| ᠰᠡᠴᠡᠨ᠂ ᠡᠷᠳᠡᠨᠢᠬᠦᠦ | | ᠦᠢ ᠤᠯᠠᠨ ᠮᠠᠯᠴᠢᠨ ᠤ ᠦᠷ᠎ᠡ ᠰᠠᠳᠤ ᠳᠤ ᠡᠷᠳᠡᠮ ᠨᠣᠮ ᠰᠤᠷᠭᠠᠨ᠂ ᠦᠨᠳᠦᠰᠦᠨ ᠱᠠᠲᠤᠨ ᠤ ᠰᠤᠷᠭᠠᠨ | ᠬᠥᠮᠦᠵᠢᠯ ᠤᠨ ᠠᠵᠢᠯ ᠳᠤ 40 ᠵᠢᠯ ᠭᠠᠪᠰᠢᠭᠠᠶᠢᠯᠠᠵᠤ᠂ ᠢᠷᠠᠭᠤ ᠠᠯᠳᠠᠷ ᠲᠠᠢ ᠪᠠᠷ ᠠᠵᠢᠯ ᠤᠨ ᠠᠮᠠᠷᠠᠯᠲᠠ ᠪᠠᠨ | ᠠᠪᠤᠭᠰᠠᠨ ᠠᠬᠠᠮᠠᠳ ᠪᠠᠭᠰᠢ ᠰᠡᠴᠡᠨᠪᠠᠲᠤ ᠭᠤᠸᠠᠢ ᠪᠠᠶᠠᠨᠬᠤᠲᠠ ᠳᠤ 300 ︽ᠲᠡᠮᠡᠭᠡ︾ ᠬᠠᠷᠢᠭᠤᠯᠵᠤ ᠰᠠᠭᠤᠭ᠎ᠠ | ᠰᠤᠷᠠᠭ ᠲᠤᠭᠤᠯᠵᠦ ᠰᠣᠷᠪᠤᠯᠵᠢᠯᠠᠭ᠎ᠠ ᠠᠪᠬᠤ ᠬᠦᠰᠡᠯ ᠡᠪᠦᠷᠯᠡᠨ ᠬᠦᠷᠴᠦ ᠣᠴᠢᠭᠰᠠᠨ ᠶᠤᠮ᠃ | ᠪᠠᠶᠠᠨᠬᠤᠲᠠ ᠶᠢᠨ ᠯᠦᠩ ᠰᠢᠨ ᠵᠠᠬ᠎ᠠ ᠳᠡᠯᠭᠡᠭᠦᠷ ᠤᠨ ᠡᠰᠡᠷᠭᠦ ᠲᠠᠯ᠎ᠠ ᠳᠤ ᠪᠠᠶᠢᠷᠢᠯᠠᠭ᠎ᠠ ᠸᠠᠨ ᠵᠢᠶᠠ ᠹᠦ᠋ | ᠬᠠᠴᠢᠨ ᠴᠢᠯᠠᠭᠤᠨ ᠤ ᠬᠦᠷᠢᠶᠡᠯᠡᠩ ᠳᠠᠬᠢ ︽ᠭᠤᠪᠢ ᠶᠢᠨ ᠤᠯᠠᠭᠠᠨ ᠲᠡᠮᠡᠭᠡ︾ ᠬᠠᠴᠢᠨ ᠴᠢᠯᠠᠭᠤᠨ ᠤ ᠳᠡᠯᠭᠡᠭᠦᠷ ᠲᠤ | ᠰᠡᠴᠡᠨᠪᠠᠲᠤ ᠮᠠᠨᠢ ᠬᠠᠴᠢᠨ ᠴᠢᠯᠠᠭᠤ ᠪᠠᠨ ᠳᠣᠳᠣᠮᠳᠠᠵᠤ ᠰᠠᠭᠤᠨ᠎ᠠ᠃ ᠲᠡᠭᠦᠨ ᠤ ᠬᠠᠴᠢᠨ ᠴᠢᠯᠠᠭᠤᠨ ᠤ ᠳᠡᠯᠭᠡᠭᠦᠷ ᠤᠨ | ᠲᠠᠯᠠᠪᠠᠢ ᠨᠢ ᠪᠠᠭᠠᠬᠠᠨ᠂ ᠪᠠᠷᠤᠭ ᠯᠠ ᠮᠢᠩᠭᠠᠭᠠᠳ ᠬᠠᠴᠢᠨ ᠴᠢᠯᠠᠭᠤ ᠶᠢ ᠲᠣᠬᠢᠲᠠᠢ ᠣᠷᠣᠨ ᠪᠠᠶᠢᠷᠢ ᠶᠢ ᠨᠢ ᠣᠯᠵᠤ | ᠲᠠᠯᠪᠢᠨ᠂ ᠪᠠᠰᠠ ᠵᠠᠷᠢᠮ ᠬᠠᠴᠢᠨ ᠴᠢᠯᠠᠭᠤ ᠪᠠᠨ ᠡᠯᠡᠰᠦ᠂ ᠡᠪᠡᠰᠦ ᠨᠣᠭᠤᠭ᠎ᠠ ᠪᠠᠷ ᠦᠵᠡᠮᠦᠷᠢ ᠬᠢᠵᠦ ᠦᠵᠡᠮᠵᠢ | ᠪᠦᠷᠢᠳᠦᠭᠦᠯᠵᠦ ᠲᠠᠯᠪᠢᠬᠰᠠᠨ ᠬᠠᠷᠠᠭᠳᠠᠨ᠎ᠠ᠃ ᠡᠲᠡᠭᠡᠷ ᠬᠠᠴᠢᠨ ᠴᠢᠯᠠᠭᠤᠨ ᠤ ᠳᠤᠮᠳᠠ ᠠᠴᠠ ᠲᠤᠰᠬᠠᠢ ᠨᠢᠭᠡ ᠱᠦᠭᠦᠢ | ᠭᠠᠷᠭᠠᠵᠤ᠂ ᠲᠡᠮᠡᠭᠡ ᠲᠠᠢ ᠠᠳᠠᠯᠢ ᠳᠦᠷᠰᠦ ᠲᠠᠢ ᠬᠠᠴᠢᠨ ᠴᠢᠯᠠᠭᠤᠳ ᠢ ᠦᠷᠦᠵᠦ ᠲᠠᠯᠪᠢᠬᠰᠠᠨ ᠨᠢ ᠰᠡᠴᠡᠨᠪᠠᠲᠤ | ᠪᠠᠭᠰᠢ ᠶᠢᠨ ᠬᠠᠶᠢᠷᠠᠯᠠᠵᠤ ᠨᠠᠨᠳᠢᠩᠨᠠᠨ ᠬᠤᠲᠠ ᠭᠠᠵᠠᠷ ᠬᠠᠷᠢᠭᠤᠯᠵᠤ ᠰᠠᠭᠤᠭ᠎ᠠ 300 ᠭᠠᠷᠤᠢ ︽ᠲᠡᠮᠡᠭᠡ︾ ᠨᠢ | ᠠᠵᠢ᠃ | 1982 ᠣᠨ ᠳᠤ ᠠᠵᠢᠯ ᠤᠨ ᠭᠠᠷᠤᠭ᠎ᠠ ᠪᠠᠨ ᠠᠪᠴᠤ᠂ ᠬᠤᠤᠰᠪᠦ᠋ᠷᠢᠳᠦ᠂ ᠪᠠᠶᠠᠨᠨᠢᠷᠤᠭᠤᠨ᠂ | ᠵᠢᠷᠭᠠᠯᠰᠠᠶᠢᠬᠠᠨ ᠵᠡᠷᠭᠡ ᠦᠨᠳᠦᠰᠦᠨ ᠱᠠᠲᠤᠨ ᠤ ᠰᠤᠷᠭᠠᠭᠤᠯᠢ ᠳᠤ ᠪᠠᠭᠰᠢ ᠶᠢᠨ ᠠᠵᠢᠯ ᠠᠯᠪᠠ ᠭᠦᠢᠴᠡᠳᠬᠡᠵᠦ | ᠶᠠᠪᠤᠭᠰᠠᠨ ᠰᠡᠴᠡᠨᠪᠠᠲᠤ 2007 ᠣᠨ ᠠᠴᠠ ᠡᠬᠢᠯᠡᠵᠦ ᠬᠠᠴᠢᠨ ᠴᠢᠯᠠᠭᠤ ᠬᠤᠷᠢᠶᠠᠵᠤ ᠬᠠᠳᠠᠭᠠᠯᠠᠬᠤ ᠠᠵᠢᠯ ᠳᠤ ᠭᠠᠷ | ᠲᠦᠷᠢᠵᠡᠢ᠃ ᠠᠩᠬ᠎ᠠ ᠡᠬᠢᠯᠡᠵᠦ ᠴᠢᠯᠠᠭᠤ ᠬᠤᠷᠢᠶᠠᠭᠰᠠᠨ ᠨᠢ ᠲᠠᠮᠠᠬᠢ ᠪᠠᠨ ᠵᠣᠭᠰᠤᠭᠠᠬᠤ ᠪᠤᠳᠤᠯ ᠲᠠᠢ ᠲᠠᠮᠠᠬᠢ | ᠲᠠᠲᠠᠬᠤ ᠵᠣᠭᠤᠰ ᠢᠶᠠᠷ ᠢᠶᠠᠨ ᠠᠯᠠᠱᠠ ᠨᠤᠲᠤᠭ ᠤᠨ ᠢᠶᠠᠨ ᠬᠠᠴᠢᠨ ᠴᠢᠯᠠᠭᠤ ᠶᠢ ᠬᠤᠷᠢᠶᠠᠵᠤ ᠬᠠᠳᠠᠭᠠᠯᠠᠶ᠎ᠠ ᠭᠡᠵᠦ | ᠪᠤᠳᠤᠬᠰᠠᠨ ᠪᠣᠯ ᠠᠭᠠᠵᠢᠮ ᠢᠶᠠᠷ ᠬᠠᠴᠢᠨ ᠴᠢᠯᠠᠭᠤ ᠬᠤᠷᠢᠶᠠᠵᠤ ᠬᠠᠳᠠᠭᠠᠯᠠᠬᠤ ᠨᠢ ᠲᠡᠭᠦᠨ ᠤ ᠠᠵᠢᠯ ᠤᠨ ᠴᠢᠯᠦᠭᠡᠨ ᠤ | ᠬᠠᠮᠤᠭ ᠤᠨ ᠳᠤᠷ᠎ᠠ ᠪᠠᠬ᠎ᠠ ᠲᠠᠢ ᠶᠠᠪᠤᠳᠠᠯ ᠪᠣᠯᠵᠠᠢ᠃ ᠲᠡᠭᠡᠪᠡᠯ ᠲᠡᠮᠡᠭᠡᠨ ᠤ ᠳᠦᠷᠰᠦ ᠲᠠᠢ ᠴᠢᠯᠠᠭᠤ ᠬᠤᠷᠢᠶᠠᠬᠤ | ᠪᠤᠯᠤᠬᠰᠠᠨ ᠨᠢ ᠪᠠᠰᠠ ᠴᠠᠭᠠᠨ᠎ᠠ ᠪᠠᠨ ᠥᠯᠢᠭᠡᠷ ᠤᠴᠢᠷ ᠲᠠᠢ᠃ 2008 ᠣᠨ ᠤ ᠤᠴᠢᠷ ᠠᠵᠢ᠃ ᠠᠮᠠᠷᠠᠯᠲᠠ ᠶᠢᠨ | ᠡᠳᠦᠷ ᠰᠤᠯᠠ ᠠᠯᠬᠤᠵᠤ ᠪᠡᠶ᠎ᠡ ᠪᠠᠨ ᠪᠣᠯᠪᠠᠰᠤᠷᠠᠭᠤᠯᠳᠠᠭ ᠵᠤᠷᠰᠢᠯ ᠢᠶᠠᠷ ᠬᠤᠷᠢᠶᠠᠯᠠᠯ ᠠᠴᠠ ᠪᠠᠨ ᠠᠯᠬᠤᠵᠤ | ᠰᠦᠮ᠎ᠡ ᠶᠢᠨ ᠡᠭᠦᠳᠡ ᠣᠶᠢᠷᠠᠳᠬᠤ ᠳᠤ ᠰᠦᠮ᠎ᠡ ᠶᠢᠨ ᠡᠭᠦᠳᠡᠨ᠎ᠡ ᠳᠡᠯᠭᠡᠭᠳᠡᠭᠰᠡᠨ ᠬᠠᠴᠢᠨ ᠴᠢᠯᠠᠭᠤᠨ ᠤ ᠠᠷᠠᠯᠵᠢᠶ᠎ᠠ | ᠮᠠᠶᠢᠮᠠᠢ ᠰᠡᠴᠡᠨᠪᠠᠲᠤ ᠶᠢᠨ ᠰᠣᠨᠢᠭᠤᠴᠢ ᠰᠡᠳᠬᠢᠯ ᠢ ᠬᠥᠳᠡᠯᠭᠡᠯᠡ᠃ ᠵᠦᠢᠯ ᠵᠢᠰᠦᠮ ᠤᠨ ᠥᠩᠭᠡ ᠠᠯᠠᠭᠯᠠᠭᠰᠠᠨ | ᠤᠯᠠᠨ ᠴᠢᠯᠠᠭᠤᠨ ᠤ ᠳᠤᠮᠳᠠ ᠠᠴᠠ ᠨᠢᠭᠡ ᠲᠡᠮᠡᠭᠡ ᠲᠠᠢ ᠠᠳᠠᠯᠢᠬᠠᠨ ᠰᠠᠨᠠᠭᠳᠠᠭᠰᠠᠨ ᠴᠢᠯᠠᠭᠤ ᠶᠢ ᠲᠣᠭᠤᠵᠤ | ᠠᠪᠴᠢᠬᠠᠭᠠᠳ᠂ ᠴᠢᠯᠠᠭᠤ ᠪᠠᠨ ᠪᠠᠷᠢᠨ ᠱᠣᠬᠤᠭᠤᠷᠬᠠᠬᠤ ᠵᠠᠭᠤᠷ᠎ᠠ ᠨᠢᠭᠡ ᠪᠦᠰᠡᠭᠦᠢ ᠳᠡᠷᠭᠡᠳᠡ ᠨᠢ ᠢᠷᠡᠭᠡᠳ | ᠴᠢᠯᠠᠭᠤ ᠶᠢ ᠨᠢ ᠶᠡᠭᠡᠯ᠎ᠡ ᠲᠣᠭᠤᠵᠤ ︽ᠡᠨᠡ ᠴᠢᠨᠢ ᠶᠠᠮᠠᠷ ᠰᠠᠶᠢᠬᠠᠨ ᠲᠡᠮᠡᠭᠡᠨ ᠤ ᠳᠦᠷᠰᠦ ᠲᠠᠢ ᠴᠢᠯᠠᠭᠤ ᠪᠤᠢ᠂ | ᠶᠠᠭᠠᠬᠢᠵᠤ ᠢᠩᠭᠢᠵᠦ ᠰᠠᠶᠢᠬᠠᠨ ᠪᠦᠲᠦᠭᠰᠡᠨ ᠪᠠᠶᠢᠨ᠎ᠠ︕︾ ᠬᠡᠮᠡᠨ ᠱᠠᠭᠰᠢᠷᠠᠬᠤ ᠳᠤ ᠰᠡᠴᠡᠨᠪᠠᠲᠤ ᠴᠤ ᠬᠤᠳᠠᠯᠳᠤᠵᠤ | ᠠᠪᠤᠭᠰᠠᠨ ᠴᠢᠯᠠᠭᠤ ᠪᠠᠨ ᠲᠣᠭᠤᠵᠤ᠂ ︽ᠶᠡᠷᠦᠨᠢ ᠲᠤᠰᠠᠬᠠᠶᠢᠯᠠᠨ ᠲᠡᠮᠡᠭᠡᠨ ᠤ ᠬᠡᠯᠪᠡᠷᠢ ᠳᠦᠷᠰᠦ ᠲᠠᠢ ᠴᠢᠯᠠᠭᠤ ᠶᠢ | ᠬᠤᠷᠢᠶᠠᠵᠤ ᠬᠠᠳᠠᠭᠠᠯᠠᠪᠠᠯ ᠶᠠᠭᠠᠬᠢᠬᠤ ᠪᠣᠯ︖︾ ᠭᠡᠰᠡᠨ ᠪᠤᠳᠤᠯ ᠣᠶᠤᠨ ᠤᠬᠠᠭᠠᠨ ᠳᠤᠨᠢ ᠴᠠᠭᠢᠯᠦᠨ ᠣᠷᠣᠯ᠎ᠠ᠃ | ᠲᠡᠭᠦᠨ ᠠᠴᠠ ᠬᠤᠶᠢᠰᠢ ᠬᠠᠴᠢᠨ ᠴᠢᠯᠠᠭᠤᠨ ᠤ ᠠᠷᠠᠯᠵᠢᠶ᠎ᠠ ᠮᠠᠶᠢᠮᠠᠢ ᠬᠡᠰᠦᠬᠦ ᠳᠡᠭᠡᠨ ᠴᠢᠯᠠᠭᠤ ᠪᠣᠯᠭᠠᠨ ᠤ ᠬᠡᠯᠪᠡᠷᠢ | ᠳᠦᠷᠰᠦ ᠶᠢ ᠰᠠᠶᠢᠨ ᠠᠵᠢᠵᠤ᠂ ᠲᠡᠮᠡᠭᠡᠨ ᠤ ᠬᠡᠯᠪᠡᠷᠢ ᠳᠦᠷᠰᠦ ᠲᠠᠢ ᠴᠢᠯᠠᠭᠤ ᠯᠠ ᠪᠣᠯ ᠬᠤᠷᠢᠶᠠᠵᠤ ᠬᠠᠳᠠᠭᠠᠯᠠᠭᠰᠠᠭᠠᠷ | ᠡᠳᠦᠭᠡ 300 ᠭᠠᠷᠤᠢ ᠲᠡᠮᠡᠭᠡᠨ ᠤ ᠳᠦᠷᠰᠦ ᠲᠠᠢ ᠴᠢᠯᠠᠭᠤ ᠲᠠᠢ ᠪᠤᠯᠤᠬᠰᠠᠨ ᠨᠢ ᠡᠨᠡ᠃ | ︽ᠮᠠᠨ ᠤ ᠠᠯᠠᠱᠠ ᠴᠢᠨᠢ ᠲᠡᠮᠡᠭᠡᠲᠦ ᠨᠤᠲᠤᠭ ᠭᠡᠰᠡᠨ ᠨᠡᠷᠡᠶᠢᠳᠦᠯ ᠲᠠᠢ᠃ ᠲᠡᠮᠡᠭᠡ ᠭᠡᠵᠦ ᠪᠠᠷᠤᠭ ᠯᠠ ᠡᠨᠡ | ᠬᠤᠷᠸ᠎ᠠ ᠶᠢᠨ ᠬᠠᠮᠤᠭ ᠤᠨ ᠲᠠᠶᠢᠪᠤᠩ᠂ ᠰᠦᠷᠯᠢᠭ᠂ ᠬᠠᠮᠤᠭ ᠤᠨ ᠤᠶᠠᠨ ︿ᠰᠡᠳᠬᠢᠯ ᠲᠠᠢ﹀᠂ ᠣᠲᠣ ᠭᠥᠷᠳᠡᠯ᠎ᠡ | ᠤᠯᠠᠨ ᠤᠪᠠᠳᠢᠰ ᠢᠶᠠᠨ ᠬᠠᠳᠠᠭᠠᠯᠠᠭᠰᠠᠭᠠᠷ ᠪᠠᠶᠢᠭ᠎ᠠ ᠠᠮᠢᠳᠠᠨ᠃ ᠲᠡᠶᠢᠮᠦ ᠳᠡᠭᠡᠨ ᠲᠡᠮᠡᠭᠡ ᠪᠠᠨ ᠬᠠᠶᠢᠷᠠᠯᠠᠵᠤ᠂ | ᠲᠡᠮᠡᠭᠡ ᠪᠠᠨ ᠰᠢᠲᠦᠵᠦ ᠶᠠᠪᠤᠬᠤ ᠶᠣᠰᠣᠲᠠᠢ᠃ ᠤᠯᠠᠨ ᠬᠥᠮᠥᠨ ᠮᠢᠨᠤ ᠲᠡᠮᠡᠭᠡᠨ ᠤ ᠳᠦᠷᠰᠦ ᠲᠠᠢ ᠴᠢᠯᠠᠭᠤᠨ ᠳᠤ | ᠥᠨᠳᠥᠷ ᠦᠨ᠎ᠡ ᠥᠭᠴᠦ ᠬᠤᠳᠠᠯᠳᠤᠨ ᠠᠪᠤᠨ᠎ᠠ ᠭᠡᠳᠡᠭ᠃ ᠮᠢᠨᠤ ᠭᠠᠷ ᠲᠤ ᠬᠠᠳᠠᠭᠠᠯᠠᠭᠳᠠᠵᠤ ᠯᠠ ᠪᠠᠶᠢᠪᠠᠯ ᠡᠨᠡ | ᠴᠢᠨᠢ ᠨᠤᠲᠤᠭ ᠣᠷᠣᠨ ᠤ ᠮᠢᠨᠢ ᠲᠡᠦᠬᠡ ᠰᠣᠶᠣᠯ ᠪᠣᠯᠣᠨ᠎ᠠ ᠭᠡᠵᠦ ᠪᠤᠳᠤᠭᠠᠳ ᠲᠠᠭ ᠬᠤᠳᠠᠯᠳᠤᠳᠠᠭ ᠦᠭᠡᠢ︾ ᠭᠡᠵᠦ | ᠰᠡᠴᠡᠨᠪᠠᠲᠤ ︽ᠲᠡᠮᠡᠭᠡᠳ︾ ᠢᠶᠠᠨ ᠬᠠᠷᠠᠵᠤ ᠪᠠᠶᠠᠰᠤᠨ᠎ᠠ᠃ | ᠰᠡᠴᠡᠨᠪᠠᠲᠤ ᠶᠢᠨ ᠬᠤᠷᠢᠶᠠᠨ ᠬᠠᠳᠠᠭᠠᠯᠠᠭᠰᠠᠨ ︽ᠲᠡᠮᠡᠭᠡᠳ︾ ᠤᠨ ᠳᠣᠲᠣᠷ᠎ᠠ ᠭᠤᠷᠪᠠ ᠶᠢᠰᠦ ᠶᠢᠨ | ᠬᠦᠢᠲᠡᠨ ᠳᠤ ᠬᠥᠬᠡᠰᠣ ᠰᠠᠪᠰᠠᠭᠤᠯᠤᠨ ᠬᠦᠷᠴᠢᠭᠢᠨᠡᠵᠦ ᠪᠠᠶᠢᠭ᠎ᠠ ᠬᠠᠪᠰᠢᠭᠰᠠᠨ ᠪᠤᠤᠷ᠎ᠠ ᠶᠢᠨ ᠬᠡᠯᠪᠡᠷᠢ ᠲᠠᠢ ᠴᠢᠯᠠᠭᠤ | ᠪᠠᠶᠢᠨ᠎ᠠ᠃ ᠬᠦᠵᠦᠭᠦᠦ ᠰᠤᠩᠭᠠᠨ ᠤᠰᠤ ᠤᠤᠭᠤᠵᠤ ᠵᠣᠭᠰᠤᠭ᠎ᠠ ᠲᠡᠮᠡᠭᠡᠨ ᠤ ᠳᠦᠷᠰᠦ ᠲᠠᠢ ᠴᠢᠯᠠᠭᠤ ᠴᠤ ᠪᠤᠢ᠂ | ᠪᠠᠰᠠ ᠵᠠᠷᠢᠮ ᠨᠢ ᠪᠣᠲᠣᠭᠤᠨ ᠤ ᠪᠠᠨ ᠠᠨᠢᠷ ᠲᠤ ᠭᠤᠩᠭᠠᠨᠢᠨ ᠢᠷᠡᠬᠦ ᠢᠩᠭᠡ ᠮᠡᠲᠦ᠂ ᠪᠤᠷᠠᠨᠲᠠᠭ ᠲᠠᠢ ᠨᠣᠮᠣᠬᠠᠨ | ᠬᠠᠷ᠎ᠠ ᠠᠳᠠ ᠮᠡᠲᠦ᠂ ᠬᠠᠪᠤᠷ ᠴᠠᠭ ᠲᠤ ᠦᠰᠦ ᠨᠣᠣᠰᠣ ᠨᠢ ᠭᠤᠭᠤᠵᠢᠭᠰᠠᠨ ᠲᠠᠶᠢᠯᠤᠭ ᠦᠦ ᠭᠡᠮᠡᠷ ᠬᠠᠴᠢᠨ | ᠰᠡᠪᠡᠭᠦᠨ ᠳᠦᠷᠰᠦ ᠲᠠᠢ᠃ ᠵᠠᠷᠢᠮ ᠴᠢᠯᠠᠭᠤ ᠶᠢ ᠨᠢ ᠲᠡᠮᠡᠭᠡ ᠲᠠᠢ ᠶᠠᠭ ᠠᠳᠠᠯᠢ ᠭᠡᠵᠦ ᠬᠡᠯᠡᠬᠦ ᠶᠢᠨ ᠠᠷᠭ᠎ᠠ ᠦᠭᠡᠢ᠂ | ᠭᠡᠲᠡᠯ᠎ᠡ ᠠᠬᠢᠭᠠᠳ ᠬᠠᠷᠠᠬᠤ ᠳᠤ ᠶᠠᠭᠠᠬᠢᠬᠤ ᠶᠢᠨ ᠠᠷᠭ᠎ᠠ ᠦᠭᠡᠢ ᠲᠡᠮᠡᠭᠡᠨ ᠤ ᠳᠦᠷᠰᠦ ᠲᠠᠢ ᠤᠶᠢᠷᠠᠯᠴᠠᠭ᠎ᠠ | ᠴᠢᠯᠠᠭᠤᠳ ᠪᠠᠶᠢᠯ᠎ᠠ᠃ ᠡᠲᠡᠭᠡᠷ ᠬᠠᠴᠢᠨ ᠴᠢᠯᠠᠭᠤ ᠶᠢ ᠬᠠᠷᠠᠭᠠᠳ ︽ᠶᠠᠭᠠᠬᠢᠵᠤ ᠪᠦᠲᠦᠭᠰᠡᠨ ᠪᠣᠯ︖︾ ᠬᠡᠮᠡᠨ | ᠭᠠᠶᠢᠬᠠᠰᠢ ᠲᠥᠷᠥᠬᠦ ᠶᠤᠮ᠃ ᠪᠠᠶᠢᠭᠠᠯᠢ ᠳᠡᠯᠡᠬᠡᠢ ᠶᠢᠨ ᠬᠠᠴᠢᠨ ᠭᠠᠶᠢᠬᠠᠮᠰᠢᠭ ᠢ ᠦᠨᠡᠬᠡᠷ ᠭᠠᠶᠢᠬᠠᠭᠠᠳ ᠪᠠᠷᠠᠰᠢ | ᠦᠭᠡᠢ᠃ ︽ᠬᠤᠷᠸ᠎ᠠ ᠬᠡᠮᠡᠭᠴᠢ ᠬᠥᠮᠥᠨ ᠲᠥᠷᠥᠯᠬᠢᠲᠡᠨ ᠤ ᠳᠡᠶᠢᠯᠵᠦ ᠮᠡᠳᠡᠭᠰᠡᠨ ᠲᠦᠮᠡᠨ ᠣᠨᠢᠰᠤᠭ᠎ᠠ᠂ ᠳᠡᠶᠢᠯᠵᠦ | ᠠᠮᠵᠢᠭ᠎ᠠ ᠦᠭᠡᠢ ᠪᠤᠮᠠᠨ ᠣᠨᠢᠰᠤᠭ᠎ᠠ᠂ ᠲᠠᠭᠠᠬᠤ ᠶᠢᠨ ᠠᠷᠭ᠎ᠠ ᠦᠭᠡᠢ ᠲᠠᠷᠪᠤᠮ ᠣᠨᠢᠰᠤᠭ᠎ᠠ ᠠᠴᠠ ᠪᠦᠷᠢᠳᠦᠨᠡᠮ︾ | ᠭᠡᠳᠡᠭ ᠤᠨ ᠤᠴᠢᠷ ᠲᠡᠷᠡ ᠪᠢᠵᠡ᠃ | ︽ᠮᠢᠨᠤ ᠡᠲᠡᠭᠡᠷ ︿ᠲᠡᠮᠡᠭᠡ﹀ ᠴᠢᠨᠢ ᠪᠦᠷ ᠠᠯᠠᠱᠠ ᠨᠤᠲᠤᠭ ᠤᠨ ᠬᠠᠴᠢᠨ ᠴᠢᠯᠠᠭᠤ ᠰᠢᠤ᠃ ᠳᠣᠲᠣᠷ᠎ᠠ ᠨᠢ | ᠴᠠᠭᠠᠨ ᠮᠠᠨᠤ᠂ ᠤᠯᠠᠭᠠᠨ ᠮᠠᠨᠤ᠂ ᠭᠤᠪᠢ ᠶᠢᠨ ᠴᠢᠯᠠᠭᠤ᠂ ᠰᠢᠷ᠎ᠠ ᠨᠣᠭᠤᠭᠠᠨ ᠬᠠᠰ ᠵᠡᠷᠭᠡ ᠤᠯᠠᠨ ᠳᠦᠷᠦᠯ ᠤᠨ | ᠴᠢᠯᠠᠭᠤ ᠪᠤᠢ᠃ ᠠᠷᠪᠠᠨ ᠬᠡᠳᠦᠨ ᠵᠢᠯ ᠬᠦᠴᠦ ᠬᠥᠯᠥᠰᠦ ᠪᠠᠨ ᠵᠠᠷᠤᠴᠠᠭᠤᠯᠵᠤ ᠬᠤᠷᠢᠶᠠᠨ ᠬᠠᠳᠠᠭᠠᠯᠠᠭᠰᠠᠨ ᠪᠣᠯᠬᠤᠷ | ᠡᠲᠡᠭᠡᠷ ᠴᠢᠯᠠᠭᠤᠳ ᠢᠶᠠᠨ ᠬᠠᠶᠢᠷᠠᠯᠠᠵᠤ ᠬᠠᠷᠠᠮᠨᠠᠨ᠂ ᠬᠤᠳᠠᠯᠳᠤᠵᠤ ᠵᠣᠭᠤᠰ ᠮᠥᠩᠭᠦ ᠬᠤᠪᠢᠯᠭᠠᠶᠠ ᠭᠡᠰᠡᠨ ᠪᠤᠳᠤᠯ | ᠲᠠᠭ ᠣᠷᠤᠭ᠎ᠠ ᠦᠭᠡᠢ᠃ ᠲᠡᠮᠡᠭᠡᠨ ᠳᠦᠷᠰᠦ ᠲᠠᠢ ᠴᠢᠯᠠᠭᠤᠳ ᠮᠢᠨᠢ ᠲᠡᠮᠡᠭᠡᠲᠦ ᠨᠤᠲᠤᠭ ᠲᠠᠭᠠᠨ ᠪᠠᠶᠢᠵᠤ ᠯᠠ ᠪᠠᠶᠢᠭ | ᠃ ᠣᠳᠣᠬᠠᠨ ᠳᠤ ᠪᠣᠯ ᠥᠪᠡᠷ ᠤᠨ ᠳᠤᠷ᠎ᠠ ᠪᠠᠬ᠎ᠠ ᠳᠠᠭᠠᠨ ᠬᠥᠲᠥᠯᠥᠭᠳᠡᠨ ᠬᠤᠷᠢᠶᠠᠨ ᠬᠠᠳᠠᠭᠠᠯᠠᠬᠤ ᠶᠢᠨ ᠬᠠᠮᠲᠤ | ᠬᠥᠮᠥᠰ ᠲᠤ ᠰᠣᠨᠢᠷᠬᠠᠭᠤᠯᠬᠤ ᠪᠤᠳᠤᠯ ᠲᠠᠢ ᠡᠨᠡ ᠠᠵᠢᠯ ᠢ ᠬᠢᠵᠦ ᠪᠠᠶᠢᠨ᠎ᠠ︾ ᠭᠡᠵᠦ ᠰᠡᠴᠡᠨᠪᠠᠲᠤ ᠶᠠᠷᠢᠯ᠎ᠠ᠃ | ᠪᠠᠶᠢᠭᠠᠯᠢ ᠳᠡᠯᠡᠬᠡᠢ ᠠᠴᠠ ᠰᠣᠶᠣᠷᠬᠠᠭᠰᠠᠨ ᠬᠠᠴᠢᠨ ᠴᠢᠯᠠᠭᠤ ᠶᠢ ᠪᠠᠶᠠᠨᠬᠤᠲᠠ ᠶᠢᠨ ᠳᠠᠪᠴᠢᠭᠤᠬᠠᠨ ᠥᠷᠥᠭᠡᠨ ᠳᠡᠭᠡᠨ | ᠬᠠᠳᠠᠭᠠᠯᠠᠵᠤ᠂ ᠤᠯᠠᠨ ᠬᠥᠮᠥᠰ ᠲᠤ ᠰᠣᠨᠢᠷᠬᠠᠭᠤᠯᠵᠤ ᠰᠠᠭᠤᠭ᠎ᠠ ᠰᠡᠴᠡᠨᠪᠠᠲᠤ ᠮᠠᠨᠢ ᠥᠲᠡᠯᠦᠭᠡ ᠨᠠᠰᠤᠨ ᠤ ᠠᠵᠤ | ᠠᠮᠢᠳᠤᠷᠠᠯ ᠢᠶᠠᠨ ᠬᠠᠴᠢᠨ ᠴᠢᠯᠠᠭᠤ ᠪᠠᠷ ᠵᠡᠷᠭᠡᠯᠡᠵᠦ᠂ ᠬᠠᠴᠢᠨ ᠴᠢᠯᠠᠭᠤᠨ ᠠᠴᠠ ᠨᠤᠲᠤᠭ ᠣᠷᠣᠨ ᠤ ᠪᠠᠨ ᠥᠯᠢᠭᠡᠷ | ᠲᠡᠦᠬᠡ᠂ ᠰᠣᠶᠣᠯ ᠠᠭᠤᠯᠬᠤᠨ ᠢ ᠠᠭᠤᠳᠠᠯᠯᠠᠵᠤ ᠰᠠᠭᠤᠭ᠎ᠠ ᠨᠢ ᠪᠢᠰᠢᠷᠡᠭᠦᠰᠢᠲᠡᠢ᠃ | |