ᠲᠣᠯᠣᠭᠠᠢ ᠰᠢᠭᠢᠷ᠎ᠡ ᠬᠤᠶᠢᠬᠠᠯᠠᠭᠠᠳ ᠣᠷᠣᠯᠭ᠎ᠠ ᠪᠠᠨ ᠨᠡᠮᠡᠭᠳᠡᠭᠦᠯᠵᠦ ᠪᠣᠯᠬᠤ ᠶᠤᠮ ᠰᠢᠤ
ᠨᠡᠶᠢᠲᠡᠯᠡᠭᠰᠡᠨ ᠴᠠᠭ᠄
2023/12/31
        ● ᠰᠡᠴᠡᠨ᠂ ᠡᠷᠳᠡᠨᠢᠬᠦᠦ         ᠡᠪᠦᠯ ᠤᠨ ᠠᠮᠲᠠ ᠪᠠᠨ ᠭᠠᠷᠭᠠᠵᠤ ᠶᠠᠭᠠᠷᠠᠭᠰᠠᠨ ᠠᠬ᠎ᠠ ᠮᠢᠨᠢ᠄ ︽ᠴᠢᠮᠠᠳᠤ ᠨᠢᠭᠡ ᠮᠠᠯ ᠶᠠᠪᠤᠭᠤᠯᠤᠭᠰᠠᠨ᠂ ᠲᠣᠯᠣᠭᠠᠢ ᠰᠢᠭᠢᠷ᠎ᠡ ᠶᠢ ᠨᠢ ᠬᠤᠶᠢᠬᠠᠯᠠᠵᠤ ᠠᠮᠵᠢᠭ᠎ᠠ ᠦᠭᠡᠢ ᠰᠢᠤ︾ ᠭᠡᠰᠡᠨ ᠵᠠᠬᠢᠶ᠎ᠠ ᠢᠷᠡᠭᠦᠯᠦᠯ᠎ᠡ᠃ ᠬᠥᠳᠡᠭᠡ ᠳᠤ ᠪᠣᠯ ᠵᠢᠭᠠᠯ ᠵᠢᠭᠤᠯ ᠲᠦᠯᠡᠭᠡ ᠣᠪᠣᠭᠠᠯᠠᠴᠢᠬᠠᠭᠠᠳ ᠪᠡᠯᠡᠨ ᠳᠣᠣᠷ᠎ᠠ ᠨᠢ ᠬᠤᠶᠢᠬᠠᠯᠠᠴᠢᠬᠠᠳᠠᠭ ᠲᠣᠯᠣᠭᠠᠢ ᠰᠢᠭᠢᠷ᠎ᠡ ᠶᠢ ᠬᠤᠲᠠ ᠭᠠᠵᠠᠷ ᠲᠤ ᠦᠨᠡᠬᠡᠷ ᠶᠠᠭᠠᠬᠢᠬᠤ ᠶᠢᠨ ᠴᠤ ᠠᠷᠭ᠎ᠠ ᠦᠭᠡᠢ᠃ ᠠᠷᠭ᠎ᠠ ᠪᠤᠰᠤ ︽ᠲᠣᠯᠣᠭᠠᠢ ᠰᠢᠭᠢᠷ᠎ᠡ ᠬᠤᠶᠢᠬᠠᠯᠠᠳᠠᠭ ᠬᠥᠮᠥᠨ︾ ᠡᠷᠢᠭᠰᠡᠨ ᠢᠶᠠᠷ ᠰᠠᠶ᠋ᠢ ᠬᠤᠲᠠ ᠭᠠᠵᠠᠷ ᠲᠤᠰᠬᠠᠢ ᠲᠣᠯᠣᠭᠠᠢ ᠰᠢᠭᠢᠷ᠎ᠡ ᠬᠤᠶᠢᠬᠠᠯᠠᠬᠤ ᠠᠵᠢᠯ ᠡᠷᠭᠢᠯᠡᠳᠡᠭ ᠬᠥᠮᠥᠨ ᠤᠯᠠᠨ ᠪᠠᠶᠢᠳᠠᠭ ᠢ ᠣᠯᠵᠤ ᠮᠡᠳᠡᠯ᠎ᠡ᠃       ᠳᠤᠯᠠᠭᠠᠨ ᠰᠠᠭᠤᠭᠠᠯᠢ ᠲᠣᠭᠤᠷᠢᠭ ᠤᠨ ᠪᠠᠷᠠᠭᠤᠨ ᠡᠭᠦᠳᠡᠨ᠎ᠡ ᠪᠠᠶᠢᠷᠢᠯᠠᠭ᠎ᠠ ᠲᠠᠩᠰᠤᠭ ᠨᠤᠲᠤᠭ ᠮᠣᠩᠭᠤᠯ ᠬᠤᠭᠤᠯᠠᠨ ᠭᠡᠷ  ᠤᠨ ᠡᠵᠡᠨᠳᠡᠨ ᠵᠢᠷᠠᠨᠲᠠᠢ ᠪᠣᠯ ᠬᠤᠲᠠ ᠳᠤ ᠣᠷᠣᠵᠤ ᠬᠤᠭᠤᠯᠠᠨ ᠭᠡᠷ ᠡᠷᠭᠢᠯᠡᠭᠡᠳ ᠠᠷᠪᠠᠨ ᠵᠢᠯ ᠤᠨ ᠨᠢᠭᠤᠷ ᠦᠵᠡᠵᠦ ᠪᠠᠶᠢᠭ᠎ᠠ ᠬᠥᠮᠥᠨ᠃ ᠬᠤᠭᠤᠯᠠᠨ ᠭᠡᠷ ᠨᠢ ᠵᠠᠢ ᠪᠠᠭᠠᠲᠠᠢ ᠴᠤ ᠬᠤᠷᠢᠭᠠᠳ ᠬᠥᠮᠥᠨ ᠤ ᠵᠣᠴᠢᠯᠠᠭ᠎ᠠ ᠬᠢᠵᠦ᠂ ᠪᠠᠰᠠ ᠬᠤᠲᠠ ᠶᠢᠨ ᠬᠥᠮᠥᠰ ᠲᠤ ᠤᠭᠤᠴᠠ ᠰᠢᠭᠦᠰᠦ ᠴᠢᠨᠠᠬᠤ ᠦᠢᠯᠡᠴᠢᠯᠡᠭᠡ ᠬᠠᠩᠭᠠᠭᠠᠳ ᠣᠨ ᠤᠳᠠᠵᠠᠢ᠃ ᠣᠶᠢᠷ᠎ᠠ ᠶᠢᠨ ᠬᠡᠳᠦᠨ ᠵᠢᠯ ᠠᠴᠠ ᠲᠠᠨᠢᠯ ᠤᠯᠤᠰ ᠤᠳ ᠨᠢ ᠮᠠᠯ ᠤᠨ ᠲᠣᠯᠣᠭᠠᠢ ᠰᠢᠭᠢᠷ᠎ᠡ ᠪᠠᠨ ᠴᠤ ᠠᠪᠴᠢᠷᠠᠵᠤ ᠥᠭᠲᠡᠭ ᠢᠶᠠᠷ ᠠᠭᠠᠵᠢᠮ ᠢᠶᠠᠷ ᠲᠣᠯᠣᠭᠠᠢ ᠰᠢᠭᠢᠷ᠎ᠡ ᠬᠤᠶᠢᠬᠠᠯᠠᠵᠤ ᠥᠭᠬᠦ ᠦᠢᠯᠡᠴᠢᠯᠡᠭᠡᠨ ᠤ ᠠᠵᠢᠯ ᠢ ᠴᠤ ᠳᠠᠭᠠᠭᠠᠵᠤ ᠠᠪᠤᠭᠰᠠᠨ ᠪᠠᠶᠢᠨ᠎ᠠ᠃ ᠶᠠᠮᠠᠷᠪᠠ ᠠᠷᠠᠯᠵᠢᠶ᠎ᠠ ᠮᠠᠶᠢᠮᠠᠢ ᠬᠢᠭᠰᠡᠨ ᠴᠤ ᠤᠳᠠᠭᠠᠨ ᠳᠠᠭᠠᠭᠠᠮᠠᠭᠠᠢ ᠬᠢᠬᠦ ᠭᠡᠷᠡᠭᠳᠡᠢ᠃ ᠢᠯᠠᠩᠭᠤᠶ᠎ᠠ ᠬᠤᠭᠤᠯᠠᠨ ᠭᠡᠷ ᠡᠷᠭᠢᠯᠡᠭᠦ ᠳᠤ ᠬᠡᠳᠦᠨ ᠡᠳᠦᠷ ᠡᠭᠦᠳᠡ ᠪᠠᠨ ᠨᠡᠭᠡᠭᠡᠭᠡᠳ ᠬᠡᠳᠦᠨ ᠡᠳᠦᠷ ᠡᠭᠦᠳᠡ ᠪᠠᠨ ᠬᠠᠭᠠᠵᠤ ᠪᠣᠯᠬᠤ ᠦᠭᠡᠢ ᠶᠢ ᠵᠢᠷᠠᠨᠲᠠᠢ ᠮᠡᠳᠡᠳᠡᠭ ᠪᠣᠯᠬᠤᠷ 10 ᠵᠢᠯ ᠳᠤ ᠨᠡᠯᠢᠶᠡᠳ ᠤᠯᠠᠨ ᠬᠠᠭᠤᠴᠢᠨ ᠵᠣᠴᠢᠨ ᠲᠠᠢ ᠪᠣᠯᠵᠤ᠂ ᠵᠢᠯ ᠳᠡᠭᠡᠨ 600 ᠭᠠᠷᠤᠢ ᠤᠭᠤᠴᠠ ᠴᠢᠨᠠᠵᠤ᠂ ᠵᠢᠯ ᠤᠨ ᠳᠥᠷᠪᠡᠨ ᠤᠯᠠᠷᠢᠯ ᠠᠯᠳᠠᠯ ᠦᠭᠡᠢ ᠲᠣᠯᠣᠭᠠᠢ ᠰᠢᠭᠢᠷ᠎ᠡ ᠬᠤᠶᠢᠬᠠᠯᠠᠬᠤ ᠦᠢᠯᠡᠴᠢᠯᠡᠭᠡ ᠬᠠᠩᠭᠠᠳᠠᠭ ᠢᠶᠠᠷ ᠲᠣᠯᠣᠭᠠᠢ ᠰᠢᠭᠢᠷ᠎ᠡ ᠬᠤᠶᠢᠬᠠᠯᠠᠬᠤ ᠠᠵᠢᠯ ᠠᠴᠠ ᠵᠢᠯ ᠳᠡᠭᠡᠨ ᠬᠤᠶᠠᠷ ᠲᠦᠮᠡᠨ ᠲᠥᠭᠦᠷᠢᠭ ᠤᠨ ᠴᠡᠪᠡᠷ ᠣᠷᠣᠯᠭ᠎ᠠ ᠣᠯᠳᠠᠭ ᠪᠠᠶᠢᠨ᠎ᠠ᠃ ︽ᠨᠢᠭᠡ ᠮᠠᠯ  ᠤᠨ ᠲᠣᠯᠣᠭᠠᠢ ᠰᠢᠭᠢᠷ᠎ᠡ ᠶᠢ ᠬᠤᠶᠢᠬᠠᠯᠠᠬᠤ ᠳᠤ 20 ᠲᠥᠭᠦᠷᠢᠭ᠂ ᠮᠠᠨᠠᠶᠢᠬᠢᠨ ᠨᠣᠣᠰᠣ ᠦᠰᠦ ᠶᠢ ᠨᠢ ᠰᠠᠶᠢᠬᠠᠨ ᠴᠡᠪᠡᠷ ᠠᠷᠢᠯᠭᠠᠵᠤ᠂ ᠤᠬᠢᠶᠠᠵᠤ ᠥᠭᠲᠡᠭ ᠪᠣᠯᠬᠤᠷ ᠵᠣᠴᠢᠨ ᠲᠠᠰᠤᠷᠠᠳᠠᠭ ᠦᠭᠡᠢ᠂ ᠡᠨᠡ ᠠᠵᠢᠯ ᠢ ᠬᠢᠭᠡᠳ ᠭᠠᠷ ᠵᠠᠷᠤᠯᠭ᠎ᠠ ᠪᠠᠨ ᠣᠯᠬᠤ ᠴᠤ ᠪᠣᠯ ᠰᠠᠨᠠᠭ᠎ᠠ ᠠᠮᠠᠷ ᠰᠢᠤ︾ ᠭᠡᠵᠦ ᠵᠢᠷᠠᠨᠲᠠᠢ ᠲᠠᠨᠢᠯᠴᠠᠭᠤᠯᠤᠯ᠎ᠠ᠃ ᠲᠡᠭᠦᠨ ᠤ ᠶᠠᠷᠢᠬᠤ ᠪᠠᠷ ᠬᠤᠲᠠ ᠳᠤ ᠰᠠᠭᠤᠭ᠎ᠠ ᠵᠠᠯᠠᠭᠤᠴᠤᠳ ᠮᠠᠯ ᠤᠨ ᠮᠢᠬ᠎ᠠ ᠪᠠᠨ ᠦᠶᠡᠯᠡᠵᠦ ᠡᠪᠳᠡᠬᠦ ᠠᠵᠢᠯ ᠢ ᠬᠢᠵᠦ ᠴᠢᠳᠠᠬᠤ ᠦᠭᠡᠢ᠂ ᠵᠠᠷᠢᠮ ᠳᠠᠭᠠᠨ ᠪᠦᠲᠦᠨ ᠮᠠᠯ ᠤᠨ ᠮᠢᠬ᠎ᠠ ᠪᠠᠨ ᠠᠪᠴᠢᠷᠠᠵᠤ ᠲᠡᠭᠦᠨ ᠢᠶᠠᠷ ᠦᠶᠡᠯᠡᠵᠦ ᠰᠠᠯᠭᠠᠭᠤᠯᠬᠤ ᠠᠵᠢᠯ ᠬᠢᠯᠭᠡᠳᠡᠭ ᠬᠥᠮᠥᠨ ᠴᠤ ᠵᠢᠯ ᠠᠴᠠ ᠵᠢᠯ ᠣᠯᠠᠰᠢᠷᠠᠵᠤ ᠪᠤᠢ ᠭᠡᠨ᠎ᠡ᠃       ᠲᠣᠯᠣᠭᠠᠢ ᠰᠢᠭᠢᠷ᠎ᠡ ᠬᠤᠶᠢᠬᠠᠯᠠᠬᠤ ᠨᠢ ᠦᠨᠡᠨᠳᠡᠭᠡᠨ ᠤᠯᠠᠷᠢᠯ ᠤᠨ ᠴᠢᠨᠠᠷᠲᠠᠢ ᠠᠵᠢᠯ ᠶᠤᠮ᠃ ᠵᠢᠯ ᠪᠣᠯᠭᠠᠨ ᠤ ᠠᠷᠪᠠᠨ ᠨᠢᠭᠡᠨ ᠰᠠᠷ᠎ᠠ ᠶᠢᠨ ᠡᠬᠢ ᠪᠠᠷ ᠬᠤᠲᠠ ᠶᠢᠨ ᠬᠥᠮᠥᠰ ᠡᠪᠦᠯ ᠤᠨ ᠠᠮᠲᠠ ᠪᠠᠨ ᠪᠡᠯᠡᠳᠴᠦ ᠡᠬᠢᠯᠡᠬᠦ ᠳᠤ ᠲᠣᠯᠣᠭᠠᠢ ᠰᠢᠭᠢᠷ᠎ᠡ ᠬᠤᠶᠢᠬᠠᠯᠠᠬᠤ ᠠᠵᠢᠯ ᠴᠤ ᠬᠥᠭᠵᠢᠶᠡᠨ ᠳᠡᠭᠡᠨ ᠣᠷᠣᠵᠤ᠂ ᠤᠯᠠᠨ ᠬᠥᠮᠥᠰ ᠡᠨᠡᠬᠦ ᠲᠤᠭᠢᠶᠠᠯ ᠢ ᠠᠮᠵᠢᠭᠤᠯᠤᠨ ᠪᠠᠭ᠎ᠠ ᠰᠠᠭ᠎ᠠ ᠣᠷᠣᠯᠭ᠎ᠠ ᠣᠯᠳᠠᠭ ᠪᠠᠶᠢᠨ᠎ᠠ᠃ ᠡᠲᠡᠭᠡᠷ ᠬᠥᠮᠥᠰ ᠤᠨ ᠨᠢᠭᠡ ᠨᠢ ᠪᠣᠯ ᠯᠢ ᠹᠠ ᠯᠢᠨ ᠪᠣᠯᠣᠨ᠎ᠠ᠃ ᠡᠨᠡ ᠵᠢᠯ ᠳᠠᠯᠠ ᠶᠢᠨ ᠪᠠᠷ᠎ᠠ ᠬᠠᠷᠠᠵᠤ ᠪᠠᠶᠢᠭ᠎ᠠ ᠯᠢ ᠹᠠ ᠯᠢᠨ ᠬᠤᠸᠠ ᠶᠤᠸᠠᠨ ᠰᠢᠨ ᠼᠦᠨ ᠬᠤᠷᠢᠶᠠᠯᠠᠯ ᠳᠤ ᠰᠠᠭᠤᠳᠠᠭ ᠪᠣᠯᠬᠤᠷ 11 ᠰᠠᠷ᠎ᠠ ᠶᠢᠨ ᠡᠬᠢ ᠪᠠᠷ ᠮᠠᠰᠢᠨ ᠳᠡᠭᠡᠷ᠎ᠡ ᠪᠠᠨ ᠲᠣᠯᠣᠭᠠᠢ ᠰᠢᠭᠢᠷ᠎ᠡ ᠬᠤᠶᠢᠬᠠᠯᠠᠬᠤ ᠲᠣᠨᠤᠭ ᠲᠥᠬᠦᠭᠡᠷᠦᠮᠵᠢ ᠪᠠᠨ ᠠᠴᠢᠭᠠᠳ ᠠᠵᠢᠯ ᠳᠠᠭᠠᠨ ᠭᠠᠷᠳᠠᠭ᠃ ᠵᠠᠷᠢᠮ ᠳᠠᠭᠠᠨ ᠭᠠᠭᠴᠠ ᠬᠤᠶᠠᠷ ᠲᠣᠯᠣᠭᠠᠢ ᠬᠤᠶᠢᠬᠠᠯᠠᠬᠤ ᠠᠵᠢᠯ ᠲᠠᠭᠠᠷᠠᠨ᠎ᠠ᠃ ᠬᠠᠶᠠ ᠪᠠᠰᠠ ᠲᠠᠪᠤ ᠵᠢᠷᠭᠤᠭᠠᠨ ᠲᠣᠯᠣᠭᠠᠢ ᠬᠤᠶᠢᠬᠠᠯᠠᠬᠤ ᠠᠵᠢᠯ ᠢᠷᠡᠨ᠎ᠡ᠃ ︽ᠵᠦᠭᠡᠷ ᠰᠠᠭᠤᠬᠤ ᠪᠠᠷ ᠵᠦᠯᠭᠦᠵᠦ ᠰᠠᠭᠤᠶ᠎ᠠ︾ ᠭᠡᠰᠡᠨ ᠪᠤᠳᠤᠯ ᠲᠠᠢ ᠯᠢ ᠹᠠ ᠯᠢᠨ ᠴᠢᠳᠠᠯ ᠬᠥᠷᠥᠭᠰᠡᠨ ᠴᠠᠭ ᠲᠤ ᠨᠢᠭᠡ ᠶᠠᠭᠤᠮ᠎ᠠ ᠬᠢᠵᠦ ᠯᠠ ᠪᠠᠶᠢᠶ᠎ᠠ ᠭᠡᠰᠡᠨ ᠪᠠᠷᠢᠮᠲᠠᠯᠠᠯ ᠢᠶᠠᠷ ᠡᠨᠡᠬᠦ ᠠᠵᠢᠯ ᠢ ᠬᠢᠭᠡᠳ ᠭᠤᠷᠪᠠᠨ ᠵᠢᠯ ᠤᠨ ᠨᠢᠭᠤᠷ ᠦᠵᠡᠵᠦ᠂ ᠵᠢᠯ ᠪᠣᠯᠭᠠᠨ ᠬᠤᠶᠠᠷ ᠰᠠᠷ᠎ᠠ ᠬᠢᠷᠢᠲᠡᠢ ᠠᠵᠢᠯᠯᠠᠭᠠᠳ 6000 — 7000 ᠲᠥᠭᠦᠷᠢᠭ ᠤᠨ ᠴᠡᠪᠡᠷ ᠣᠷᠣᠯᠭ᠎ᠠ ᠣᠯᠳᠠᠭ ᠠᠵᠢ᠃ ︽ᠡᠨᠡ ᠠᠵᠢᠯ ᠢ ᠬᠢᠬᠦ ᠳᠤ ᠶᠠᠭᠤᠨ ᠲᠡᠷᠢᠭᠦᠨ ᠳᠤ ᠠᠮᠤᠷ ᠲᠦᠪᠰᠢᠨ ᠢ ᠠᠩᠬᠠᠷᠤᠨ᠎ᠠ᠃ ᠳᠠᠷᠠᠭᠠᠯᠠᠪᠠᠯ ᠠᠷᠢᠭᠤᠨ ᠴᠡᠪᠡᠷ ᠢ ᠬᠢᠴᠢᠶᠡᠬᠦ ᠭᠡᠷᠡᠭᠳᠡᠢ᠂ ᠬᠤᠲᠠ ᠭᠠᠵᠠᠷ ᠪᠣᠯᠬᠤᠷ ᠲᠣᠯᠣᠭᠠᠢ ᠬᠤᠶᠢᠬᠠᠯᠠᠭᠰᠠᠨ ᠬᠤᠭ ᠢᠶᠠᠨ ᠪᠤᠳᠠᠷᠠᠭᠠᠬᠤ ᠦᠭᠡᠢ ᠪᠠᠶᠢᠬᠤ ᠶᠢ ᠶᠡᠭᠡ ᠬᠢᠴᠢᠶᠡᠬᠦ ᠭᠡᠷᠡᠭᠳᠡᠢ ᠰᠢᠤ︾ ᠭᠡᠵᠦ ᠲᠣᠯᠣᠭᠠᠢ ᠬᠤᠶᠢᠬᠠᠯᠠᠬᠤ ᠠᠵᠢᠯ ᠳᠠᠭᠠᠨ ᠶᠠᠭᠠᠷᠠᠭᠰᠠᠨ ᠯᠢ ᠹᠠ ᠯᠢᠨ ᠶᠠᠷᠢᠨ᠎ᠠ᠃ ᠲᠡᠷᠡ ᠤᠤᠯ ᠨᠢ ᠮᠠᠰᠢᠨ ᠲᠡᠷᠭᠡ ᠵᠠᠰᠠᠬᠤ ᠠᠵᠢᠯ ᠬᠢᠵᠦ ᠪᠠᠶᠢᠭᠰᠠᠨ ᠪᠣᠯᠬᠤᠷ ᠣᠯᠠᠩᠬᠢ ᠳᠠᠭᠠᠨ ᠬᠦᠴᠢᠯᠲᠥ᠋ᠷᠥᠭᠴᠢ ᠪᠠᠷ ᠲᠣᠯᠣᠭᠠᠢ ᠰᠢᠭᠢᠷ᠎ᠡ ᠬᠤᠶᠢᠬᠠᠯᠠᠳᠠᠭ᠃ ᠭᠦᠴᠢᠯᠳᠦᠷᠦᠭᠴᠢ ᠶᠢ ᠠᠰᠢᠭᠯᠠᠬᠤ ᠳᠤ ᠶᠠᠭᠠᠬᠢᠵᠤ ᠨᠡᠭᠡᠭᠡᠵᠦ ᠬᠠᠭᠠᠬᠤ ᠨᠢ ᠪᠦᠷ ᠠᠯᠬᠤᠮ ᠳᠠᠷᠠᠭ᠎ᠠ ᠲᠠᠢ ᠪᠣᠯᠬᠤᠷ ᠲᠡᠭᠦᠨ ᠤ ᠬᠤᠪᠢ ᠳᠤ ᠠᠮᠤᠷ ᠲᠦᠪᠰᠢᠨ ᠪᠣᠯ ᠬᠠᠮᠤᠭ ᠤᠨ ᠴᠢᠬᠤᠯᠠ ᠠᠰᠠᠭᠤᠳᠠᠯ ᠪᠣᠯᠳᠠᠭ ᠠᠵᠢ᠃ ᠠᠷᠪᠠᠨ ᠬᠡᠳᠦᠨ ᠮᠢᠨᠦ᠋ᠲ ᠪᠣᠯᠣᠯ ᠦᠭᠡᠢ ᠨᠢᠭᠡ ᠮᠠᠯ  ᠤᠨ ᠲᠣᠯᠣᠭᠠᠢ ᠰᠢᠭᠢᠷ᠎ᠡ  ᠶᠢ ᠬᠤᠶᠢᠬᠠᠯᠠᠭᠠᠳ ᠪᠠᠷᠠᠭᠠᠴᠢᠬᠠᠯ᠎ᠠ᠃ ᠬᠥᠳᠡᠭᠡ ᠠᠴᠠ ᠠᠪᠴᠢᠷᠠᠭᠰᠠᠨ ᠲᠣᠯᠣᠭᠠᠢ ᠰᠢᠭᠢᠷ᠎ᠡ ᠪᠠᠨ ᠬᠤᠶᠢᠬᠠᠯᠠᠭᠤᠯᠬᠤ ᠵᠠᠭᠤᠷ᠎ᠠ ᠳᠥᠭᠦᠮᠬᠡᠨ ᠰᠣᠷᠪᠤᠯᠵᠢᠯᠠᠭ᠎ᠠ ᠠᠪᠤᠭᠰᠠᠨ ᠪᠢ ᠬᠤᠶᠢᠬᠠᠯᠠᠭᠤᠯᠤᠭᠰᠠᠨ ᠲᠣᠯᠣᠭᠠᠢ ᠰᠢᠭᠢᠷ᠎ᠡ ᠪᠠᠨ ᠰᠠᠪᠠᠯᠠᠬᠤ ᠵᠠᠭᠤᠷ᠎ᠠ ᠬᠤᠲᠠ ᠭᠠᠵᠠᠷ ᠭᠡᠳᠡᠭ ᠴᠢᠨᠢ ᠬᠥᠳᠡᠯᠪᠡᠯ ᠵᠣᠭᠤᠰ ᠬᠡᠷᠡᠭᠰᠡᠬᠦ ᠭᠠᠵᠠᠷ ᠪᠣᠯᠪᠠᠴᠤ ᠴᠢᠷᠮᠠᠶᠢᠯᠭ᠎ᠠ ᠰᠢᠮᠳᠠᠯᠭ᠎ᠠ ᠪᠠᠶᠢᠭᠰᠠᠨ ᠴᠠᠭ ᠲᠤ ᠬᠤᠲᠠ ᠭᠠᠵᠠᠷ ᠲᠤ ᠬᠥᠳᠡᠯᠵᠦ ᠯᠠ ᠪᠠᠶᠢᠪᠠᠯ ᠵᠣᠭᠤᠰ ᠮᠥᠩᠭᠦ ᠶᠢ ᠠᠮᠠᠷᠬᠠᠨ ᠣᠯᠵᠤ ᠪᠣᠯᠬᠤ ᠶᠤᠮ ᠪᠠᠶᠢᠨ᠎ᠠ ᠭᠡᠳᠡᠭ ᠢ ᠤᠬᠠᠭᠠᠷᠠᠯ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ᠂ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号