ᠡᠪᠦᠯ ᠤᠨ ᠬᠦᠢᠲᠡᠨ ᠳᠤ ᠬᠠᠪᠤᠷ ᠤᠨ ᠠᠮᠢᠰᠬᠤᠯ ᠪᠢᠯᠬᠠᠭᠰᠠᠨ ᠢᠳᠡᠰᠢᠨ ᠨᠣᠭᠤᠭ᠎ᠠ ᠶᠢᠨ ᠬᠦᠯᠡᠮᠵᠢ
ᠨᠡᠶᠢᠲᠡᠯᠡᠭᠰᠡᠨ ᠴᠠᠭ᠄
2023/12/31
ᠨᠠᠷᠠᠨ᠎ᠠ᠂ ᠡᠷᠳᠡᠨᠢᠬᠦᠦ     ᠬᠤᠶᠠᠷ ᠶᠢᠰᠦ ᠶᠢᠨ ᠬᠦᠢᠲᠡᠨ ᠳᠤ ᠭᠡᠷ ᠤᠨ ᠭᠠᠳᠠᠨᠠᠬᠢ ᠠᠭᠠᠷ ᠤᠨ ᠳᠤᠯᠠᠭᠠᠨ ᠲᠡᠭ ᠠᠴᠠ ᠳᠣᠷᠣᠭᠰᠢ ᠪᠤᠯᠤᠬᠰᠠᠨ ᠴᠦ ᠠᠯᠠᠱᠠ ᠵᠡᠭᠦᠨ ᠬᠤᠰᠢᠭᠤᠨ ᠤ ᠪᠠᠶᠠᠨᠬᠤᠲᠠ ᠪᠠᠯᠭᠠᠰᠤᠨ ᠤ ᠪᠠᠶᠠᠨᠬᠥ᠋ᠳᠡᠭᠡ ᠭᠠᠴᠠᠭᠠᠨ ᠤ ᠳᠤᠯᠠᠭᠠᠨ ᠬᠦᠯᠡᠮᠵᠢ ᠳᠤ ᠠᠮᠢᠵᠢᠷᠠᠯ ᠤᠨ ᠬᠦᠴᠦᠨ ᠢᠶᠠᠷ ᠪᠢᠯᠬᠠᠮ᠎ᠠ᠃ ᠰᠣᠩᠭᠢᠨ᠎ᠠ ᠬᠥᠬᠡᠷᠡᠨ ᠨᠣᠭᠤᠭᠠᠷᠠᠵᠤ᠂ ᠲᠥᠪᠡᠳ ᠬᠠᠰᠢ ᠶᠢᠨ ᠨᠡᠪᠴᠢ ᠨᠠᠮᠠᠭ᠎ᠠ ᠰᠠᠬᠤᠯᠢᠭᠵᠢᠨ ᠵᠢᠮᠢᠰᠦᠯᠡᠵᠡᠢ᠃ ᠭᠦᠵᠡᠯᠵᠡᠭᠡᠨ᠎ᠡ ᠤᠯᠠᠭᠠᠨ ᠮᠥᠷᠲᠡᠭᠡᠨ ᠵᠥᠭᠡᠯᠡᠨ ᠪᠣᠯᠪᠠᠰᠤᠷᠠᠵᠤ ᠠᠩᠬᠢᠯᠤᠮ᠎ᠠ ᠦᠨᠦᠷ ᠬᠠᠩᠬᠤᠯᠤᠨ᠎ᠠ᠃᠂ ᠤᠯᠠᠭᠠᠨ᠂ ᠰᠢᠷ᠎ᠠ᠂ ᠨᠣᠭᠤᠭᠠᠨ ᠡᠯᠳᠡᠪ ᠵᠢᠮᠢᠰ ᠪᠥᠮᠪᠥᠯᠵᠡᠨ ᠂ ᠬᠥᠮᠥᠰ ᠤᠨ ᠪᠠᠭ᠋ᠠᠷᠬᠠᠯ ᠢ ᠲᠠᠲᠠᠨ᠎ᠠ᠃     ᠣᠳᠣᠬᠠᠨ ᠳᠤ ᠶᠠᠭ ᠰᠠᠶᠢᠬᠠᠨ ᠲᠥᠪᠡᠳ ᠬᠠᠰᠢ ᠪᠣᠯᠪᠠᠰᠤᠷᠠᠵᠤ ᠵᠠᠬ᠎ᠠ ᠳᠡᠯᠭᠡᠭᠦᠷ ᠲᠤ ᠭᠠᠷᠬᠤ ᠤᠯᠠᠷᠢᠯ ᠪᠣᠯᠵᠤ ᠪᠠᠶᠢᠨ᠎ᠠ᠃ ᠳᠤᠯᠠᠭᠠᠨ ᠬᠦᠯᠡᠮᠵᠢᠨ ᠳᠤ 8 ᠵᠢᠯ ᠨᠣᠭᠤᠭ᠎ᠠ ᠳᠠᠷᠢᠭᠰᠠᠨ ᠲᠤᠷᠰᠢᠯᠭ᠎ᠠ ᠲᠠᠢ ᠬᠠᠨ ᠴᠦᠨ ᠬᠤᠸᠠ ᠶᠢᠨ ᠎ ᠬᠢᠨ ᠡᠨᠡ ᠬᠡᠳᠦᠨ ᠡᠳᠦᠷ ᠮᠠᠰᠢ ᠶᠠᠭᠠᠷᠠᠯᠲᠠᠢ ᠠᠵᠢᠯᠯᠠᠨ᠎ᠠ᠃ ᠲᠡᠷᠡ ᠥᠪᠡᠷ ᠤᠨ ᠳᠠᠷᠢᠭᠰᠠᠨ 4 ᠬᠦᠯᠡᠮᠵᠢ ᠢᠳᠡᠰᠢᠨ ᠨᠣᠭᠤᠭ᠎ᠠ ᠪᠠᠨ ᠨᠠᠷᠢᠨ ᠠᠷᠠᠴᠢᠯᠠᠵᠤ᠂ ᠰᠠᠶᠢᠨ ᠦᠨ᠎ᠡ ᠪᠠᠷ ᠬᠤᠳᠠᠯᠳᠤᠬᠤ ᠶᠢ ᠬᠦᠰᠡᠨ ᠬᠦᠯᠢᠶᠡᠵᠦ ᠪᠠᠶᠢᠪᠠ᠃ ︽ᠬᠦᠯᠡᠮᠵᠢ ᠳᠤ ᠲᠥᠪᠡᠳ ᠬᠠᠰᠢ ᠶᠢ ᠵᠢᠯ ᠳᠤ ᠬᠤᠶᠠᠷ ᠤᠳᠠᠭ᠎ᠠ ᠲᠠᠷᠢᠳᠠᠭ᠂ ᠨᠢᠳᠤᠨᠤᠨ ᠤ 8 ᠰᠠᠷ᠎ᠠ ᠠᠴᠠ ᠡᠨᠡ ᠵᠢᠯ ᠤᠨ 2 ᠰᠠᠷ᠎ᠠ ᠪᠤᠯᠲᠠᠯ᠎ᠠ ᠬᠤᠶᠠᠳᠠᠭᠢ ᠡᠭᠡᠯᠵᠢ ᠶᠢᠨ ᠲᠠᠷᠢᠮᠠᠯ ᠤᠨ ᠬᠤᠭᠤᠴᠠᠭ᠎ᠠ ᠪᠣᠯᠣᠨ᠎ᠠ᠃ ᠣᠲᠣ ᠶᠠᠭ ᠪᠣᠯᠪᠠᠰᠤᠷᠠᠵᠤ ᠭᠦᠢᠴᠡᠭᠡᠳ ᠵᠠᠬ᠎ᠠ ᠳᠡᠯᠭᠡᠭᠦᠷ ᠲᠤ ᠭᠠᠷᠴᠤ ᠪᠠᠶᠢᠨ᠎ᠠ᠃ ᠵᠢᠯ ᠤᠨ ᠡᠬᠢᠨ  ᠤ ᠦᠶ᠎ᠡ ᠪᠣᠯᠬᠤᠷ ᠲᠥᠪᠡᠳ ᠬᠠᠰᠢ ᠶᠢᠨ ᠦᠨ᠎ᠡ ᠮᠠᠰᠢ ᠰᠠᠶᠢᠨ ᠪᠠᠶᠢᠨ᠎ᠠ᠃ ᠪᠥᠭᠡᠮ ᠢᠶᠠᠷ ᠬᠤᠳᠠᠯᠳᠤᠬᠤ ᠦᠨ᠎ᠡ ᠨᠢ ᠵᠢᠩ ᠳᠡᠭᠡᠨ 3 — 4 ᠲᠥᠭᠦᠷᠢᠭ ᠲᠤ ᠬᠦᠷᠴᠦ᠂ ᠨᠡᠶᠢᠳᠡᠮ ᠳᠡᠭᠡᠨ ᠨᠢᠳᠤᠨᠤᠨ ᠤ ᠬᠢ ᠠᠴᠠ 1 — 2 ᠲᠥᠭᠦᠷᠢᠭ ᠥᠨᠳᠥᠷ᠂ ᠠᠰᠢᠭ ᠣᠷᠣᠯᠭ᠎ᠠ ᠨᠡᠯᠢᠶᠡᠳ ᠰᠠᠶᠢᠨ ᠪᠠᠶᠢᠨ᠎ᠠ︾ ᠭᠡᠵᠦ ᠬᠠᠨ ᠴᠦᠨ ᠬᠤᠸᠠ ᠳᠠᠨᠢᠯᠴᠠᠭᠤᠯᠤᠨ᠎ᠠ᠃     ᠪᠠᠰᠠ ᠬᠤᠶᠠᠷ ᠭᠠᠷᠠᠭ ᠥᠩᠭᠡᠷᠡᠪᠡᠯ᠂ ᠯᠢ ᠴᠧᠩ ᠠᠨ ᠳᠠᠷᠢᠭᠰᠠᠨ ᠬᠦᠮᠡᠯᠢ ᠪᠠᠨ ᠵᠠᠬ᠎ᠠ ᠳᠡᠯᠭᠡᠭᠦᠷ ᠲᠤ ᠭᠠᠷᠭᠠᠨ ᠬᠤᠳᠠᠯᠳᠤᠬᠤ ᠪᠠᠷ ᠪᠠᠶᠢᠨ᠎ᠠ᠃ ᠲᠡᠷᠡ ᠬᠦᠮᠡᠯᠢ ᠶᠢᠨ ᠡᠪᠡᠰᠦ ᠶᠢ ᠠᠷᠢᠯᠭᠠᠵᠤ ᠤᠰᠤᠯᠠᠨ ᠳᠣᠳᠣᠮᠳᠠᠬᠤ ᠶᠢᠨ ᠳᠠᠭᠠᠤ᠄ ︽ᠬᠦᠮᠡᠯᠢ ᠶᠢ ᠬᠦᠯᠡᠮᠵᠢᠨ ᠳᠤ ᠲᠠᠷᠢᠬᠤ ᠪᠤᠯᠤᠬᠰᠠᠨ ᠢᠶᠠᠷ ᠬᠥᠮᠥᠰ ᠳᠥᠷᠪᠡᠨ ᠤᠯᠠᠷᠢᠯ ᠳᠤ ᠴᠥᠮ ᠢᠳᠡᠵᠦ ᠳᠡᠶᠢᠯᠬᠦ ᠪᠣᠯᠪᠠ᠃ ᠡᠪᠦᠯ  ᠤᠨ ᠤᠯᠠᠷᠢᠯ ᠳᠤ ᠬᠦᠮᠡᠯᠢ ᠶᠢᠨ ᠦᠨ᠎ᠡ ᠬᠠᠩᠰᠢ ᠥᠨᠳᠥᠷ᠂ ᠵᠠᠬ᠎ᠠ ᠳᠡᠯᠭᠡᠭᠦᠷ ᠤᠨ ᠦᠨ᠎ᠡ ᠎ ᠨᠢ ᠪᠠᠷᠤᠭ ᠵᠢᠩ ᠳᠡᠭᠡᠨ 23 ᠲᠥᠭᠦᠷᠢᠭ ᠲᠤ ᠬᠦᠷᠴᠦ ᠪᠠᠶᠢᠨ᠎ᠠ᠃ ᠪᠢᠳᠡ 7 ᠬᠦᠯᠡᠮᠵᠢᠨ ᠳᠤ ᠬᠦᠮᠡᠯᠢ ᠳᠠᠷᠢᠭᠰᠠᠨ᠂ ᠣᠲᠣ ᠢᠭᠴᠤ ᠰᠠᠬᠤᠯᠢᠭ ᠢᠳᠡᠷᠡᠭᠦᠨ ᠰᠠᠶᠢᠬᠠᠨ ᠣᠷᠭᠤᠵᠤ ᠪᠠᠶᠢᠨ᠎ᠠ︾ ᠭᠡᠵᠦ ᠪᠠᠶᠢᠯ᠎ᠠ᠃     ᠣᠳᠣᠬᠠᠨ ᠳᠤ ᠢᠳᠡᠰᠢᠨ ᠨᠣᠭᠤᠭ᠎ᠠ ᠶᠢᠨ ᠲᠣᠰᠬᠤᠨ ᠤ ᠬᠦᠯᠡᠮᠵᠢ ᠳᠤ ᠭᠦᠵᠡᠯᠵᠡᠭᠡᠨ᠎ᠡ᠂ ᠲᠥᠪᠡᠳ ᠬᠠᠰᠢ᠂ ᠵᠢᠵᠢᠭ ᠲᠥᠪᠡᠳ ᠬᠠᠰᠢ᠂ ᠬᠦᠮᠡᠯᠢ᠂ ᠭᠤᠭᠤᠳ ᠵᠡᠷᠭᠡ ᠣᠯᠠᠨ ᠵᠦᠢᠯ ᠤᠨ ᠨᠣᠭᠤᠭ᠎ᠠ ᠵᠢᠮᠢᠰ ᠲᠠᠷᠢᠵᠤ᠂ ᠴᠥᠮ ᠪᠣᠯᠪᠠᠰᠤᠷᠠᠬᠤ ᠬᠤᠭᠤᠴᠠᠭᠠᠨ ᠳᠠᠭᠠᠨ ᠣᠷᠣᠭᠠᠳ ᠪᠠᠶᠢᠨ᠎ᠠ᠃ ᠲᠠᠷᠢᠶᠠᠴᠢᠨ ᠡᠳᠦᠷ ᠪᠦᠷᠢ ᠵᠠᠬᠢᠶᠠᠯᠠᠭ᠎ᠠ  ᠪᠠᠨ ᠦᠨᠳᠦᠰᠦᠯᠡᠨ ᠲᠡᠭᠦᠵᠦ᠂ ᠬᠤᠲᠠ ᠶᠢᠨ ᠠᠷᠠᠳ ᠲᠤ ᠲᠠᠰᠤᠷᠠᠯᠲᠠ ᠦᠭᠡᠢ ᠰᠢᠨ᠎ᠡ ᠰᠣᠷᠭᠤᠭ ᠨᠣᠭᠤᠭ᠎ᠠ ᠵᠢᠮᠢᠰ ᠬᠠᠩᠭᠠᠵᠤ ᠪᠠᠶᠢᠬᠤ ᠪᠥᠭᠡᠳ ᠬᠡᠷᠡᠭᠯᠡᠭᠴᠢᠳ ᠤᠨ ᠥᠪᠡᠷ ᠲᠡᠭᠡᠨ ᠢᠷᠠᠵᠤ ᠲᠡᠭᠦᠬᠦ ᠦᠢᠯᠡᠴᠢᠯᠡᠭᠡ  ᠶᠢ ᠴᠤ ᠬᠠᠩᠭᠠᠵᠤ ᠪᠠᠶᠢᠨ᠎ᠠ᠃ ᠤᠯᠠᠷᠢᠯ  ᠤᠨ ᠪᠤᠰᠤ ᠢᠳᠡᠰᠢᠨ ᠨᠣᠭᠤᠭ᠎ᠠ ᠲᠠᠷᠢᠬᠤ ᠨᠢ ᠬᠤᠲᠠ ᠶᠢᠨ ᠠᠷᠠᠳ ᠤᠨ ᠡᠪᠦᠯ ᠤᠨ ᠢᠳᠡᠰᠢᠨ ᠨᠣᠭᠤᠭ᠎ᠠ ᠶᠢᠨ ᠳᠦᠷᠦᠯ  ᠢ ᠪᠠᠶᠠᠯᠢᠭᠵᠢᠭᠤᠯᠤᠭᠰᠠᠨ ᠢᠶᠠᠷ ᠪᠠᠷᠠᠬᠤ ᠦᠭᠡᠢ ᠲᠠᠷᠢᠶᠠᠴᠢᠨ  ᠳᠤ ᠮᠠᠰᠢ ᠰᠠᠶᠢᠨ ᠠᠵᠤ ᠠᠬᠤᠢ ᠶᠢᠨ ᠦᠷ᠎ᠡ ᠠᠰᠢᠭ ᠢ ᠠᠪᠴᠢᠷᠠᠭᠰᠠᠨ ᠪᠠᠶᠢᠨ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ᠂ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号