᠦ ᠡᠬᠢᠯᠡᠪᠡ᠃ ᠲᠡᠷᠡ ᠯᠤᠤᠪᠠᠩ ᠤᠨ ᠠᠮᠲᠠ ᠭᠡᠵᠦ ᠦᠨᠡᠬᠡᠷ ᠬᠡᠯᠡᠬᠦ ᠶᠢᠨ ᠠᠷᠭ᠎ᠠ ᠦᠭᠡᠢ᠃ ︽ᠺᠧᠷᠳᠠ | ᠺᠧᠷᠳᠠ︾ ᠭᠡᠳ ᠶᠠᠭ ᠯᠠ ᠰᠢᠬᠢᠷ ᠭᠡᠵᠦ ᠮᠡᠳᠡ᠃ ᠪᠢᠳᠡ ᠬᠤᠶᠠᠷ ᠠᠷᠤ ᠠᠷᠤ ᠠᠴᠠ ᠨᠢ ᠬᠡᠲᠦ ᠬᠡᠲᠦ ᠶᠢ ᠢᠳᠡᠵᠦ | ᠠᠮᠵᠢᠪᠠ᠃ ᠬᠠᠮᠢᠭ᠎ᠠ ᠨᠢ ᠪᠠᠶᠢᠭᠰᠠᠨ ᠢ ᠮᠡᠳᠡᠬᠦ ᠦᠭᠡᠢ᠂ ᠭᠡᠨᠡᠳᠲᠡ ᠨᠢᠭᠡ ᠵᠢᠭᠠᠬᠠᠨ ᠬᠠᠷ᠎ᠠ ᠠᠯᠠᠭ ᠮᠤᠤᠷ ᠭᠠᠷᠴᠤ | ᠢᠷᠡᠭᠡᠳ ︽ᠮᠠᠢ︾ ᠭᠡᠳ ᠰᠡᠬᠦᠯ ᠢᠶᠠᠨ ᠠᠰ ᠳᠡᠭᠡᠭᠰᠢ ᠪᠠᠨ ᠭᠤᠵᠣᠶᠢᠯᠭᠠᠵᠤ᠂ ᠨᠢᠳᠦ ᠪᠠᠨ ᠪᠦᠯᠳᠦᠶᠢᠨ ᠳᠤᠤᠭᠠᠷᠬᠤ | ᠳᠤᠨᠢ ᠳᠡᠭᠦᠦ ᠮᠠᠨ ᠤ ᠬᠤᠶᠠᠭᠤᠯᠠ ᠵᠡᠷᠭᠡᠪᠡᠷ ᠤᠷᠤᠭᠰᠢ ᠳᠡᠪᠰᠢᠵᠦ᠂ ᠪᠠᠷᠢᠭᠠᠳ ᠠᠪᠤᠶ᠎ᠠ ᠭᠡᠰᠡᠨ ᠴᠢᠨᠢ ᠪᠠᠷᠢᠭᠳᠠᠬᠤ | ᠶᠠᠭᠤᠮ᠎ᠠ ᠪᠢᠰᠢ᠂ ᠬᠢᠯᠠᠰ ᠭᠡᠳ ᠠᠯᠠᠭ᠎ᠠ ᠪᠤᠯᠴᠢᠬᠠᠪᠠ᠃ ︽ᠪᠠᠶᠢᠭ ᠠ᠋︕ ᠮᠢᠨᠤ ᠮᠤᠤᠷ ᠢ᠂ ᠮᠠᠭᠠᠵᠢᠨ᠎ᠠ ᠰᠢᠤ︾ | ᠭᠡᠵᠦ ᠡᠪᠦᠭᠡᠨ ᠮᠠᠮᠠ ᠬᠦᠷᠵᠡ ᠪᠠᠨ ᠲᠤᠯᠤᠭᠰᠠᠭᠠᠷ ᠬᠡᠯᠡᠨ᠎ᠡ᠃ ᠪᠢ ᠲᠡᠷᠡ ᠮᠤᠤᠷ ᠢ ᠦᠵᠡᠭᠡᠳ ᠳᠤᠷᠠᠯᠠᠭᠰᠠᠨ ᠭᠡᠳᠡᠭ | ᠪᠣᠯ ᠪᠡᠷᠬᠡ᠃ ᠤᠤᠯ ᠨᠢ ᠤᠯᠠᠭᠠᠨ ᠬᠠᠭᠠᠯᠭ᠎ᠠ ᠰᠦᠮ᠎ᠡ ᠳᠤ ᠠᠶ᠋ᠢ ᠲᠠᠢ ᠪᠠᠨ ᠬᠦᠷᠴᠦ ᠪᠠᠶᠢᠬᠤ ᠳᠠᠭᠠᠨ ᠯᠠᠮᠠ ᠨᠠᠷ ᠤᠨ | ᠮᠤᠤᠷ ᠢ ᠬᠤᠯᠠ ᠠᠴᠠ ᠪᠠᠷ᠎ᠠ ᠶᠢ ᠨᠢ ᠬᠠᠷᠠᠵᠤ ᠪᠠᠶᠢᠭᠰᠠᠨ ᠠᠴᠠ ᠪᠢᠰᠢ ᠡᠳᠦᠢ ᠣᠶᠢᠷᠠᠬᠠᠨ ᠠᠴᠠ ᠶᠡᠷᠦ ᠦᠵᠡᠵᠦ | ᠥᠩᠭᠡᠷᠡᠭᠡ ᠦᠭᠡᠢ ᠶᠤᠮ᠃ | ᠪᠢᠳᠡ ︽ᠦᠬᠡᠷ ᠤᠨ ᠠᠪᠤ︾ ᠶᠢᠨ ᠳᠤ ᠪᠠᠭᠤᠵᠤ ᠴᠠᠢ ᠤᠤᠭᠤᠭᠠᠳ ᠰᠡᠷᠢᠭᠦᠦ ᠣᠷᠣᠭᠤᠯᠤᠭᠠᠳ ᠭᠡᠷ | ᠵᠦᠭ ᠢᠶᠠᠨ ᠪᠤᠴᠠᠬᠤ ᠪᠠᠷ ᠪᠣᠯᠪᠠ᠃ ︽ᠤᠩᠭᠤ ᠡᠵᠢ︾ ᠮᠥᠨ ᠯᠠ ᠠᠶ᠋ᠢ ᠶᠢᠨ ᠴᠢᠬᠢᠨ ᠳᠤ ᠣᠶᠢᠷᠠᠲᠤᠵᠤ ︽ | ᠯᠤᠤ ᠲᠠᠢ ᠠᠶᠠᠭᠠᠨ ᠳᠤ ᠪᠠᠰᠠ ᠢᠳᠡᠵᠦ ᠪᠣᠯᠬᠤ ᠦᠭᠡᠢ ᠭᠡᠨ᠎ᠡ ᠰᠢᠤ︾ ᠭᠡᠲᠡᠯ᠎ᠡ ︽ᠣᠲᠣ ᠡᠷᠲᠡᠨ ᠤ ᠵᠢᠷᠤᠭ | ᠬᠤᠸᠠᠷ ᠲᠠᠢ ᠠᠪᠳᠠᠷ᠎ᠠ ᠲᠠᠯᠪᠢᠵᠤ ᠪᠣᠯᠬᠤ ᠦᠭᠡᠢ ᠭᠡᠨ᠎ᠡ᠃ ᠵᠠᠪᠠᠯ ᠪᠦᠷ ᠢ ᠤᠯᠠᠭᠠᠨ ᠢᠶᠠᠷ ᠪᠣᠳᠣᠬᠤ ᠭᠡᠷᠡᠭᠳᠠᠢ ᠭᠡᠨ᠎ᠡ | ᠃︾᠂ ︽ᠤᠳᠠᠬᠤ ᠦᠭᠡᠢ ᠪᠡᠭᠡᠵᠢᠩ ᠠᠴᠠ ᠮᠠᠤ ᠵᠦᠰᠢ ᠶᠢᠨ ᠲᠣᠮᠢᠯᠠᠭᠰᠠᠨ ᠤᠯᠠᠨ ᠰᠡᠬᠡᠭᠡᠲᠡᠨ ᠢᠷᠡᠨ᠎ᠡ ᠭᠡᠨ᠎ᠡ | ᠰᠢᠤ︾ ᠭᠡᠵᠦ ᠤᠬᠠᠭᠠᠨ ᠬᠥᠯ ᠢ ᠨᠢ ᠣᠯᠬᠤ ᠦᠭᠡᠢ᠂ ᠤᠯᠠᠨ ᠶᠠᠭᠤᠮ᠎ᠠ ᠶᠠᠷᠢᠵᠤ ᠪᠠᠶᠢᠪᠠ᠃ ︽ᠦᠬᠡᠷ ᠤᠨ ᠠᠪᠤ︾ | ᠰᠤᠨᠤᠰᠤᠬᠰᠠᠨ ᠴᠦ ᠦᠭᠡᠢ ᠶᠤᠮ ᠰᠢᠭ ᠦᠯᠶᠢᠵᠦ ᠰᠠᠭᠤᠭᠠᠳ᠂ ᠭᠠᠩᠰᠠ ᠪᠠᠨ ᠲᠠᠲᠠᠵᠤ ᠪᠠᠶᠢᠪᠠ᠃ | ᠲᠡᠷᠡ ᠤᠳᠠᠭ᠎ᠠ ᠠᠴᠠ ᠬᠤᠶᠢᠰᠢ ᠪᠢ ᠣᠪᠣᠭᠠᠨ ᠠᠷᠤ ᠶᠢᠨ ᠡᠪᠦᠯᠵᠢᠶ᠎ᠡ ᠶᠢ ᠪᠣᠳᠣᠬᠤ ᠲᠠᠢ ᠵᠡᠷᠭᠡ ᠡᠪᠦᠭᠡᠨ | ᠮᠠᠮᠠ ᠶᠢᠨ ᠤᠯᠠᠭᠠᠨ ᠯᠤᠤᠪᠠᠩ ᠤᠨ ᠰᠢᠬᠢᠷᠯᠢᠭ ᠠᠮᠲᠠ ᠠᠮᠲᠠᠭᠳᠠᠬᠤ ᠰᠢᠭ᠋ ᠪᠣᠯᠵᠤ᠂ ᠠᠷᠠᠭᠠᠨ ᠰᠢᠯᠦᠰᠦ ᠠᠶᠠᠨᠳᠠᠭᠠᠨ | ᠬᠤᠷᠠᠳᠠᠭ ᠪᠣᠯᠵᠤ ᠪᠢᠯᠡ᠃ | ᠦᠨᠡᠬᠡᠷ ︽ᠤᠩᠭᠤ ᠡᠵᠢ︾ ᠶᠢᠨ ᠬᠡᠯᠡᠭᠰᠡᠨ ᠦᠭᠡ ᠣᠷᠣ ᠲᠠᠢ ᠪᠠᠶᠢᠵᠠᠢ᠃ ᠨᠢᠭᠡ ᠡᠳᠦᠷ ᠳᠥᠷᠪᠡ | ᠬᠥᠯᠥᠭᠰᠡᠨ ᠬᠤᠶᠠᠷ ᠮᠣᠷᠢᠨ ᠳᠡᠭᠡᠷ᠎ᠡ ᠠᠷᠵᠠᠶᠢᠲᠠᠯᠠ ᠬᠥᠮᠥᠨ ᠰᠠᠭᠤᠵᠤ᠂ ᠤᠯᠠᠭᠠᠨ ᠲᠤᠭ ᠨᠠᠮᠢᠷᠠᠭᠤᠯᠤᠨ᠂ ᠤᠷᠳᠦ | ᠬᠤᠯᠤᠰᠤᠨ ᠲᠠᠰᠢᠭᠤᠷ ᠢᠶᠠᠨ ︽ᠲᠡᠱ ᠨᠢᠱ︾ ᠳᠤᠤᠭᠠᠷᠭᠠᠵᠤ ︽ᠢᠦᠢ ᠢᠦᠢ᠂ ᠸᠧ ᠸᠧ︾ ᠭᠡᠭᠰᠡᠭᠡᠷ ᠮᠠᠨ ᠤ | ᠭᠠᠳᠠᠨ᠎ᠠ ᠬᠦᠷᠴᠦ ᠢᠷᠠᠯ᠎ᠠ᠃ ᠲᠡᠷᠭᠡᠨ ᠤ ᠬᠤᠶᠠᠷ ᠲᠠᠯ᠎ᠠ ᠪᠠᠷ ᠮᠠᠨ ᠤ ᠪᠠᠶᠠᠨᠴᠠᠭᠠᠨ ᠤ ᠤᠯᠠᠨ ᠵᠠᠯᠠᠭᠤᠴᠤᠳ | ᠮᠣᠷᠢᠨ ᠤ ᠪᠠᠨ ᠠᠮᠠ ᠶᠢ ᠠᠩᠭᠠᠯᠵᠠᠭᠤᠯᠤᠨ ᠲᠠᠲᠠᠵᠤ ︽ᠪᠡᠭᠡᠵᠢᠩ ᠰᠡᠬᠡᠭᠡᠲᠡᠨ ᠢᠶᠠᠨ ᠪᠠᠶᠠᠷᠯᠠᠨ ᠤᠭᠲᠤᠶ᠎ᠠ︕︾ | ᠭᠡᠵᠦ ᠬᠠᠰᠬᠢᠷᠴᠤ ᠪᠠᠶᠢᠯ᠎ᠠ᠃ ᠠᠶ᠋ᠢ ᠮᠠᠨ ᠤ ᠬᠡᠳᠦᠭᠦᠯᠡ ᠠᠷᠤ ᠠᠷᠤ ᠠᠴᠠ ᠪᠠᠨ ᠭᠦᠶᠦᠯᠳᠦᠨ ᠭᠠᠷᠤᠯ᠎ᠠ᠃ ᠰᠣᠨᠢᠬᠠᠨ | ᠬᠤᠪᠴᠠᠰᠤ ᠲᠠᠢ ᠦᠯᠦ ᠲᠠᠨᠢᠬᠤ ᠡᠷᠡᠭᠲᠡᠢ ᠡᠮᠡᠭᠲᠡᠶᠢᠴᠦᠳ ᠲᠡᠷᠭᠡ ᠵᠣᠭᠰᠣᠮᠠᠭᠴᠠ ᠵᠦᠭ ᠵᠦᠭ ᠲᠡᠭᠡᠨ ᠦᠰᠦᠷᠴᠦ | ᠪᠠᠭᠤᠭᠠᠳ ︽ ᠨᠢ ᠬᠤᠤ︖︾ ᠭᠡᠵᠦ ᠠᠶ᠋ᠢ ᠲᠠᠢ ᠭᠠᠷ ᠠᠳᠬᠤᠯᠴᠠᠨᠠ᠃ ᠨᠢᠭᠡ ᠡᠮᠡᠭᠲᠡᠢ ᠰᠡᠬᠡᠭᠡᠲᠡᠨ ᠮᠢᠨᠤ | ᠲᠣᠯᠣᠭᠠᠢ ᠶᠢ ᠦᠭᠦᠭᠡᠷᠳᠤᠨ ᠢᠯᠪᠢᠭᠰᠡᠨ ᠢᠶᠠᠨ ᠬᠢᠮᠤᠰᠤᠨ ᠲᠣᠯᠢᠨ ᠴᠢᠨᠡᠭᠡ ᠵᠢᠵᠢᠭᠬᠡᠨ᠂ ᠮᠥᠩᠭᠦ ᠰᠢᠭ | ᠭᠢᠯᠲᠤᠭᠠᠨᠠᠭᠰᠠᠨ ᠥᠩᠭᠡᠲᠡᠢ ᠮᠠᠤ ᠵᠦᠰᠢ ᠶᠢᠨ ᠵᠡᠭᠦᠮᠡᠯ ᠭᠦᠷᠦᠭ ᠢ ᠮᠢᠨᠤ ᠬᠠᠨᠲᠠᠭᠠᠰᠤᠨ ᠤ ᠡᠩᠭᠡᠷ ᠲᠤ ᠵᠡᠭᠦᠯᠭᠡᠵᠦ | ᠥᠭᠪᠡ᠃ ᠪᠢ ᠥᠩᠭᠡᠷᠡᠭᠰᠡᠨ ᠳᠤ ᠬᠥᠮᠥᠨ ᠠᠴᠠ ᠪᠡᠯᠡᠭ ᠲᠣᠰᠴᠤ ᠪᠠᠶᠢᠭᠰᠠᠨ ᠦᠭᠡᠢ ᠮᠥᠷᠲᠡᠭᠡᠨ ᠮᠠᠤ ᠵᠦᠰᠢ ᠶᠢᠨ | ᠭᠦᠷᠦᠭ ᠢ ᠠᠩᠬ᠎ᠠ ᠤᠳᠠᠭ᠎ᠠ ᠡᠩᠭᠡᠷ ᠲᠡᠭᠡᠨ ᠵᠡᠭᠦᠵᠦ ᠪᠠᠶᠢᠭ᠎ᠠ ᠪᠣᠯᠬᠤᠷ ᠪᠠᠶᠠᠷᠯᠠᠭᠰᠠᠨ ᠭᠡᠳᠡᠭ ᠬᠡᠷᠡᠭ᠃ ᠨᠠᠳᠠᠳᠤ | ᠮᠠᠰᠢ ᠵᠣᠯ ᠵᠢᠷᠭᠠᠯ ᠲᠠᠢ ᠰᠠᠨᠠᠭᠳᠠᠵᠤ ᠪᠠᠶᠢᠯ᠎ᠠ᠃ ᠲᠡᠷᠡ ᠡᠮᠡᠭᠲᠡᠢ ᠰᠡᠬᠡᠭᠡᠲᠡᠨ ᠮᠢᠨᠤ ᠡᠮᠦᠨ᠎ᠡ ᠶᠠᠪᠠᠭᠠᠨ ᠰᠠᠭᠤᠵᠤ᠂ | ᠴᠡᠭᠡᠵᠢᠨ ᠵᠦᠭ ᠢᠶᠠᠨ ᠳᠣᠯᠢᠶᠠᠪᠤᠷ ᠬᠤᠷᠤᠭᠤ ᠪᠠᠨ ᠮᠤᠷᠤᠶᠢᠯᠭᠠᠨ ᠵᠢᠭᠠᠵᠤ ︽ᠵᠧ ᠵᠧ︾ ᠭᠡᠵᠦ ᠳᠠᠭᠤᠳᠠ ᠭᠡᠰᠡᠨ | ᠤᠬᠠᠭᠠᠨ ᠲᠠᠢ ᠦᠭᠡ ᠬᠡᠯᠡᠵᠦ ᠪᠠᠶᠢᠬᠤ ᠶᠢ ᠨᠢ ᠪᠢ ᠣᠶᠢᠯᠠᠭᠠᠵᠤ᠂ ᠲᠣᠯᠣᠭᠠᠢ ᠪᠠᠨ ᠳᠣᠬᠢᠪᠠ᠃ ᠲᠡᠭᠦᠨ ᠠᠴᠠ | ᠬᠤᠶᠢᠰᠢ ᠪᠢ ᠲᠡᠭᠦᠨ ᠢ ︽ᠵᠧ ᠵᠧ︾ ᠭᠡᠵᠦ ᠳᠠᠭᠤᠳᠠᠳᠠᠭ ᠪᠤᠯᠤᠬᠰᠠᠨ ᠶᠤᠮ᠃ ᠰᠡᠭᠦᠯᠡᠷ ᠨᠢ ︽ᠵᠧ ᠵᠧ︾ | ᠨᠠᠳᠠᠳᠤ ︽ᠮᠠᠤ ᠵᠦᠰᠢ ᠲᠦᠮᠡᠨ ᠨᠠᠰᠤᠯᠠᠲᠤᠭᠠᠢ︕︾ ᠭᠡᠰᠡᠨ ᠬᠢᠲᠠᠳ ᠦᠰᠦᠭ ᠢ ᠶᠠᠭᠠᠬᠢᠵᠤ ᠪᠢᠴᠢᠬᠦ ᠶᠢ ᠵᠢᠭᠠᠵᠤ | ᠥᠭᠪᠡ᠃ | ᠲᠡᠷᠡ ᠡᠪᠦᠯ ᠨᠢ ᠣᠪᠣᠭᠠᠨ ᠠᠷᠤ ᠶᠢᠨ ᠡᠪᠦᠯᠵᠢᠶᠡᠨ ᠳᠤ ᠤᠯᠠᠨ ᠠᠶᠢᠯ ᠡᠷᠦᠭᠡ ᠪᠠᠭᠤᠵᠤ ︽ᠳᠠᠶᠢᠨ ᠤ | ᠪᠡᠯᠡᠳᠬᠡᠯ ᠬᠢᠨ᠎ᠡ︾ ᠭᠡᠳ ᠨᠦᠬᠡᠨ ᠵᠠᠮ ᠮᠠᠯᠲᠠᠵᠤ ᠡᠬᠢᠯᠡᠪᠡ᠃ ᠨᠡᠯᠢᠶᠡᠳ ᠬᠡᠳᠦᠨ ᠠᠶᠢᠯ ᠳᠠᠪᠠᠭᠠᠨ ᠡᠩᠭᠡᠷ ᠠᠴᠠ | ᠢᠷᠡᠭᠰᠡᠨ ᠬᠢᠲᠠᠳ ᠳᠠᠪᠤᠰᠤᠨ ᠠᠶᠠᠨᠴᠢᠳ ᠲᠠᠢ ᠬᠡᠯᠡᠯᠴᠡᠵᠦ ᠪᠠᠶᠢᠭᠠᠳ ᠬᠤᠶᠠᠷ ᠬᠤᠶᠠᠷ ᠵᠠᠩ ᠪᠠᠶᠢᠰᠢᠩ ᠪᠠᠷᠢᠭᠤᠯᠵᠤ | ᠠᠪᠤᠭᠰᠠᠨ ᠢᠶᠠᠷ ᠣᠪᠣᠭᠠᠨ ᠠᠷᠤ ᠶᠢᠨ ᠡᠪᠦᠯᠵᠢᠶ᠎ᠡ ᠨᠢᠭᠡ ᠯᠠ ᠳᠣᠣᠷ᠎ᠠ ᠬᠥᠮᠥᠨ ᠠᠮᠠ ᠣᠯᠠᠰᠢᠷᠠᠵᠤ᠂ ᠠᠶᠢᠯ ᠡᠷᠦᠭᠡ | ᠨᠡᠮᠡᠭᠳᠡᠭᠡᠳ᠂ ᠵᠢᠵᠢᠭ ᠲᠣᠰᠬᠤᠨ ᠰᠢᠭ᠋ ᠬᠥᠷ ᠬᠥᠭᠵᠢᠶᠡᠨ ᠲᠠᠢ ᠪᠣᠯᠴᠢᠬᠠᠯ᠎ᠠ᠃ ᠰᠠᠶᠢᠨ ᠡᠭᠦᠯᠳᠡᠷ ᠤᠨ ᠬᠤᠴᠠ | ᠬᠠᠷᠢᠭᠤᠯᠳᠠᠭ ᠰᠡᠷᠡᠩ ᠠᠮᠠ᠂ ᠮᠤᠵᠢᠶᠠᠩ ᠬᠢᠳᠡᠭ ᠷᠠᠰᠢ ᠠᠪᠤ ᠶᠢᠨ ᠬᠢ᠂ ᠪᠠᠰᠠ ᠨᠡᠯᠢᠶᠡᠳ ᠬᠡᠳᠦᠨ ᠡᠷᠡᠭᠲᠡᠢ | ᠡᠮᠡᠭᠲᠡᠢ ᠰᠡᠬᠡᠭᠡᠲᠡᠨ ᠢᠷᠠᠵᠠᠢ᠃ ᠮᠢᠨᠤ ︽ᠵᠧ ᠵᠧ︾ ᠶᠠᠭᠠᠬᠢᠭᠠᠳ ᠢᠷᠡᠭᠰᠡᠨ ᠦᠭᠡᠢ ᠪᠠᠶᠢᠬᠤ ᠶᠢ ᠮᠡᠳᠡᠬᠦ ᠦᠭᠡᠢ᠃ | | ᠮᠠᠨ ᠤ ᠪᠠᠶᠠᠨᠴᠠᠭᠠᠨ ᠤ ᠣᠯᠠᠩᠬᠢ ᠬᠥᠮᠥᠰ ᠨᠢ ᠡᠲᠡᠭᠡᠷ ᠰᠡᠬᠡᠭᠡᠲᠡᠨ ᠤ ᠬᠡᠯᠡᠵᠦ ᠶᠠᠷᠢᠬᠤ ᠶᠢ ᠣᠶᠢᠯᠠᠭᠠᠬᠤ | ᠦᠭᠡᠢ᠂ ᠵᠢᠭᠠᠵᠤ ᠳᠣᠬᠢᠭᠠᠳ ᠡᠪᠯᠡᠭᠦᠯᠵᠦ ᠪᠠᠶᠢᠬᠤ ᠳᠤ ᠡᠪᠦᠭᠡᠨ ᠮᠠᠮᠠ᠂ ︽ᠦᠬᠡᠷ ᠤᠨ ᠠᠪᠤ︾ ᠬᠤᠶᠠᠷ ᠬᠠᠷᠢᠨ | ᠲᠡᠳᠡᠨ ᠲᠠᠢ ᠬᠢᠲᠠᠳ ᠢᠶᠠᠷ ᠲᠣᠷᠤᠭᠠ ᠦᠭᠡᠢ ᠰᠠᠶᠢᠬᠠᠨ ᠶᠠᠷᠢᠳᠠᠭ ᠪᠠᠶᠢᠯ᠎ᠠ᠃ ᠮᠠᠨᠠᠶᠢᠬᠢᠨ ᠲᠠᠲᠠ ᠬᠤᠶᠠᠷ ᠤᠨ ᠬᠢᠲᠠᠳ | ᠦᠭᠡ ᠶᠢ ᠲᠡᠶᠢᠮᠦ ᠰᠠᠶᠢᠬᠠᠨ ᠤᠷᠤᠰᠤᠮ᠎ᠠ ᠶᠠᠷᠢᠬᠤ ᠶᠢ ᠨᠢ ᠰᠣᠨᠣᠰᠤᠭᠠᠳ ᠭᠠᠶᠢᠬᠠᠨ ᠪᠢᠰᠢᠷᠡᠵᠡᠭᠡᠨᠡ᠃ ᠰᠡᠭᠦᠯᠡᠷ ᠨᠢ | ᠣᠷᠣᠢ ᠳᠠᠭᠠᠨ ᠤᠯᠠᠨ ᠤ ᠬᠤᠷᠠᠯ ᠰᠤᠷᠤᠯᠴᠠᠯᠭ᠎ᠠ ᠪᠣᠯᠪᠠᠯ ᠴᠥᠮ ︽ᠦᠬᠡᠷ ᠤᠨ ᠠᠪᠤ︾ ᠶᠢᠨ ᠳᠤ ᠴᠤᠭᠯᠠᠷᠠᠳᠠᠭ | ᠪᠣᠯᠬᠤᠷ ᠲᠠᠲᠠ ᠬᠤᠶᠠᠷ ᠨᠡᠷ᠎ᠡ ᠦᠭᠡᠢ ᠲᠤᠰᠬᠠᠢ ᠣᠷᠴᠢᠭᠤᠯᠤᠭᠴᠢ ᠪᠣᠯᠵᠤ᠂ ᠡᠶᠢᠮᠦ ᠲᠡᠶᠢᠮᠦ ᠭᠡᠵᠦ ᠲᠠᠶᠢᠯᠪᠤᠷᠢᠯᠠᠵᠤ | ᠥᠭᠭᠦᠨ᠎ᠡ᠃ ︽ᠤᠩᠭᠤ ᠡᠵᠢ︾ ᠬᠤᠷᠤᠳ ᠲᠠᠢ ᠴᠠᠢ ᠪᠠᠷ ᠢᠶᠠᠨ ᠤᠯᠠᠨ ᠢ ᠳᠠᠶᠢᠯᠠᠵᠤ᠂ ᠬᠥᠯᠥᠰᠦ ᠪᠠᠨ ᠵᠦᠯᠭᠦᠨ | ᠭᠠᠯ ᠲᠣᠭᠤᠭᠠᠨ ᠳᠠᠭᠠᠨ ᠶᠠᠭᠠᠷᠠᠨ᠎ᠠ᠃ | ᠠᠶᠢᠯ ᠪᠣᠯᠭᠠᠨ ᠤ ᠭᠡᠷ ᠳᠣᠲᠣᠷ᠎ᠠ ᠨᠣᠭᠤᠭᠠᠨ ᠤ ᠵᠣᠭᠤᠷᠢ ᠰᠢᠭ᠋ ᠳᠥᠷᠪᠡᠯᠵᠢᠨ ᠠᠮᠠᠰᠠᠷ ᠲᠠᠢ ᠨᠦᠬᠡ | ᠮᠠᠯᠲᠠᠵᠤ᠂ ᠭᠡᠷ ᠪᠣᠯᠭᠠᠨ ᠢ ᠬᠤᠭᠤᠷᠣᠨᠳᠤ ᠨᠢ ᠨᠦᠬᠡᠨ ᠵᠠᠮ ᠢᠶᠠᠷ ᠬᠤᠯᠪᠣᠵᠤ᠂ ᠨᠢᠭᠡ ᠡᠪᠦᠯ ᠭᠠᠷ ᠢᠶᠠᠨ | ᠤᠰᠤᠳᠠᠳᠠᠯᠠ ᠬᠠᠲᠠᠭᠤᠵᠢᠯᠲᠠᠢ ᠠᠵᠢᠯᠯᠠᠵᠠᠭᠠᠪᠠ᠃ ᠭᠠᠷᠭᠠᠭᠰᠠᠨ ᠰᠢᠷᠣᠢ ᠨᠢ ᠭᠡᠷ ᠤᠨ ᠡᠭᠦᠳᠡᠨ ᠳᠤ ᠠᠭᠤᠯᠠ | ᠳᠣᠪᠣᠷᠴᠠᠭ ᠰᠢᠭ᠋ ᠣᠪᠣᠶᠢᠵᠤ᠂ ᠬᠡᠦᠬᠡᠳ ᠮᠠᠨᠤᠰ ᠤᠨ ᠨᠠᠭᠠᠳᠤᠮ ᠤᠨ ᠲᠠᠯᠠᠪᠤᠷ ᠪᠣᠯᠵᠤ ᠪᠠᠶᠢᠯ᠎ᠠ᠃ | ᠰᠦᠷ ᠳᠠᠯᠠᠶᠢᠴᠠᠲᠠᠢ ᠡᠬᠢᠯᠡᠭᠰᠡᠨ ᠡᠨᠡᠬᠦ ᠬᠥᠳᠡᠯᠭᠡᠭᠡᠨ ᠬᠠᠪᠤᠷ ᠨᠢ ᠪᠣᠯᠬᠤ ᠳᠤ ᠳᠠᠶᠢᠨ ᠪᠠᠶᠢᠯᠳᠤᠭᠠᠨ | ᠵᠣᠭᠰᠣᠭᠰᠠᠨ ᠶᠤᠮ ᠰᠢᠭ᠋ ᠨᠠᠮ ᠵᠢᠮ ᠪᠣᠯᠵᠤ᠂ ᠠᠶᠢᠯ ᠪᠣᠯᠭᠠᠨ ᠵᠦᠭ ᠵᠦᠭ ᠲᠡᠭᠡᠨ ᠲᠥᠯ ᠲᠣᠰᠬᠤ ᠪᠠᠷ ᠶᠠᠭᠠᠷᠠᠨ | ᠨᠡᠭᠦᠵᠡᠭᠡᠯ᠎ᠡ᠃ | ᠭᠤᠷᠪᠠᠨ ᠰᠠᠷ᠎ᠠ ᠶᠢᠨ ᠨᠢᠭᠡᠨ ᠳᠤ ᠰᠤᠷᠭᠠᠭᠤᠯᠢ ᠴᠤᠭᠯᠠᠨ᠎ᠠ ᠭᠡᠰᠡᠨ ᠮᠡᠳᠡᠭᠳᠡᠯ ᠢᠷᠠᠯ᠎ᠠ᠃ ᠠᠪᠤ ᠨᠠᠮᠠᠶᠢ | ᠰᠤᠷᠭᠠᠭᠤᠯᠢ ᠳᠤ ᠰᠠᠭᠤᠯᠭᠠᠬᠤ ᠪᠠᠷ ᠨᠡᠷ᠎ᠡ ᠮᠡᠳᠡᠭᠦᠯᠪᠡ᠃ ︽ᠮᠠᠤ ᠵᠦᠰᠢ ᠲᠦᠮᠡᠨ ᠨᠠᠰᠤᠯᠠᠲᠤᠭᠠᠢ︕︾ ᠭᠡᠰᠡᠨ | ᠦᠭᠡ ᠶᠢ ᠬᠢᠲᠠᠳ ᠢᠶᠠᠷ ᠪᠢᠴᠢᠵᠦ᠂ ᠬᠡᠯᠡᠵᠦ ᠴᠢᠳᠠᠬᠤ ᠪᠤᠯᠤᠬᠰᠠᠨ ᠳᠠᠭᠠᠨ ᠪᠢ ᠳᠤᠩ ᠣᠮᠣᠭᠰᠢᠵᠤ᠂ ᠬᠤᠶᠠᠳᠤᠭᠠᠷ | ᠠᠬ᠎ᠠ ᠪᠠᠨ ᠲᠠᠭᠠᠵᠤ ᠰᠤᠷᠭᠠᠭᠤᠯᠢ ᠳᠤ ᠶᠠᠪᠤᠯ᠎ᠠ᠃ | ᠭᠦᠩᠱᠧ ᠶᠢᠨ ᠰᠤᠷᠭᠠᠭᠤᠯᠢ ᠨᠢ ᠲᠡᠷᠡ ᠦᠶ᠎ᠡ ᠳᠤ ᠬᠤᠶᠠᠷ ᠮᠥᠷ ᠰᠢᠪᠠᠷ ᠪᠠᠶᠢᠰᠢᠩ᠂ ᠠᠷᠪᠠᠭᠠᠳ | ᠲᠠᠰᠤᠯᠭ᠎ᠠ ᠭᠡᠷ ᠲᠠᠢ᠂ ᠡᠷᠡᠭᠲᠡᠢ ᠡᠮᠡᠭᠲᠡᠢ ᠬᠤᠶᠠᠷᠬᠠᠨ ᠪᠠᠭᠰᠢ ᠲᠠᠢ᠂ ᠭᠤᠴᠢᠨ ᠬᠡᠳᠦᠨ ᠰᠤᠷᠤᠭᠴᠢ ᠲᠠᠢ ᠪᠠᠶᠢᠯ᠎ᠠ᠃ | ᠠᠩᠬ᠎ᠠ ᠬᠢᠴᠢᠶᠡᠯ ᠡᠬᠢᠯᠡᠬᠦ ᠳᠤ ᠳᠤᠮᠳᠠ ᠶᠢᠨ ᠪᠡᠶ᠎ᠡ ᠲᠠᠢ᠂ ᠴᠡᠪᠡᠷ ᠲᠡᠭᠰᠢ ᠬᠤᠪᠴᠠᠰᠤ ᠲᠠᠢ᠂ ᠶᠠᠭ ᠮᠢᠨᠤ ︽ | ᠵᠧ ᠵᠧ︾ ᠰᠢᠭ ᠲᠠᠭᠠᠷᠢᠮᠠᠯ ᠬᠡᠵᠢᠭᠡ ᠲᠠᠢ ᠨᠢᠭᠡ ᠡᠮᠡᠭᠲᠡᠢ ᠪᠠᠭᠰᠢ ᠣᠷᠣᠵᠤ ᠢᠷᠡᠭᠡᠳ᠂ ᠮᠠᠨ ᠤ ᠰᠤᠷᠤᠭᠴᠢ | ᠪᠥᠬᠦᠨ ᠳᠤ ᠨᠢᠭᠡ ᠨᠢᠭᠡ ᠰᠢᠨ᠎ᠡ ᠨᠣᠮ ᠲᠠᠷᠬᠠᠭᠠᠵᠤ ᠥᠭᠪᠡ᠃ ᠬᠠᠪᠲᠠᠰᠤ ᠶᠢ ᠨᠢ ᠰᠡᠬᠦᠬᠦ ᠳᠤ ᠲᠢᠶᠠᠨ ᠠᠨ ᠮᠧᠨ | ᠠᠰᠠᠷ ᠠᠴᠠ ᠭᠡᠷᠡᠯ ᠰᠠᠴᠤᠷᠠᠵᠤ ᠪᠠᠶᠢᠭ᠎ᠠ ᠭᠤᠶᠤ ᠰᠠᠶᠢᠬᠠᠨ ᠵᠢᠷᠤᠭ ᠲᠠᠢ ᠪᠠᠶᠢᠵᠤ᠂ ᠲᠣᠰᠣᠨ ᠪᠠᠷ ᠤᠨ ᠦᠨᠦᠷ ᠨᠢ | ᠮᠠᠰᠢ ᠰᠤᠳᠤᠬᠠᠨ ᠬᠠᠩᠬᠤᠯᠵᠤ ᠪᠠᠶᠢᠯ᠎ᠠ᠃ | ᠪᠠᠭᠰᠢ ᠰᠠᠮᠪᠠᠷ᠎ᠠ ᠳᠡᠭᠡᠷ᠎ᠡ ᠣ ᠶᠢᠨ ᠪᠢᠷ ᠢᠶᠠᠷ ᠲᠣᠳᠣ ᠲᠣᠮᠣᠷᠠᠭᠤᠨ ᠬᠡᠳᠦᠨ ᠦᠰᠦᠭ ᠪᠢᠴᠢᠴᠢᠬᠡᠭᠡᠳ ᠨᠢᠭᠡ | ᠨᠠᠷᠢᠬᠠᠨ ᠮᠣᠳᠣ ᠪᠠᠷ ᠲᠡᠭᠦᠨ ᠢᠶᠠᠨ ᠨᠢᠭᠡ ᠨᠢᠭᠡ ᠦᠰᠦᠭ ᠢᠶᠠᠷ ᠵᠢᠭᠠᠵᠤ ︽ᠮᠠᠤ ᠵᠦᠰᠢ ᠲᠦᠮᠡᠨ ᠨᠠᠰᠤᠯᠠᠲᠤᠭᠠᠢ︕ | ᠲᠦᠮᠡᠨ ᠨᠠᠰᠤᠯᠠᠲᠤᠭᠠᠢ︕ ᠲᠦᠮᠡᠨ ᠲᠦᠮᠡᠨ ᠨᠠᠰᠤᠯᠠᠲᠤᠭᠠᠢ︕︾ ᠭᠡᠵᠦ ᠮᠠᠨᠤᠰ ᠢ ᠬᠡᠲᠦ ᠤᠳᠠᠭ᠎ᠠ ᠳᠠᠭᠠᠭᠤᠯᠤᠨ | ᠤᠩᠰᠢᠯ᠎ᠠ᠃ ᠪᠢ ᠲᠡᠰᠬᠦ ᠠᠯᠳᠠᠷᠠᠵᠤ ᠪᠠᠶᠢᠭᠰᠠᠨ ᠢᠶᠠᠨ ᠪᠡᠶ᠎ᠡ ᠪᠠᠨ ᠪᠠᠷᠢᠵᠤ ᠳᠡᠶᠢᠯᠬᠦ ᠦᠭᠡᠢ ᠭᠠᠷ ᠢᠶᠠᠨ ᠳᠡᠭᠡᠷ᠎ᠡ | ᠡᠷᠭᠦᠵᠦ ︽ᠪᠠᠭᠰᠢ ᠠ᠋᠂ ᠪᠢ ᠬᠢᠲᠠᠳ ᠢᠶᠠᠷ ᠮᠠᠤ ᠵᠦᠰᠢ ᠲᠦᠮᠡᠨ ᠨᠠᠰᠤᠯᠠᠲᠤᠭᠠᠢ︕ ᠭᠡᠵᠦ ᠪᠢᠴᠢᠵᠦ ᠴᠢᠳᠠᠨ᠎ᠠ᠂ | ᠪᠠᠰᠠ ᠬᠡᠯᠡᠵᠦ ᠴᠢᠳᠠᠨ᠎ᠠ︾ ᠭᠡᠪᠡ᠃ ᠤᠯᠠᠨ ᠢᠶᠠᠷ ᠢᠶᠠᠨ ᠪᠦᠷ ᠨᠠᠳᠠ ᠵᠦᠭ ᠭᠠᠶᠢᠬᠠᠨ ᠬᠠᠷᠠᠵᠠᠭᠠᠯ᠎ᠠ᠃ ᠪᠠᠭᠰᠢ ︽ | ᠬᠥᠶ᠋ᠢ᠂ ᠲᠡᠶᠢᠮᠦ ᠦᠦ ᠳ᠋ᠠ᠂ ᠬᠡᠨ ᠴᠢᠮ᠎ᠠ ᠳᠤ ᠵᠢᠭᠠᠵᠤ ᠥᠭᠭᠦᠭᠰᠡᠨ ᠶᠤᠮ︖︾ ᠭᠡᠪᠡ᠃ ᠪᠢ ︽ᠵᠧ ᠵᠧ ᠨᠠᠳᠠᠳᠤ | ᠵᠢᠭᠠᠵᠤ ᠥᠭᠴᠡᠢ︾ ᠭᠡᠪᠡ᠃ ᠪᠠᠭᠰᠢ ︽ᠳᠡᠭᠡᠪᠡᠯ ᠴᠢ ᠬᠢᠲᠠᠳ ᠢᠶᠠᠷ ᠨᠢᠭᠡ ᠤᠩᠰᠢ ᠳ᠋ᠠ᠂ ᠪᠢᠳᠡ ᠰᠣᠨᠣᠰᠤᠶ᠎ᠠ︾ | ᠭᠡᠯᠡ᠃ ᠮᠢᠨᠤ ᠴᠢᠷᠠᠢ ᠭᠠᠯ ᠤᠯᠠᠶᠢᠵᠤ᠂ ᠳᠣᠣᠷ᠎ᠠ ᠲᠠᠭᠤ ᠪᠠᠷ ︽ᠮᠠᠤ ᠵᠦᠰᠢ ᠸᠠᠨ ᠰᠦᠢ︕︾ ᠭᠡᠵᠦ ᠤᠩᠰᠢᠪᠠ᠃ | ᠤᠯᠠᠨ ᠢᠶᠠᠷ ᠢᠶᠠᠨ ᠠᠯᠠᠭ᠎ᠠ ᠲᠠᠰᠢᠨ᠎ᠠ᠃ ᠪᠠᠭᠰᠢ ᠨᠠᠮᠠᠶᠢ ︽ᠰᠠᠶᠢᠨ᠂ ᠰᠠᠶᠢᠨ᠃ ᠰᠠᠶᠢᠬᠠᠨ ᠤᠩᠰᠢᠵᠤ ᠪᠠᠶᠢᠨ᠎ᠠ᠂ | ᠰᠠᠭᠤ︾ ᠭᠡᠪᠡ᠃ | ᠬᠢᠴᠢᠶᠡᠯ ᠪᠠᠭᠤᠭᠰᠠᠨ ᠤ ᠰᠡᠭᠦᠯᠡᠷ ᠮᠠᠨ ᠤ ᠬᠠᠮᠲᠤ ᠰᠤᠷᠤᠭᠴᠢᠳ ᠣᠯᠠᠩᠬᠢ ᠨᠢ ᠨᠠᠮᠠᠶᠢ ᠲᠠᠭᠠᠨ | ᠰᠠᠶᠢᠮᠰᠤᠷᠬᠠᠵᠤ᠂ ᠵᠠᠷᠢᠮ ᠨᠢ ᠪᠠᠰᠠ ᠠᠮᠠᠨ ᠳᠠᠭᠠᠨ ︽ᠮᠠᠤ ᠵᠦᠰᠢ ᠸᠠᠨ ᠰᠦᠢ︕︾ ᠭᠡᠵᠦ ᠤᠩᠰᠢᠵᠤ ᠪᠠᠶᠢᠯ᠎ᠠ᠃ | | ᠢᠩᠭᠢᠭᠡᠳ ᠪᠢ ᠳᠡᠮᠡᠢ ᠤᠳᠠᠯ ᠦᠭᠡᠢ ᠠᠩᠭᠢ ᠶᠢᠨ ᠢᠶᠠᠨ ︽ᠰᠤᠷᠤᠯᠭ᠎ᠠ ᠶᠢᠨ ᠳᠠᠷᠤᠭ᠎ᠠ︾ ᠪᠣᠯᠵᠤ᠂ ᠵᠡᠷᠭᠡ | ᠳᠠᠪᠰᠢᠬᠰᠠᠨ ᠶᠤᠮ᠃ | ᠵᠣᠨ ᠤ ᠰᠤᠷᠤᠯᠭ᠎ᠠ ᠶᠢᠨ ᠬᠤᠭᠤᠴᠠᠭᠠᠨ ᠤ ᠲᠠᠷᠬᠠᠯᠲᠠ ᠪᠠᠷ ᠬᠤᠶᠠᠳᠤᠭᠠᠷ ᠠᠬ᠎ᠠ ᠪᠢᠳᠡ ᠬᠤᠶᠠᠭᠤᠯᠠ | ᠬᠤᠨᠢᠨ ᠳᠤ ᠤᠨᠤᠳᠠᠭ ᠬᠤᠸᠠ ᠰᠠᠭᠠᠷᠠᠯ ᠮᠣᠷᠢᠨ ᠳᠠᠭᠠᠨ ᠰᠤᠨᠳᠠᠯᠠᠭᠠᠳ ᠭᠡᠷ ᠲᠡᠭᠡᠨ ᠬᠠᠷᠢᠬᠤ ᠵᠠᠮ ᠵᠠᠭᠤᠷ᠎ᠠ | ᠣᠪᠣᠭᠠᠨ ᠠᠷᠤ ᠶᠢᠨ ᠡᠪᠦᠯᠵᠢᠶ᠎ᠡ ᠪᠠᠷ ᠢᠶᠠᠨ ᠳᠠᠮᠵᠢᠵᠤ ᠭᠠᠷᠤᠯ᠎ᠠ᠃ ︽ᠦᠬᠡᠷ ᠤᠨ ᠠᠪᠤ︾ ᠪᠤᠷᠬᠠᠨ ᠪᠣᠯᠴᠢᠬᠠᠭᠠᠳ | ︽ᠤᠩᠭᠤ ᠡᠵᠢ︾ ᠳᠦᠷᠦᠯ ᠰᠠᠳᠤᠨ ᠢᠶᠠᠨ ᠲᠦᠰᠢᠭᠡᠳ ᠥᠭᠡᠷ᠎ᠡ ᠨᠤᠲᠤᠭ ᠲᠤ ᠨᠡᠭᠦᠭᠡᠳ ᠶᠠᠪᠤᠴᠢᠬᠠᠭᠰᠠᠨ ᠪᠠᠶᠢᠵᠠᠢ | ᠃ ᠠᠶᠢᠯ ᠪᠣᠯᠭᠠᠨ ᠤ ᠡᠭᠦᠳᠡ ᠴᠣᠩᠬᠤ ᠶᠢ ᠨᠢ ᠢᠰᠡᠭᠡᠢ ᠪᠠᠷ ᠬᠠᠰᠢ ᠶᠠᠰᠢ ᠳᠠᠷᠤᠭᠰᠠᠨ ᠬᠠᠷᠠᠭᠳᠠᠵᠤ᠂ ᠬᠠᠷᠢᠶᠠᠴᠠᠢ | ᠪᠣᠯᠵᠣᠮᠣᠷ ᠣᠷᠣᠨ ᠭᠠᠷᠤᠨ ᠨᠢᠰᠦᠨ᠎ᠡ᠃ ᠮᠢᠨᠤ ᠨᠢᠳᠦᠨ ᠳᠤ ᠥᠪᠡᠷ ᠤᠨ ᠡᠷᠬᠡ ᠦᠭᠡᠢ ᠵᠠᠶᠢᠷ ᠭᠦᠶᠦᠵᠦ᠂ | ᠴᠢᠨᠡᠭᠡ ᠪᠠᠷ ᠢᠶᠠᠨ ᠬᠠᠰᠬᠢᠷᠤᠶᠠ᠂ ᠬᠠᠮᠢᠭᠠᠰᠢ ᠪᠠᠨ ᠪᠣᠯ ᠲᠡᠶᠢᠰᠢ ᠪᠠᠨ ᠬᠠᠷ᠎ᠠ ᠢᠳᠡ ᠪᠠᠷ ᠢᠶᠠᠨ ᠭᠦᠶᠦᠴᠢᠬᠡᠶᠡ ᠭᠡᠰᠡᠨ | ᠪᠤᠳᠤᠯ ᠣᠷᠣᠪᠠ᠃ ᠬᠥᠷ ᠬᠥᠭᠵᠢᠶᠡᠨ ᠢᠶᠠᠷ ᠪᠢᠯᠬᠠᠵᠤ ᠪᠠᠶᠢᠭᠰᠠᠨ ᠣᠪᠣᠭᠠᠨ ᠠᠷᠤ ᠶᠢᠨ ᠡᠪᠦᠯᠵᠢᠶ᠎ᠡ ᠨᠢᠭᠡ ᠯᠠ | ᠳᠣᠣᠷ᠎ᠠ ᠨᠠᠮ ᠵᠢᠮ ᠪᠣᠯᠴᠢᠬᠠᠭᠰᠠᠨ ᠮᠥᠷᠲᠡᠭᠡᠨ ᠤᠩᠭᠤ ᠡᠵᠢ᠂ ︽ᠦᠬᠡᠷ ᠤᠨ ᠠᠪᠤ︾ ᠶᠢᠨ ᠳᠦᠷᠢ ᠲᠥᠷᠬᠦ | ᠨᠢᠳᠦᠨ ᠳᠤ ᠲᠣᠳᠣᠷᠠᠵᠤ᠂ ᠲᠠᠭᠤ ᠨᠢ ᠰᠣᠨᠣᠰᠳᠠᠵᠤ ᠪᠠᠶᠢᠬᠤ ᠰᠢᠤᠬᠠᠨ ᠰᠠᠨᠠᠭᠳᠠᠨ᠎ᠠ᠃ ︽ᠦᠬᠡᠷ ᠤᠨ ᠠᠪᠤ︾ | ᠶᠢᠨ ᠵᠢᠭᠠᠬᠠᠨ ᠪᠠᠶᠢᠰᠢᠩ ᠳᠤ ᠬᠤᠴᠠ ᠬᠠᠷᠢᠭᠤᠯᠳᠠᠭ ᠰᠡᠷᠡᠩ ᠠᠮᠠ ᠣᠷᠣᠭᠠᠳ ᠰᠠᠭᠤᠴᠢᠬᠠᠭᠰᠠᠨ ᠭᠡᠷ ᠤᠨ ᠢᠶᠠᠨ | ᠡᠭᠦᠳᠡᠨ ᠳᠤ ᠮᠠᠨ ᠢ ᠰᠠᠷᠠᠪᠴᠢᠯᠠᠨ ᠵᠣᠭᠰᠣᠵᠤ ᠪᠠᠶᠢᠯ᠎ᠠ᠃ ᠭᠠᠭᠴᠠ ᠡᠪᠦᠭᠡᠨ ᠮᠠᠮᠠ ᠯᠠ ᠶᠠᠭᠤ ᠴᠦ ᠪᠣᠯᠤᠭ᠎ᠠ ᠦᠭᠡᠢ | ᠶᠤᠮ ᠰᠢᠭ ᠲᠥᠪᠡᠳ ᠨᠣᠮ ᠢᠶᠠᠨ ᠠᠶᠠᠯᠠᠭᠤᠯᠤᠨ ᠤᠩᠰᠢᠴᠢᠬᠠᠭᠰᠠᠨ᠂ ᠨᠣᠭᠤᠭ᠎ᠠ ᠶᠢᠨ ᠬᠠᠰᠢᠶᠠᠨ ᠳᠣᠲᠣᠷ᠎ᠠ ᠪᠠᠨ | ᠣᠶᠢᠰᠢᠶᠠᠮᠵᠢ ᠦᠭᠡᠶᠢᠬᠡᠨ ᠵᠣᠭᠰᠣᠵᠤ ᠪᠠᠶᠢᠪᠠ᠃ ᠡᠨᠡ ᠬᠤᠶᠠᠷ ᠪᠤᠭᠤᠷᠤᠯ ᠡᠪᠦᠭᠡᠨ ᠠᠴᠠ ᠥᠭᠡᠷ᠎ᠡ ᠡ᠊ᠨᠳᠡ ᠬᠥᠮᠥᠨ | ᠠᠮᠢᠳᠠᠨ ᠤ ᠪᠠᠷ᠎ᠠ ᠦᠭᠡᠢ ᠳᠦᠯᠡᠢ ᠲᠥᠮᠪᠥᠭᠡᠷ᠂ ᠠᠯᠠᠭ ᠮᠤᠤᠷ ᠨᠢ ᠴᠦ ᠦᠵᠡᠭᠳᠡᠬᠦ ᠦᠭᠡᠢ᠃ ᠰᠢᠭᠡᠭ | ᠪᠠᠭᠠᠰᠤᠨ ᠳᠠᠭᠠᠨ ᠰᠢᠷᠠᠯᠠᠵᠤ ᠬᠠᠯᠲᠠᠷᠰᠢᠭᠰᠠᠨ ᠤᠭᠠᠯᠵᠠᠨ ᠡᠪᠡᠷᠲᠡᠢ ᠬᠡᠳᠦᠨ ᠲᠣᠮᠣ ᠬᠤᠴᠠ ᠵᠡᠭᠦᠨ ᠳᠣᠪᠣᠴᠠᠭ ᠤᠨ | ᠣᠷᠣᠢ ᠳᠡᠭᠡᠷ᠎ᠡ ᠨᠣᠶᠢᠷᠮᠣᠭᠯᠠᠨ ᠬᠡᠪᠲᠡᠵᠡᠭᠡᠨ᠎ᠡ᠃ | ᠡᠵᠡᠨ ᠢᠶᠠᠨ ᠦᠭᠡᠶᠢᠯᠡᠵᠦ᠂ ᠥᠨᠥᠴᠢᠷᠡᠯ ᠭᠠᠩᠰᠠᠷᠠᠯ ᠳᠤ ᠤᠨᠠᠴᠢᠬᠠᠭᠰᠠᠨ ᠡᠪᠦᠯᠵᠢᠶ᠎ᠡ ᠰᠠᠭᠤᠷᠢᠨ | ᠭᠤᠨᠢᠭ ᠲᠠᠢ ᠮᠥᠷᠲᠡᠭᠡᠨ ᠤᠶᠢᠳᠬᠠᠷ ᠲᠠᠢ ᠰᠠᠨᠠᠭᠳᠠᠬᠤ ᠳᠤ ᠬᠤᠶᠠᠳᠤᠭᠠᠷ ᠠᠬ᠎ᠠ ᠪᠢᠳᠡ ᠬᠤᠶᠠᠷ ᠥᠪᠡᠷ ᠤᠨ ᠮᠠᠭᠤ | ᠪᠠᠶᠢᠰᠢᠩ ᠳᠠᠭᠠᠨ ᠴᠦ ᠣᠷᠣᠯ ᠦᠭᠡᠢ ᠬᠤᠸᠠ ᠰᠠᠭᠠᠷᠠᠯ ᠮᠣᠷᠢᠨ ᠤ ᠪᠠᠨ ᠲᠠᠷᠭᠤᠨ ᠲᠠᠰᠢᠶᠠᠨ ᠳᠤ ︽ᠫᠡᠰ︾ ᠭᠡᠲᠡᠯ᠎ᠡ | ᠲᠠᠰᠢᠭᠤᠷ ᠲᠠᠯᠪᠢᠪᠠ᠃ | ᠡᠪᠦᠭᠡᠨ ᠮᠠᠮᠠ ᠶᠢᠨ ᠤᠯᠠᠭᠠᠨ ᠯᠤᠤᠪᠠᠩ ᠤᠨ ᠠᠮᠲᠠ ᠳᠠᠬᠢᠵᠤ ᠠᠮᠲᠠᠭᠳᠠᠬᠤ ᠪᠠᠨ ᠪᠣᠯᠢᠵᠤ᠂ ᠠᠮᠠ ᠭᠠᠰᠢᠭᠤ | ᠣᠷᠬᠢᠬᠤ ᠳᠤ ︽ᠤᠩᠭᠤ ᠡᠵᠢ︾ ᠶᠢᠨ ᠮᠢᠨᠢ ᠬᠤᠷᠤᠳ ᠲᠠᠢ ᠴᠠᠢ ᠦᠨᠦᠷᠳᠡᠭᠦ ᠰᠢᠤᠬᠠᠨ ᠪᠣᠯᠪᠠ ᠁ | ᠣᠨ ᠵᠢᠯ ᠤᠷᠤᠰᠤᠨ ᠥᠩᠭᠡᠷᠡᠭᠰᠡᠭᠡᠷ᠂ ᠤᠨᠠᠭᠠᠨ ᠪᠠᠭ᠎ᠠ ᠶᠢᠨ ᠤᠯᠠᠨ ᠳᠤᠷᠠᠳᠬᠠᠯ ᠭᠦᠪᠦᠷᠡᠭᠰᠡᠭᠡᠷ᠂ ᠨᠢᠭᠡ | ᠮᠡᠳᠡᠬᠦ ᠳᠤ ᠨᠠᠶᠠᠭᠠᠳ ᠣᠨ ᠡᠬᠢᠯᠡᠯ᠎ᠡ᠃ ᠨᠠᠮ ᠵᠠᠰᠠᠭ ᠤᠨ ᠰᠢᠨ᠎ᠡ ᠰᠠᠶᠢᠬᠠᠨ ᠲᠥᠷᠥ ᠶᠢᠨ ᠪᠣᠳᠣᠯᠭ᠎ᠠ | ᠨᠠᠶᠢᠳᠠᠪᠤᠷᠢᠵᠢᠭᠤᠯᠤᠭᠳᠠᠵᠤ᠂ ᠮᠠᠯ ᠰᠦᠷᠦᠭ ᠢ ᠡᠷᠦᠭᠡ ᠳᠤ ᠳᠠᠭᠠᠭᠠᠴᠢᠯᠠᠭᠤᠯᠵᠤ᠂ ᠨᠤᠲᠤᠭ ᠪᠡᠯᠴᠢᠭᠡᠷ ᠢ | ᠬᠤᠪᠢᠶᠠᠵᠤ ᠡᠬᠢᠯᠡᠯ᠎ᠡ᠃ | ᠪᠠᠶᠠᠷᠯᠠᠭᠰᠠᠨ ᠮᠠᠯᠴᠢᠳ ᠤᠨ ᠪᠠᠶᠠᠷ ᠤᠨ ᠮᠠᠩᠨᠠᠢ ᠲᠡᠨᠢᠢᠵᠦ᠂ ᠪᠠᠶᠠᠨᠬᠤᠰᠢᠭᠤ ᠣᠪᠣᠭ᠎ᠠ ᠪᠠᠨ ᠰᠡᠷᠭᠦᠭᠡᠨ | ᠳᠠᠭᠢᠭᠠᠳ᠂ ᠣᠶᠤᠨ ᠰᠠᠨᠠᠭᠠᠨ ᠤ ᠬᠦᠨᠳᠦ ᠳᠠᠷᠤᠭᠠᠰᠤᠨ ᠠᠴᠠ ᠪᠦᠷᠢᠮᠦᠰᠦᠨ ᠠᠩᠭᠢᠵᠢᠷᠠᠵᠤ᠂ ᠨᠠᠶᠢᠷ ᠨᠠᠭᠠᠳᠤᠮ ᠢᠶᠠᠨ | ᠡᠷᠭᠢᠯᠡᠭᠡᠳ ᠬᠤᠪᠢ ᠬᠤᠪᠢᠨ ᠳᠠᠭᠠᠨ ᠶᠠᠭᠠᠷᠠᠯᠳᠤᠨ᠎ᠠ᠃ ᠪᠢ ᠬᠡᠦᠬᠡᠳ ᠪᠠᠶᠢᠭᠰᠠᠨ ᠠᠴᠠ ᠪᠠᠨ ᠠᠶᠢᠯ ᠡᠷᠦᠭᠡ ᠶᠢᠨ | ᠡᠵᠡᠨ ᠪᠣᠯᠵᠤ᠂ ᠥᠭᠡᠷ᠎ᠡ ᠭᠠᠵᠠᠷ ᠪᠡᠯᠴᠢᠭᠡᠷ ᠨᠤᠲᠤᠭ ᠬᠤᠪᠢᠳᠠᠵᠤ ᠣᠯᠣᠭᠠᠳ ᠢᠳᠡᠭᠡᠰᠢᠵᠦ ᠳᠠᠰᠤᠭᠰᠠᠨ ᠣᠪᠣᠭᠠᠨ | ᠠᠷᠤ ᠶᠢᠨ ᠡᠪᠦᠯᠵᠢᠶᠡᠨ ᠠᠴᠠ ᠪᠠᠨ ᠨᠡᠭᠦᠵᠦ ᠶᠠᠪᠤᠬᠤ ᠪᠠᠷ ᠪᠣᠯᠣᠯ᠎ᠠ᠃ ᠬᠤᠪᠢᠳᠠᠵᠤ ᠣᠯᠣᠭᠰᠠᠨ ᠨᠤᠲᠤᠭ ᠪᠡᠯᠴᠢᠭᠡᠷ | ᠮᠢᠨᠢ ᠡ᠊ᠨᠳᠡ ᠠᠴᠠ ᠲᠡᠶᠢᠮᠦ ᠴᠦ ᠬᠤᠯᠠ ᠪᠢᠰᠢ ᠪᠠᠶᠢᠲᠠᠯ᠎ᠠ ᠪᠠᠨ ᠮᠢᠨᠤ ᠳᠣᠲᠣᠷ᠎ᠠ ᠶᠠᠭ ᠯᠠ ᠠᠯᠤᠰ ᠬᠤᠯᠠ ᠬᠠᠷᠢ | ᠭᠦᠷᠦᠨ ᠳᠤ ᠨᠡᠭᠦᠭᠡᠳ ᠶᠠᠪᠤᠴᠢᠬᠠᠬᠤ ᠶᠤᠮ ᠰᠢᠭ᠋ ᠭᠠᠩᠰᠠᠷᠠᠯᠳᠠᠢ ᠰᠠᠨᠠᠭᠳᠠᠵᠤ᠂ ᠬᠡᠯᠡᠵᠦ ᠭᠠᠷᠤᠰᠢ ᠦᠭᠡᠢ ᠶᠠᠮᠠᠷ | ᠨᠢᠭᠡᠨ ᠶᠠᠭᠤᠮ᠎ᠠ ᠬᠤᠷᠮᠣᠢ ᠠᠴᠠ ᠴᠢᠩᠭᠠᠭᠠᠵᠤ ᠪᠠᠶᠢᠬᠤ ᠰᠢᠭ᠋ ᠰᠣᠨᠢᠬᠠᠨ ᠪᠠᠶᠢᠯ᠎ᠠ᠃ | ᠤᠨᠠᠭᠠᠨ ᠨᠠᠰᠤ ᠶᠢ ᠮᠢᠨᠢ ᠪᠦᠪᠡᠶᠢᠯᠡᠭᠰᠡᠨ ᠣᠪᠣᠭᠠᠨ ᠠᠷᠤ ᠶᠢᠨ ᠡᠪᠦᠯᠵᠢᠶ᠎ᠡ ᠮᠢᠨᠢ᠂ ᠥᠰᠬᠦ ᠠᠴᠠ ᠥᠨᠥ | ᠪᠤᠯᠲᠠᠯ᠎ᠠ ᠰᠡᠳᠬᠢᠯ ᠵᠢᠷᠦᠬᠡᠨ ᠳᠡᠭᠡᠨ ᠰᠦᠰᠦᠭᠯᠡᠵᠦ ᠵᠠᠯᠪᠠᠷᠢᠵᠤ ᠶᠠᠪᠤᠭᠰᠠᠨ ᠪᠠᠶᠠᠨᠬᠤᠰᠢᠭᠤ ᠣᠪᠣᠭ᠎ᠠ ᠮᠢᠨᠢ᠂ ᠬᠡᠵᠢᠶ᠎ᠡ | ᠡᠭᠦᠷᠢᠳᠡ ᠮᠢᠨᠤ ᠰᠡᠳᠬᠢᠯ ᠳᠤ ᠳᠤᠯᠠᠭᠠᠬᠠᠨ ᠮᠥᠷᠲᠡᠭᠡᠨ ᠳᠤᠷᠠᠳᠬᠠᠯ ᠲᠠᠢ ᠰᠠᠨᠠᠭᠳᠠᠨ᠎ᠠ᠃ | ᠬᠡᠦᠬᠡᠳ ᠨᠠᠰᠤ ᠮᠢᠨᠢ ᠠᠯᠢ ᠬᠡᠳᠦᠶᠢᠨᠡᠢ ᠥᠩᠭᠡᠷᠡᠨ ᠤᠳᠤᠬᠰᠠᠨ ᠴᠦ ᠬᠠᠷᠠᠬᠠᠨ ᠪᠠᠭ᠎ᠠ ᠶᠢᠨ ᠤᠢ | ᠤᠬᠠᠭᠠᠨ ᠳᠤ ᠬᠠᠳᠠᠩᠰᠢᠨ ᠦᠯᠡᠳᠡᠭᠰᠡᠨ ᠬᠥᠭᠡᠷᠦᠬᠦᠨ ᠳᠤᠷᠠᠳᠬᠠᠯ ᠤᠳ ᠬᠠᠷᠠᠵᠠᠨ ᠤ ᠤᠰᠤ ᠰᠢᠭ᠋ ᠰᠢᠷᠭᠢᠰᠢ ᠦᠭᠡᠢ | ᠤᠨᠳᠤᠷᠤᠬᠰᠠᠭᠠᠷ᠁ | | |