| ᠰᠡᠴᠡᠨ᠂ ᠡᠷᠳᠡᠨᠢᠬᠦᠦ | | ᠶᠢᠷᠲᠢᠨᠴᠦ ᠶᠢᠨ ᠬᠠᠮᠤᠭ ᠰᠠᠶᠢᠬᠠᠨ ᠬᠠᠨᠢ ᠨᠥᠬᠦᠷ ᠤᠨ ᠬᠠᠷᠢᠯᠴᠠᠭ᠎ᠠ ᠭᠡᠭᠴᠢ ︽ᠨᠢᠭᠡ ᠨᠢ ᠳᠠᠭᠤᠯᠠᠵᠤ | ᠪᠥᠵᠢᠭᠯᠡᠨ ᠱᠤᠤᠭᠢᠶᠠᠨ ᠳᠡᠪᠵᠢᠶᠡᠨ ᠭᠠᠷᠭᠠᠬᠤ ᠳᠤ ᠨᠥᠭᠦᠭᠡ ᠨᠢ ᠦᠵᠡᠭᠴᠢ ᠪᠣᠯᠵᠤ ᠢᠨᠢᠶᠡᠵᠦ ᠰᠠᠭᠤᠬᠤ︾ ᠭᠡᠰᠡᠨ | ᠰᠦᠯᠵᠢᠶᠡᠨ ᠤ ᠬᠡᠯᠡᠯᠭᠡ ᠪᠤᠢ᠃ ᠠᠴᠢᠶᠠᠨ ᠤ ᠮᠠᠰᠢᠨ ᠤ ᠵᠢᠯᠣᠭᠤᠴᠢ ᠭᠡᠷᠡᠯᠬᠦᠦ ᠪᠣᠯᠣᠨ ᠤᠷᠠᠩᠭᠤᠸ᠎ᠠ ᠪᠣᠯ ᠶᠠᠭ | ᠡᠶᠢᠮᠦ ᠯᠠ ᠨᠢᠭᠡ ᠪᠦᠯᠢ ᠶᠢᠨ ᠬᠢ᠃ ᠤᠷᠠᠩᠭᠤᠸ᠎ᠠ ᠨᠢ ᠬᠡᠵᠢᠶᠡᠳᠡ ᠳᠠᠭᠤᠯᠠᠵᠤ᠂ ᠪᠥᠵᠢᠭᠯᠡᠨ ᠡᠯᠳᠡᠪ ᠤᠨ ᠱᠤᠭ | ᠨᠠᠭᠠᠳᠤᠮ ᠭᠠᠷᠭᠠᠬᠤ ᠳᠤ᠂ ᠭᠡᠷᠡᠯᠬᠦᠦ ︽ᠮᠠᠨ ᠤ ᠬᠢ ᠡᠶᠢᠮᠦ ᠯᠠ ᠬᠥᠮᠥᠨ︾ ᠭᠡᠰᠡᠨ ᠮᠠᠶ᠋ᠢᠭᠲᠠᠢ ᠴᠠᠭᠠᠨ᠎ᠠ ᠨᠢ | ᠢᠨᠢᠶᠡᠵᠦ ᠰᠠᠭᠤᠨ᠎ᠠ᠃ ᠤᠳᠠᠭᠠᠨ ᠳᠠᠭᠠᠨ ᠪᠠᠰᠠ ᠡᠬᠡᠨᠡᠷ ᠤᠨ ᠢᠶᠠᠨ ᠪᠠᠶᠠᠰᠤᠩᠭᠤᠢ ᠣᠪᠣᠷ ᠲᠤ ᠳᠠᠶᠢᠴᠢᠯᠠᠭᠳᠠᠨ | ᠬᠠᠮᠲᠤ ᠳᠠᠭᠠᠨ ᠨᠢᠭᠡ ᠳᠠᠭᠤᠯᠠᠴᠢᠬᠠᠬᠤ ᠪᠤᠶᠤ ᠪᠥᠵᠢᠭᠯᠡᠴᠢᠬᠡᠨᠡ᠃ | ᠬᠠᠮᠤᠭ ᠠᠩᠬ᠎ᠠ ᠤᠷᠠᠩᠭᠤᠸ᠎ᠠ ᠶᠢ ᠲᠠᠨᠢᠭᠰᠠᠨ ᠨᠢ ᠬᠤᠶᠠᠷ ᠭᠤᠷᠪᠠᠨ ᠵᠢᠯ ᠤᠨ ᠡᠮᠦᠨᠡᠬᠢ ᠤᠴᠢᠷ ᠪᠢᠯᠡ᠃ | ᠬᠢᠵᠢᠭ ᠡᠪᠡᠳᠴᠢᠨ ᠬᠡᠮᠡᠨ ᠬᠥᠮᠥᠨ ᠪᠦᠭᠦᠳᠡ ᠠᠶᠤᠵᠤ ᠰᠠᠨᠳᠤᠷᠤᠭᠰᠠᠨ᠂ ᠪᠠᠴᠢᠮᠳᠠᠵᠤ ᠵᠣᠪᠠᠭᠰᠠᠨ ᠪᠠᠶᠢᠳᠠᠯ ᠳᠤ | ᠣᠷᠣᠵᠤ᠂ ︽ᠪᠢᠳᠠᠨ ᠤ ᠠᠮᠢᠳᠤᠷᠠᠯ ᠶᠠᠭᠠᠬᠢᠬᠤ ᠪᠣᠯ︖︾ ︽ᠡᠨᠡ ᠡᠪᠡᠳᠴᠢᠨ ᠬᠡᠵᠢᠶ᠎ᠡ ᠳᠠᠷᠤᠭᠳᠠᠬᠤ ᠪᠣᠯ︖︾ | ᠭᠡᠰᠡᠨ ᠪᠢᠲᠡᠭᠦᠦ ᠭᠤᠨᠢᠭ ᠲᠤ ᠠᠪᠲᠠᠨ᠂ ︽ᠲᠢᠺ ᠲᠤᠺ︾ ᠲᠠᠪᠴᠠᠩ ᠢ ᠡᠷᠭᠢᠭᠦᠯᠵᠦ ᠰᠠᠭᠤᠬᠤ ᠵᠠᠭᠤᠷ᠎ᠠ ᠠᠯᠠᠱᠠ | ᠨᠤᠲᠤᠭᠲᠠᠢ ᠮᠣᠩᠭᠤᠯ ᠪᠦᠰᠡᠭᠦᠢ ᠶᠢᠨ ᠡᠳᠦᠷ ᠲᠤᠲᠤᠮ ᠤᠨ ᠠᠮᠢᠳᠤᠷᠠᠯ ᠵᠢᠴᠢ ᠡᠬᠡᠯ ᠵᠢᠷ ᠤᠨ ᠠᠮᠢᠳᠤᠷᠠᠯ ᠳᠤᠮᠳᠠᠬᠢ | ᠪᠠᠶᠠᠷᠲᠤ ᠬᠤᠷᠣᠮ ᠨᠤᠭᠤᠳ ᠢᠶᠠᠨ ᠬᠠᠷᠠᠭᠤᠯᠤᠭᠰᠠᠨ ᠣᠬᠤᠷ ᠪᠢᠴᠢᠯᠭᠡ ᠪᠠᠨ ᠨᠡᠶᠢᠲᠡᠯᠡᠵᠦ᠂ ᠬᠥᠮᠥᠰ ᠲᠤ ᠪᠠᠶᠠᠷ ᠬᠥᠷ | ᠬᠦᠷᠭᠡᠵᠦ ᠪᠠᠶᠢᠭ᠎ᠠ ︽ᠲᠢᠺ ᠲᠤᠺ︾ ᠳ᠋ᠤᠭᠠᠷ ᠥᠪᠡᠷ ᠤᠨ ᠡᠷᠬᠡ ᠦᠭᠡᠢ ᠠᠩᠬᠠᠷᠤᠯ ᠳᠤ ᠬᠦᠷᠴᠦ ︽ᠶᠠᠮᠠᠷ | ᠭᠦᠭ ᠲᠠᠢ ᠬᠥᠮᠥᠨ ᠪᠤᠢ︖ ᠯᠠᠪᠲᠠᠢ ᠯᠠ ᠳᠡᠷᠭᠡᠳᠡᠬᠢ ᠬᠥᠮᠥᠰ ᠲᠡᠭᠡᠨ ᠪᠠᠶᠠᠷ ᠬᠥᠷ ᠠᠪᠴᠢᠷᠠᠵᠤ ᠴᠢᠳᠠᠳᠠᠭ | ᠬᠥᠮᠥᠨ ᠪᠠᠶᠢᠬ᠎ᠠ︾ ᠬᠡᠮᠡᠨ ᠰᠣᠨᠢᠭᠤᠴᠢᠯᠠᠵᠤ ᠪᠢᠯᠡ᠃ ᠭᠤᠷᠪᠠᠨ ᠵᠢᠯ ᠤᠨ ᠲᠤᠷᠰᠢ ᠲᠡᠭᠦᠨ ᠤ ︽ᠲᠢᠺ ᠲᠤᠺ︾ | ᠳ᠋ᠤᠭᠠᠷ ᠤᠨ ᠤᠯᠠᠨ ᠰᠠᠶᠢᠬᠠᠨ ᠪᠦᠲᠦᠭᠡᠯ ᠨᠢ ᠨᠠᠳᠠᠳᠤ ᠮᠠᠰᠢ ᠤᠯᠠᠨ ᠪᠠᠶᠠᠷ ᠵᠢᠷᠭᠠᠯ ᠠᠪᠴᠢᠷᠠᠭᠰᠠᠨ ᠢᠶᠠᠷ ᠡᠨᠡᠬᠦ | ᠢᠨᠢᠶᠡᠳᠦ ᠪᠠᠶᠠᠰᠤᠯ ᠢᠶᠠᠷ ᠠᠮᠢᠳᠤᠷᠠᠯ ᠢᠶᠠᠨ ᠪᠠᠶᠠᠯᠢᠭᠵᠢᠭᠤᠯᠤᠭᠰᠠᠨ ᠪᠦᠰᠡᠭᠦᠢ ᠲᠠᠢ ᠲᠠᠨᠢᠯᠴᠠᠬᠤ ᠬᠦᠰᠡᠯ ᠲᠥᠷᠥᠵᠦ | ᠬᠠᠷᠢᠯᠴᠠᠬᠤ ᠠᠷᠭ᠎ᠠ ᠬᠠᠶᠢᠭᠰᠠᠨ ᠶᠤᠮ᠃ | ᠤᠷᠠᠩᠭᠤᠸ᠎ᠠ ᠪᠣᠯ ᠣᠯᠠᠨᠪᠤᠯᠠᠭ ᠪᠠᠯᠭᠠᠰᠤᠨ ᠤ ᠰᠢᠨᠡᠤ᠋ᠰᠤ ᠭᠠᠴᠠᠭᠠᠨ ᠤ ᠬᠥᠮᠥᠨ᠃ 1993 ᠣᠨ ᠳᠤ | ᠰᠡᠳᠬᠢᠯ ᠨᠡᠶᠢᠯᠡᠭᠰᠡᠨ ᠨᠠᠰᠤᠨ ᠪᠠᠭ᠎ᠠ ᠶᠢᠨ ᠨᠠᠶᠢᠵᠠ ᠭᠡᠷᠡᠯᠬᠦᠦ ᠲᠠᠢ ᠪᠠᠨ ᠬᠠᠨᠢ ᠶᠢᠨ ᠵᠠᠶᠠᠭ᠎ᠠ ᠬᠤᠯᠪᠣᠭᠰᠠᠨ ᠠᠴᠠ | ᠨᠠᠭᠠᠰᠢ ᠲᠡᠳᠡᠨ ᠤ ᠤᠷᠤᠭ ᠬᠤᠷᠢᠮ ᠭᠤᠴᠢᠨ ᠵᠢᠯ ᠤᠨ ᠨᠢᠭᠤᠷ ᠦᠵᠡᠵᠦ᠂ ᠬᠠᠶᠢᠷᠠᠲᠤ ᠬᠦᠦ ᠨᠢ ᠠᠵᠢᠯ ᠤᠨ | ᠪᠠᠶᠢᠷᠢᠨ ᠳᠤ ᠭᠠᠷᠤᠨ ᠠᠶᠢᠯ ᠭᠡᠷ ᠪᠣᠯᠵᠤ᠂ ᠣᠮᠪᠣᠯᠣ ᠬᠦᠦ ᠲᠠᠢ ᠪᠤᠯᠤᠬᠰᠠᠨ ᠴᠤ ᠬᠤᠶᠠᠭᠤᠯᠠ ᠪᠠᠨ ᠪᠠᠰᠠ ᠯᠠ | ᠠᠩᠬ᠎ᠠ ᠬᠤᠷᠢᠮᠯᠠᠭᠰᠠᠨ ᠬᠤᠶᠠᠭᠤᠯᠠ ᠮᠡᠲᠦ ᠬᠠᠮᠢᠭ᠎ᠠ ᠶᠠᠪᠤᠭᠰᠠᠨ ᠴᠤ ᠬᠤᠶᠠᠭᠤᠯᠠ ᠪᠠᠨ ᠯᠠ ᠶᠠᠪᠤᠨ᠎ᠠ᠃ ︽ | ᠥᠭᠡᠳᠡᠯᠡᠬᠦ ᠠᠶᠢᠯ ᠤᠨ ᠦᠭᠡ ᠨᠢ ᠨᠢᠭᠡ︾ ᠭᠡᠳᠡᠭ ᠤᠨ ᠤᠴᠢᠷ ᠡᠨᠡ ᠪᠢᠵᠡ᠃ ᠲᠡᠳᠡᠨᠡᠷ ᠲᠠᠢ ᠠᠭᠤᠯᠵᠠᠵᠤ | ᠰᠣᠷᠪᠤᠯᠵᠢᠯᠠᠭ᠎ᠠ ᠠᠪᠬᠤ ᠳᠤᠮᠳᠠ ᠤᠯᠠᠨ ᠰᠠᠶᠢᠬᠠᠨ ᠥᠯᠢᠭᠡᠷ ᠤᠴᠢᠷ ᠢ ᠨᠢ ᠲᠤᠭᠤᠯᠤᠬᠰᠠᠨ ᠢᠶᠠᠷ ᠡ᠊ᠨᠳᠡ | ᠤᠯᠠᠨ ᠲᠠᠢ ᠬᠤᠪᠢᠶᠠᠯᠴᠠᠬᠤ ᠪᠠᠷ ᠪᠣᠯᠣᠯ᠎ᠠ᠃ | ᠬᠥᠳᠡᠭᠡ ᠨᠤᠲᠤᠭ ᠲᠤ ᠭᠠᠩ ᠬᠠᠭᠰᠠᠷᠠᠭᠠᠨ ᠦᠷᠭᠦᠯᠵᠢᠯᠡᠵᠦ᠂ ᠪᠠᠶᠢᠷᠢ ᠪᠡᠯᠴᠢᠭᠡᠷ ᠤᠨ ᠳᠠᠭᠠᠭᠠᠴᠠ ᠶᠢ | ᠬᠥᠩᠭᠡᠯᠡᠬᠦ ᠲᠥᠷᠥ ᠶᠢᠨ ᠪᠣᠳᠣᠯᠭ᠎ᠠ ᠪᠠᠷ ᠬᠤᠲᠠ ᠣᠷᠣᠭᠰᠠᠨ ᠬᠤᠶᠠᠭᠤᠯᠠ ︽ᠶᠠᠭᠤ ᠬᠢᠵᠦ ᠠᠮᠢᠳᠤᠷᠠᠯ ᠦᠢᠯᠡᠰ | ᠪᠣᠰᠬᠠᠳᠠᠭ ᠪᠢᠯᠡ︖︾ ᠬᠡᠮᠡᠨ ᠤᠯᠠᠨ ᠲᠠᠯ᠎ᠠ ᠶᠢ ᠪᠣᠳᠣᠯᠬᠢᠯᠠᠭᠰᠠᠨ ᠤ ᠳᠠᠷᠠᠭ᠎ᠠ ᠠᠴᠢᠶᠠᠨ ᠤ ᠮᠠᠰᠢᠨ ᠵᠢᠯᠤᠭᠤᠳᠴᠤ | ᠮᠥᠩᠭᠦ ᠣᠯᠬᠤ ᠪᠤᠳᠤᠯ ᠣᠷᠣᠵᠠᠢ᠃ ᠭᠡᠷᠡᠯᠬᠦᠦ ᠠᠷᠪᠠᠨ ᠬᠡᠳᠦᠲᠡᠢ ᠠᠴᠠ ᠪᠠᠨ ᠮᠠᠰᠢᠨ ᠲᠡᠷᠭᠡ ᠲᠠᠢ ᠣᠶᠢᠷᠠᠳᠴᠤ | ᠶᠠᠪᠤᠭᠰᠠᠨ ᠬᠥᠮᠥᠨ ᠶᠤᠮ ᠪᠣᠯᠬᠤᠷ ᠡᠨᠡ ᠲᠠᠯ᠎ᠠ ᠶᠢᠨ ᠯᠠ ᠮᠡᠷᠭᠡᠵᠢᠯ ᠲᠠᠢ ᠭᠡᠵᠦ ᠰᠡᠳᠬᠢᠭᠰᠡᠨ ᠤ ᠬᠢ᠃ ᠭᠡᠲᠡᠯ᠎ᠡ | ᠪᠤᠳᠤᠬᠰᠠᠨ ᠪᠤᠳᠤᠯ ᠪᠣᠯᠣᠨ ᠵᠢᠩᠬᠢᠨᠢ ᠠᠬᠤᠢ ᠪᠠᠶᠢᠳᠠᠯ ᠠᠳᠠᠯᠢᠬᠠᠨ ᠪᠠᠶᠢᠳᠠᠭ ᠦᠭᠡᠢ ᠠᠵᠢ᠃ ᠲᠤᠬᠠᠢ ᠶᠢᠨ ᠦᠶᠡᠰ | ᠪᠠᠩᠬᠢ ᠶᠢᠨ ᠵᠢᠭᠡᠯᠡᠯᠭᠡ ᠭᠡᠵᠦ ᠬᠡᠨ ᠬᠥᠮᠥᠨ ᠳᠤ ᠴᠤ ᠥᠭᠲᠡᠭ ᠤᠴᠢᠷ ᠦᠭᠡᠢ ᠪᠠᠶᠢᠭᠰᠠᠨ ᠠᠴᠠ ᠳᠡᠷᠭᠡᠳᠡᠬᠢ ᠨᠠᠶᠢᠵᠠ | ᠨᠥᠬᠦᠳ᠂ ᠳᠦᠷᠦᠯ ᠰᠠᠳᠤᠨ ᠠᠴᠠ ᠪᠠᠨ ᠵᠣᠭᠤᠰ ᠵᠢᠭᠡᠯᠡᠵᠦ ᠠᠴᠢᠶᠠᠨ ᠤ ᠮᠠᠰᠢᠨ ᠠᠪᠬᠤ ᠳᠤ ᠵᠣᠭᠤᠰ ᠮᠥᠩᠭᠦ | ᠬᠦᠷᠦᠯᠴᠡᠬᠦ ᠦᠭᠡᠢ᠂ ᠠᠷᠭ᠎ᠠ ᠪᠤᠰᠤ ᠥᠨᠳᠥᠷ ᠬᠦᠦ ᠲᠠᠢ ᠵᠢᠭᠡᠯᠡᠯᠭᠡ ᠵᠢᠭᠡᠯᠡᠵᠡᠢ᠃ ᠶᠡᠭᠡ ᠮᠥᠩᠭᠦ ᠵᠠᠷᠤᠴᠠᠭᠤᠯᠤᠨ | ᠬᠥᠮᠥᠨ ᠤ ᠭᠠᠷ ᠠᠴᠠ ᠬᠤᠳᠠᠯᠳᠤᠨ ᠠᠪᠤᠭᠰᠠᠨ ᠬᠠᠭᠤᠴᠢᠨ ᠠᠴᠢᠶᠠᠨ ᠤ ᠮᠠᠰᠢᠨ ᠨᠢ ᠬᠡᠲᠦ ᠬᠤᠨᠣᠬᠤ ᠦᠭᠡᠢ ᠨᠢᠭᠡ | ᠡᠪᠳᠡᠷᠡᠵᠦ᠂ ᠵᠠᠰᠠᠵᠤ ᠰᠡᠯᠪᠢᠬᠦ ᠳᠤ ᠨᠢᠭᠡ ᠶᠡᠭᠡ ᠵᠠᠷᠤᠯᠭ᠎ᠠ ᠭᠠᠷᠤᠨ᠎ᠠ᠃ ᠡᠭᠦᠨ ᠠᠴᠠ ᠭᠠᠳᠠᠨ᠎ᠠ ᠥᠨᠳᠥᠷ ᠬᠦᠦ ᠲᠠᠢ | ᠵᠢᠭᠡᠯᠡᠯᠭᠡ ᠶᠢᠨ ᠬᠦᠦ ᠮᠥᠩᠭᠦ ᠠᠴᠠ ᠨᠢ ᠬᠦᠦ ᠮᠥᠩᠭᠦ ᠲᠦᠷᠦᠭᠰᠡᠭᠡᠷ ᠪᠠᠶᠢᠲᠠᠯ᠎ᠠ ᠨᠢᠭᠡ ᠮᠡᠳᠡᠬᠦ ᠳᠤ ᠲᠠᠯᠠᠭᠠᠳ | ᠲᠦᠮᠡᠨ ᠲᠥᠭᠦᠷᠢᠭ ᠤᠨ ᠥᠷᠢ ᠰᠢᠷᠢ ᠳᠤ ᠤᠨᠠᠵᠠᠢ᠃ ︽ᠲᠡᠷᠡ ᠦᠶᠡᠰ ᠴᠣᠬᠤᠮ ᠯᠠ ᠵᠦᠳᠡᠷᠡᠵᠦ ᠪᠠᠶᠢᠵᠠᠢ᠃ | ᠭᠠᠷ ᠲᠤ ᠪᠡᠯᠡᠨ ᠵᠣᠭᠤᠰ ᠭᠡᠰᠡᠨ ᠶᠠᠭᠤᠮ᠎ᠠ ᠪᠠᠶᠢᠬᠤ ᠦᠭᠡᠢ ᠶᠠᠭᠤ ᠠᠪᠤᠭᠰᠠᠨ ᠴᠤ ᠲᠠᠩᠰᠠ ᠲᠡᠮᠳᠡᠭᠯᠡᠭᠦᠯᠵᠦ ᠠᠪᠤᠨ᠎ᠠ | ᠃ ᠲᠡᠷᠭᠡᠨ ᠤ ᠪᠤᠯᠤ ᠰᠣᠯᠢᠬᠤ ᠳᠤ ᠴᠤ ᠬᠥᠮᠥᠨ ᠤ ᠨᠢᠭᠤᠷ ᠬᠠᠷᠠᠳᠠᠭ ᠪᠠᠶᠢᠯ᠎ᠠ︾ ᠭᠡᠵᠦ ᠬᠤᠶᠠᠭᠤᠯᠠ ᠲᠤᠬᠠᠢ ᠶᠢᠨ | ᠦᠶ᠎ᠡ ᠶᠢᠨ ᠪᠠᠶᠢᠳᠠᠯ ᠢᠶᠠᠨ ᠡᠷᠭᠢᠴᠡᠭᠦᠯᠦᠨ᠎ᠡ᠃ | ᠪᠠᠶᠠᠷᠯᠠᠭᠤᠰᠢᠲᠠᠢ ᠨᠢ ᠲᠡᠳᠡ ᠬᠤᠶᠠᠭᠤᠯᠠ ᠠᠮᠢᠳᠤᠷᠠᠯ ᠬᠦᠴᠢᠷᠲᠡᠢ ᠪᠠᠶᠢᠨ᠎ᠠ᠂ ᠥᠷᠢ ᠰᠢᠷᠢ ᠶᠡᠭᠡ ᠪᠠᠶᠢᠨ᠎ᠠ | ᠭᠡᠵᠦ ᠨᠢᠭᠡ ᠨᠢᠭᠡᠨ ᠳᠡᠭᠡᠨ ᠭᠤᠮᠣᠷᠬᠠᠭᠰᠠᠨ ᠦᠭᠡᠢ᠃ ᠠᠮᠢᠳᠤᠷᠠᠯ ᠲᠡᠮᠡᠴᠡᠯ ᠳᠤ ᠴᠤ ᠰᠡᠳᠬᠢᠯ ᠬᠠᠷᠢᠭᠰᠠᠨ ᠦᠭᠡᠢ᠃ | ᠴᠡᠭᠡ ᠪᠣᠭᠤᠮᠲᠠ ᠪᠠᠷ ᠳᠠᠮᠵᠢᠨ ᠨᠡᠭᠦᠷᠡᠰᠦ ᠵᠥᠭᠡᠭᠡᠬᠦ ᠠᠵᠢᠯ ᠬᠢᠵᠦ ᠪᠠᠶᠢᠭᠰᠠᠨ ᠬᠤᠶᠠᠭᠤᠯᠠ ᠬᠥᠮᠥᠨ ᠤ ᠭᠠᠵᠠᠷ | ᠬᠥᠨᠳᠡᠯᠡᠨ ᠤ ᠨᠤᠲᠤᠭ ᠲᠤ ᠶᠠᠭᠠᠬᠢᠵᠤ ᠵᠦᠳᠡᠷᠡᠵᠦ ᠳᠦᠩᠭᠢᠨᠡᠵᠦ ᠶᠠᠪᠤᠵᠤ ᠪᠠᠶᠢᠭᠰᠠᠨ ᠢ ᠭᠠᠭᠴᠠ ᠬᠤᠶᠠᠷ ᠦᠭᠡ ᠪᠠᠷ | ᠶᠠᠷᠢᠵᠤ ᠢᠯᠡᠳᠬᠡᠬᠦ ᠶᠢᠨ ᠠᠷᠭ᠎ᠠ ᠦᠭᠡᠢ᠃ ᠲᠡᠷᠭᠡᠨ ᠤ ᠪᠤᠯᠤ ᠨᠢ ᠴᠤᠭᠤᠷᠠᠴᠢᠬᠠᠭᠠᠳ 1000 ᠲᠥᠭᠦᠷᠢᠭ ᠵᠠᠷᠤᠵᠤ | ᠬᠠᠭᠤᠴᠢᠨ ᠪᠤᠯᠤ ᠰᠣᠯᠢᠬᠤ ᠵᠣᠭᠤᠰ ᠦᠭᠡᠢ ᠯᠠ ᠬᠥᠮᠥᠨ ᠤ ᠴᠢᠷᠠᠢ ᠬᠠᠷᠠᠵᠤ ᠪᠠᠶᠢᠵᠠᠢ᠃ ᠶᠠᠭ ᠡᠳᠡᠨᠡᠷ ᠢ ᠢᠩᠭᠢᠵᠦ | ᠳᠦᠩᠭᠢᠨᠡᠵᠦ ᠪᠠᠶᠢᠬᠤ ᠳᠤ ᠬᠥᠳᠡᠭᠡ ᠨᠤᠲᠤᠭ ᠲᠤ ᠬᠥᠮᠥᠨ ᠳᠤ ᠳᠠᠭᠠᠭᠠᠴᠢᠯᠠᠵᠤ ᠥᠭᠭᠦᠭᠰᠡᠨ 200 ᠮᠠᠯ ᠤᠨ | ᠬᠤᠭᠤᠴᠠᠭ᠎ᠠ ᠨᠢ ᠪᠤᠯᠤᠬᠰᠠᠨ ᠠᠴᠠ ᠵᠢᠯ ᠤᠨ ᠥᠩᠭᠡ ᠴᠤ ᠭᠠᠶᠢᠭᠤᠢ ᠪᠠᠶᠢᠬᠤ ᠶᠢ ᠬᠠᠷᠠᠭᠠᠳ᠂ ᠲᠡᠳᠡᠨᠡᠷ ᠢ ᠥᠷᠢ | ᠰᠢᠷᠢ ᠳᠤ ᠤᠨᠠᠭᠠᠭᠰᠠᠨ ᠮᠠᠰᠢᠨ ᠢᠶᠠᠨ ᠬᠤᠳᠠᠯᠳᠤᠴᠢᠬᠠᠭᠠᠳ ᠬᠥᠳᠡᠭᠡ ᠪᠠᠨ ᠪᠤᠴᠠᠵᠤ ᠢᠷᠠᠵᠠᠢ᠃ | ᠲᠡᠷᠡ ᠵᠢᠯ ᠨᠢ ᠥᠪᠡᠷ ᠤᠨ ᠮᠠᠯ ᠳᠡᠭᠡᠷ᠎ᠡ ᠠᠴᠠ ᠠᠶᠢᠯ ᠤᠨ 200 ᠮᠠᠯ ᠢ ᠠᠪᠴᠤ ᠬᠠᠷᠢᠭᠤᠯᠤᠭᠠᠳ | ᠬᠤᠶᠠᠭᠤᠯᠠ 200 ᠭᠠᠷᠤᠢ ᠲᠥᠯ ᠲᠣᠰᠣᠯ᠎ᠠ᠃ ᠲᠤᠬᠠᠢ ᠶᠢᠨ ᠦᠶᠡᠰ ᠬᠡᠳᠦᠶᠢᠪᠡᠷ ᠮᠣᠲ᠋ᠣᠷ ᠲᠠᠭᠠᠨ ᠲᠣᠰᠣ ᠨᠡᠮᠡᠬᠦ | ᠵᠣᠭᠤᠰ ᠦᠭᠡᠢ ᠪᠠᠶᠢᠭᠰᠠᠨ ᠪᠣᠯᠪᠠᠴᠤ ᠨᠤᠲᠤᠭ ᠲᠠᠭᠠᠨ ᠪᠠᠶᠢᠭᠰᠠᠨ ᠪᠣᠯᠬᠤᠷ ᠶᠠᠭᠠᠬᠢᠭᠰᠠᠨ ᠴᠤ ᠵᠦᠳᠡᠷᠡᠬᠦ ᠪᠠᠷ ᠦᠭᠡᠢ | ᠪᠠᠶᠢᠵᠠᠢ᠃ ᠨᠢᠭᠡ ᠬᠠᠪᠤᠷ ᠢ ᠬᠠᠲᠠᠭᠤᠵᠢᠯᠲᠠᠢ ᠲᠤᠭᠤᠯᠤᠬᠰᠠᠨ ᠬᠤᠶᠠᠭᠤᠯᠠ ᠲᠦᠷ ᠴᠤ ᠪᠣᠯᠤᠭ ᠠᠮᠢᠰᠬᠤᠭ᠎ᠠ ᠠᠪᠬᠤ | ᠬᠠᠷᠢᠭᠤ ᠲᠠᠢ ᠪᠣᠯᠪᠠ᠃ ᠬᠠᠷᠠᠮᠰᠠᠯᠲᠠᠢ ᠨᠢ ᠵᠢᠯ ᠳᠠᠷᠠᠭᠠᠯᠠᠨ ᠭᠠᠩ ᠬᠠᠭᠰᠠᠷᠠᠭᠠᠨ ᠦᠷᠭᠦᠯᠵᠢᠯᠡᠬᠦ ᠪᠠᠷ ᠠᠷᠭ᠎ᠠ ᠪᠤᠰᠤ | ᠪᠤᠴᠠᠭᠠᠳ ᠠᠴᠢᠶᠠᠨ ᠤ ᠮᠠᠰᠢᠨ ᠠᠪᠬᠤ ᠪᠠᠷ ᠪᠣᠯᠵᠤ᠂ ᠮᠠᠯ ᠤᠨᠤᠭ᠎ᠠ ᠪᠠᠨ ᠬᠤᠳᠠᠯᠳᠤᠭᠰᠠᠨ 13000 | ᠵᠣᠭᠤᠰ ᠢᠶᠠᠷ ᠢᠶᠠᠨ ᠮᠠᠰᠢᠨ ᠠᠪᠴᠤ ᠲᠠᠬᠢᠨ ᠠᠴᠢᠶ᠎ᠠ ᠲᠡᠭᠡᠭᠡᠪᠦᠷᠢ ᠶᠢᠨ ᠠᠵᠢᠯ ᠦᠢᠯᠡᠰ ᠢᠶᠠᠨ ᠡᠬᠢᠯᠡᠭᠦᠯᠦᠭᠰᠡᠨ | ᠪᠠᠶᠢᠨ᠎ᠠ᠃ ᠭᠡᠷᠡᠯᠬᠦᠦ ︽ᠶᠠᠮᠠᠷ ᠠᠵᠢᠯ ᠬᠢᠭᠰᠡᠨ ᠴᠤ ᠲᠤᠷᠰᠢᠯᠭ᠎ᠠ ᠬᠤᠷᠠᠮᠳᠤᠭᠤᠯᠵᠤ ᠤᠳᠠᠭᠠᠨ ᠳᠠᠭᠠᠭᠠᠮᠠᠭᠠᠢ ᠬᠢᠬᠦ | ᠭᠡᠷᠡᠭᠳᠡᠢ᠃ ᠣᠲᠣ ᠶᠢᠨ ᠵᠠᠷᠢᠮ ᠵᠠᠯᠠᠭᠤᠴᠤᠳ ᠬᠤᠶᠠᠷ ᠵᠢᠯ ᠠᠴᠢᠶ᠎ᠠ ᠲᠡᠭᠡᠭᠡᠪᠦᠷᠢ ᠬᠢᠭᠡᠳ ︿ᠪᠣᠯᠬᠤ ᠦᠭᠡᠢ ᠪᠠᠶᠢᠨ᠎ᠠ᠂ | ᠵᠣᠭᠤᠰ ᠣᠯᠵᠤ ᠦᠭᠡᠢ ᠪᠠᠶᠢᠨ᠎ᠠ﹀ ᠭᠡᠳ ᠤᠷᠮ᠎ᠠ ᠬᠤᠭᠤᠷᠠᠴᠢᠬᠠᠨᠠ᠃ ᠪᠢ ᠲᠡᠳᠡᠨᠡᠷ ᠲᠤ ︿ᠲᠠᠨᠠᠷ ᠰᠤᠷᠤᠯᠭ᠎ᠠ ᠶᠢᠨ | ᠰᠦᠢᠳᠬᠡᠯ ᠢᠶᠠᠨ ᠲᠤᠰᠢᠶᠠᠵᠤ ᠭᠦᠢᠴᠡᠭᠡ ᠦᠭᠡᠢ ᠪᠠᠶᠢᠨ᠎ᠠ﹀ ᠭᠡᠳᠡᠭ ᠰᠢᠤ᠂ ᠬᠡ ᠬᠡ᠁︾ ᠭᠡᠴᠢᠬᠡᠭᠰᠡᠨ ᠬᠥᠭᠲᠡᠢ | ᠢᠨᠢᠶᠡᠨ᠎ᠡ᠃ ᠳᠠᠬᠢᠨᠲᠠ ᠠᠴᠢᠶ᠎ᠠ ᠲᠡᠭᠡᠭᠡᠪᠦᠷᠢ ᠶᠢᠨ ᠠᠵᠢᠯ ᠦᠢᠯᠡᠰ ᠢᠶᠠᠨ ᠡᠬᠢᠯᠡᠭᠦᠯᠬᠦ ᠳᠤ ᠡᠮᠦᠨ᠎ᠡ ᠬᠡᠳᠦᠨ ᠵᠢᠯ ᠤᠨ | ᠨᠤᠭᠤᠷᠠᠯ ᠪᠦᠳᠦᠷᠢᠯ ᠢᠶᠠᠷ ︽ᠰᠤᠷᠤᠯᠭ᠎ᠠ ᠶᠢᠨ ᠰᠦᠢᠳᠬᠡᠯ︾ ᠢᠶᠠᠨ ᠲᠤᠰᠢᠶᠠᠭᠠᠳ ᠭᠦᠢᠴᠡᠭᠰᠡᠨ ᠪᠠᠶᠢᠭᠰᠠᠨ ᠤ ᠬᠢ | ᠪᠢᠵᠡ᠃ ᠠᠵᠢᠯ ᠦᠢᠯᠡᠰ ᠨᠢ ᠵᠢᠯ ᠠᠴᠠ ᠵᠢᠯ ᠤᠷᠤᠭᠰᠢᠲᠠᠢ ᠪᠣᠯᠵᠤ᠂ ᠰᠠᠷ᠎ᠠ ᠳᠠᠭᠠᠨ ᠲᠦᠮᠡ ᠭᠠᠷᠤᠢ | ᠲᠥᠭᠦᠷᠢᠭ ᠤᠨ ᠥᠷᠢ ᠬᠠᠭᠠᠴᠢᠬᠠᠬᠤ ᠣᠷᠣᠯᠭ᠎ᠠ ᠲᠠᠢ ᠪᠤᠯᠤᠬᠰᠠᠨ ᠪᠠᠶᠢᠯ᠎ᠠ᠃ | ᠬᠥᠮᠥᠨ ᠶᠡᠷᠦᠨᠢ ᠤᠨᠠᠵᠤ᠂ ᠪᠣᠰᠴᠤ ᠪᠠᠶᠢᠵᠤ ᠶᠠᠭᠤᠮ᠎ᠠ ᠪᠦᠲᠦᠭᠡᠳᠡᠭ ᠤᠨ ᠤᠴᠢᠷ ᠭᠡᠷᠡᠯᠬᠦᠦ ᠤᠷᠠᠩᠭᠤᠸ᠎ᠠ | ᠮᠠᠨᠢ ᠴᠠᠭ ᠢᠮᠠᠭᠲᠠ ᠴᠢᠷᠮᠠᠶᠢᠵᠤ ᠲᠡᠮᠡᠴᠡᠭᠰᠡᠨ ᠤ ᠬᠤᠪᠢ ᠪᠠᠷ ᠥᠷᠢ ᠰᠢᠷᠢ ᠪᠠᠨ ᠪᠥᠬᠦᠨ ᠢ ᠲᠥᠯᠥᠵᠦ ᠪᠠᠷᠠᠭᠠᠳ᠂ | ᠰᠤᠬᠤᠨᠳᠤ ᠳᠤ ᠬᠡᠳᠦᠨ ᠲᠠᠰᠤᠯᠭ᠎ᠠ ᠭᠡᠷ ᠪᠠᠷᠢᠵᠤ ᠬᠤᠭᠤᠯᠠᠨ ᠭᠡᠷ᠂ ᠪᠠᠭᠤᠳᠠᠯ ᠡᠷᠭᠢᠯᠡᠵᠡᠢ᠃ ᠲᠡᠷᠡ ᠦᠶᠡᠰ | ᠪᠠᠶᠠᠨᠬᠤᠲᠠ ᠠᠴᠠ ᠥᠯᠵᠡᠢ᠂ ᠰᠤᠬᠤᠨᠳᠤ ᠪᠠᠷ ᠳᠠᠮᠵᠢᠨ ᠡᠵᠡᠨ᠎ᠡ ᠬᠤᠰᠢᠭᠤᠨ ᠳᠤ ᠬᠦᠷᠬᠦ ᠲᠡᠷᠭᠡ ᠮᠠᠰᠢᠨ ᠤᠯᠠᠨ | ᠪᠠᠶᠢᠭᠰᠠᠨ ᠲᠠᠢ᠂ ᠲᠣᠣᠷᠠᠢ ᠶᠢᠨ ᠨᠠᠶᠢᠷ ᠭᠡᠵᠦ ᠵᠤᠭᠠᠴᠠᠭᠴᠢ ᠴᠤ ᠤᠯᠠᠨ ᠴᠤᠪᠤᠳᠠᠭ ᠪᠠᠶᠢᠭᠰᠠᠨ ᠤ ᠤᠴᠢᠷ ᠬᠤᠭᠤᠯᠠᠨ | ᠭᠡᠷ ᠤᠨ ᠬᠢᠨᠢ ᠠᠷᠠᠯᠵᠢᠶ᠎ᠠ ᠶᠡᠭᠡ ᠰᠠᠶᠢᠨ ᠪᠠᠶᠢᠵᠤ᠂ ᠭᠡᠷᠡᠯᠬᠦᠦ ᠴᠤ ᠪᠠᠭᠤᠳᠠᠯ ᠳᠤ ᠰᠠᠭᠤᠭᠰᠠᠨ ᠲᠠᠨᠢᠯ ᠵᠣᠴᠢᠨ ᠤ | ᠲᠠᠨᠢᠯᠴᠠᠭᠤᠯᠭ᠎ᠠ ᠪᠠᠷ ᠵᠢᠩ ᠰᠢᠨ ᠥᠨᠳᠥᠷ ᠬᠤᠷᠳᠤᠴᠠᠲᠤ ᠵᠠᠰᠠᠮᠠᠯ ᠵᠠᠮ ᠵᠠᠰᠠᠬᠤ ᠢᠨᠵᠧᠨᠧᠷᠢᠩ ᠤᠨ ᠤᠰᠤ ᠲᠠᠲᠠᠬᠤ | ᠠᠵᠢᠯ ᠢ ᠳᠠᠭᠠᠭᠠᠴᠢᠯᠠᠵᠤ ᠠᠪᠤᠭᠠᠳ ᠬᠤᠶᠠᠷ ᠵᠢᠯ ᠵᠢᠳᠬᠦᠭᠰᠡᠨ ᠤ ᠡᠴᠦᠰ ᠲᠤ ᠵᠠᠭᠤᠭᠠᠳ ᠲᠦᠮᠡᠨ ᠲᠥᠭᠦᠷᠢᠭ ᠤᠨ | ᠣᠷᠣᠯᠭ᠎ᠠ ᠡᠭᠦᠳᠦᠯ᠎ᠡ᠃ ︽ᠲᠡᠷᠡ ᠨᠢᠭᠡ ᠦᠶᠡᠰ ᠥᠷᠢ ᠨᠡᠬᠡᠭᠰᠡᠨ ᠬᠥᠮᠥᠰ ᠤᠨ ᠤᠲᠠᠰᠤ ᠵᠠᠯᠭᠠᠭ᠎ᠠ ᠵᠠᠯᠭᠠᠭ᠎ᠠ ᠪᠠᠷ | ᠣᠷᠣᠵᠤ ᠢᠷᠡᠨ᠎ᠡ᠃ ᠪᠢᠳᠡ ᠬᠤᠶᠠᠭᠤᠯᠠ ᠤᠲᠠᠰᠤ ᠪᠠᠨ ᠬᠠᠷᠠᠭᠠᠳ ︿ᠴᠢ ᠲᠤᠰᠴᠢᠬᠠ᠂ ᠴᠢ ᠲᠤᠰᠴᠢᠬᠠ﹀ ᠭᠡᠳ | ᠨᠢᠭᠡ ᠨᠢᠭᠡ ᠳᠡᠭᠡᠨ ᠲᠦᠯᠬᠢᠳᠡᠭ ᠪᠠᠶᠢᠯ᠎ᠠ᠃ ᠬᠥᠮᠥᠨ ᠥᠷᠢ ᠰᠢᠷᠢ ᠳᠤ ᠪᠠᠷᠢᠭᠳᠠᠴᠢᠬᠠᠪᠠᠯ ᠵᠣᠷᠢᠭ ᠴᠤ | ᠪᠠᠭᠠᠳᠠᠴᠢᠬᠠᠨᠠ᠃ ᠭᠡᠰᠡᠨ ᠴᠤ ᠪᠢᠳᠡ ᠶᠡᠷᠦᠨᠢ ᠪᠤᠯᠢᠬᠠᠶᠢᠯᠠᠳᠠᠭ ᠦᠭᠡᠢ᠂ ᠥᠷᠢ ᠠᠴᠠ ᠪᠠᠨ ᠳᠤᠲᠠᠭᠠᠳᠠᠭ ᠦᠭᠡᠢ | ᠪᠠᠶᠢᠭᠰᠠᠨ᠃ ᠮᠠᠭᠤ ᠮᠠᠭᠤᠬᠠᠢ ᠦᠭᠡ ᠰᠣᠨᠣᠰᠬᠤ ᠪᠠᠨ ᠮᠡᠳᠡᠵᠦ ᠪᠠᠶᠢᠪᠠᠴᠤ ᠤᠲᠠᠰᠤ ᠶᠢ ᠨᠢ ᠲᠤᠰᠤᠭᠠᠳ ᠰᠠᠶᠢᠬᠠᠨ | ᠶᠠᠷᠢᠳᠠᠭ᠃ ᠪᠢᠳᠡ ᠬᠤᠶᠠᠭᠤᠯᠠ ᠡᠳᠦᠢ ᠤᠯᠠᠨ ᠵᠢᠯ ᠶᠡᠷᠦᠨᠢ ᠭᠠᠷ ᠤᠲᠠᠰᠤ ᠪᠠᠨ ᠰᠣᠯᠢᠵᠤ ᠥᠩᠭᠡᠷᠡᠭᠡ ᠦᠭᠡᠢ ᠰᠢᠤ | ︾ ᠭᠡᠵᠦ ᠤᠷᠠᠩᠭᠤᠸ᠎ᠠ ᠬᠠᠲᠠᠭᠤ ᠬᠦᠴᠢᠷᠳᠡᠯᠲᠡᠢ ᠴᠠᠭ ᠬᠤᠭᠤᠴᠠᠭ᠎ᠠ ᠶᠢ ᠬᠠᠨᠢ ᠨᠥᠬᠦᠷ ᠬᠤᠶᠠᠭᠤᠯᠠ ᠬᠡᠷᠬᠢᠨ | ᠲᠤᠭᠤᠯᠵᠦ ᠢᠷᠡᠭᠰᠡᠨ ᠥᠩᠭᠡᠷᠡᠯᠲᠡ ᠪᠠᠨ ᠶᠠᠷᠢᠨ᠎ᠠ᠃ ᠬᠡᠯᠡᠭᠰᠡᠨ ᠢᠶᠠᠨ ᠬᠡᠵᠢᠶᠡᠳᠡ ᠪᠡᠶᠡᠯᠡᠭᠦᠯᠵᠦ ᠴᠢᠳᠠᠳᠠᠭ ᠤᠨ | ᠤᠴᠢᠷ ᠡᠲᠡᠭᠡᠷ ᠵᠢᠯ ᠳᠤ ᠭᠡᠷᠡᠯᠬᠦᠦ ᠳᠤ ᠤᠯᠠᠨ ᠲᠠᠨᠢᠯ ᠨᠠᠶᠢᠵᠠ ᠲᠠᠢ ᠪᠣᠯᠵᠤ᠂ ᠣᠳᠣᠬᠠᠨ ᠤ ᠠᠴᠢᠶ᠎ᠠ | ᠲᠡᠭᠡᠭᠡᠪᠦᠷᠢ ᠶᠢᠨ ᠠᠵᠢᠯ ᠦᠢᠯᠡᠰ ᠨᠢ ᠴᠤ ᠭᠠᠨᠵᠤᠭ᠎ᠠ ᠳᠦᠭᠦᠷᠡᠩ ᠬᠤᠷᠢᠶᠠᠯᠲᠠ ᠲᠠᠢ ᠶᠠᠪᠤᠨ᠎ᠠ᠃ | ᠠᠴᠢᠶ᠎ᠠ ᠲᠡᠭᠡᠭᠡᠪᠦᠷᠢ ᠶᠢᠨ ᠠᠵᠢᠯ ᠭᠡᠵᠦ ᠪᠠᠰᠠᠴᠤ ᠴᠠᠭ ᠬᠤᠭᠤᠴᠠᠭ᠎ᠠ ᠲᠠᠢ ᠤᠷᠤᠯᠳᠤᠳᠠᠭ ᠠᠵᠢᠯ᠃ | ᠪᠦᠲᠦᠨ ᠪᠦᠲᠦᠨ ᠰᠥᠨᠢ ᠪᠠᠷ ᠨᠣᠶᠢᠷ ᠬᠤᠭᠤᠯᠠ ᠦᠭᠡᠢ ᠶᠠᠪᠤᠬᠤ ᠶᠠᠭᠠᠷᠠᠤ ᠴᠠᠭ ᠤᠯᠠᠨ᠂ ᠪᠠᠰᠠ ᠭᠡᠨᠡᠳᠲᠡ ᠶᠢᠨ | ᠤᠴᠢᠷ ᠲᠣᠬᠢᠶᠠᠯᠳᠤᠯ ᠴᠤ ᠮᠤᠩᠳᠠᠬᠤ ᠦᠭᠡᠢ᠃ ᠭᠡᠷᠡᠯᠬᠦᠦ ᠶᠢ ᠴᠡᠭᠡ ᠪᠣᠭᠤᠮᠲᠠ ᠳᠡᠭᠡᠷ᠎ᠡ ᠠᠴᠢᠶᠠᠨ ᠤ ᠮᠠᠰᠢᠨ | ᠵᠢᠯᠤᠭᠤᠳᠴᠤ ᠪᠠᠶᠢᠬᠤ ᠦᠶ᠎ᠡ ᠶᠢᠨ ᠤᠴᠢᠷ ᠠᠵᠢ᠃ ᠡᠷ᠎ᠡ ᠨᠥᠬᠦᠷ ᠤᠨ ᠢᠶᠠᠨ ᠤᠲᠠᠰᠤ ᠢᠷᠡᠭᠦᠯᠬᠦ ᠶᠢ ᠬᠦᠯᠢᠶᠡᠵᠦ | ᠰᠠᠭᠤᠭᠰᠠᠨ ᠤᠷᠠᠩᠭᠤᠸ᠎ᠠ ᠪᠤᠰᠤᠳ ᠠᠴᠠ ︽ᠮᠠᠽᠦ᠋ᠩᠱᠠᠨ ᠤ ᠣᠷᠴᠢᠮ ᠪᠠᠶᠠᠨᠨᠠᠭᠤᠷ ᠤᠨ ᠲᠡᠷᠭᠡᠨ ᠦᠨᠡᠮᠯᠡᠯ ᠲᠠᠢ | ᠨᠢᠭᠡ ᠠᠴᠢᠶᠠᠨ ᠤ ᠮᠠᠰᠢᠨ ᠬᠥᠮᠥᠨ ᠲᠠᠭᠠᠷᠢᠴᠢᠬᠠᠭᠠᠳ ᠳᠤᠲᠠᠭᠠᠴᠢᠬᠠᠵᠠᠢ︾ ᠭᠡᠰᠡᠨ ᠴᠢᠮᠡᠭᠡ ᠣᠯᠵᠤ ᠰᠣᠨᠣᠰᠤᠯ᠎ᠠ᠃ | ᠨᠥᠬᠦᠷ ᠤᠨ ᠬᠢᠨᠢ ᠵᠢᠯᠤᠭᠤᠳᠴᠤ ᠪᠠᠶᠢᠭᠰᠠᠨ ᠮᠠᠰᠢᠨ ᠴᠢᠨᠢ ᠶᠠᠭ ᠪᠠᠶᠠᠨᠨᠠᠭᠤᠷ ᠤᠨ ᠲᠡᠷᠭᠡᠨ ᠦᠨᠡᠮᠯᠡᠯ ᠲᠠᠢ᠂ ᠤᠤᠯ | ᠨᠢ ᠰᠦᠯᠵᠢᠶ᠎ᠡ ᠲᠠᠢ ᠭᠠᠵᠠᠷ ᠬᠥᠷᠥᠭᠰᠡᠭᠡᠷ ᠴᠢᠮᠡᠭᠡ ᠢᠷᠡᠭᠦᠯᠳᠡᠭ ᠨᠥᠬᠦᠷ ᠨᠢ ᠴᠤ ᠴᠢᠮᠡᠭᠡ ᠠᠯᠠᠭ᠎ᠠ᠃ ᠲᠡᠷᠡ ᠬᠤᠶᠠᠷ | ᠰᠥᠨᠢ ᠤᠷᠠᠩᠭᠤᠸ᠎ᠠ ᠨᠢᠯᠪᠤᠰᠤ ᠪᠠᠷ ᠨᠢᠭᠤᠷ ᠢᠶᠠᠨ ᠤᠬᠢᠶᠠᠵᠤ ᠯᠠ ᠬᠤᠨᠣᠵᠠᠢ᠃ ᠲᠡᠭᠡᠳᠡᠯ᠎ᠡ ᠡᠷ᠎ᠡ ᠨᠥᠬᠦᠷ ᠨᠢ | ᠭᠡᠨᠡᠳᠲᠡ ᠤᠲᠠᠰᠤ ᠢᠷᠡᠭᠦᠯᠵᠦ᠂ ᠰᠦᠯᠵᠢᠶ᠎ᠡ ᠳᠣᠬᠢᠶ᠎ᠠ ᠦᠭᠡᠢ ᠭᠠᠵᠠᠷ ᠮᠠᠰᠢᠨ ᠨᠢ ᠡᠪᠳᠡᠷᠡᠭᠡᠳ ᠪᠤᠰᠤᠳ ᠲᠤ | ᠮᠠᠰᠢᠨ ᠤ ᠲᠣᠨᠤᠭ ᠢᠶᠠᠨ ᠵᠠᠬᠢᠵᠤ ᠠᠪᠴᠢᠷᠠᠭᠤᠯᠤᠨ ᠤᠭᠰᠠᠷᠠᠴᠢᠬᠠᠭᠠᠳ ᠳᠥᠩᠭᠡᠵᠢ ᠰᠦᠯᠵᠢᠶ᠎ᠡ ᠲᠠᠢ ᠭᠠᠵᠠᠷ ᠢᠷᠠᠵᠤ | ᠪᠠᠶᠢᠭ᠎ᠠ ᠴᠢᠮᠡᠭᠡ ᠢᠷᠡᠭᠦᠯᠬᠦ ᠳᠤ ᠲᠡᠭᠦᠨ ᠤ ᠰᠡᠳᠬᠢᠯ ᠰᠠᠶ᠋ᠢ ᠲᠠᠶᠢᠳᠬᠤᠷᠠᠵᠠᠢ᠃ ᠶᠠᠷᠢᠶᠠᠨ ᠦᠭᠡᠢ ᠡᠶᠢᠮᠦᠷᠬᠦᠦ ᠮᠠᠰᠢᠨ | ᠡᠪᠳᠡᠷᠡᠬᠦ᠂ ᠵᠠᠮ ᠬᠠᠭᠠᠭᠳᠠᠬᠤ᠂ ᠬᠡᠭᠡᠷ᠎ᠡ ᠬᠥᠳᠡᠭᠡ ᠬᠤᠨᠣᠬᠤ ᠤᠴᠢᠷ ᠨᠢᠭᠡ ᠬᠤᠶᠠᠷ ᠢᠶᠠᠷ ᠲᠣᠷᠬᠤ ᠦᠭᠡᠢ᠃ ︽ | ᠥᠷᠢ ᠰᠢᠷᠢ ᠪᠠᠨ ᠬᠠᠭᠠᠶᠠ᠂ ᠰᠠᠶᠢᠬᠠᠨ ᠠᠮᠢᠳᠤᠷᠠᠶ᠎ᠠ︾ ᠯᠠ ᠭᠡᠰᠡᠨ ᠨᠢᠭᠡ ᠬᠠᠷᠠᠯᠳᠠ ᠥᠭᠡᠳᠡ ᠬᠠᠮᠲᠤ ᠪᠠᠷ | ᠴᠢᠷᠮᠠᠶᠢᠭᠰᠠᠨ ᠤ ᠡᠴᠦᠰ ᠣᠲᠣ ᠲᠡᠳᠡ ᠰᠠᠨᠠᠭᠰᠠᠨ ᠪᠤᠳᠤᠯ ᠳᠠᠭᠠᠨ ᠭᠦᠷᠦᠭᠡᠳ ᠪᠤᠢ᠃ | ︽ᠪᠢᠳᠡ ᠴᠢᠨᠢ ᠪᠠᠶᠠᠨᠬᠤᠲᠠ ᠳᠤ ᠬᠤᠷᠢᠭᠠᠳ ᠵᠢᠯ ᠭᠡᠷ ᠲᠦᠷᠢᠶᠡᠰᠦᠯᠡᠭᠰᠡᠨ ᠬᠥᠮᠥᠰ ᠰᠢᠤ᠃ ᠣᠲᠣ | ᠥᠪᠡᠷ ᠤᠨ ᠭᠡᠰᠡᠨ ᠭᠡᠷ ᠣᠷᠣᠨ ᠲᠠᠢ ᠪᠣᠯᠵᠤ᠂ ᠬᠦᠦ ᠪᠠᠨ ᠴᠤ ᠠᠶᠢᠯ ᠭᠡᠷ ᠪᠣᠯᠭᠠᠴᠢᠬᠠᠭᠰᠠᠨ ᠤᠴᠢᠷ ᠠᠴᠠ | ᠵᠢᠭᠠᠬᠠᠨ ᠴᠤ ᠳᠠᠷᠤᠭᠠᠰᠤ ᠦᠭᠡᠢ ᠪᠤᠯᠤᠬᠰᠠᠨ᠃ ᠲᠡᠶᠢᠮᠦ ᠳᠡᠭᠡᠨ ᠡᠳᠦᠷᠵᠢᠨ ᠪᠠᠶᠠᠷ ᠬᠥᠷ ᠲᠠᠢ ᠶᠠᠪᠤᠯ ᠦᠭᠡᠢ | ᠶᠠᠭᠠᠬᠢᠬᠤᠪ᠃ ︿ᠢᠨᠢᠶᠡᠵᠦ ᠪᠠᠶᠠᠷᠯᠠᠵᠤ ᠶᠠᠪᠤᠶ᠎ᠠ ᠶᠢᠷᠲᠢᠨᠴᠦ ᠪᠠᠶᠠᠰᠤᠭ﹀ ᠭᠡᠳᠡᠭ ᠪᠢᠰᠢᠦ︕︾ ᠭᠡᠰᠡᠨ ᠲᠡᠳᠡᠨ ᠤ | ᠠᠮᠢᠳᠤᠷᠠᠯ ᠠᠴᠠ ᠠᠵᠠ ᠵᠢᠷᠭᠠᠯ ᠠᠮᠲᠠᠭᠳᠠᠨ᠎ᠠ᠃ ᠪᠠᠶᠠᠨᠬᠤᠲᠠ ᠳᠤ ᠬᠤᠷᠢᠭᠠᠳ ᠵᠢᠯ ᠭᠡᠷ ᠲᠦᠷᠢᠶᠡᠰᠦᠯᠡᠨ ᠰᠠᠭᠤᠵᠤ | ᠪᠠᠶᠢᠭᠰᠠᠨ ᠬᠤᠶᠠᠭᠤᠯᠠ ᠣᠲᠣ ᠥᠪᠡᠷ ᠤᠨ ᠠᠰᠠᠷ ᠲᠠᠢ᠂ ᠬᠦᠦ ᠳᠡᠭᠡᠨ ᠪᠠᠰᠠ ᠠᠰᠠᠷ ᠠᠪᠴᠢᠬᠠᠭᠰᠠᠨ᠂ | ᠬᠥᠳᠡᠭᠡ ᠶᠢᠨ ᠣᠷᠣᠨ ᠰᠠᠭᠤᠴᠠ᠂ ᠬᠠᠰᠢᠶ᠎ᠠ ᠬᠤᠷᠤᠭ᠎ᠠ ᠪᠠᠨ ᠵᠠᠰᠠᠵᠤ ᠲᠥᠪᠬᠢᠨᠡᠭᠦᠯᠴᠢᠬᠡᠭᠰᠡᠨ᠂ ᠰᠤᠬᠤᠨᠳᠤ ᠶᠢᠨ | ᠬᠤᠭᠤᠯᠠᠨ ᠭᠡᠷ ᠪᠠᠭᠤᠳᠠᠯ ᠢᠶᠠᠨ ᠪᠤᠰᠤᠳ ᠲᠤ ᠲᠦᠷᠢᠶᠡᠰᠦᠯᠡᠴᠢᠬᠡᠭᠰᠡᠨ᠃ ᠪᠣᠳᠣᠬᠤ ᠳᠤ ᠡᠳᠡ ᠬᠤᠶᠠᠷ ᠤᠨ | ᠬᠤᠪᠢ ᠳᠤ ᠦᠨᠡᠬᠡᠷ ᠴᠤ ᠳᠠᠷᠤᠭᠠᠰᠤ ᠦᠭᠡᠢ ᠪᠣᠯᠵᠠᠢ᠃ ᠭᠡᠷᠡᠯᠬᠦᠦ ᠠᠷᠪᠠᠨ ᠬᠡᠳᠦᠲᠡᠢ ᠠᠴᠠ ᠪᠠᠨ ᠠᠶᠢᠯ | ᠭᠡᠷ ᠤᠨ ᠢᠶᠠᠨ ᠨᠣᠶᠠᠨ ᠨᠢᠷᠤᠭᠤ ᠪᠣᠯᠵᠤ ᠶᠠᠪᠤᠭᠰᠠᠨ ᠪᠣᠯᠬᠤᠷ ᠠᠮᠢᠳᠤᠷᠠᠯ ᠳᠠᠭᠠᠨ ᠥᠪᠡᠷ ᠤᠨ ᠭᠡᠰᠡᠨ ᠦᠵᠡᠯᠲᠡ ᠲᠠᠢ | ᠂ ᠰᠢᠢᠳᠪᠦᠷᠢ ᠭᠠᠷᠭᠠᠬᠤ ᠳᠠᠭᠠᠨ ᠰᠠᠶᠢᠨ᠃ ᠤᠷᠠᠩᠭᠤᠸ᠎ᠠ ᠨᠢ ᠡᠷ᠎ᠡ ᠨᠥᠬᠦᠷ ᠤᠨ ᠢᠶᠠᠨ ᠭᠠᠷᠭᠠᠭᠰᠠᠨ ᠪᠦᠬᠦᠶᠢᠯᠡ | ᠰᠢᠢᠳᠪᠦᠷᠢ ᠶᠢ ᠲᠠᠭᠠᠭᠠᠳ ᠯᠠ ᠶᠠᠪᠤᠨ᠎ᠠ᠃ ᠲᠡᠶᠢᠮᠦ ᠳᠡᠭᠡᠨ ᠬᠠᠨᠢᠯᠠᠵᠤ ᠠᠮᠢᠳᠤᠷᠠᠭᠰᠠᠨ 30 ᠵᠢᠯ ᠤᠨ | ᠬᠤᠭᠤᠴᠠᠭᠠᠨ ᠳᠤ ᠬᠡᠷᠡᠭᠦᠯ ᠵᠢᠭᠤᠷᠠᠭᠠᠨ ᠲᠤᠩ ᠴᠥᠭᠡᠨ᠂ ᠡᠶ᠎ᠡ ᠨᠠᠶᠢᠷᠲᠠᠢ ᠠᠮᠢᠳᠤᠷᠠᠵᠤ ᠢᠷᠠᠵᠠᠢ᠃ ᠥᠷᠢ | ᠰᠢᠷᠢ ᠠᠴᠠ ᠪᠠᠨ ᠰᠠᠯᠵᠤ ᠨᠡᠶᠢᠭᠡᠮ ᠤᠨ ᠰᠠᠶᠢᠬᠠᠨ ᠳᠤ ᠵᠢᠷᠭᠠᠵᠤ ᠶᠠᠪᠤᠭ᠎ᠠ ᠬᠤᠶᠠᠭᠤᠯᠠ ᠨᠡᠩ ᠴᠤ ︽ᠶᠠᠭᠤᠨ ᠳᠤ | ᠵᠣᠪᠠᠨ᠎ᠠ᠃ ᠢᠨᠢᠶᠡᠵᠦ ᠪᠠᠶᠠᠰᠴᠤ ᠠᠮᠢᠳᠤᠷᠠᠭᠰᠠᠨ ᠴᠤ ᠨᠢᠭᠡ ᠡᠳᠦᠷ᠂ ᠵᠣᠪᠠᠵᠤ ᠭᠤᠨᠢᠵᠤ ᠠᠮᠢᠳᠤᠷᠠᠭᠰᠠᠨ ᠴᠤ ᠨᠢᠭᠡ | ᠡᠳᠦᠷ︾ ᠭᠡᠴᠢᠬᠡᠭᠰᠡᠨ ᠪᠠᠶᠠᠷ ᠬᠥᠷ ᠢᠶᠠᠷ ᠠᠵᠤ ᠠᠮᠢᠳᠤᠷᠠᠯ ᠢᠶᠠᠨ ᠠᠪᠴᠤ ᠶᠠᠪᠤᠨ᠎ᠠ᠃ ᠬᠡᠵᠢᠶᠡᠳᠡ ᠠᠵᠤ | ᠠᠮᠢᠳᠤᠷᠠᠯ ᠳᠠᠭᠠᠨ ᠥᠭᠡᠳᠡᠷᠡᠭ ᠬᠠᠨᠳᠤᠳᠠᠭ ᠤᠨ ᠤᠴᠢᠷ ᠬᠦᠦ ᠪᠠᠶᠠᠨ᠎ᠠ ᠨᠢ ᠴᠤ ᠲᠡᠳᠡᠨ ᠤ ᠪᠠᠶᠠᠰᠤᠩᠭᠤᠢ ᠣᠪᠣᠷ ᠢ | ᠲᠡᠷᠡ ᠶᠣᠰᠣᠭᠠᠷ ᠨᠢ ᠰᠤᠷᠴᠤ᠂ ᠪᠠᠰᠠᠯᠠ ᠢᠨᠢᠶᠡᠳᠦ ᠲᠣᠭᠯᠠᠭᠠᠮ ᠢᠶᠠᠷ ᠳᠡᠷᠭᠡᠳᠡᠬᠢ ᠬᠥᠮᠥᠰ ᠲᠡᠭᠡᠨ ᠪᠠᠶᠠᠷ ᠬᠥᠷ | ᠠᠪᠴᠢᠷᠠᠳᠠᠭ ᠤᠨ ᠨᠢᠭᠡᠨ᠃ ᠠᠮᠢᠳᠤᠷᠠᠯ ᠲᠡᠮᠡᠴᠡᠯ ᠬᠡᠮᠡᠨ ᠶᠠᠭᠠᠷᠠᠵᠤ ᠶᠠᠪᠤᠭᠰᠠᠨ ᠭᠡᠷᠡᠯᠬᠦᠦ ᠤᠷᠠᠩᠭᠤᠸ᠎ᠠ ᠬᠦᠦ ᠳᠡᠭᠡᠨ | ︽ᠢᠩᠭᠢᠵᠦ ᠬᠢ᠂ ᠲᠡᠭᠡᠵᠦ ᠶᠠᠪᠤ︾ ᠬᠡᠮᠡᠨ ᠨᠢᠭᠡ ᠶᠡᠭᠡ ᠶᠢ ᠵᠢᠭᠠᠵᠤ ᠰᠤᠷᠭᠠᠬᠤ ᠴᠢᠯᠦᠭᠡ ᠦᠭᠡᠢ ᠪᠣᠯᠪᠠᠴᠤ | ᠥᠪᠡᠷ ᠲᠡᠭᠡᠨ ᠶᠠᠭᠠᠬᠢᠵᠤ ᠬᠢᠬᠦ᠂ ᠠᠮᠢᠳᠤᠷᠠᠯ ᠳᠤ ᠶᠠᠮᠠᠷ ᠣᠪᠣᠷ ᠢᠶᠠᠷ ᠬᠠᠨᠳᠤᠬᠤ ᠶᠢ ᠪᠡᠶ᠎ᠡ ᠪᠠᠷ ᠢᠶᠠᠨ ᠳᠠᠭᠤᠷᠢᠶᠠᠯ | ᠦᠵᠡᠭᠦᠯᠦᠭᠰᠡᠨ ᠠᠴᠠ ᠡᠨᠡ ᠨᠢ ᠰᠠᠶᠢᠨ ᠰᠠᠶᠢᠬᠠᠨ ᠭᠡᠷ ᠪᠦᠯᠢ ᠶᠢᠨ ᠰᠤᠷᠭᠠᠯ ᠪᠣᠯᠵᠠᠢ᠃ | ᠲᠡᠶᠢᠮᠦ ᠠ᠋᠂ ᠢᠨᠢᠶᠡᠵᠦ ᠪᠠᠶᠠᠷᠯᠠᠵᠤ ᠠᠮᠢᠳᠤᠷᠠᠶ᠎ᠠ᠂ ᠶᠢᠷᠲᠢᠨᠴᠦ ᠪᠠᠶᠠᠰᠤᠭ︕ | |