﹇ᠳᠥᠷᠪᠡᠨ ᠣᠶᠢᠷᠠᠳ﹈ ᠰᠢᠨᠵᠢᠶᠠᠩ ᠤᠨ ᠥᠢᠷᠡᠳ ᠠᠶᠠᠯᠭᠤᠨ ᠤ ᠥᠪᠡᠷᠮᠢᠴᠡ ᠬᠡᠯᠡᠴᠡ ᠶᠢᠨ ᠲᠣᠪᠴᠢ ᠲᠠᠶᠢᠯᠪᠤᠷᠢ ︵ᠨᠢᠭᠡ︶
ᠨᠡᠶᠢᠲᠡᠯᠡᠭᠰᠡᠨ ᠴᠠᠭ᠄
2023/12/26
            ᠠ᠊       ᠠᠢ ᠪᠠᠢ ᠨᠢ ᠠᠯᠲᠠᠷᠬᠠᠤ᠄ ᠬᠡᠷᠡᠭ ᠤᠴᠢᠷ ᠲᠡᠭᠦᠰᠴᠦ ᠬᠥᠮᠥᠰ ᠲᠠᠷᠬᠠᠨ ᠵᠦᠭ ᠵᠦᠭ ᠲᠡᠭᠡᠨ ᠶᠠᠪᠤᠬᠤ᠃ ᠵᠢᠱᠢᠶ᠎ᠡ᠄ ︽ᠲᠡᠷᠡ ᠴᠠᠭ ᠲᠤ ᠮᠤᠬᠤᠷ ᠮᠣᠵᠢᠭ ᠬᠠᠭᠠᠨ ᠴᠡᠷᠢᠭ ᠢᠶᠠᠨ ᠲᠠᠲᠠᠭᠠᠳ᠂ ᠬᠠᠷᠢ ᠳᠥᠷᠪᠡᠨ ᠣᠶᠢᠷᠠᠳ ᠢ ᠡᠷᠬᠡᠨ ᠳᠡᠭᠡᠨ ᠣᠷᠣᠭᠤᠯᠪᠠ ᠭᠡᠵᠦ ᠪᠠᠶᠠᠷᠯᠠᠭᠠᠳ᠂ ᠨᠤᠲᠤᠭ ᠲᠠᠭᠠᠨ ᠬᠠᠷᠢᠵᠤ ᠨᠠᠶᠢᠷ ᠨᠠᠭᠠᠳᠤᠮ ᠬᠢᠵᠦ ᠴᠡᠷᠢᠭ ᠨᠢ ᠭᠡᠷ ᠭᠡᠷ ᠲᠡᠭᠡᠨ ᠬᠠᠷᠢᠵᠤ ᠠᠢ ᠪᠠᠢ ᠨᠢ ᠠᠯᠳᠠᠷᠠᠭᠰᠠᠨ ᠬᠤᠶᠢᠨ᠎ᠠ ᠁︾ ︵ᠠ᠊ · ᠳᠠᠶᠢᠪᠠᠢ  ᠶᠢᠨ ︽ᠪᠠᠭᠠᠲᠤᠷ ᠬᠤᠩ ᠲᠠᠶᠢᠵᠢ︾᠂ 28 ᠳ᠋ᠤᠭᠠᠷ ᠨᠢᠭᠤᠷ︶᠃       ᠠᠢ ᠪᠠᠢ ᠳᠠᠭᠠᠨ ᠣᠷᠣᠬᠤ᠄ ᠶᠠᠭᠤᠮ᠎ᠠ ᠪᠥᠬᠦᠨ ᠠᠮᠵᠢᠯᠲᠠᠲᠠᠢ ᠳᠠᠭᠤᠰᠴᠤ ᠬᠡᠪ ᠤᠨ ᠶᠣᠰᠣᠨ ᠳᠠᠭᠠᠨ ᠣᠷᠣᠵᠤ ᠲᠥᠪᠬᠢᠨᠡᠬᠦ᠃ ᠵᠢᠱᠢᠶ᠎ᠡ᠄ ︽ᠴᠠᠭᠠᠨ ᠪᠣᠯᠳᠠᠭ ᠪᠣᠯᠵᠤ ᠪᠠᠶᠢᠨ᠎ᠠ ᠭᠡᠳ ᠬᠡᠳᠦᠨ ᠡᠳᠦᠷ ᠬᠢᠭᠡᠳ ᠪᠠᠶᠢᠲᠠᠯ᠎ᠠ ᠣᠳᠣ ᠠᠷᠠᠢ ᠭᠡᠵᠦ ᠠᠢ ᠪᠠᠢ ᠳᠠᠭᠠᠨ ᠣᠷᠣᠪᠠ︾᠃       ᠠᠶᠢᠯ ᠠᠮᠢᠳᠠᠨ ᠪᠣᠯᠬᠤ᠄ ᠬᠤᠷᠢᠮᠯᠠᠬᠤ᠃ ᠵᠢᠱᠢᠶ᠎ᠡ᠄ ︽ᠮᠠᠨ ᠤ ᠬᠥᠪᠡᠭᠦᠨ ᠰᠠᠶᠢᠨᠪᠠᠲᠤ ᠪᠣᠯᠵᠤ ᠪᠠᠶᠢᠨ᠎ᠠ᠂ ᠵᠠᠯᠠᠭᠤ ᠬᠥᠮᠥᠨ ᠠᠶᠢᠯ ᠠᠮᠢᠳᠠᠨ ᠪᠣᠯᠳᠠᠭ ᠨᠢ ᠶᠢᠷᠲᠢᠨᠴᠦ ᠶᠢᠨ ᠬᠠᠤᠯᠢ︾ ︵ᠬᠠ᠊ · ᠬᠥᠮᠦᠵᠢᠯ ᠤᠨ ︽ᠲᠥᠷᠦᠭᠡᠳ ᠦᠭᠡᠢ ᠬᠥᠪᠡᠭᠦᠨ ᠤ ᠨᠡᠷ᠎ᠡ︾᠂ P.87︶᠃       ᠠᠶᠢᠯ ᠠᠮᠢᠳᠠᠨ ᠬᠢᠬᠦ᠄ ᠬᠤᠷᠢᠮ ᠬᠢᠵᠦ ᠥᠭᠬᠦ᠃ ᠵᠢᠱᠢᠶ᠎ᠡ᠄ ︽ᠣᠲᠣ ᠴᠤ ᠬᠤᠩᠭᠤᠷ ᠲᠤ ᠨᠢᠭᠡ᠂ ᠭᠡᠷ ᠮᠠᠯ ᠠᠪᠴᠤ ᠥᠭᠭᠦᠭᠡᠳ᠂ ᠠᠶᠢᠯ ᠠᠮᠢᠳᠠᠨ ᠬᠢᠬᠦ ᠴᠠᠭ ᠪᠣᠯᠪᠠ᠃︾ ︵︽ᠵᠠᠩᠭᠠᠷ ᠤᠨ ᠡᠬᠡ ᠮᠠᠲ᠋ᠧᠷᠢᠶᠠᠯ 4︾᠂ P.193︶᠃       ᠠᠶᠢᠯ ᠠᠮᠢᠳᠠᠨ ᠳᠠᠭᠤᠷᠢᠶᠠᠬᠤ᠄ ᠬᠤᠷᠢᠮᠯᠠᠬᠤ᠃ ᠵᠢᠱᠢᠶ᠎ᠡ᠄ ︽ᠬᠤᠶᠠᠷ ᠬᠥᠪᠡᠭᠦᠳ ᠬᠤᠪᠤᠭ ᠤᠨ ᠰᠠᠶᠢᠷ ᠤᠨ ᠦᠯᠭᠡᠨ ᠳᠤ᠂ ᠠᠶᠢᠯ ᠠᠮᠢᠳᠠᠨ ᠳᠠᠭᠤᠷᠢᠶᠠᠳᠠᠭ ᠪᠣᠯᠪᠠ︾ ︵︽ᠵᠤᠤᠨᠠᠢ ᠶᠢᠨ ᠭᠠᠷ ᠪᠢᠴᠢᠮᠡᠯ ᠢᠷᠦᠭᠡᠯ︾︶᠃       ᠠᠶᠢᠯ ᠠᠮᠢᠳᠠᠨ ᠳᠠᠭᠤᠷᠢᠶᠠᠯᠭᠠᠬᠤ᠄ ᠬᠤᠷᠢᠮ ᠬᠢᠯᠭᠡᠬᠦ᠃ ᠵᠢᠱᠢᠶ᠎ᠡ᠄ ︽ᠠᠭᠠᠰᠢ ᠪᠠᠭᠠᠰᠢ ᠲᠠᠢ ᠬᠤᠩᠭᠤᠷ ᠢ ᠪᠢᠳᠠᠨ ᠠᠶᠢᠯ ᠠᠮᠢᠳᠠᠨ ᠳᠠᠭᠤᠷᠢᠶᠠᠯᠭᠠᠭᠠᠳ ᠁︾ ︵ᠵᠤᠤᠨᠠᠢ ᠶᠢᠨ ᠭᠠᠷ ᠪᠢᠴᠢᠮᠡᠯ ︽ᠵᠠᠩᠭᠠᠷ︾᠂ P.55︶᠃       ᠠᠶᠢᠯ ᠤᠨ ᠪᠤᠭ ᠪᠣᠯᠬᠤ᠄ ① ᠠᠶᠢᠯ ᠬᠤᠲᠠ ᠪᠠᠷ ᠢᠶᠠᠨ ᠮᠠᠭᠤ ᠦᠵᠡᠭᠰᠡᠨ ᠬᠥᠮᠥᠨ᠃ ② ᠤᠶᠠᠨ ᠪᠠᠭᠤᠷᠠᠢ ᠬᠥᠮᠥᠨ᠃       ᠠᠶᠢᠬᠠᠢ ᠬᠤᠤᠬᠠᠢ ᠪᠣᠯᠬᠤ᠄ ᠵᠢᠱᠢᠶ᠎ᠡ᠄ ︽ᠳᠣᠭᠰᠢᠨ ᠳ᠋ᠤᠮᠪᠤ ᠬᠠᠭᠠᠨ᠂ ᠬᠠᠳᠤᠨ ᠬᠤᠶᠠᠷ ᠴᠤ᠂ ᠪᠡᠯ ᠤᠨ ᠠᠮᠲᠠ ᠲᠠᠢ᠂ ᠠᠷᠢᠬᠢ ᠶᠢ ᠤᠤᠭᠤᠭᠠᠳ᠂ ᠪᠠᠳᠮ᠎ᠠ ᠰᠠᠶᠢᠬᠠᠨ ᠢᠷᠦᠭᠡᠯ ᠲᠠᠯᠪᠢᠭᠠᠳ᠂ ᠮᠠᠨᠤ ᠤᠯᠠᠭᠠᠨ ᠬᠠᠯᠠᠩᠭᠢ ᠪᠣᠯᠵᠤ᠂ ᠮᠢᠬᠠᠨ ᠤᠯᠠᠭᠠᠨ ᠰᠣᠭᠲᠣᠭᠤ ᠪᠣᠯᠵᠤ᠂ ᠠᠶᠢᠬᠠᠢ ᠬᠤᠤᠬᠠᠢ ᠪᠣᠯᠣᠭᠠᠳ ᠪᠠᠶᠢᠪᠠ ᠁︾ ︵︽ᠵᠠᠩᠭᠠᠷ ᠤᠨ ᠡᠬᠡ ᠮᠠᠲ᠋ᠧᠷᠢᠶᠠᠯ 3︾᠂ P.61-62︶᠃       ᠠᠶᠢᠲᠦᠷ ᠲᠦᠢᠲᠦᠷ ᠴᠣᠬᠢᠬᠤ᠄ ① ᠬᠡᠶᠢᠰᠪᠦᠷᠢ ᠬᠤᠳᠠᠯ ᠦᠨᠡᠨ ᠨᠥᠬᠦᠴᠡᠯ ᠰᠢᠯᠲᠠᠭ ᠳᠤᠷᠠᠳᠴᠤ ᠵᠦᠭᠡᠷ ᠡᠳᠦᠷ ᠥᠩᠭᠡᠷᠡᠭᠦᠯᠬᠦ᠃ ② ᠶᠠᠮᠠᠷ ᠨᠢᠭᠡ ᠠᠵᠢᠯ ᠬᠡᠷᠡᠭ ᠠᠴᠠ ᠡᠪᠲᠡᠶᠢᠬᠡᠨ ᠮᠤᠯᠲᠤᠷᠠᠬᠤ᠃ ᠵᠢᠱᠢᠶ᠎ᠡ᠄ ︽ᠪᠠᠶᠠᠵᠢᠵᠤ ᠪᠣᠯᠣᠨ᠎ᠠ ᠭᠡᠳᠡᠭ ᠲᠤ ᠪᠠᠰᠠ ᠨᠢᠳᠦᠨ ᠨᠢ ᠰᠠᠶᠢᠨ ᠬᠦᠷᠬᠦ ᠦᠭᠡᠢ ᠪᠠᠶᠢᠭᠰᠠᠨ ᠲᠤᠯᠠ ᠠᠶᠢᠳᠤᠷ ᠲᠤᠶᠢᠲᠤᠷ ᠴᠣᠬᠢᠭᠠᠳ ᠪᠠᠲᠤᠲᠠᠢ ᠦᠭᠡ ᠪᠠᠨ ᠬᠡᠯᠡᠬᠦ ᠦᠭᠡᠢ ᠥᠩᠭᠡᠷᠡᠭᠦᠯᠵᠡᠢ︾ ︵ᠬᠤ · ᠪᠠᠳᠠᠢ ᠶᠢᠨ ︽ᠬᠠᠶᠠᠭᠳᠠᠬᠤ ᠦᠭᠡᠢ ᠨᠥᠬᠦᠷᠯᠡᠯ︾ ︵︽ᠬᠤ · ᠪᠠᠳᠠᠢ ᠶᠢᠨ ᠵᠣᠬᠢᠶᠠᠯ ᠤᠳ︾᠂ P.178︶᠃       ᠠᠶᠢᠷᠤᠤ ᠲᠠᠶᠢᠷᠤᠤ ᠪᠠᠶᠢᠬᠤ᠄ ᠡᠪᠲᠡᠢ᠂ ᠰᠠᠶᠢᠬᠠᠨ ᠪᠠᠶᠢᠯᠴᠠᠬᠤ᠃ ᠵᠢᠱᠢᠶ᠎ᠡ᠄ ︽ᠠᠬ᠎ᠠ ᠳᠡᠭᠦᠦ ᠬᠥᠮᠥᠨ ᠠᠶᠢᠷᠤᠤ ᠲᠠᠶᠢᠷᠤᠤ ᠪᠠᠶᠢᠭᠰᠠᠨ ᠨᠢ ᠰᠠᠶᠢᠨ ᠪᠢᠰᠢ ᠦᠦ︾ ︵ᠬᠤ · ᠪᠠᠳᠠᠢ  ᠶᠢᠨ ︽ᠠᠮᠠ ᠲᠠᠢ ᠪᠣᠷᠣ︾᠂ P.219 ︶᠃       ᠠᠶᠢᠭᠤ ᠲᠤᠤᠭᠤ ᠪᠣᠯᠭᠠᠬᠤ᠄ ᠨᠢᠭᠡ ᠳᠣᠣᠷ᠎ᠠ ᠬᠤᠷᠢᠶᠠᠨ ᠴᠤᠭᠯᠠᠭᠤᠯᠬᠤ᠃ ᠵᠢᠱᠢᠶ᠎ᠡ᠄ ︽ᠠᠷᠪᠠᠨ ᠶᠠᠰᠤᠨ ᠠᠳᠠᠯ ᠮᠠᠯ ᠢ ᠠᠶᠢᠭᠤ ᠲᠤᠤᠭᠤ ᠪᠣᠯᠭᠠᠨ ᠬᠠᠮᠲᠤᠳᠬᠠᠭᠠᠳ ᠁︾ ︵︽ᠵᠤᠤᠨᠠᠢ ᠶᠢᠨ ᠭᠠᠷ ᠪᠢᠴᠢᠮᠡᠯ ︿ᠵᠠᠩᠭᠠᠷ﹀︾᠂ P.54︶᠃       ᠠᠨᠴᠢ ᠠᠪᠬᠤ᠄ ᠪᠠᠶᠢᠳᠠᠯ ᠠᠵᠢᠭᠯᠠᠬᠤ᠃ ᠵᠢᠱᠢᠶ᠎ᠡ᠄ ︽ᠠᠷᠪᠠᠨ ᠲᠠᠪᠤ ᠬᠤᠨᠣᠭᠠᠳ᠂ ᠠᠨᠴᠢ ᠶᠢ ᠠᠵᠢᠭᠯᠠᠵᠤ ᠁︾ ︵ᠲᠤ᠋ · ᠪᠠᠳᠮ᠎ᠠ᠂ ᠪᠤᠶᠠᠨᠬᠡᠰᠢᠭ ᠨᠠᠷ ᠡᠮᠭᠢᠳᠭᠡᠨ ᠨᠠᠶᠢᠷᠠᠭᠤᠯᠤᠭᠰᠠᠨ ︽ᠵᠠᠩᠭᠠᠷ︾᠂ P.341︶᠃       ᠠᠨᠴᠢ ᠶᠢ ᠨᠢ ᠠᠵᠢᠭᠯᠠᠬᠤ᠄ ᠠᠵᠢᠭᠯᠠᠵᠤ ᠦᠵᠡᠬᠦ᠃ ᠵᠢᠱᠢᠶ᠎ᠡ᠄ ︽ᠠᠳᠠᠭ ᠲᠤᠨᠢ ᠣᠳᠴᠤ᠂ ᠠᠷᠪᠠᠨ ᠲᠠᠪᠤ ᠬᠤᠨᠣᠭᠠᠳ ᠠᠨᠴᠢ ᠶᠢ ᠠᠵᠢᠭᠯᠠᠵᠤ ᠁︾ ︵ᠲᠤ᠋ · ᠪᠠᠳᠮ᠎ᠠ᠂ ᠪᠤᠶᠠᠨᠬᠡᠰᠢᠭ ᠨᠠᠷ ᠡᠮᠭᠢᠳᠭᠡᠨ ᠨᠠᠶᠢᠷᠠᠭᠤᠯᠤᠭᠰᠠᠨ ︽ᠵᠠᠩᠭᠠᠷ︾᠂ P.341︶᠃       ᠠᠩ ᠲᠠᠩ ᠪᠣᠯᠬᠤ᠄ ᠭᠠᠶᠢᠬᠠᠬᠤ᠃ ᠵᠢᠱᠢᠶ᠎ᠡ᠄ ︽ᠶᠠᠮᠠᠷ ᠭᠡᠳᠡᠭ ᠬᠦᠴᠦᠲᠦ ᠳᠠᠶᠢᠰᠤᠨ᠂ ᠬᠠᠷᠭᠤᠯᠳᠠᠬᠰᠠᠨ ᠨᠢ ᠡᠨᠡ ᠪᠤᠢ ᠭᠡᠳ᠂ ᠠᠩ ᠲᠠᠩ ᠪᠣᠯᠣᠨ ᠵᠣᠭᠰᠣᠵᠤ ᠪᠠᠶᠢᠲᠠᠯ᠎ᠠ ᠁︾ ︵ᠲᠤ᠋ · ᠪᠠᠳᠮ᠎ᠠ᠂ ᠪᠤᠶᠠᠨᠬᠡᠰᠢᠭ ᠨᠠᠷ ᠡᠮᠭᠢᠳᠭᠡᠨ ᠨᠠᠶᠢᠷᠠᠭᠤᠯᠤᠭᠰᠠᠨ ︽ᠵᠠᠩᠭᠠᠷ︾᠂ P.38︶᠃ ︽ᠬᠤᠶᠢᠲᠤᠨ ᠬᠠᠪᠤᠷ ᠨᠢ ᠳᠠᠷᠠᠰᠤ ᠳᠠᠷᠢᠭᠰᠠᠨ ᠭᠠᠵᠠᠷ ᠨᠢ ᠪᠢᠴᠢᠬᠠᠨ ᠪᠢᠴᠢᠬᠠᠨ ᠪᠦᠴᠢᠷ ᠲᠠᠢ ᠬᠥᠬᠡ ᠨᠣᠭᠤᠭ᠎ᠠ ᠭᠠᠷᠴᠤ ᠡᠬᠢᠯᠡᠬᠦ ᠳᠤ ᠡᠪᠦᠭᠡᠨ ᠡᠪᠦᠳᠦᠭᠯᠡᠨ ᠰᠠᠭᠤᠵᠤ᠂ ᠲᠠᠰᠤᠯᠤᠨ ᠦᠵᠡᠵᠦ᠂ ᠢᠮᠡᠷᠦᠨ ᠦᠵᠡᠵᠦ᠂ ᠵᠠᠵᠢᠯᠤᠨ ᠦᠵᠡᠵᠦ ᠥᠪᠥᠷ ᠮᠣᠩᠭᠤᠯ ᠤᠨ ᠲᠠᠷᠠᠰᠤᠨ ᠡᠶᠢᠮᠦ ᠪᠤᠯᠬᠠᠢ ᠦᠦ ᠭᠡᠵᠦ ᠠᠩ ᠲᠠᠩ ᠪᠣᠯᠵᠤ ᠪᠠᠶᠢᠭᠠᠳ ᠵᠤᠰᠠᠯᠠᠩ ᠳᠠᠭᠠᠨ ᠨᠡᠭᠦᠵᠡᠢ︾ ︵ᠪᠠ᠊᠆ · ᠵᠠᠰᠠᠨ᠎ᠠ  ᠶᠢᠨ ︽ᠠᠪᠤ ᠬᠢᠭᠡᠳ ᠥᠬᠢᠨ︾᠂ P.107︶᠃       ᠠᠩᠭᠠᠷ ᠠᠩᠭᠠᠷ ᠭᠡᠳ᠄ ᠵᠢᠭᠠᠬᠠᠨ ᠲᠡᠨᠡᠭᠳᠡᠭᠦᠦ ᠰᠢᠨᠵᠢ ᠲᠠᠢ ᠢᠨᠢᠶᠡᠬᠦ ᠶᠢ ᠳᠦᠷᠰᠦᠯᠡᠭᠰᠡᠨ ᠬᠡᠯᠡᠯᠭᠡ᠃ ᠵᠢᠱᠢᠶ᠎ᠡ᠄ ︽ᠭᠤᠴᠢᠨ ᠲᠠᠪᠤᠨ ᠲᠣᠯᠣᠭᠠᠢ ᠲᠠᠢ᠂ ᠭᠤᠨᠠᠨ ᠬᠠᠷ᠎ᠠ ᠮᠠᠩᠭᠤᠰ᠂ ᠠᠩᠭᠠᠷ ᠠᠩᠭᠠᠷ ᠢᠨᠢᠶᠡᠭᠡᠳ ᠁︾       ᠠᠪ ᠲᠤᠨᠢ ᠣᠷᠣᠬᠤ᠄ ① ᠵᠠᠯᠢ ᠮᠡᠭᠡ ᠳᠤᠨᠢ ᠣᠷᠣᠬᠤ᠃ ② ᠦᠭᠡ ᠶᠢ ᠨᠢ ᠲᠠᠭᠠᠬᠤ᠃ ᠵᠢᠱᠢᠶ᠎ᠡ᠄ ︽ᠴᠢᠮ᠎ᠠ ᠰᠢᠩᠭᠢ ︵ᠨᠤᠲᠤᠭ  ᠤᠨ ᠬᠡᠯᠡᠯᠭᠡ︶ ᠥᠬᠢᠨ ᠤ ᠠᠪ ᠲᠤ ᠣᠷᠣᠳᠠᠭ ᠵᠠᠯᠠᠭᠤ ᠪᠢ ᠪᠢᠰᠢ ᠭᠡᠳ ᠁︾ ︵ᠲᠤ᠋ · ᠪᠠᠳᠮ᠎ᠠ᠂ ᠪᠤᠶᠠᠨᠬᠡᠰᠢᠭ ᠨᠠᠷ ᠡᠮᠭᠢᠳᠭᠡᠨ ᠨᠠᠶᠢᠷᠠᠭᠤᠯᠤᠭᠰᠠᠨ ︽ᠵᠠᠩᠭᠠᠷ︾᠂ P.264︶᠃       ᠠᠪᠬᠤ ᠶᠢᠨ ᠲᠠᠨᠤᠭ ᠦᠭᠡᠢ᠄ ᠶᠠᠮᠠᠷ ᠴᠤ ᠦᠨ᠎ᠡ ᠴᠡᠨ᠎ᠡ ᠦᠭᠡᠢ᠃       ᠠᠪᠳᠠᠭ ᠲᠠᠨᠤᠭ ᠦᠭᠡᠢ᠄ ᠠᠪᠬᠤ ᠶᠢᠨ ᠠᠷᠭ᠎ᠠ ᠦᠭᠡᠢ᠂       ᠠᠪᠢᠷ ᠭᠡᠪᠡᠷ ᠦᠭᠡᠢ᠄ ᠬᠡᠮᠵᠢᠶ᠎ᠡ ᠬᠢᠵᠠᠭᠠᠷ ᠦᠭᠡᠢ᠃       ᠠᠪᠴᠠ ᠲᠠᠪᠢᠴᠠ ᠦᠭᠡᠢ᠄ ① ᠯᠠᠷᠵᠢᠶ᠎ᠠ ᠰᠣᠷᠲᠣᠭᠤ ᠦᠭᠡᠢ᠃ ② ᠡᠬᠡᠯ ᠵᠢᠷ ᠤᠨ ᠵᠠᠩ ᠲᠥᠯᠥᠪ ᠲᠠᠢ᠂ ᠳᠠᠷᠤᠤ ᠬᠢᠴᠢᠶᠡᠩᠭᠦᠢ᠃ ᠵᠢᠱᠢᠶ᠎ᠡ᠄ ︽ᠮᠠᠨ ᠤ ᠡᠩᠬᠡᠰᠠᠶᠢᠨ ᠳᠡᠭᠡᠷ᠎ᠡ ᠳᠣᠣᠷ᠎ᠠ ᠦᠭᠡᠢ᠂ ᠠᠪᠢᠴᠠ ᠲᠠᠪᠢᠴᠠ ᠦᠭᠡᠢ ᠰᠠᠶᠢᠬᠠᠨ ᠵᠠᠯᠠᠭᠤ ᠭᠡᠵᠦ ᠬᠡᠯᠡᠪᠡ︾ ︵ᠳ᠋ᠤ᠋ · ᠨᠠᠶᠢᠳᠠᠢ  ᠶᠢᠨ ︽ᠮᠥᠩᠬᠡ ᠶᠢᠨ ᠬᠠᠶᠢᠷ᠎ᠠ︾᠂ P.26︶᠃       ᠠᠪᠤ ᠶᠢ ᠴᠢᠨᠢ ᠠᠯᠠᠭᠠᠳ ᠠᠳᠤᠭᠤ ᠶᠢ ᠴᠢᠨᠢ ᠬᠥᠭᠡᠭᠡᠪᠡ ᠦᠦ᠄ ① ᠬᠡᠷᠬᠢᠪᠡᠴᠦ ᠦᠯᠦ ᠮᠠᠷᠲᠠᠭᠳᠠᠬᠤ ᠡᠪᠯᠡᠷᠡᠰᠢ ᠦᠭᠡᠢ ᠶᠡᠭᠡ ᠥᠰᠢᠶ᠎ᠡ ᠲᠠᠢ ᠦᠦ︖ ② ᠬᠡᠨᠡᠭ ᠦᠭᠡᠢ ᠪᠠᠶᠢᠭᠰᠠᠨ ᠬᠠᠮᠢᠶ᠎ᠠ ᠨᠠᠮᠢᠶ᠎ᠠ ᠦᠭᠡᠢ ᠵᠦᠢᠯ ᠳᠤ ᠬᠠᠯᠳᠠᠵᠤ ᠬᠡᠷᠡᠭ ᠡᠳᠦᠭᠦ ᠳᠤ ᠬᠡᠳᠡᠷᠬᠦ ᠠᠰᠠᠭᠤᠬᠤ ᠦᠭᠡ᠃ ᠵᠢᠱᠢᠶ᠎ᠡ᠄ ︽ᠬᠥᠳᠡᠭᠡ ᠳᠡᠭᠡᠨ ᠶᠠᠪᠤᠵᠤ ᠪᠠᠶᠢᠭᠰᠠᠨ ᠬᠥᠮᠥᠨ ᠤ ᠬᠥᠪᠡᠭᠦᠨ ᠠᠪᠤ ᠶᠢ ᠴᠢᠨᠢ ᠠᠯᠠᠭᠠᠳ ᠠᠳᠤᠭᠤ ᠶᠢ ᠴᠢᠨᠢ ᠬᠥᠭᠡᠭᠡᠪᠡ ᠦᠦ︖︾ ︽ᠨᠢᠰᠤᠬᠠᠢ ᠵᠤᠷᠤ ᠠᠪᠤ ᠶᠢ ᠴᠢᠨᠢ ᠠᠯᠠᠭᠠᠳ ᠠᠳᠤᠭᠤ ᠶᠢ ᠴᠢᠨᠢ ᠬᠥᠭᠡᠭᠡᠵᠦ ᠣᠷᠬᠢᠪᠠ ᠦᠦ︖︾ ︵ᠲ᠊ · ᠨᠠᠮᠵᠢᠯ  ᠤᠨ ︽ᠰᠢᠨᠵᠢᠶᠠᠩ ᠤᠨ ᠮᠣᠩᠭᠤᠯ ︿ᠭᠡᠰᠡᠷ﹀  ᠤᠨ ᠴᠤᠭᠯᠠᠭᠤᠯᠭ᠎ᠠ ᠪᠠ ᠰᠤᠳᠤᠯᠤᠯ︾ ︵ᠳᠡᠭᠡᠳᠦ︶᠂ P.21︶᠃       ᠠᠪᠤ ᠪᠠᠨ ᠦᠵᠡᠭᠰᠡᠨ ᠬᠡᠪᠲᠡᠢ᠄ ① ᠲᠥᠷᠥᠭᠰᠡᠨ ᠭᠠᠷᠤᠭᠰᠠᠨ ᠢᠶᠠᠨ ᠦᠵᠡᠭᠰᠡᠨ ᠰᠢᠭ ᠶᠡᠭᠡ ᠯᠠ ᠪᠠᠶᠠᠷᠯᠠᠭᠰᠠᠨ ᠭᠡᠳᠡᠭ ᠤᠳᠬ᠎ᠠ ᠶᠢ ᠢᠯᠡᠳᠬᠡᠵᠦ ᠪᠤᠢ᠃ ᠵᠢᠱᠢᠶ᠎ᠡ᠄ ︽ᠠᠮᠤᠷᠪᠠᠶᠠᠷ ᠳᠣᠲᠣᠷ᠎ᠠ ᠪᠠᠨ ︿ᠬᠠᠷᠢᠨ ᠡᠶᠢᠮᠦ ᠪᠢᠯᠡ᠂ ᠡ᠊ᠨᠳᠡ ᠮᠣᠩᠭᠤᠯ ᠵᠢᠯᠣᠭᠤᠴᠢ ᠤᠯᠠᠨ ᠪᠠᠶᠢᠳᠠᠭ ᠪᠢᠯᠡ﹀ ᠭᠡᠳ ᠠᠯᠲᠠᠨᠭᠡᠷᠡᠯ ᠠᠶᠢᠮᠠᠭ ᠲᠤ ᠭᠦᠷᠤᠨ᠎ᠠ ᠭᠡᠵᠦ ᠠᠪᠤ ᠪᠠᠨ ᠦᠵᠡᠭᠰᠡᠨ ᠰᠢᠭ ᠪᠠᠶᠠᠷᠯᠠᠪᠠ︾ ︵ᠬᠠ᠊ · ᠬᠥᠮᠦᠵᠢᠯ ᠤᠨ ︽ᠰᠣᠶᠣᠯ ᠤᠨ ᠪᠠᠳᠢᠷᠴᠢ︾᠂ P.97︶᠃ ② ᠡᠷᠬᠡ ᠮᠡᠳᠡᠯ᠂ ᠬᠥᠷᠥᠩᠭᠡ ᠮᠥᠩᠭᠦ ᠲᠠᠢ ᠬᠥᠮᠥᠨ ᠢ ᠦᠵᠡᠵᠦ ᠰᠢᠷᠪᠠᠭᠠᠳᠠᠨ ᠠᠭᠠᠰᠢᠯᠠᠵᠤ ᠶᠡᠬᠡᠳᠡ ᠳᠣᠲᠣᠨᠣᠰᠣᠨ ᠪᠢᠯᠳᠠᠤᠴᠢᠯᠠᠬᠤ ᠵᠢᠱᠢᠶ᠎ᠡ᠄ ︽ᠴᠠᠭᠠᠲᠤᠬᠢ ᠪᠠᠯᠵᠠᠢ ᠴᠢᠨᠢ ᠦᠷᠦᠮᠴᠢ ᠠᠴᠠ ᠢᠷᠡᠭᠰᠡᠨ ᠺᠠᠳ᠋ᠷ ᠢᠷᠡᠬᠦᠯ᠎ᠡ ᠠᠪᠤ ᠪᠠᠨ ᠦᠵᠡᠭᠰᠡᠨ ᠬᠡᠪᠲᠡᠢ ᠳᠡᠭᠡᠷ᠎ᠡ ᠳᠣᠣᠷ᠎ᠠ ᠭᠠᠷᠤᠭᠠᠳ ᠬᠥᠯ ᠨᠢ ᠬᠤᠭᠤᠷᠠᠲᠠᠯ᠎ᠠ ᠬᠡᠳᠦᠨ ᠡᠳᠦᠷ ᠭᠦᠶᠦᠪᠡ︾᠃       ᠠᠭᠠᠵᠠᠭ ᠠᠭᠠᠵᠠᠭ ᠭᠡᠳ᠄ ᠠᠮᠠ ᠪᠠᠨ ᠠᠩᠭᠠᠶᠢᠨ ᠲᠡᠨᠡᠭᠯᠡᠨ ᠢᠨᠢᠶᠡᠬᠦ ᠪᠠᠶᠢᠳᠠᠯ᠃       ᠠᠭᠤᠷ ᠡᠮᠦᠨ᠎ᠡ ᠪᠠᠨ᠂ ᠤᠬᠠᠭᠠᠨ ᠬᠤᠶᠢᠨ᠎ᠠ ᠪᠠᠨ᠄ ᠲᠦᠷ ᠵᠠᠭᠤᠷ᠎ᠠ ᠶᠢᠨ ᠠᠭᠤᠷ ᠬᠢᠯᠢᠩ ᠢᠶᠠᠷ ᠪᠤᠷᠤᠭᠤ ᠰᠢᠢᠳᠪᠦᠷᠢ ᠭᠠᠷᠭᠠᠵᠤ ᠬᠤᠶᠢᠨ᠎ᠠ ᠨᠢ ᠤᠬᠠᠭᠠᠷᠠᠵᠤ ᠭᠡᠮᠰᠢᠬᠦ᠃       ᠠᠮᠠ ᠲᠠᠢ ᠶᠠᠭᠤᠮᠠᠨ ᠠᠮᠠᠯᠠᠵᠤ ᠪᠣᠯᠣᠰᠢ ᠦᠭᠡᠢ ᠠᠮᠢᠳᠠᠨ᠄ ᠦᠭᠡ ᠬᠡᠯᠡ ᠪᠠᠷ ᠢᠯᠡᠳᠬᠡᠬᠦ ᠶᠢᠨ ᠠᠷᠭ᠎ᠠ ᠦᠭᠡᠢ ᠬᠠᠴᠢᠨ ᠵᠢᠭᠲᠡᠢ ᠬᠥᠮᠥᠨ ᠪᠤᠶᠤ ᠬᠡᠴᠡᠭᠦᠦ ᠬᠥᠮᠥᠨ᠃       ᠠᠮᠠ ᠠᠪᠬᠤ᠄ ᠬᠤᠶᠠᠷ ᠬᠥᠮᠥᠨ ᠬᠡᠯᠡᠯᠴᠡᠬᠦ ᠦᠶᠡᠰ ᠦᠭᠡ ᠥᠭᠬᠦ ᠦᠭᠡᠢ᠃       ᠠᠮᠠ ᠪᠠᠨ ᠠᠪᠬᠠᠭᠤᠯᠬᠤ᠄ ① ᠬᠡᠯᠡᠬᠦ ᠦᠭᠡ ᠦᠭᠡᠢ ᠪᠣᠯᠭᠠᠬᠤ᠃ ② ᠬᠡᠯᠡᠭᠦᠯᠬᠦ᠃       ᠠᠮᠠ ᠶᠢ ᠨᠢ ᠲᠣᠰᠣᠯᠠᠬᠤ᠄ ᠬᠡᠭᠡᠯᠢ ᠬᠠᠭ᠋ᠤᠤᠯᠢ ᠥᠭᠬᠦ᠂ ᠪᠡᠯᠡᠭ ᠰᠡᠯᠲᠡ ᠬᠦᠷᠭᠡᠬᠦ᠃       ᠠᠮᠠ ᠪᠠᠨ ᠱᠠᠯᠳᠠᠭᠤᠯᠬᠤ᠄ ᠵᠦᠢ ᠵᠣᠬᠢᠰ ᠦᠭᠡᠢ ᠦᠭᠡ ᠬᠡᠯᠡᠭᠡᠳ ᠪᠤᠰᠤᠳ ᠲᠤ ᠲᠠᠭᠤ ᠭᠠᠷᠬᠤ ᠦᠭᠡᠢ ᠪᠤᠯᠲᠠᠯ᠎ᠠ ᠪᠠᠨ ᠬᠠᠷᠢᠭᠤ ᠨᠢᠴᠤᠭᠠᠭᠳᠠᠬᠤ᠃ ᠵᠢᠱᠢᠶ᠎ᠡ᠄ ︽ᠰᠤᠪᠤᠰᠣᠨ ᠠᠶᠢᠯ ᠤᠨ ᠲᠥᠷᠥ ᠳᠤ ᠣᠷᠣᠯᠴᠠᠭᠠᠳ ᠬᠡᠦᠬᠡᠨ ᠢ ᠨᠢ ᠪᠠᠰᠠ ᠬᠠᠮᠢᠶᠠᠷᠴᠢᠬᠠᠳᠠᠭ ᠪᠣᠯᠣᠭᠠᠳ ᠠᠮᠠ ᠪᠠᠨ ᠱᠠᠯᠳᠠᠭᠤᠯᠵᠤ ᠠᠪᠤᠪᠠ︾᠃       ᠠᠮᠠᠨ ᠳᠠᠭᠠᠨ ᠠᠪᠬᠤ᠄ ① ᠶᠠᠯᠢᠮ ᠦᠭᠡᠢ ᠬᠡᠷᠡᠭ ᠢ ᠶᠠᠷᠢᠶᠠᠨ ᠤ ᠰᠡᠳᠦᠪ ᠲᠤ ᠪᠠᠭᠲᠠᠭᠠᠵᠤ ᠬᠡᠷᠡᠭ ᠪᠣᠯᠭᠠᠨ ᠶᠠᠷᠢᠬᠤ᠃ ᠵᠢᠱᠢᠶ᠎ᠡ᠄ ︽᠁ ᠬᠥᠯ ᠳᠤ ᠣᠷᠤᠭ᠎ᠠ ᠦᠭᠡᠢ ᠬᠥᠪᠡᠭᠦᠨ ᠢ ᠮᠢᠨᠢ ᠠᠮᠠᠨ ᠳᠠᠭᠠᠨ ᠠᠪᠳᠠᠭ ᠶᠠᠮᠠᠷ ᠬᠡᠷᠡᠭ ᠪᠠᠶᠢᠨ᠎ᠠ︖︾᠃ ② ᠶᠠᠮᠠᠷ ᠨᠢᠭᠡ ᠶᠠᠭᠤᠮ᠎ᠠ ᠶᠢ ᠠᠮᠠᠨ ᠳᠠᠭᠠᠨ ᠠᠪᠴᠤ ᠵᠠᠭᠤᠬᠤ᠂ ᠢᠳᠡᠬᠦ᠂ ᠠᠮᠰᠠᠬᠤ᠃ ᠵᠢᠱᠢᠶ᠎ᠡ᠄ ︽ᠬᠡᠦᠬᠡᠨ ᠴᠢᠨᠢ ᠰᠡᠷᠡᠵᠦ ᠠᠪᠤᠭᠠᠳ ᠪᠤᠯᠲᠠᠭᠤᠯᠴᠢᠬᠠᠭᠰᠠᠨ ᠰᠢᠬᠢᠷ ᠢ ᠴᠢᠨᠢ ᠠᠮᠠᠨ ᠳᠠᠭᠠᠨ ᠠᠪᠴᠢᠬᠠᠭᠰᠠᠨ ᠨᠠᠭᠠᠳᠴᠤ ᠪᠠᠶᠢᠨ᠎ᠠ︾᠃       ᠠᠮᠠᠨ ᠴᠢᠨᠢ ᠠᠯᠳᠠᠨ ᠪᠣᠯᠲᠤᠭᠠᠢ᠄ ᠪᠡᠯᠭᠡ ᠳᠡᠮᠪᠡᠷᠢᠯ ᠲᠠᠢ ᠰᠠᠶᠢᠬᠠᠨ ᠦᠭᠡ ᠬᠡᠯᠡᠬᠦ ᠳᠤᠨᠢ ᠲᠠᠯᠠᠷᠬᠠᠭᠰᠠᠨ ᠰᠠᠨᠠᠭ᠎ᠠ ᠪᠠᠨ ᠢᠯᠡᠳᠬᠡᠬᠦ ᠳᠤ ᠬᠡᠯᠡᠳᠡᠭ ᠦᠭᠡ᠃       ᠠᠮᠢ ᠪᠠᠨ ᠠᠪᠬᠤ ᠨᠢ ᠵᠠᠭᠤ ᠪᠣᠯᠣᠭᠠᠳ᠄ ᠶᠠᠮᠠᠷ ᠨᠢᠭᠡ ᠬᠥᠮᠥᠨ ᠪᠤᠶᠤ ᠬᠡᠷᠡᠭ ᠲᠤ ᠣᠷᠢᠶᠠᠭᠳᠠᠨ ᠵᠢᠭᠤᠷᠠᠯᠳᠤᠵᠤ ᠮᠤᠯᠲᠤᠷᠠᠬᠤ ᠶᠢᠨ ᠠᠷᠭ᠎ᠠ ᠦᠭᠡᠢ ᠪᠣᠯᠬᠤ᠃ ᠵᠢᠱᠢᠶ᠎ᠡ᠄ ︽ᠮᠠᠩᠭᠠᠳᠤᠷ ᠦᠳᠡ ᠳᠡᠭᠡᠨ ᠡᠷᠲᠡᠬᠡᠨ ᠭᠦᠷᠦᠭᠡᠳ ᠢᠷᠡᠭᠲᠦᠨ ᠭᠡᠵᠦ ᠴᠡᠴᠡᠭᠡᠢ ᠬᠠᠳᠤᠨ ᠠᠮᠢ ᠪᠠᠨ ᠠᠪᠬᠤ ᠨᠢ ᠵᠠᠭᠤ ᠪᠣᠯᠣᠭᠠᠳ ᠁︾ ︵ᠬᠠ᠊ · ᠬᠥᠮᠦᠵᠢᠯ  ᠤᠨ ︽ᠬᠠᠶᠢᠷᠠᠨ ᠨᠠᠢᠮᠠᠨ ᠡᠳᠦᠷ︾᠂ P.17︶᠃       ᠠᠮᠢ ᠪᠠᠨ ᠠᠪᠬᠤ ᠨᠢ ᠳᠡᠯᠡᠬᠡᠢ ᠪᠣᠯᠬᠤ᠄ ᠶᠠᠮᠠᠷ ᠨᠢᠭᠡ ᠬᠥᠮᠥᠨ ᠪᠤᠶᠤ ᠬᠡᠷᠡᠭ ᠲᠤ ᠣᠷᠢᠶᠠᠭᠳᠠᠨ ᠵᠢᠭᠤᠷᠠᠯᠳᠤᠵᠤ ᠮᠤᠯᠲᠤᠷᠠᠬᠤ ᠶᠢᠨ ᠠᠷᠭ᠎ᠠ ᠦᠭᠡᠢ ᠪᠣᠯᠬᠤ᠃ ᠵᠢᠱᠢᠶ᠎ᠡ᠄ ︽ᠪᠢ ᠮᠡᠳᠡᠬᠦ ᠦᠭᠡᠢ᠂ ᠪᠢ ᠰᠢᠨᠡᠬᠡᠨ ᠪᠡᠭᠡᠵᠢᠩ ᠠᠴᠠ ᠬᠠᠷᠢᠵᠤ ᠢᠷᠠᠯ᠎ᠠ︾ ᠭᠡᠰᠡᠨ ᠢᠶᠠᠨ ᠲᠡᠷᠡ ᠵᠠᠯᠠᠭᠤ ᠡᠯᠪᠡᠭ ᠡᠪᠦᠭᠡᠨ ᠠᠴᠠ ᠠᠮᠢ ᠪᠠᠨ ᠠᠪᠬᠤ ᠨᠢ ᠳᠡᠯᠡᠬᠡᠢ ᠪᠣᠯᠵᠤ ᠁︾ ︵ᠬᠠ᠊ · ᠬᠥᠮᠦᠵᠢᠯ ᠤᠨ ︽ᠬᠠᠶᠢᠷᠠᠨ ᠨᠠᠢᠮᠠᠨ ᠡᠳᠦᠷ︾᠂ P.22︶᠃       ᠠᠮᠠᠨ ᠳᠠᠭᠠᠨ ᠠᠪᠬᠤ ᠦᠭᠡᠢ᠄ ᠳᠤᠷᠠᠳᠬᠤ ᠦᠭᠡᠢ᠂ ᠶᠠᠷᠢᠬᠤ ᠦᠭᠡᠢ᠃       ᠠᠮᠠ ᠪᠠᠷ ᠢᠶᠠᠨ ᠠᠯᠲᠠᠢ ᠭᠠᠲᠤᠯᠬᠤ᠄ ᠬᠡᠯᠡᠬᠦ ᠨᠢ ᠰᠠᠶᠢᠬᠠᠨ ᠴᠤ ᠬᠢᠬᠦ ᠨᠢ ᠮᠠᠭᠤᠬᠠᠢ ᠪᠠᠶᠢᠳᠠᠯ ᠢ ᠬᠡᠯᠡᠵᠦ ᠪᠤᠢ       ᠠᠮᠠ ᠨᠢ ᠠᠯᠲᠠᠢ ᠭᠠᠲᠤᠯᠬᠤ᠄ ᠦᠭᠡ ᠬᠡᠯᠡᠬᠦ ᠳᠡᠭᠡᠨ ᠮᠡᠷᠭᠡᠨ᠃       ᠠᠮᠠ ᠠᠩᠭᠠᠶᠢᠬᠤ ᠠᠷᠭ᠎ᠠ ᠦᠭᠡᠢ᠄ ① ᠬᠡᠯᠡᠭᠰᠡᠨ ᠦᠭᠡ ᠪᠦᠷᠢ ᠠᠴᠠ ᠨᠢ ᠦ ᠰᠠᠪ ᠡᠷᠢᠬᠦ ᠪᠤᠶᠤ ᠬᠡᠯᠡᠭᠰᠡᠨ ᠪᠥᠬᠦᠨ ᠢ ᠨᠢ ᠨᠢᠴᠤᠭᠠᠵᠤ ᠦᠭᠡ ᠶᠠᠷᠢᠬᠤ ᠠᠴᠠ ᠪᠠᠨ ᠠᠶᠤᠬᠤ ᠬᠡᠮᠵᠢᠶᠡᠨ ᠳᠤ ᠬᠦᠷᠬᠦ᠃ ② ᠦᠭᠡ ᠬᠡᠯᠡᠬᠦ ᠡᠷᠬᠡ ᠪᠤᠶᠤ ᠵᠠᠪᠰᠢᠶᠠᠨ ᠳᠣᠭᠢᠶᠠᠯ ᠥᠭᠬᠦ ᠦᠭᠡᠢ ᠪᠠᠶᠢᠳᠠᠯ ᠢ ᠬᠡᠯᠡᠵᠦ ᠪᠤᠢ᠃ ᠵᠢᠱᠢᠶ᠎ᠡ᠄ ︽ᠳᠣᠭᠰᠢᠨ ᠰᠢᠷ᠎ᠠ ᠮᠠᠩᠭᠤᠰ᠂ ᠴᠣᠴᠢᠵᠤ ᠪᠣᠰᠣᠭᠠᠳ᠂ ᠬᠠᠶᠢᠭᠢᠷᠤᠨ᠎ᠠ ᠭᠡᠬᠦᠯ᠎ᠡ᠂ ᠠᠭᠠᠯᠵᠢᠨ ᠤ ᠰᠢᠯᠦᠰᠦᠨ ᠳᠤ ᠣᠷᠢᠶᠠᠭᠳᠠᠭᠠᠳ᠂ ᠠᠮᠠ ᠠᠩᠭᠠᠶᠢᠬᠤ ᠠᠷᠭ᠎ᠠ ᠦᠭᠡᠢ ᠪᠣᠯᠵᠤ ᠤᠳᠤᠬᠰᠠᠨ ᠢᠶᠠᠨ ᠮᠡᠳᠡᠭᠡᠳ ᠁︾ ︵︽ᠵᠠᠩᠭᠠᠷ ᠤᠨ ᠡᠬᠡ ᠮᠠᠲ᠋ᠧᠷᠢᠶᠠᠯ ︵11︶︾᠂ P.587︶᠃       ᠠᠮᠠ ᠪᠠᠷ ᠨᠢ ᠣᠷᠣᠨ ᠠᠯᠳᠠᠭᠠᠳ᠄ ᠣᠶᠢᠷ᠎ᠠ ᠰᠠᠭᠤᠭᠰᠠᠨ ᠬᠥᠮᠥᠰ ᠨᠢᠭᠡ ᠨᠢᠭᠡ ᠶᠢᠨ ᠢᠶᠠᠨ ᠶᠠᠷᠢᠭᠰᠠᠨ ᠵᠦᠢᠯ ᠢ ᠨᠢ ᠶᠡᠬᠡᠳᠡ ᠠᠩᠬᠠᠷᠤᠯ ᠲᠠᠢ ᠴᠢᠩᠨᠠᠨ ᠰᠣᠨᠣᠰᠬᠤ᠃       ᠠᠮᠠ ᠪᠠᠷ ᠢᠶᠠᠨ ᠬᠢᠭᠡᠳ ᠪᠠᠶᠢᠳᠠᠭ᠄ ᠪᠤᠰᠤᠳ ᠤᠨ ᠬᠢᠭᠰᠡᠨ ᠠᠵᠢᠯ ᠢ ᠥᠪᠡᠷ ᠤᠨ ᠬᠢᠭᠰᠡᠨ ᠮᠡᠲᠦ ᠶᠠᠷᠢᠳᠠᠭ ᠬᠥᠮᠥᠨ᠃ ᠵᠢᠱᠢᠶ᠎ᠡ᠄ ︽ᠴᠠᠭᠠᠲᠤᠬᠢ ᠴᠢᠨᠢ ᠡᠬᠡᠨᠡᠷ ᠢᠶᠠᠨ ᠵᠠᠷᠤᠴᠢᠬᠠᠭᠠᠳ ᠭᠡᠷ ᠲᠡᠭᠡᠨ ᠠᠮᠠ ᠪᠠᠷ ᠢᠶᠠᠨ ᠬᠢᠭᠡᠳ ᠪᠠᠶᠢᠳᠠᠭ ᠠᠮᠢᠳᠠᠨ ᠯᠠ ᠁︾᠃       ᠠᠮᠠᠨ ᠠᠩᠭᠠᠶᠢᠪᠠᠯ ᠠᠭᠤᠰᠬᠢ ᠢᠯᠠ᠄ ᠦᠭᠡ ᠪᠠᠨ ᠡᠬᠢᠯᠡᠵᠦ ᠬᠡᠯᠡᠬᠦ ᠪᠤᠶᠤ ᠬᠡᠷᠡᠭ ᠢᠶᠠᠨ ᠡᠬᠢᠯᠡᠵᠦ ᠬᠢᠬᠦ ᠪᠠᠶᠢᠳᠠᠯ ᠠᠴᠠ ᠨᠢ ᠪᠥᠬᠦ ᠵᠦᠢᠯ ᠢ ᠪᠠᠷᠤᠭᠴᠠᠭᠠᠯᠠᠵᠤ ᠮᠡᠳᠡᠬᠦ ᠶᠢ ᠬᠡᠯᠡᠵᠦ ᠪᠤᠢ᠃       ᠠᠮᠠᠨ ᠤ ᠠᠰᠠᠢ ᠠᠷᠢᠯᠤᠭᠠᠳ ᠦᠭᠡᠢ᠄ ᠥᠰᠴᠦ ᠲᠣᠷᠨᠢᠭ᠎ᠠ ᠦᠭᠡᠢ ᠨᠢᠯᠬ᠎ᠠ ᠬᠡᠦᠬᠡᠳ᠃       ᠠᠮᠠ ᠪᠠᠷ ᠣᠷᠣᠭᠠᠳ ᠬᠠᠮᠠᠷ ᠢᠶᠠᠷ ᠭᠠᠷᠬᠤ᠄ ① ᠣᠷᠣᠬᠤ ᠳᠠᠭᠠᠨ ᠠᠮᠠᠷ ᠴᠤ ᠭᠠᠷᠬᠤ ᠳᠠᠭᠠᠨ ᠬᠡᠴᠡᠭᠦᠦ ᠪᠠᠶᠢᠳᠠᠯ ᠢ ᠬᠡᠯᠡᠵᠦ ᠪᠤᠢ᠃ ② ᠵᠢᠰᠤᠷ ᠪᠢᠯᠳᠠᠤᠴᠢ ᠪᠠᠶᠢᠳᠠᠯ ᠢ ᠬᠡᠯᠡᠵᠦ ᠪᠤᠢ᠃       ᠠᠮᠠ ᠪᠠᠷ ᠣᠷᠣᠭᠠᠳ ᠬᠤᠱᠭᠢᠨᠠᠭ ᠢᠶᠠᠷ ᠭᠠᠷᠬᠤ᠄ ᠪᠢᠯᠳᠠᠤᠴᠢ ᠪᠠᠶᠢᠳᠠᠯ ᠢ ᠬᠡᠯᠡᠵᠦ ᠪᠤᠢ᠃       ᠠᠮᠠ ᠲᠠᠢ ᠬᠡᠯᠡ ᠲᠠᠢ᠄ ᠬᠡᠯᠡ ᠠᠮᠠᠨ ᠳᠠᠭᠠᠨ ᠰᠠᠶᠢᠨ᠂ ᠤᠷᠠᠨ ᠢᠯᠡᠳᠬᠡᠬᠦ ᠴᠢᠳᠠᠪᠤᠷᠢ ᠲᠠᠢ᠃ ᠵᠢᠱᠢᠶ᠎ᠡ᠄ ︽ᠪᠢ ᠶᠠᠭᠠᠬᠢᠭᠠᠳ ᠡᠶᠢᠮᠦ ᠠᠮᠠ ᠲᠠᠢ ᠬᠡᠯᠡ ᠲᠠᠢ ᠪᠣᠯᠵᠤ ᠤᠷᠭᠢᠬᠰᠠᠨ ᠢᠶᠠᠨ ᠥᠪᠡᠷ ᠢᠶᠠᠨ ᠪᠠᠰᠠ ᠰᠠᠶᠢᠨ ᠮᠡᠳᠡᠬᠦ ᠦᠭᠡᠢ ᠶᠤᠮ︾ ︵ᠳ᠋ᠤ᠋ · ᠨᠠᠶᠢᠳᠠᠢ  ᠶᠢᠨ ︽ᠮᠥᠩᠬᠡ ᠶᠢᠨ ᠬᠠᠶᠢᠷ᠎ᠠ︾᠂ P.31︶᠃       ᠠᠮᠠᠨ ᠳᠤ ᠣᠷᠣᠬᠤ ᠪᠠᠷ ᠪᠠᠶᠢᠬᠤ ᠪᠣᠷᠣ ᠮᠢᠬ᠎ᠠ ᠶᠢ ᠬᠡᠯᠡ ᠪᠠᠷ ᠢᠶᠠᠨ ᠲᠦᠯᠬᠢᠬᠦ᠄ ᠨᠢᠳᠦᠨ ᠡᠮᠦᠨ᠎ᠡ ᠢᠯᠡᠳᠲᠡ ᠪᠠᠶᠢᠭ᠎ᠠ ᠠᠰᠢᠭᠲᠠᠢ ᠵᠦᠢᠯ ᠢ ᠲᠡᠪᠴᠢᠨ ᠵᠠᠶᠢᠯᠠᠭᠤᠯᠬᠤ᠃ ᠵᠢᠱᠢᠶ᠎ᠡ᠄ ︽ᠪᠠᠯᠳᠠᠨ ᠤ ᠰᠠᠨᠠᠭᠠᠨ ᠳᠤᠨᠢ ᠲᠠᠭᠠᠷᠠᠵᠤ ᠰᠡᠳᠬᠢᠯ ᠳᠤᠨᠢ ᠶᠠᠭ ᠲᠣᠬᠢᠷᠠᠭᠰᠠᠨ ᠬᠡᠷᠡᠭ ᠲᠤᠯᠠ ᠠᠮᠠᠨ ᠳᠤ ᠣᠷᠣᠬᠤ ᠪᠠᠷ ᠪᠠᠶᠢᠬᠤ ᠪᠣᠷᠣ ᠮᠢᠬ᠎ᠠ ᠶᠢ ᠬᠡᠯᠡ ᠪᠠᠷ ᠢᠶᠠᠨ ᠲᠦᠯᠬᠢᠭᠡᠳ ᠬᠠᠶᠠᠴᠢᠬᠠᠪᠠᠯ ᠪᠣᠯᠬᠤ ᠦᠦ︖︾ ︵ᠫᠤ · ᠪᠠᠳᠮᠠᠷ᠎ᠠ᠄ ︽ᠬᠠᠯᠠ ᠪᠠᠷ ᠬᠠᠯᠲᠤᠷᠢᠭᠰᠠᠨ ᠵᠠᠶᠠᠭ᠎ᠠ︾᠂ P.152︶᠃       ᠠᠮᠠᠨ ᠳᠠᠭᠠᠨ ᠣᠷᠣᠭᠰᠠᠨ ᠢᠶᠠᠷ ᠢᠶᠠᠨ ᠬᠡᠯᠡᠬᠦ᠄ ① ᠦᠭᠡ ᠶᠢᠨ ᠰᠠᠶᠢᠨ ᠮᠠᠭᠤ᠂ ᠬᠦᠨᠳᠦ ᠬᠥᠩᠭᠡᠨ᠂ ᠵᠦᠢ ᠵᠣᠬᠢᠰᠲᠠᠢ ᠡᠰᠡᠬᠦ ᠶᠢ ᠨᠢ ᠦᠯᠦ ᠬᠠᠷᠠᠭᠠᠯᠵᠠᠨ ᠬᠠᠷᠢᠶᠠᠯ ᠤᠨ ᠦᠭᠡᠰ ᠢ ᠴᠤᠪᠤᠷᠠᠭᠤᠯᠬᠤ ᠪᠤᠶᠤ ᠪᠤᠳᠤᠵᠤ ᠣᠯᠣᠭᠰᠠᠨ ᠮᠠᠭᠤ ᠦᠭᠡ ᠪᠠᠷ ᠳᠣᠣᠷ᠎ᠠ ᠳᠣᠣᠷ᠎ᠠ ᠨᠢ ᠬᠠᠷᠢᠶᠠᠬᠤ᠃ ᠵᠢᠱᠢᠶ᠎ᠡ᠄ ︽ᠪᠤᠯᠠᠭᠠᠨ ᠠᠭᠤᠷ ᠨᠢ ᠭᠦᠷᠦᠭᠡᠳ ᠠᠮᠠᠨ ᠳᠠᠭᠠᠨ ᠣᠷᠣᠭᠰᠠᠨ ᠢᠶᠠᠷ ᠢᠶᠠᠨ ᠮᠠᠭᠤ ᠬᠡᠯᠡᠵᠦ ᠠᠪᠤᠪᠠ︾᠃ ② ᠥᠪᠡᠷ ᠤᠨ ᠪᠣᠳᠣᠯ ᠲᠠᠭᠠᠮᠠᠭ ᠢᠶᠠᠷ ᠢᠶᠠᠨ ᠡᠷᠦᠢ ᠬᠤᠷᠤᠢ ᠦᠭᠡᠢ ᠶᠠᠷᠢᠬᠤ᠃ ᠵᠢᠱᠢᠶ᠎ᠡ᠄ ︽ᠡᠨᠡ ᠬᠥᠮᠥᠰ ᠶᠠᠭᠤᠮᠠᠨ ᠤ ᠨᠠᠭᠠᠲᠤᠬᠢ ᠴᠠᠭᠠᠲᠤᠬᠢ ᠶᠢ ᠨᠢ ᠮᠡᠳᠡᠯ ᠦᠭᠡᠢ ᠪᠠᠶᠢᠵᠤ ᠠᠮᠠᠨ ᠳᠠᠭᠠᠨ ᠣᠷᠣᠭᠰᠠᠨ ᠢᠶᠠᠷ ᠢᠶᠠᠨ ᠬᠡᠯᠡᠳᠡᠭ ᠵᠢᠭᠢ︾᠃       ᠠᠮᠠᠨ ᠳᠠᠭᠠᠨ ᠪᠠᠭᠲᠠᠭᠰᠠᠨ ᠢᠶᠠᠷ ᠢᠶᠠᠨ ᠬᠡᠯᠡᠬᠦ᠄ ᠳᠤᠷ᠎ᠠ ᠪᠠᠷ ᠢᠶᠠᠨ ᠬᠡᠯᠡᠬᠦ᠃ ᠵᠢᠱᠢᠶ᠎ᠡ᠄ ︽ᠬᠥᠮᠥᠰ ᠲᠡᠭᠦᠨ ᠢ ᠨᠢᠭᠤᠷ ᠳᠠᠯᠳᠠ ᠪᠣᠯᠪᠠᠯ ︿ᠭᠠᠷᠢᠬᠳᠠᠢ ᠬᠤᠵᠢᠭᠠᠷ﹀ ᠭᠡᠵᠦ ᠠᠮᠠᠨ ᠳᠤ ᠪᠠᠭᠲᠠᠭᠰᠠᠨ ᠢᠶᠠᠷ ᠢᠶᠠᠨ ᠬᠡᠯᠡᠳᠡᠭ ᠪᠣᠯᠪᠠᠴᠤ ᠁︾ ︵ᠲ᠊ · ᠨᠠᠮᠵᠢᠯ  ᠤᠨ ︽ᠵᠡᠭᠦᠳᠦᠨ ᠤ ᠬᠤᠩᠭᠤᠷ ᠭᠤᠪᠢ︾᠂ P.114︶᠃       ᠠᠮᠠᠨ ᠳᠤ ᠴᠢᠨᠢ ᠰᠢᠷ᠎ᠠ ᠲᠣᠰᠣ ᠲᠦᠷᠬᠢᠨ᠎ᠡ ᠪᠢ᠄ ᠪᠡᠯᠭᠡ ᠳᠡᠮᠪᠡᠷᠢᠯ ᠲᠠᠢ ᠰᠠᠶᠢᠨ ᠦᠭᠡ ᠬᠡᠯᠡᠭᠰᠡᠨ ᠬᠥᠮᠥᠨ ᠳᠤ ᠬᠠᠷᠢᠭᠤ ᠬᠡᠯᠡᠭᠰᠡᠨ ᠲᠠᠯᠠᠷᠬᠠᠬᠤ ᠤᠳᠬ᠎ᠠ ᠲᠠᠢ ᠦᠭᠡᠰ᠃       ᠠᠮᠠ ᠪᠠᠨ ᠪᠠᠷᠢᠬᠤ᠄ ᠬᠠᠷᠠᠮᠰᠠᠬᠤ ᠶᠢ ᠬᠡᠯᠡᠵᠦ ᠪᠤᠢ᠃ ᠵᠢᠱᠢᠶ᠎ᠡ᠄ ︽︿᠁ ᠲᠣᠬᠢᠷᠠᠮᠵᠢᠲᠠᠢ ᠠᠵᠢᠯ ᠣᠯᠳᠠᠳᠠᠭ ᠦᠭᠡᠢ ᠶᠠᠮᠠᠷ ᠪᠠᠷᠴᠢᠳ ᠲᠠᠢ ᠬᠡᠷᠡᠭ ᠪᠢᠯᠡ︖﹀ ᠭᠡᠵᠦ ᠡᠯᠪᠡᠭ ᠡᠪᠦᠭᠡᠨ ᠠᠮᠠ ᠪᠠᠨ ᠪᠠᠷᠢᠵᠤ ᠬᠠᠷᠠᠮᠰᠠᠪᠠ ︾ ︵ᠬᠠ᠊ · ᠬᠥᠮᠦᠵᠢᠯ  ᠤᠨ ︽ᠬᠠᠶᠢᠷᠠᠨ ᠨᠠᠢᠮᠠᠨ ᠡᠳᠦᠷ︾᠂ P.9︶᠃       ᠠᠮᠠ ᠪᠥᠭᠯᠡᠬᠦ᠄ ① ᠶᠠᠮᠠᠷ ᠨᠢᠭᠡᠨ ᠬᠡᠷᠡᠭ ᠶᠠᠪᠤᠳᠠᠯ ᠢᠯᠡᠷᠡᠬᠦ ᠠᠴᠠ ᠤᠷᠢᠳᠴᠢᠯᠠᠨ ᠰᠡᠷᠭᠡᠶᠢᠯᠡᠵᠦ ᠠᠷᠭ᠎ᠠ ᠭᠠᠷᠳᠠᠬᠤ᠃ ② ᠦᠭᠡ ᠬᠡᠯᠡᠬᠦ ᠡᠷᠬᠡ ᠦᠭᠡᠢ ᠪᠣᠯᠭᠠᠬᠤ᠃       ᠠᠮᠠᠨ ᠵᠠᠪ ᠦᠭᠡᠢ᠄ ① ᠲᠠᠰᠤᠷᠠᠯᠳᠠ ᠦᠭᠡᠢ ᠦᠭᠡ ᠬᠡᠯᠡᠬᠦ ② ᠵᠠᠪ ᠵᠠᠢ ᠦᠭᠡᠢ ᠠᠷᠤ ᠠᠷᠤ ᠠᠴᠠ ᠨᠢ ᠬᠤᠪᠳᠣᠭᠯᠠᠨ ᠢᠳᠡᠬᠦ᠃       ᠠᠮᠠᠨ ᠤ ᠵᠠᠶᠢᠯᠠᠪᠤᠷᠢ ᠪᠣᠯᠬᠤ ᠦᠭᠡᠢ᠄ ᠬᠡᠮᠵᠢᠶ᠎ᠡ ᠨᠢ ᠪᠠᠭ᠎ᠠ ᠲᠤᠯᠠ ᠦᠯᠦ ᠬᠦᠷᠦᠯᠴᠡᠵᠦ ᠶᠠᠭᠤ ᠴᠦ ᠪᠣᠯᠤᠭ᠎ᠠ ᠦᠭᠡᠢ ᠮᠡᠲᠦ᠃ ᠵᠢᠱᠢᠶ᠎ᠡ᠄ ︽ᠴᠢᠮ᠎ᠠ ᠠᠴᠠ ᠪᠣᠯᠬᠤ ᠤᠯᠠᠨ ᠬᠠᠭᠠᠨ ᠤ ᠬᠥᠪᠡᠭᠦᠳ \ ᠠᠮᠠᠨ ᠤ ᠵᠠᠶᠢᠯᠪᠤᠷᠢ ᠪᠣᠯᠣᠯ ᠦᠭᠡᠢ \ ᠠᠷᠠᠭᠠᠨ ᠳᠤᠨᠢ ᠬᠠᠳᠠᠵᠤ ᠤᠳᠤᠬᠰᠠᠨ ᠪᠠᠶᠢᠨ᠎ᠠ᠃ \ ᠠᠶᠤᠩᠭ᠎ᠠ ᠶᠢᠨ ᠠᠷᠪᠠᠨ ᠭᠤᠷᠪᠠᠨ ᠰᠤᠮᠤᠨ \ ᠳᠡᠭᠡᠷ᠎ᠡ ᠨᠢ ᠲᠡᠭᠴᠡ ᠮᠠᠨᠠᠵᠤ ᠪᠠᠶᠢᠨ᠎ᠠ︾ ︵︽ᠮᠣᠩᠭᠤᠯ ᠪᠠᠭᠠᠲᠤᠷᠯᠢᠭ ᠲᠤᠤᠯᠢ ᠶᠢᠨ ᠴᠢᠭᠤᠯᠭᠠᠨ ︵ᠭᠤᠷᠪᠠ︶︾᠂ P.1245︶᠃       ᠠᠮᠠ ᠪᠠᠨ ᠬᠠᠪᠴᠢᠬᠤ᠄ ᠳᠤᠭᠤᠢ ᠪᠠᠶᠢᠬᠤ᠃       ᠠᠮᠠ ᠲᠠᠢ ᠬᠠᠮᠠᠷ ᠲᠠᠢ᠄ ᠦᠭᠡ ᠬᠡᠯᠡᠨ ᠳᠡᠭᠡᠨ ᠬᠤᠷᠴᠠ᠃ ᠵᠢᠱᠢᠶ᠎ᠡ᠄ ︽ᠠᠮᠠ ᠲᠠᠢ ᠬᠠᠮᠠᠷ ᠲᠠᠢ ᠬᠥᠮᠥᠨ ᠭᠡᠳᠡᠭ ︿ᠰᠠᠨᠠᠭᠰᠠᠨ ᠢᠶᠠᠨ ᠬᠡᠯᠡᠭᠡᠳ᠂ ᠰᠠᠩᠭᠢᠷᠴᠠᠭ ᠢᠶᠠᠨ ᠰᠠᠪᠢᠭᠠᠳ﹀ ᠪᠠᠶᠢᠳᠠᠭ ᠶᠤᠮ︾ ︵ᠳ᠋ᠤ᠋ · ᠨᠠᠶᠢᠳᠠᠢ  ᠶᠢᠨ ︽ᠠᠪᠠᠭ᠎ᠠ ᠡᠭᠡᠴᠢ ᠶᠢᠨ ᠥᠯᠢᠭᠡᠷ︾᠂ P.317︶᠃       ᠠᠮᠠᠨ ᠳᠠᠪᠠ ᠪᠠᠷ ᠬᠡᠯᠡᠬᠦ᠄ ᠥᠪᠡᠷ ᠤᠨ ᠪᠤᠳᠣᠬᠰᠠᠨ ᠢᠶᠠᠷ ᠢᠶᠠᠨ ᠪᠤᠷᠤᠭᠤ ᠵᠥᠪ ᠴᠠᠯᠴᠢᠬᠤ᠃       ᠠᠮᠠ ᠬᠠᠮᠠᠷ ᠳᠣᠯᠢᠶᠠᠬᠤ᠄ ᠪᠢᠯᠳᠠᠤᠴᠢᠯᠠᠬᠤ       ᠠᠮᠠᠨ ᠬᠠᠮᠠᠷ ᠦᠭᠡᠢ᠄ ᠦᠭᠡ ᠮᠡᠳᠡᠳᠡᠭ ᠦᠭᠡᠢ᠂ ᠶᠣᠰᠣ ᠮᠡᠳᠡᠳᠡᠭ ᠦᠭᠡᠢ᠃       ᠠᠮᠠ ᠬᠠᠮᠠᠷ ᠢᠶᠠᠨ ᠮᠡᠳᠡᠳᠡᠭ ᠦᠭᠡᠢ ᠭᠠᠷᠢᠭ᠄ ᠦᠭᠡ ᠮᠡᠳᠡᠳᠡᠭ ᠦᠭᠡᠢ᠂ ᠶᠣᠰᠣ ᠮᠡᠳᠡᠳᠡᠭ ᠦᠭᠡᠢ᠃       ᠠᠮᠠ ᠬᠠᠮᠠᠷ ᠢᠶᠠᠨ ᠳᠣᠯᠢᠶᠠᠬᠤ᠄ ᠬᠤᠭᠤᠰᠤᠨ ᠬᠤᠴᠣᠷᠬᠤ᠂ ᠭᠡᠳᠡᠰᠦ ᠴᠠᠳᠬᠤ ᠦᠭᠡᠢ ᠪᠠᠶᠢᠬᠤ᠃       ᠠᠮᠠ ᠨᠢ ᠬᠠᠯᠠᠬᠤ᠄ ① ᠠᠷᠢᠬᠢ ᠤᠤᠭᠤᠭᠠᠳ ᠠᠷᠢᠬᠢ ᠶᠢᠨ ᠬᠦᠴᠦᠨ ᠡᠬᠢᠯᠡᠨ ᠬᠦᠷᠦᠯᠴᠡᠭᠰᠡᠨ ᠴᠤ ᠪᠦᠷᠢᠮᠦᠰᠦᠨ ᠰᠣᠭᠲᠤᠭ᠎ᠠ ᠦᠭᠡᠢ ᠪᠠᠶᠢᠳᠠᠯ ② ᠶᠠᠷᠢᠬᠤ ᠬᠥᠭᠡᠷᠦᠭᠡ ᠨᠢ ᠢᠳᠡ ᠠᠪᠴᠤ᠂ ᠬᠥᠭᠵᠢᠶᠡᠨ ᠲᠠᠢ ᠶᠠᠷᠢᠯᠴᠠᠨ ᠦᠭᠡ ᠨᠢ ᠣᠯᠠᠰᠢᠷᠠᠬᠤ ᠪᠠᠶᠢᠳᠠᠯ᠃       ᠠᠮᠠ ᠪᠠᠷ ᠢᠶᠠᠨ ᠭᠠᠷᠳᠠᠯ᠎ᠠ ᠪᠠᠨ ᠴᠢᠬᠢᠬᠦ᠄ ᠬᠤᠪᠳᠣᠭᠯᠠᠵᠤ ᠨᠢᠭᠡ ᠤᠳᠠᠭ᠎ᠠ ᠳᠤ ᠶᠡᠭᠡ ᠬᠡᠮᠵᠢᠶᠡᠨ ᠤ ᠬᠤᠭᠤᠯᠠ ᠢᠳᠡᠬᠦ᠃       ᠠᠮᠠ ᠪᠠᠨ ᠶᠠᠷᠪᠠᠶᠢᠬᠤ᠄ ᠳᠤᠷ᠎ᠠ ᠦᠭᠡᠶᠢᠴᠡᠬᠦ᠂ ᠵᠢᠪᠡᠭᠦᠴᠡᠨ ᠦᠯᠦ ᠲᠣᠭᠤᠮᠰᠠᠷᠠᠬᠤ᠃       ᠠᠮᠠ ᠪᠠᠨ ᠪᠤᠵᠠᠷᠯᠠᠬᠤ᠄ ① ᠪᠤᠰᠳ ᠲᠤ ᠬᠡᠯᠡᠭᠰᠡᠨ ᠦᠭᠡ ᠨᠢ ᠪᠦᠲᠦᠭᠰᠡᠨ ᠦᠭᠡᠢ ᠪᠤᠶᠤ ᠪᠦᠲᠦᠬᠦ ᠪᠠᠶᠢᠳᠠᠯ ᠦᠭᠡᠢ᠃ ② ᠢᠳᠬᠠᠯᠭ᠎ᠠ ᠰᠠᠨᠠᠭᠤᠯᠭ᠎ᠠ ᠲᠠᠯᠠᠭᠠᠷ ᠪᠣᠯᠵᠤ ᠴᠠᠭ ᠵᠠᠪ᠂ ᠬᠦᠴᠦ ᠴᠢᠳᠠᠯ ᠢᠶᠠᠨ ᠪᠠᠷᠠᠬᠤ᠃       ᠠᠮᠠᠨ ᠤ ᠠᠰᠠᠢ ᠨᠢ ᠠᠷᠢᠯᠤᠭᠠᠳ ᠦᠭᠡᠢ᠄ ᠥᠰᠴᠦ ᠲᠣᠷᠨᠢᠭ᠎ᠠ ᠦᠭᠡᠢ ᠨᠢᠯᠬ᠎ᠠ ᠬᠡᠦᠬᠡᠳ᠃ ᠵᠢᠱᠢᠶ᠎ᠡ᠄ ︽ᠡᠮᠦᠨ᠎ᠡ ᠪᠡᠶ᠎ᠡ ᠶᠢᠨ ᠥᠷᠥᠴᠡ ᠶᠢ ᠨᠢ ᠥᠷᠦᠭᠦᠨ ᠤ ᠰᠠᠯᠬᠢᠨ ᠢᠳᠡᠭᠰᠡᠨ ᠬᠤᠩᠭᠤᠷ᠂ ᠠᠮᠠᠨ ᠤ ᠨᠢ ᠠᠰᠠᠢ ᠠᠷᠢᠯᠤᠭᠠᠳ ᠦᠭᠡᠢ ᠪᠠᠶᠢᠵᠤ᠂ ᠲᠠᠬᠢᠮ ᠤᠨ ᠪᠠᠭᠠᠰᠤ ᠨᠢ ᠠᠷᠢᠯᠤᠭᠠᠳ ᠦᠭᠡᠢ ᠪᠠᠶᠢᠵᠤ ᠁︾ ︵︽ᠵᠠᠩᠭᠠᠷ ᠤᠨ ᠡᠬᠡ ᠮᠠᠲ᠋ᠧᠷᠢᠶᠠᠯ ︵11︶︾᠂ P.15︶᠃       ᠠᠮᠠ ᠰᠡᠭᠡᠷ ᠨᠢ ᠲᠠᠭᠠᠷᠠᠭᠤᠯᠬᠤ᠄ ᠡᠪᠯᠡᠭᠦᠯᠬᠦ᠃ ᠵᠢᠱᠢᠶ᠎ᠡ᠄ ︽ᠵᠠᠩᠭᠠᠷᠴᠢ ᠶᠢᠨ ᠬᠡᠯᠡᠭᠰᠡᠨ ᠥᠯᠢᠭᠡᠷ ᠢ ᠲᠠᠬᠢᠨ ᠳᠠᠪᠲᠠᠨ ᠤᠩᠰᠢᠵᠤ ᠣᠶᠢᠯᠠᠭᠠᠭᠰᠠᠨ ᠤ ᠰᠠᠭᠤᠷᠢ ᠳᠡᠭᠡᠷ᠎ᠡ ᠠᠮᠠᠨ ᠰᠡᠭᠡᠷ ᠢ ᠨᠢ ᠲᠠᠭᠠᠷᠠᠭᠤᠯᠵᠤ ᠴᠡᠭᠴᠡᠯᠡᠨ ᠡᠮᠬᠢᠳᠬᠡᠬᠦ  ᠳᠡᠭᠡᠨ ᠁︾ ︵︽ᠵᠠᠩᠭᠠᠷ ᠤᠨ ᠡᠬᠡ ᠮᠠᠲ᠋ᠧᠷᠢᠶᠠᠯ 10︾᠂ P.506︶᠃       ᠠᠮᠠ ᠨᠢ ᠵᠠᠭᠤᠷᠠᠬᠤ᠄ ᠦᠭᠡ ᠬᠡᠯᠡᠬᠦ ᠳᠤᠷ᠎ᠠ ︵ᠤᠷᠮ᠎ᠠ︶ ᠦᠭᠡᠢ ᠪᠠᠶᠢᠳᠠᠯ ᠢ ᠬᠡᠯᠡᠵᠦ ᠪᠤᠢ᠃ ᠵᠢᠱᠢᠶ᠎ᠡ᠄ ︽ᠮᠢᠨᠤ ᠠᠮᠠᠨ ᠵᠠᠭᠤᠷᠠᠭᠰᠠᠨ ᠪᠣᠯᠬᠤᠷ ᠦᠭᠡ ᠬᠡᠯᠡᠵᠦ ᠴᠢᠳᠠᠭᠰᠠᠨ ᠦᠭᠡᠢ︾ ︵ᠲ᠊ · ᠨᠠᠮᠵᠢᠯ ᠤᠨ ︽ᠵᠡᠭᠦᠳᠦᠨ ᠤ ᠬᠤᠩᠭᠤᠷ ᠭᠤᠪᠢ︾᠂ P.184︶᠃       ᠠᠮᠲᠠ ᠪᠠᠨ ᠪᠠᠷᠠᠬᠤ᠄ ᠦᠨ᠎ᠡ ᠪᠠᠨ ᠪᠠᠷᠠᠬᠤ᠃ ① ᠥᠪᠡᠷ ᠤᠨ ᠵᠣᠬᠢᠰ ᠦᠭᠡᠢ ᠦᠢᠯᠡᠳᠦᠯ ᠠᠴᠠ ᠪᠣᠯᠵᠤ ᠨᠡᠷ᠎ᠡ ᠠᠯᠳᠠᠷ ᠢᠶᠠᠨ ᠪᠤᠵᠠᠷᠯᠠᠵᠤ᠂ ᠪᠡᠶ᠎ᠡ ᠪᠠᠨ ᠬᠤᠭᠢᠷᠠᠭᠠᠬᠤ᠃ ᠵᠢᠱᠢᠶ᠎ᠡ᠄ ︽ᠲᠡᠶᠢᠮᠦ ᠰᠠᠶᠢᠬᠠᠨ ᠵᠠᠯᠠᠭᠤ ᠶᠠᠭᠠᠬᠢᠭᠠᠳ ᠠᠷᠢᠬᠢ ᠤᠤᠭᠤᠴᠢᠬᠠᠭᠠᠳ ᠠᠮᠲᠠ ᠪᠠᠨ ᠪᠠᠷᠠᠭᠠᠳ ᠪᠠᠶᠢᠨ᠎ᠠ ᠴᠢ︾᠃ ② ᠦᠢᠮᠡᠭᠦᠯᠵᠦ ᠰᠠᠮᠠᠭᠤᠷᠠᠭᠤᠯᠬᠤ᠃ ᠵᠢᠱᠢᠶ᠎ᠡ᠄ ︽ᠬᠡᠦᠬᠡᠨ ᠴᠢᠨᠢ ᠪᠣᠭᠤᠷᠰᠤᠭ ᠳᠡᠭᠡᠷ᠎ᠡ ᠤᠰᠤ ᠬᠢᠭᠡᠳ ᠠᠮᠲᠠ ᠪᠠᠨ ᠪᠠᠷᠠᠪᠠ︾᠃       ᠠᠮᠲᠠ ᠪᠠᠨ ᠪᠢᠲᠡᠭᠡᠢ ᠪᠠᠷᠠ᠄ ᠦᠨ᠎ᠡ ᠪᠠᠨ ᠪᠠᠷᠠᠬᠤ᠃ ᠵᠢᠱᠢᠶ᠎ᠡ᠄ ︽ᠭᠦᠢ᠂ ᠵᠠᠯᠠᠭᠤ᠂ ᠨᠠᠭᠠᠷᠤ ᠪᠠᠨ ᠢᠷ᠎ᠡ︕ ᠴᠢ ᠪᠢᠳᠠᠨ ᠲᠠᠢ ᠪᠠᠷᠢᠯᠳᠤᠨ᠎ᠠ ᠭᠡᠵᠦ ᠠᠮᠲᠠ ᠪᠠᠨ ᠪᠢᠲᠡᠭᠡᠢ ᠪᠠᠷᠠ︾ ︵ᠠ᠊ · ᠳᠠᠶᠢᠪᠠᠢ  ᠶᠢᠨ ︽ᠭᠡᠭᠡᠳᠡᠷᠡᠭᠰᠡᠨ ᠵᠠᠬᠢᠶ᠎ᠠ︾᠂ P.115︶᠃        ᠠᠮᠠᠷ ᠢᠶᠠᠷ ᠰᠠᠭᠤᠬᠤᠯ᠎ᠠ ᠮᠡᠷᠭᠡᠨ ᠪᠣᠯᠳᠠᠭ ᠦᠭᠡᠢ᠄ ᠴᠠᠭ ᠵᠠᠪ ᠢ ᠲᠠᠯᠠᠭᠠᠷ ᠥᠩᠭᠡᠷᠡᠭᠦᠯᠪᠡᠯ ᠶᠠᠮᠠᠷ ᠴᠦ ᠠᠮᠵᠢᠯᠲᠠ ᠪᠦᠲᠦᠭᠡᠯ ᠭᠠᠷᠭᠠᠬᠤ ᠦᠭᠡᠢ᠃       ᠠᠮᠢ ᠨᠢ ᠬᠠᠮᠠᠷ ᠤᠨ ᠦᠵᠦᠭᠦᠷ ᠲᠤ ᠬᠦᠷᠬᠦ᠄ ᠲᠥᠷᠢᠭᠦᠦ ᠵᠦᠳᠡᠭᠦᠦ ᠶᠢᠨ ᠲᠤᠶᠢᠯ ᠳᠤ ᠬᠦᠷᠬᠦ᠃       ᠠᠮᠪᠠᠷ ᠤᠮᠪᠤᠷ ᠭᠡᠳ᠄ ᠵᠠᠯᠭᠠᠭᠠᠳ ᠴᠤᠪᠤᠷᠠᠭᠠᠳ ᠪᠠᠶᠢᠬᠤ ᠶᠢ ᠬᠡᠯᠡᠵᠦ ᠪᠠᠶᠢᠨ᠎ᠠ᠃       ᠠᠮᠢ ᠠᠪᠬᠤ᠄ ① ᠬᠦᠴᠦ ᠪᠠᠷᠠᠬᠤ ᠠᠵᠢᠯ ᠪᠤᠶᠤ ᠲᠠᠷᠢᠬᠢ ᠵᠣᠪᠠᠭᠠᠬᠤ ᠠᠵᠢᠯ ᠢ ᠬᠡᠯᠡᠵᠦ ᠪᠤᠢ᠃ ② ᠶᠠᠮᠠᠷ ᠨᠢᠭᠡ ᠤᠴᠢᠷ ᠳᠡᠭᠡᠷ᠎ᠡ ᠬᠠᠰᠢᠵᠤ ᠵᠣᠪᠠᠭᠠᠬᠤ᠃       ᠠᠮᠢ ᠪᠠᠨ ᠠᠪᠬᠤ᠄ ① ᠶᠠᠮᠠᠷ ᠨᠢᠭᠡ ᠲᠦᠪᠡᠭᠲᠡᠢ ᠶᠠᠪᠤᠳᠠᠯ ᠠᠴᠠ ᠮᠣᠯᠲᠤᠷᠴᠤ ᠭᠠᠷᠬᠤ᠃ ᠵᠢᠱᠢᠶ᠎ᠡ᠄ ︽ᠡᠩᠬᠡᠰᠠᠶᠢᠨ ᠣᠳᠣᠬᠢ ᠡᠮᠡᠭᠲᠡᠢ ᠠᠴᠠ ᠠᠮᠢ ᠪᠠᠨ ᠠᠪᠤᠭᠰᠠᠨ ᠳᠠᠭᠠᠨ ᠴᠤ ᠪᠢᠯᠡ ᠦᠦ︖︾ ︵ᠳ᠋ᠤ᠋ · ᠨᠠᠶᠢᠳᠠᠢ ᠶᠢᠨ ︽ᠮᠥᠩᠬᠡ ᠶᠢᠨ ᠬᠠᠶᠢᠷ᠎ᠠ︾᠂ P.10︶᠃ ② ᠪᠤᠳᠤᠯᠢᠶᠠᠨᠲᠤ ᠪᠠᠶᠢᠳᠠᠯ᠂ ᠠᠶᠤᠯᠲᠤ ᠣᠷᠴᠢᠨ ᠠᠴᠠ ᠵᠢᠭᠤᠲᠠᠬᠤ᠃ ᠵᠢᠱᠢᠶ᠎ᠡ᠄ ︽ᠴᠢ ᠠᠷᠢᠬᠢ ᠤᠤᠭᠤᠴᠢᠬᠠᠭᠠᠳ ᠠᠬᠰᠠᠮᠨᠠᠭᠠᠳ ᠪᠠᠶᠢᠬᠤᠯ᠎ᠠ ᠬᠥᠮᠥᠨ ᠠᠮᠢ ᠪᠠᠨ ᠠᠪᠤᠭᠠᠳ ᠶᠠᠪᠤᠬᠤᠰᠢ ᠦᠦ︾᠃       ᠠᠮᠢ ᠪᠠᠨ ᠠᠷᠪᠢᠯᠠᠯ ᠦᠭᠡᠢ᠂ ᠲᠥᠷᠦᠭᠡ ᠪᠠᠨ ᠰᠤᠭᠤᠯᠤᠯ ᠦᠭᠡᠢ᠄ ᠬᠠᠮᠤᠭ ᠬᠦᠴᠦ ᠪᠠᠷ ᠢᠶᠠᠨ ᠵᠢᠳᠬᠦᠬᠦ᠃       ᠠᠮᠢ ᠪᠠᠷ ᠢᠶᠠᠨ ᠱᠤᠷᠳᠠᠬᠤ᠄ ᠶᠠᠮᠠᠷ ᠨᠢᠭᠡᠨ ᠬᠡᠷᠡᠭ ᠲᠤ ᠠᠭᠤᠷᠯᠠᠵᠤ ᠠᠮᠢ ᠪᠠᠨ ᠬᠤᠣᠷᠯᠠᠬᠤ᠃       ᠠᠮᠢ ᠮᠥᠴᠢ ᠭᠠᠵᠠᠷ᠄ ᠬᠢᠯᠪᠠᠷᠬᠠᠨ ᠰᠢᠷᠬᠠᠲᠤᠬᠤ ᠪᠠᠭᠤᠷᠠᠢ ᠭᠠᠵᠠᠷ᠃       ᠠᠮᠢᠨ ᠭᠤᠣᠯ ᠨᠢ ᠲᠠᠰᠤᠷᠠᠬᠤ᠄ ① ᠠᠮᠢ ᠨᠢ ᠭᠠᠷᠬᠤ ② ᠴᠢᠳᠠᠯ ᠨᠢ ᠪᠠᠷᠠᠭᠳᠠᠬᠤ       ᠠᠮᠢᠨ ᠰᠢᠷ ᠦᠭᠡᠢ᠄ ᠬᠥᠳᠡᠯᠬᠦ ᠴᠢᠳᠠᠯ ᠦᠭᠡᠢ ᠪᠣᠯᠬᠤ᠃ ᠵᠢᠱᠢᠶ᠎ᠡ᠄ ︽ᠰᠥᠨᠢ ᠳᠤᠮᠳᠠ ᠥᠩᠭᠡᠷᠴᠤ ᠪᠠᠶᠢᠲᠠᠯ᠎ᠠ ᠴᠢᠷᠠᠢ ᠨᠢ ᠴᠠᠶᠢᠵᠤ ᠠᠮᠢᠨ ᠰᠢᠷ ᠦᠭᠡᠢ ᠬᠡᠪᠲᠡᠭᠰᠡᠨ ᠰᠡᠨᠳᠡᠨ ᠠᠮᠠᠨ ᠨᠢ ᠴᠤᠪᠤᠷ ᠴᠤᠪᠤᠷ ᠬᠥᠳᠡᠯᠵᠦ ᠪᠠᠶᠢᠭᠠᠳ ᠁︾ ︵ᠠ᠊ · ᠳᠠᠶᠢᠪᠠᠢ  ᠶᠢᠨ ︽ᠭᠡᠭᠡᠳᠡᠷᠡᠭᠰᠡᠨ ᠵᠠᠬᠢᠶ᠎ᠠ︾᠂ P.74︶᠃       ᠠᠮᠢᠨ ᠰᠡᠬᠦᠯ ᠳᠤᠨᠢ᠄ ᠠᠳᠠᠭ ᠰᠡᠬᠦᠯ ᠳᠤᠨᠢ᠃       ᠠᠮᠢᠨ ᠰᠢᠷ ᠨᠢ ᠲᠠᠰᠤᠷᠠᠬᠤ᠄ ᠬᠥᠳᠡᠯᠬᠦ ᠴᠢᠳᠠᠯ ᠦᠭᠡᠢ ᠪᠣᠯᠬᠤ᠃       ᠠᠮᠢᠨ ᠳᠠᠭᠠᠨ ᠵᠥᠪ᠄ ᠪᠡᠶ᠎ᠡ ᠳᠡᠭᠡᠨ ᠵᠣᠬᠢᠷᠠᠭᠰᠠᠨ ᠵᠣᠬᠢᠬᠤ ᠬᠡᠮᠵᠢᠶᠡᠨ ᠤ ᠲᠠᠭᠠᠷᠠᠤᠬᠠᠨ ᠠᠮᠢᠳᠤᠷᠠᠯ ᠲᠠᠢ᠃ ᠵᠢᠱᠢᠶ᠎ᠡ᠄ ︽ᠦᠨᠡᠨ ᠳᠡᠭᠡᠨ ᠪᠢ ᠲᠡᠶᠢᠮᠦ ᠴᠤ ᠥᠭᠡᠳᠡ ᠦᠭᠡᠢ ᠶᠢᠨ ᠲᠣᠭᠠᠨ ᠳᠤ ᠣᠷᠣᠳᠠᠭ ᠦᠭᠡᠢ ᠠᠮᠢᠨ ᠳᠠᠭᠠᠨ ᠵᠥᠪ ᠠᠭᠤᠷ ᠲᠠᠢ ᠬᠥᠮᠥᠨ᠃︾ ︵ᠲ᠊ · ᠨᠠᠮᠵᠢᠯ  ᠤᠨ ︽ᠵᠡᠭᠦᠳᠦᠨ ᠤ ᠬᠤᠩᠭᠤᠷ ᠭᠤᠪᠢ︾᠂ P.195︶᠃       ᠠᠮᠢᠨ ᠳᠠᠭᠠᠨ ᠵᠥᠪ ᠦᠭᠡᠢ᠄ ᠠᠮᠢᠳᠤᠷᠠᠯ ᠨᠢ ᠰᠠᠶᠢᠨ ᠪᠢᠰᠢ᠃ ᠲᠠᠷᠴᠢᠪᠲᠤᠷ ᠶᠠᠳᠠᠭᠤ᠃       ᠠᠮᠢᠳᠠᠨ ᠤ ᠬᠡᠯᠡᠨ ᠬᠦᠷᠬᠦ᠄ ᠬᠥᠮᠥᠰ ᠤᠨ ᠶᠠᠷᠢᠶᠠᠨ ᠤ ᠰᠡᠳᠦᠪ ᠪᠤᠯᠣᠬᠰᠠᠨ ᠠᠴᠠ ᠲᠤᠬᠠᠢ ᠶᠢᠨ ᠬᠥᠮᠥᠨ ᠳᠤ ᠨᠠᠵᠠᠭᠠᠢ ᠨᠥᠯᠥᠭᠡ ᠦᠵᠡᠭᠦᠯᠬᠦ᠃       ᠠᠮᠢᠳᠠᠨ ᠤ ᠬᠤᠷᠮᠣᠢ ᠳᠤ ᠪᠠᠭᠲᠠᠬᠤ᠄ ᠬᠥᠮᠥᠨ ᠤ ᠵᠡᠷᠭᠡ ᠳᠤ ᠬᠦᠷᠬᠦ᠃       ᠠᠮᠢᠳᠠᠨ ᠤ ᠲᠣᠭᠤᠰᠣᠨ ᠳᠤ ᠪᠠᠭᠲᠠᠬᠤ᠄ ᠶᠢᠷᠲᠢᠨᠴᠦ ᠶᠢᠨ ᠵᠢᠮ᠎ᠡ ᠪᠠᠷ ᠪᠤᠰᠤᠳ ᠲᠠᠢ ᠠᠳᠠᠯᠢ ᠠᠮᠢᠳᠤᠷᠠᠵᠤ ᠶᠠᠪᠤᠬᠤ᠃ ᠵᠢᠱᠢᠶ᠎ᠡ᠄ ︽ᠠᠪᠤ ᠠᠴᠠ ᠭᠠᠷᠤᠭᠠᠳ ᠡᠵᠢ ᠠᠴᠠ ᠭᠡᠤᠭᠡᠯᠡᠭᠰᠡᠨ᠂ ᠦᠷ᠎ᠡ ᠬᠡᠦᠬᠡᠳ ᠮᠠᠨᠢ ᠨᠠᠰᠤᠨ ᠪᠠᠳᠤᠰᠢᠭᠠᠳ᠂ ᠡᠮᠦᠨ᠎ᠡ ᠪᠠᠨ ᠤᠭ ᠲᠠᠢ ᠬᠤᠶᠢᠨ᠎ᠠ ᠪᠠᠨ ᠬᠤᠭ ᠲᠠᠢ᠂ ᠣᠷᠴᠢᠯᠠᠩ ᠤᠨ ᠠᠮᠢᠳᠠᠨ ᠤ ᠲᠣᠭᠤᠰᠣᠨ ᠳᠤ ᠪᠠᠭᠲᠠᠭᠠᠳ ᠁︾ ︵︽ᠵᠤᠤᠨᠠᠢ ᠶᠢᠨ ᠭᠠᠷ ᠪᠢᠴᠢᠮᠡᠯ ᠢᠷᠦᠭᠡᠯ︾︶᠃       ᠠᠮᠢᠳᠤ ᠪᠠᠷ ᠠᠷᠠᠰᠤ ᠶᠢ ᠴᠢᠨᠢ ᠥᠪᠴᠢᠬᠦ᠄ ᠰᠡᠳᠬᠢᠯ ᠰᠠᠨᠠᠭ᠎ᠠ ᠪᠡᠶ᠎ᠡ ᠮᠠᠬᠠᠪᠤᠳ ᠢ ᠨᠢ ᠲᠠᠷᠴᠢᠯᠭᠠᠨ ᠵᠣᠪᠠᠭᠠᠬᠤ᠃ ᠵᠢᠱᠢᠶ᠎ᠡ᠄ ︽ᠴᠢ ᠤᠳᠤᠭᠠᠳ ᠰᠢᠷᠠᠭᠴᠢ ᠢᠩᠭᠡ ᠶᠢ ᠮᠢᠨᠢ ᠡᠰᠡ ᠠᠪᠴᠢᠷᠠᠪᠠᠯ ᠠᠮᠢᠳᠤ ᠪᠠᠷ ᠴᠢᠨᠢ ᠠᠷᠠᠰᠤ ᠶᠢ ᠴᠢᠨᠢ ᠥᠪᠴᠢᠨᠡᠮ ᠪᠢ ᠁︾ ︵ᠫᠤ · ᠪᠠᠳᠮᠠᠷ᠎ᠠ  ᠶᠢᠨ ︽ᠬᠠᠯᠠ ᠪᠠᠷ ᠬᠠᠯᠲᠤᠷᠢᠭᠰᠠᠨ ᠵᠠᠶᠠᠭ᠎ᠠ︾᠂ P.60︶᠃       ᠠᠮᠢᠳᠤ ᠶᠢᠨ ᠲᠠᠮᠤ ᠪᠠᠨ ᠦᠵᠡᠬᠦ᠄ ᠬᠠᠲᠠᠭᠤ ᠬᠠᠯᠠ ᠵᠣᠪᠠᠯᠠᠩ ᠦᠵᠡᠬᠦ᠃ ᠵᠢᠱᠢᠶ᠎ᠡ᠄ ︽ᠰᠡᠭᠦᠯᠳᠡᠵᠦ ᠢᠷᠡᠭᠡᠳ ᠬᠤᠲᠠ ᠶᠢᠨ ᠱᠠᠭ ᠨᠢ ᠬᠠᠳᠠᠭᠠᠳ ᠭᠠᠷᠴᠤ ᠥᠭᠬᠦ ᠦᠭᠡᠢ ᠦᠬᠦᠬᠦ ᠠᠴᠠ ᠪᠠᠰᠠ ᠬᠡᠴᠡᠭᠦᠦ ᠠᠮᠢᠳᠤ ᠶᠢᠨ ᠲᠠᠮᠤ ᠪᠠᠨ ᠦᠵᠡᠵᠦ ᠪᠠᠶᠢᠪᠠ︾ ︵ᠮ᠊ · ᠵᠠᠯᠰᠠᠷᠠᠢ  ᠶᠢᠨ ︽ᠶᠠᠰᠤ ᠮᠢᠬᠠᠨ ᠤ ᠲᠠᠰᠤᠷᠬᠠᠢ︾ ︽ᠨᠤᠲᠤᠭ ᠤᠨ ᠴᠡᠩᠬᠡᠷ ᠤᠲᠤᠭᠠᠨ ︾᠂ P.105︶᠃       ᠠᠮᠢᠰᠬᠤᠯ ᠠᠪᠳᠠᠭ ᠵᠠᠪ ᠦᠭᠡᠢ᠄ ᠶᠠᠭᠠᠷᠠᠤ᠂ ᠵᠠᠪ ᠦᠭᠡᠢ᠃ ᠵᠢᠱᠢᠶ᠎ᠡ᠄ ︽ᠡᠩᠬᠡᠰᠠᠶᠢᠨ ᠥᠷᠦᠭᠦᠨ ᠮᠣᠷᠳᠠᠭᠠᠳ ᠠᠰᠬᠠᠨ ᠢᠷᠠᠵᠤ᠂ ᠬᠤᠰᠬᠢᠨᠠᠭ ᠢᠶᠠᠨ ᠪᠦᠯᠢᠶᠡᠳᠬᠡᠭᠡᠳ ᠠᠮᠢᠰᠬᠤᠯ ᠠᠪᠬᠤ ᠵᠠᠪ ᠦᠭᠡᠢ ᠶᠠᠭᠠᠷᠠᠵᠤ ᠡᠬᠢᠯᠡᠪᠡ︾ ︵ᠳ᠋ᠤ᠋ · ᠨᠠᠶᠢᠳᠠᠢ ᠶᠢᠨ ︽ᠮᠥᠩᠬᠡ ᠶᠢᠨ ᠬᠠᠶᠢᠷ᠎ᠠ︾᠂ P.4︶᠃       ᠠᠯᠳᠠᠭ ᠤᠨᠤᠭ ᠭᠡᠳ᠄ ᠬᠡᠯᠡᠭᠰᠡᠨ ᠦᠭᠡ ᠨᠢ ᠲᠣᠳᠣᠷᠬᠠᠢ ᠦᠭᠡᠢ᠂ ᠯᠣᠭᠢᠭ ᠵᠦᠢ ᠳᠤ ᠨᠡᠶᠢᠴᠡᠬᠦ ᠦᠭᠡᠢ᠃       ᠠᠯᠠᠩ ᠳᠠᠯᠠᠩ ᠪᠣᠯᠬᠤ᠄ ᠤᠴᠢᠷ ᠨᠠᠴᠢᠷ ᠢ ᠨᠢ ᠣᠯᠳᠠᠵᠤ ᠶᠠᠳᠠᠨ ᠠᠯᠮᠠᠶᠢᠷᠠᠨ ᠭᠠᠶᠢᠬᠠᠬᠤ᠂ ᠶᠠᠭᠤ ᠪᠤᠯᠤᠬᠰᠠᠨ ᠢ ᠮᠡᠳᠡᠬᠦ ᠦᠭᠡᠢ᠃ ᠵᠢᠱᠢᠶ᠎ᠡ᠄ ︽ᠡᠨᠡ ᠶᠠᠪᠤᠳᠠᠯ ᠨᠢ ᠪᠥᠬᠦ ᠨᠤᠲᠤᠭ ᠢ ᠠᠯᠠᠩ ᠳᠠᠯᠠᠩ ᠪᠣᠯᠭᠠᠵᠤ ᠢᠲᠡᠭᠡᠬᠦ ᠶᠢᠨ ᠠᠷᠭ᠎ᠠ ᠦᠭᠡᠢ ᠁︾ ︵ᠭᠠ᠊ · ᠭᠤᠮᠪᠠ  ᠶᠢᠨ ︽ᠲᠥᠭᠡᠷᠢᠭᠰᠡᠨ ᠳᠦᠷᠦᠯ︾ ︽ᠰᠡᠬᠡᠭᠡᠷᠡᠭᠰᠡᠨ ᠲᠠᠯ᠎ᠠ — ᠰᠢᠨ᠎ᠡ ᠵᠠᠭᠤᠨ ᠤ ᠰᠢᠨᠵᠢᠶᠠᠩ ᠤᠨ ᠮᠣᠩᠭᠤᠯ ᠥᠭᠦᠯᠡᠯᠭᠡ ᠶᠢᠨ ᠰᠣᠩᠭᠤᠮᠠᠯ︾᠂ P.36︶᠃       ᠠᠯᠠᠩ ᠵᠢᠯᠢᠩ ᠪᠣᠯᠬᠤ᠄ ᠤᠴᠢᠷ ᠰᠢᠯᠲᠠᠭᠠᠨ ᠢ ᠨᠢ ᠣᠯᠵᠤ ᠶᠠᠳᠠᠨ ᠭᠠᠶᠢᠬᠠᠬᠤ᠂ ᠶᠠᠭᠤ ᠪᠤᠯᠤᠬᠰᠠᠨ ᠢ ᠮᠡᠳᠡᠬᠦ ᠦᠭᠡᠢ᠃ ᠵᠢᠱᠢᠶ᠎ᠡ᠄ ︽ᠶᠠᠮᠠᠷ ᠤᠴᠢᠷ ᠪᠤᠯᠤᠬᠰᠠᠨ ᠢ ᠨᠢ ᠮᠡᠳᠡᠯ ᠦᠭᠡᠢ ᠠᠯᠠᠩ ᠵᠢᠯᠢᠩ ᠪᠤᠯᠤᠬᠰᠠᠨ ᠤᠯᠠᠨ ᠤᠯᠤᠰ ᠳᠣᠲᠣᠷ᠎ᠠ ᠠᠴᠠ ᠥᠴᠢ ᠳᠠᠪᠠᠯ ᠡᠮᠦᠰᠦᠭᠰᠡᠨ ᠳᠤᠮᠳᠠ ᠶᠢᠨ ᠨᠠᠰᠤᠲᠠᠢ ᠨᠢᠭᠡ ᠬᠥᠮᠥᠨ ᠭᠠᠷᠴᠤ ᠢᠷᠡᠭᠡᠳ ᠁︾ ︵ᠫᠤ · ᠪᠠᠳᠮᠠᠷ᠎ᠠ  ᠶᠢᠨ ︽ᠬᠠᠯᠠ ᠪᠠᠷ ᠬᠠᠯᠲᠤᠷᠢᠭᠰᠠᠨ ᠵᠠᠶᠠᠭ᠎ᠠ︾᠂ P.151︶᠃       ᠠᠯᠠᠭ ᠲᠠᠢ ᠪᠤᠯᠠᠭ ᠲᠠᠢ᠄ ① ᠶᠠᠮᠠᠷ ᠨᠢᠭᠡ ᠶᠠᠭᠤᠮ᠎ᠠ ᠢᠯᠡᠭᠦᠦ ᠲᠠᠢ ᠳᠤᠲᠠᠭᠤ ᠲᠠᠢ᠃ ② ᠶᠠᠭᠤᠮᠠᠨ ᠤ ᠠᠯᠢ ᠠᠯᠢ ᠨᠢ ᠴᠥᠮ ᠪᠠᠶᠢᠬᠤ ᠣᠯᠠᠨ ᠶᠠᠩᠵᠤᠲᠤ ᠰᠢᠨᠵᠢ᠃       ᠠᠯᠤᠰ ᠪᠤᠯᠤᠰ ᠠᠪᠬᠤ᠄ ᠲᠣᠩᠭᠤᠷᠴᠠᠭᠯᠠᠵᠤ ᠤᠨᠠᠬᠤ᠃       ᠠᠯᠠᠭ ᠠᠯᠠᠭ ᠭᠡᠬᠦᠯ᠎ᠡ ᠠᠮᠠ ᠳᠣᠯᠢᠶᠠᠬᠤ᠄ ᠳᠡᠩᠳᠡᠭᠦᠦ ᠬᠦᠨᠳᠦᠳᠬᠡᠬᠦᠯ᠎ᠡ ᠲᠣᠯᠣᠭᠠᠢ ᠳᠡᠭᠡᠷ᠎ᠡ ᠭᠠᠷᠬᠤ ︵ᠬᠠᠶᠢᠷ᠎ᠠ ᠬᠦᠨᠳᠦᠳᠬᠡᠯ ᠢ ᠤᠮᠠᠷᠲᠠᠨ ᠬᠠᠷᠢᠭᠤ ᠳᠤᠨᠢ ᠶᠡᠬᠡᠷᠬᠡᠨ ᠠᠭᠠᠰᠢᠯᠠᠬᠤ︶᠃       ᠠᠯᠴᠠ ᠲᠠ ᠪᠠᠨ ᠦᠵᠡᠯᠴᠡᠬᠦ᠄ ① ᠬᠦᠴᠦ ᠴᠢᠳᠠᠯ ᠢᠶᠠᠨ ᠦᠵᠡᠯᠴᠡᠬᠦ᠃ ② ᠰᠠᠶᠢᠨ ᠮᠠᠭᠤ ᠪᠠᠨ ᠦᠵᠡᠯᠴᠡᠬᠦ᠃      
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号