ᠰᠠᠷ᠎ᠠ ᠰᠢᠨ᠎ᠡ ᠶᠢᠨ ᠵᠠᠬ᠎ᠠ ᠳᠡᠯᠭᠡᠭᠦᠷ ᠢ ᠰᠢᠭᠤᠳ ᠨᠡᠪᠲᠡᠷᠡᠭᠦᠯᠭᠡ  ᠪᠠᠷ ᠡᠵᠡᠮᠳᠡᠭᠰᠡᠨ ᠮᠠᠯᠴᠢᠨ ᠡᠵᠡᠩᠨᠡᠯᠳᠡᠨ
ᠨᠡᠶᠢᠲᠡᠯᠡᠭᠰᠡᠨ ᠴᠠᠭ᠄
2023/12/31
             ᠨᠡᠷᠡᠨ᠎ᠡ᠂  ᠬᠤᠶᠢᠳ ᠰᠡᠴᠡᠨ᠂ ᠡᠷᠳᠡᠨᠢᠬᠦᠦ       ᠵᠢᠯ ᠴᠠᠭᠠᠨ ᠰᠠᠷ᠎ᠠ ᠣᠶᠢᠷᠠᠳᠬᠤ ᠪᠠᠷ ᠬᠤᠳᠠᠯᠳᠤᠭ᠎ᠠ ᠮᠠᠶᠢᠮᠠᠢ ᠶᠢᠨ ᠵᠠᠬ᠎ᠠ ᠴᠦ ᠬᠥᠷ ᠨᠠᠷᠭᠢᠶᠠᠨ ᠢᠶᠠᠷ ᠪᠢᠯᠬᠠᠨ ᠂ ᠴᠠᠭᠠᠨ ᠰᠠᠷ᠎ᠠ ᠳᠤ ᠪᠡᠯᠡᠳᠬᠡᠬᠦ ᠡᠳ᠋ ᠪᠠᠷᠠᠭ᠎ᠠ ᠡᠯᠪᠡᠭ ᠳᠦᠭᠦᠷᠡᠩ᠂ ᠬᠤᠳᠠᠯᠳᠤᠭ᠎ᠠ ᠪᠤᠷᠣᠯᠠᠭᠤᠯᠭ᠎ᠠ ᠬᠥᠷ ᠬᠥᠭᠵᠢᠶᠡᠨ  ᠢᠶᠠᠷ ᠪᠢᠯᠬᠠᠯ᠎ᠠ᠃ ᠶᠠᠭ ᠡᠨᠡᠬᠦ ᠪᠠᠶᠠᠷᠲᠤ ᠴᠠᠭ ᠮᠥᠴᠡ ᠳᠤ ᠮᠠᠯᠴᠢᠨ ᠡᠩᠬᠡᠪᠤᠯᠠᠭ ᠮᠠᠨᠢ ᠴᠦ ᠭᠠᠷ ᠤᠲᠠᠰᠤᠨ ᠤ ᠰᠢᠭᠤᠳ ᠨᠡᠪᠲᠡᠷᠡᠭᠦᠯᠭᠡ ᠪᠠᠷ ᠠᠯᠠᠱᠠ ᠨᠤᠲᠤᠭ ᠤᠨ ᠢᠶᠠᠨ ᠣᠨᠴᠠ ᠭᠠᠷᠤᠯᠲᠠ ᠶᠢ ᠭᠠᠳᠠᠭᠰᠢ ᠳᠣᠲᠣᠭᠰᠢ ᠪᠣᠷᠣᠯᠠᠭᠤᠯᠵᠤ ᠶᠠᠭᠠᠷᠠᠯᠲᠠᠶᠢᠬᠠᠨ ᠪᠠᠶᠢᠨ᠎ᠠ᠃ ᠲᠡᠷᠡᠪᠡᠷ ᠪᠠᠶᠠᠨᠬᠤᠲᠠ ᠳᠤ ᠪᠠᠶᠢᠭ᠎ᠠ ︽ᠬᠠᠨ ᠲᠣᠣᠷᠠᠢ︾ ᠳᠡᠯᠭᠡᠭᠦᠷ ᠲᠡᠭᠡᠨ ᠦᠬᠡᠷ ᠤᠨ ᠪᠤᠷᠴᠠ᠂ ︽ᠲᠣᠣᠷᠠᠢ ᠶᠢᠨ ᠸᠠᠩ︾ ᠠᠷᠢᠬᠢ᠂ ᠠᠯᠠᠱᠠ ᠨᠤᠲᠤᠭ ᠤᠨ ᠬᠠᠴᠢᠨ ᠴᠢᠯᠠᠭᠤ᠂ ᠠᠭᠠᠷᠤᠤᠯ ᠬᠤᠷᠤᠳ᠂ ᠴᠠᠭᠠᠨ ᠭᠤᠶᠣᠣ᠂ ᠤᠯᠠᠭᠠᠨ ᠭᠤᠶᠣᠣ ᠵᠡᠷᠭᠡ ᠶᠢ ᠭᠠᠷ ᠤᠲᠠᠰᠤ ᠢᠶᠠᠷ ᠢᠶᠠᠨ ᠲᠢᠺ ᠲᠣᠺ ᠲᠠᠪᠴᠠᠩ ᠢᠶᠠᠷ ᠰᠢᠭᠤᠳ ᠨᠡᠪᠲᠡᠷᠡᠭᠦᠯᠭᠡ ᠬᠢᠵᠦ ᠶᠠᠭᠠᠷᠠᠯᠲᠠᠢ ᠠᠵᠢᠯᠯᠠᠨ᠎ᠠ᠃       ᠡ᠊ᠩᠭᠡᠪᠤᠯᠠᠭ ᠪᠣᠯ ᠠᠯᠠᠱᠠ ᠵᠡᠭᠦᠨ ᠬᠤᠰᠢᠭᠤᠨ ᠤ ᠴᠣᠭᠲᠤᠬᠦ᠋ᠷᠢᠶ᠎ᠡ ᠰᠤᠮᠤᠨ ᠤ ᠣᠯᠠᠭᠠᠨᠴᠣᠨᠵᠢ ᠭᠠᠴᠠᠭᠠᠨ ᠤ ᠮᠠᠯᠴᠢᠨ᠃ ᠲᠡᠷᠡᠪᠡᠷ ᠨᠢᠳᠤᠨᠤᠨ ᠤ 6 ᠰᠠᠷ᠎ᠠ ᠠᠴᠠ ᠡᠬᠢᠯᠡᠨ ᠰᠢᠭᠤᠳ ᠨᠡᠪᠲᠡᠷᠡᠭᠦᠯᠭᠡ ᠬᠢᠵᠦ ᠡᠬᠢᠯᠡᠨ᠂ ᠡᠭᠦᠨ ᠳᠤ ᠨᠢᠭᠡ ᠵᠢᠯ ᠬᠢᠷᠢᠲᠡᠢ ᠰᠢᠭᠤᠳ ᠨᠡᠪᠲᠡᠷᠡᠭᠦᠯᠭᠡ ᠶᠢᠨ ᠰᠢᠨ᠎ᠡ ᠮᠡᠷᠭᠡᠵᠢᠯ ᠢ ᠰᠤᠷᠴᠤ ᠡᠵᠡᠮᠰᠢᠭᠡᠳ ᠨᠡᠯᠢᠶᠡᠳ ᠴᠠᠭᠠᠷᠠᠭᠰᠠᠨ ᠪᠠᠶᠢᠵᠠᠢ᠃ ᠰᠢᠨ᠎ᠡ ᠴᠠᠭ ᠦᠶ᠎ᠡ ᠲᠠᠢ ᠵᠣᠬᠢᠴᠠᠨ᠎ᠠ ᠭᠡᠳᠡᠭ ᠴᠢᠷᠮᠠᠶᠢᠯᠭ᠎ᠠ ᠬᠠᠲᠠᠭᠤᠵᠢᠯ ᠪᠠᠶᠢᠬᠤ ᠠᠴᠠ ᠭᠠᠳᠠᠨ᠎ᠠ ᠰᠢᠨ᠎ᠡ ᠵᠦᠢᠯᠡᠰ ᠢ ᠪᠡᠯᠡᠨ ᠳᠣᠣᠷ᠎ᠠ ᠨᠢ ᠭᠥᠯᠢᠶᠡᠨ ᠠᠪᠴᠤ ᠬᠢᠵᠦ ᠴᠢᠳᠠᠵᠤ ᠠᠭᠤᠰᠤᠯᠴᠠᠬᠤ ᠨᠢ ᠬᠠᠮᠤᠭ ᠴᠢᠬᠤᠯᠠ ᠪᠠᠶᠢᠭᠰᠠᠨ ᠨᠢ ᠭᠠᠷᠴᠠᠭ᠎ᠠ ᠦᠭᠡᠢ᠃       ︽ᠰᠦᠯᠵᠢᠶᠡᠨ ᠤ ᠰᠢᠭᠤᠳ ᠨᠡᠪᠲᠡᠷᠡᠭᠦᠯᠭᠡ ᠶᠢ ᠥᠪᠡᠷ ᠢᠶᠠᠨ ᠰᠣᠷᠣᠯᠴᠠᠵᠣ᠂ ᠬᠦᠴᠦ ᠣᠷᠣᠭᠤᠯᠵᠤ ᠪᠠᠶᠢᠬᠤ ᠶᠢᠨ ᠵᠣᠷᠢᠯᠭ᠎ᠠ ᠪᠣᠯ ᠠᠯᠠᠱᠠ ᠨᠤᠲᠤᠭ ᠤᠨ ᠢᠶᠠᠨ ᠣᠨᠴᠠ ᠭᠠᠷᠤᠯᠲᠠ ᠶᠢ ᠭᠠᠳᠠᠭᠰᠢ ᠣᠬᠠᠭᠤᠯᠵᠣ᠂ ᠭᠠᠳᠠᠨᠠᠬᠢ ᠬᠥᠮᠥᠰ ᠲᠤ ᠮᠡᠳᠡᠭᠦᠯᠬᠦ ᠪᠠᠷ ᠴᠢᠷᠮᠠᠶᠢᠵᠤ ᠪᠠᠶᠢᠨ᠎ᠠ᠃ ᠣᠳᠣᠬᠠᠨ ᠳᠤ ᠠᠯᠠᠱᠠ ᠨᠤᠲᠤᠭ ᠤᠨ ᠣᠨᠴᠠ ᠭᠠᠷᠤᠯᠲᠠ ᠶᠢ ᠥᠪᠡᠷ ᠤᠨ ᠢᠶᠠᠨ ᠰᠢᠭᠤᠳ ᠨᠡᠪᠲᠡᠷᠡᠭᠦᠯᠭᠡ ᠶᠢᠨ ᠲᠠᠪᠴᠠᠩ ᠢᠶᠠᠷ ᠳᠠᠮᠵᠢᠭᠤᠯᠤᠨ ᠬᠤᠳᠠᠯᠳᠤᠬᠤ ᠪᠠᠷ ᠪᠠᠷᠠᠬᠤ ᠦᠭᠡᠢ ᠨᠡᠩ ᠬᠤᠶᠢᠰᠢᠳᠠ ᠨᠤᠲᠤᠭ ᠤᠨ ᠢᠶᠠᠨ ᠮᠠᠯᠴᠢᠨ ᠵᠠᠯᠠᠭᠤᠰ ᠢᠶᠠᠨ ᠳᠠᠶᠢᠴᠢᠯᠠᠨ ᠳᠠᠭᠠᠭᠤᠯᠵᠤ᠂ ᠨᠤᠲᠤᠭ ᠤᠨ ᠢᠶᠠᠨ ᠣᠨᠴᠠᠯᠢᠭᠲᠤ ᠪᠦᠲᠦᠭᠡᠭᠳᠡᠬᠦᠨ ᠢᠶᠠᠨ ᠰᠢᠭᠤᠳ ᠨᠡᠪᠲᠡᠷᠡᠭᠦᠯᠭᠡ ᠪᠠᠷ ᠥᠷᠭᠡᠨ ᠬᠡᠪᠴᠢᠶ᠎ᠡ ᠪᠠᠷ ᠪᠣᠷᠣᠯᠠᠭᠤᠯᠬᠤ ᠪᠠᠷ ᠴᠢᠷᠮᠠᠶᠢᠵᠤ ᠶᠠᠪᠤᠨ᠎ᠠ᠃ ᠶᠠᠭᠠᠬᠢᠭᠰᠠᠨ ᠴᠦ ᠨᠢᠭᠡ ᠪᠦᠲᠦᠭᠡᠵᠦ ᠦᠵᠡᠶ᠎ᠡ᠂ ᠠᠮᠵᠢᠯᠲᠠ ᠣᠯᠬᠤ ᠪᠠᠷ ᠴᠢᠷᠮᠠᠶᠢᠵᠤ ᠦᠵᠡᠶ᠎ᠡ ᠬᠡᠮᠡᠨ ᠰᠢᠨ᠎ᠡ ᠵᠦᠢᠯᠡᠰ ᠢ ᠣᠷᠣᠯᠳᠣᠵᠣ ᠶᠠᠪᠤᠨ᠎ᠠ︾ ᠭᠡᠵᠦ ᠡᠩᠬᠡᠪᠤᠯᠠᠭ ᠢᠲᠡᠭᠡᠯ ᠲᠡᠭᠦᠯᠳᠡᠷ ᠶᠠᠷᠢᠭᠰᠠᠨ ᠪᠠᠶᠢᠳᠠᠭ᠃ ᠰᠢᠨ᠎ᠡ ᠵᠦᠢᠯ ᠢ ᠬᠢᠵᠦ ᠪᠦᠲᠦᠭᠡᠨ᠎ᠡ ᠭᠡᠳᠡᠭ ᠣᠯᠠᠨ ᠳᠠᠪᠠᠭ᠎ᠠ ᠶᠢ ᠲᠤᠭᠤᠯᠬᠤ ᠨᠢ ᠮᠡᠳᠡᠭᠡᠵᠢ ᠶᠤᠮ᠃ ᠡᠩᠬᠡᠪᠤᠯᠠᠭ ᠰᠢᠭᠤᠳ ᠨᠡᠪᠲᠡᠷᠡᠭᠦᠯᠭᠡ ᠶᠢ ᠰᠤᠷᠬᠤ ᠬᠡᠮᠡᠨ ᠡᠬᠢᠨ ᠤ ᠭᠤᠷᠪᠠᠨ ᠰᠠᠷ᠎ᠠ ᠶᠢᠨ ᠬᠤᠭᠤᠴᠠᠭ᠎ᠠ ᠪᠠᠷ ᠳᠠᠩᠰᠠ ᠲᠡᠮᠳᠡᠭᠯᠡᠬᠦ᠂ ᠪᠦᠲᠦᠭᠡᠭᠳᠡᠬᠦᠨ ᠢ ᠨᠢ ᠵᠥᠭᠡᠭᠡᠵᠦ ᠬᠠᠪᠰᠤᠷᠤᠯᠴᠠᠬᠤ  ᠶᠢᠨ ᠵᠡᠷᠭᠡᠪᠡᠷ ᠰᠢᠭᠤᠳ ᠨᠡᠪᠲᠡᠷᠡᠭᠦᠯᠭᠡ ᠶᠢᠨ ᠣᠯᠠᠨ ᠶᠠᠪᠤᠴᠠ ᠶᠢ ᠠᠩᠬᠠᠷᠤᠯ ᠲᠠᠯᠪᠢᠨ ᠰᠣᠷᠣᠯᠴᠠᠵᠣ ᠪᠠᠶᠢᠭᠰᠠᠨ ᠢᠶᠠᠨ ᠬᠤᠶᠢᠨ᠎ᠠ ᠨᠢ ᠥᠪᠡᠷ ᠢᠶᠠᠨ ᠨᠡᠪᠲᠡᠷᠡᠭᠦᠯᠭᠡ ᠬᠢᠵᠦ ᠡᠬᠢᠯᠡᠵᠡᠢ᠃ ᠬᠥᠮᠥᠰ ᠤᠨ ᠠᠩᠬᠠᠷᠤᠯ ᠢ ᠲᠠᠲᠠᠬᠤ ᠪᠣᠯ ᠰᠢᠭᠤᠳ ᠨᠡᠪᠲᠡᠷᠡᠭᠦᠯᠭᠡ ᠶᠢᠨ ᠬᠠᠮᠤᠭ ᠤᠨ ᠴᠢᠬᠤᠯᠠ ᠣᠨᠢᠰᠤ ᠪᠠᠶᠢᠭᠰᠠᠨ ᠠᠵᠢ᠃ ᠡᠩᠬᠡᠪᠤᠯᠠᠭ ᠠᠩᠬ᠎ᠠ ᠠᠯᠠᠱᠠ ᠨᠤᠲᠤᠭ ᠤᠨ ᠭᠠᠵᠠᠷ ᠣᠰᠣᠨ᠂ ᠦᠵᠡᠮᠵᠢ ᠶᠢᠨ ᠣᠷᠣᠨ᠂ ᠮᠠᠯᠵᠢᠬᠤ ᠣᠷᠣᠨ ᠤ ᠪᠣᠳᠠᠲᠤ ᠪᠠᠶᠢᠳᠠᠯ ᠵᠢᠴᠢ ᠮᠠᠯᠴᠢᠳ ᠤᠨ ᠠᠮᠢᠳᠤᠷᠠᠯ ᠢ ᠶᠠᠷᠢᠵᠤ ᠲᠠᠨᠢᠯᠴᠠᠭᠤᠯᠵᠤ ᠪᠠᠶᠢᠭᠰᠠᠨ ᠪᠣᠯ ᠣᠳᠣ ᠪᠣᠷᠣᠯᠠᠭᠤᠯᠵᠤ ᠪᠠᠶᠢᠭ᠎ᠠ ᠪᠦᠲᠦᠭᠡᠭᠳᠡᠬᠦᠨ ᠤ ᠪᠠᠨ ᠬᠠᠮᠢᠶ᠎ᠠ ᠪᠦᠬᠦᠢ ᠮᠡᠳᠡᠭᠡ ᠵᠠᠩᠭᠢ ᠶᠢ ᠶᠠᠷᠢᠬᠤ ᠪᠣᠯᠵᠤ᠂ ᠨᠡᠯᠢᠶᠡᠳ ᠲᠤᠷᠰᠢᠯᠭ᠎ᠠ ᠬᠤᠷᠠᠮᠳᠤᠭᠤᠯᠤᠭᠰᠠᠨ ᠪᠠᠶᠢᠨ᠎ᠠ᠃ ︽ᠠᠯᠢ ᠡᠷᠲᠡ ᠠᠴᠠ ᠪᠤᠷᠣᠯᠠᠭᠤᠯᠭ᠎ᠠ ᠶᠢᠨ ᠠᠵᠢᠯ ᠢ ᠬᠢᠵᠦ ᠪᠠᠶᠢᠭᠰᠠᠨ ᠪᠣᠯᠬᠤᠷ ᠡᠨᠡ ᠲᠠᠯ᠎ᠠ ᠪᠠᠷ ᠪᠠᠭ᠋ᠠᠨ ᠲᠤᠷᠰᠢᠯᠭ᠎ᠠ ᠲᠠᠢ ᠪᠣᠯᠵᠠᠢ᠂ ᠬᠠᠷᠢᠨ ᠠᠩᠬ᠎ᠠ ᠰᠢᠭᠤᠳ ᠨᠡᠪᠲᠡᠷᠡᠭᠦᠯᠭᠡ ᠶᠢᠨ ᠲᠠᠪᠴᠠᠩ ᠢᠶᠠᠨ ᠣᠯᠠᠨ ᠤ ᠠᠩᠬᠠᠷᠤᠯ ᠳᠤ ᠬᠦᠷᠭᠡᠬᠦ ᠭᠡᠵᠦ ᠳᠠᠭᠤᠯᠠᠬᠤ᠂ ᠰᠢᠯᠦᠭᠯᠡᠬᠦ ᠵᠡᠷᠭᠡ ᠶᠡᠭᠡ ᠠᠷᠭ᠎ᠠ ᠤᠬᠠᠭᠠᠨ ᠬᠦᠴᠦ ᠬᠥᠳᠡᠯᠮᠦᠷᠢ ᠣᠷᠣᠭᠤᠯᠤᠨ ᠣᠯᠠᠨ ᠵᠦᠢᠯ ᠢ ᠬᠢᠵᠦ ᠦᠵᠡᠵᠡᠢ᠃ ᠤᠳᠠᠭᠠᠨ ᠳᠠᠭᠠᠨ ᠠᠷᠭ᠎ᠠ ᠪᠠᠨ ᠣᠯᠵᠤ ᠵᠠᠮ ᠳᠠᠭᠠᠨ ᠣᠷᠣᠴᠢᠬᠠᠯ᠎ᠠ︾ ᠭᠡᠵᠦ ᠠᠩᠬ᠎ᠠ ᠰᠢᠭᠤᠳ ᠨᠡᠪᠲᠡᠷᠡᠭᠦᠯᠭᠡ ᠬᠢᠵᠦ ᠪᠠᠶᠢᠬᠤ ᠪᠠᠶᠢᠳᠠᠯ ᠢᠶᠠᠨ ᠶᠠᠷᠢᠵᠤ ᠪᠠᠶᠢᠯ᠎ᠠ᠃       ᠡ᠊ᠩᠭᠡᠪᠤᠯᠠᠭ ᠤᠨ ᠡᠵᠡᠩᠨᠡᠵᠦ ᠪᠠᠶᠢᠭ᠎ᠠ ︽ᠬᠠᠨ ᠲᠣᠣᠷᠠᠢ︾ ᠳᠡᠯᠭᠡᠭᠦᠷ ᠲᠤ ᠭᠤᠣᠯᠳᠠᠭᠤ ︽ᠲᠣᠣᠷᠠᠢ ᠶᠢᠨ ᠸᠠᠩ︾ ᠠᠷᠢᠬᠢ ᠶᠢ ᠪᠣᠷᠣᠯᠠᠭᠤᠯᠵᠤ᠂ ᠡᠭᠦᠨ ᠤ ᠳᠠᠭᠠᠯᠲᠠ ᠳᠤ ᠨᠤᠲᠤᠭ ᠤᠨ ᠣᠨᠴᠠ ᠭᠠᠷᠤᠯᠲᠠ ᠪᠠᠨ ᠪᠣᠷᠣᠯᠠᠭᠤᠯᠳᠠᠭ ᠪᠠᠶᠢᠨ᠎ᠠ᠃ ᠲᠡᠷᠡᠪᠡᠷ ᠨᠢᠳᠤᠨᠤᠨ ᠤ 10 ᠰᠠᠷ᠎ᠠ ᠳᠤ ︽ᠬᠠᠨ ᠲᠣᠣᠷᠠᠢ︾ ᠳᠡᠯᠭᠡᠭᠦᠷ ᠢᠶᠠᠨ ᠨᠡᠭᠡᠭᠡᠵᠦ ᠂ ᠠᠷᠢᠬᠢ ᠪᠠᠨ ᠱᠠᠨᠳᠦ᠋ᠩ᠂ ᠾᠧᠨᠠᠨ ᠵᠡᠷᠭᠡ ᠭᠠᠵᠠᠷ ᠪᠠ ᠤᠯᠠᠭᠠᠨ ᠭᠤᠶᠣᠣ ᠴᠠᠭᠠᠨ ᠭᠤᠶᠣᠣ ᠪᠠᠨ ᠭᠤᠸᠠᠩᠳᠦ᠋ᠩ᠂ ᠱᠧᠨᠵᠧᠨ ᠤᠷᠤᠭᠤ ᠪᠣᠷᠣᠯᠠᠭᠤᠯᠬᠤ ᠨᠢ ᠨᠡᠯᠢᠶᠡᠳ ᠰᠠᠶᠢᠨ ᠪᠠᠶᠢᠪᠠ᠃ ᠣᠳᠣ ᠴᠦ ᠭᠡᠰᠡᠨ ᠲᠡᠭᠦᠨ ᠤ ᠬᠠᠷᠠᠯᠳᠠ ᠮᠠᠰᠢ ᠲᠣᠳᠣᠷᠬᠠᠢ ᠴᠢᠩᠭ᠎ᠠ ᠪᠠᠶᠢᠵᠤ᠂ ᠴᠠᠭᠠᠨ ᠰᠠᠷ᠎ᠠ ᠶᠢᠨ ᠳᠠᠷᠠᠭ᠎ᠠ ᠪᠠᠷ ᠳᠡᠯᠭᠡᠭᠦᠷ ᠤᠨ ᠢᠶᠠᠨ ᠬᠤᠶᠠᠳᠤᠭᠠᠷ ᠳᠠᠪᠬᠤᠷᠭ᠎ᠠ ᠳᠤ ᠪᠠᠶᠢᠷᠢᠯᠠᠭᠤᠯᠤᠭᠰᠠᠨ ᠰᠢᠭᠤᠳ ᠨᠡᠪᠲᠡᠷᠡᠭᠦᠯᠭᠡ ᠶᠢᠨ ᠠᠵᠢᠯ ᠤᠨ ᠦᠷᠦᠭᠡ  ᠳᠡᠭᠡᠨ ᠠᠵᠢᠯᠯᠠᠨ᠂ ᠲᠤᠰᠬᠠᠢ ᠬᠥᠮᠥᠨ ᠵᠠᠯᠠᠵᠤ ᠰᠢᠭᠤᠳ ᠨᠡᠪᠲᠡᠷᠡᠭᠦᠯᠭᠡ ᠶᠢᠨ ᠠᠷᠤ  ᠳᠠᠬᠢ ᠠᠵᠢᠯ ᠤᠨ ᠲᠥᠰᠥᠪ ᠵᠡᠷᠭᠡ ᠶᠢ ᠭᠤᠣᠯᠯᠠᠨ ᠬᠠᠮᠢᠶᠠᠷᠤᠭᠤᠯᠵᠤ᠂ ᠰᠢᠨ᠎ᠡ ᠨᠢᠭᠡᠨ ᠵᠢᠯ ᠳᠤ ᠰᠢᠨ᠎ᠡ ᠨᠢᠭᠡᠨ ᠳᠦᠷᠢ ᠲᠥᠷᠬᠦ ᠪᠠᠷ ᠣᠯᠠᠨ ᠲᠠᠢ ᠪᠠᠨ ᠵᠣᠯᠭᠠᠬᠤ ᠪᠠᠷ ᠪᠡᠯᠡᠬᠡᠨ ᠪᠠᠶᠢᠭ᠎ᠠ᠃ ᠡᠨᠡᠬᠦ ᠠᠵᠢᠯ ᠳᠠᠭᠠᠨ ᠰᠠᠭᠤᠷᠢᠯᠠᠨ ᠡᠩᠬᠡᠪᠤᠯᠠᠭ ᠠᠯᠠᠱᠠ ᠨᠤᠲᠤᠭ ᠤᠨ ᠢᠶᠠᠨ ᠣᠨᠴᠠ ᠭᠠᠷᠤᠯᠲᠠ ᠶᠢ ᠪᠣᠷᠣᠯᠠᠭᠤᠯᠵᠤ ᠪᠠᠶᠢᠭ᠎ᠠ ᠡᠵᠡᠩᠨᠡᠭᠴᠢ ᠲᠠᠢ ᠬᠠᠷᠢᠯᠴᠠᠨ᠂ ᠢᠩᠭᠡᠨ ᠰᠦᠨ ᠲᠠᠯᠬ᠎ᠠ᠂ ᠲᠡᠮᠡᠭᠡᠨ ᠨᠣᠣᠰᠣᠨ ᠬᠥᠨᠵᠢᠯᠡ᠂ ᠮᠠᠯᠴᠢᠳ ᠤᠨ ᠰᠦ ᠰᠠᠭᠠᠯᠢ ᠵᠡᠷᠭᠡ ᠨᠤᠲᠤᠭ ᠤᠨ ᠭᠠᠷᠤᠯᠲᠠ  ᠶᠢ ᠰᠢᠭᠤᠳ ᠨᠡᠪᠲᠡᠷᠡᠭᠦᠯᠭᠡ ᠶᠢᠨ ᠢᠶᠠᠨ ᠥᠷᠥᠭᠡᠨ ᠳᠡᠭᠡᠨ ᠪᠦᠷ ᠥᠷᠭᠡᠨ ᠬᠡᠪᠴᠢᠶ᠎ᠡ ᠪᠠᠷ ᠪᠣᠷᠣᠯᠠᠭᠤᠯᠬᠤ ᠪᠠᠷ ᠪᠡᠯᠡᠳᠬᠡᠵᠦ ᠲᠥᠯᠥᠪᠯᠡᠵᠦ ᠪᠠᠶᠢᠭ᠎ᠠ ᠠᠵᠢ᠃       ᠡ᠊ᠩᠭᠡᠪᠤᠯᠠᠭ ᠪᠣᠯ ᠪᠤᠷᠣᠯᠠᠭᠤᠯᠭ᠎ᠠ ᠶᠢᠨ ᠠᠵᠢᠯ ᠢ ᠠᠷᠪᠠᠨ ᠵᠢᠯ ᠬᠢᠷᠢᠲᠡᠢ ᠬᠢᠭᠡᠳ ᠢᠷᠡᠭᠰᠡᠨ ᠪᠤᠷᠣᠯᠠᠭᠤᠯᠭ᠎ᠠ ᠶᠢᠨ ᠲᠠᠯ᠎ᠠ ᠳᠤ ᠨᠡᠯᠢᠶᠡᠳ ᠮᠡᠷᠭᠡᠰᠢᠭᠰᠡᠨ ᠭᠠᠷ ᠶᠤᠮ᠃ ᠲᠡᠷᠡᠪᠡᠷ 2013 ᠣᠨ ᠠᠴᠠ ᠨᠠᠭᠠᠰᠢ ᠵᠢᠷᠭᠤᠭᠠᠨ ᠵᠢᠯ ᠤᠨ ᠬᠤᠭᠤᠴᠠᠭᠠᠨ ᠳᠤ ᠭᠠᠷ ᠤᠲᠠᠰᠤ ᠪᠣᠷᠣᠯᠠᠭᠤᠯᠵᠤ᠂ OPPO᠂ ᠬᠤᠸᠠ ᠸᠧᠢ ᠶᠢᠨ ᠪᠤᠷᠣᠯᠠᠭᠤᠯᠭ᠎ᠠ ᠳᠤ ᠠᠯᠠᠱᠠ ᠠᠶᠢᠮᠠᠭ ᠳᠣᠲᠣᠷ᠎ᠠ ᠪᠠᠨ ᠨᠢᠭᠡᠳᠦᠭᠡᠷ ᠳᠡᠰ ᠢ ᠬᠡᠳᠦᠨᠲᠡ ᠠᠪᠴᠤ ᠶᠠᠪᠤᠵᠤ ᠪᠠᠶᠢᠭᠰᠠᠨ ᠪᠢᠯᠡ᠃ ᠡᠨᠡ ᠨᠢ ᠴᠦ ᠮᠥᠨ ᠰᠢᠭᠤᠳ ᠨᠡᠪᠲᠡᠷᠡᠭᠦᠯᠭᠡ ᠶᠢᠨ ᠪᠤᠷᠣᠯᠠᠭᠤᠯᠭ᠎ᠠ ᠶᠢᠨ ᠠᠵᠢᠯ ᠳᠤᠨᠢ ᠨᠢᠭᠲᠠ ᠬᠤᠯᠪᠤᠬᠳᠠᠵᠣ ᠢᠷᠡᠭᠰᠡᠨ ᠶᠤᠮ᠃ ᠶᠡᠷᠦᠨᠢ ᠪᠤᠰᠤᠳ ᠲᠤ ᠲᠤᠰᠠᠷᠬᠠᠭ ᠶᠠᠪᠤᠳᠠᠭ ᠲᠡᠷᠡ ᠮᠠᠨᠢ ᠴᠠᠭᠠᠨ ᠰᠠᠷ᠎ᠠ ᠦᠢᠷᠠᠳᠬᠤ ᠪᠠᠷ ᠨᠤᠲᠤᠭ ᠤᠨ ᠢᠶᠠᠨ ᠬᠥᠭᠰᠢᠳ ᠪᠤᠭᠤᠷᠤᠯᠴᠤᠳ ᠢᠶᠠᠨ ᠬᠠᠪᠰᠤᠷᠴᠤ ᠴᠠᠭᠠᠨ ᠰᠠᠷ᠎ᠠ ᠶᠢᠨ ᠡᠳ᠋ ᠪᠠᠷᠠᠭ᠎ᠠ ᠶᠢ ᠨᠢ ᠳᠥᠬᠦᠭᠦᠯᠵᠦ ᠥᠭᠭᠦᠭᠰᠡᠭᠡᠷ ᠢᠷᠠᠵᠠᠢ᠃       ᠣᠯᠠᠮᠵᠢᠯᠠᠯᠳᠣ ᠡᠵᠡᠩᠨᠡᠯᠲᠡ  ᠶᠢᠨ ᠠᠷᠭ᠎ᠠ ᠮᠠᠶ᠋ᠢᠭ ᠢᠶᠠᠨ ᠬᠤᠪᠢᠷᠠᠭᠤᠯᠤᠨ ᠰᠢᠨ᠎ᠡ ᠴᠠᠭ ᠦᠶ᠎ᠡ ᠶᠢᠨ ᠰᠢᠨ᠎ᠡ ᠤᠷᠤᠰᠬᠠᠯ ᠢ ᠲᠠᠭᠠᠵᠤ᠂ ᠮᠠᠯᠴᠢᠨ ᠵᠠᠯᠠᠭᠤᠰ ᠢᠶᠠᠨ ᠳᠠᠭᠠᠭᠤᠯᠵᠤ ᠬᠠᠮᠲᠤᠪᠠᠷ ᠤᠷᠤᠭᠰᠢᠯᠠᠨ᠂ ᠪᠠᠶᠠᠵᠢᠯ ᠤᠨ ᠵᠠᠮ᠂ ᠬᠦᠰᠡᠯ ᠤᠨ ᠬᠢᠵᠠᠭᠠᠷ ᠤᠷᠤᠭᠤ  ᠪᠠᠨ ᠵᠢᠳᠬᠦᠵᠦ ᠲᠡᠮᠡᠤᠯᠵᠦ ᠶᠠᠪᠤᠭ᠎ᠠ ᠡᠩᠬᠡᠪᠤᠯᠠᠭ ᠤᠨ ᠵᠣᠷᠢᠭᠰᠠᠨ ᠦᠢᠯᠡᠰ ᠨᠢ ᠤᠯᠠᠮ ᠢᠯᠭᠤᠮ ᠥᠭᠡᠳᠡᠷᠬᠡᠭ ᠪᠠᠶᠢᠲᠤᠭᠠᠢ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ᠂ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号