ᠰᠢᠦᠢ ᠠᠢ ᠰᠢᠶᠠᠩ | | 8 ᠰᠠᠷ᠎ᠠ ᠶᠢᠨ 15 ᠤ ᠡᠳᠦᠷ᠂ ᠠᠶᠢᠮᠠᠭ ᠤᠨ ᠨᠠᠮ ᠤᠨ ᠬᠤᠷᠢᠶᠠᠨ ᠤ ᠱᠦᠵᠢ ᠬᠤᠸᠠᠩ ᠶᠠ ᠯᠢ ᠵᠥᠩ | ᠭᠤᠸᠠᠩ ᠾᠧ ᠰᠢᠨ᠎ᠡ ᠡᠨᠧᠷᠭᠢ ᠶᠢᠨ ᠥᠪᠥᠷ ᠮᠣᠩᠭᠤᠯ ᠤᠨ ᠬᠤᠪᠢᠶᠠᠷᠢ ᠺᠣᠮᠫᠠᠨᠢ ᠶᠢᠨ ᠨᠠᠮ ᠤᠨ ᠬᠤᠷᠢᠶᠠᠨ ᠤ | ᠱᠦᠵᠢ᠂ ᠶᠡᠷᠦᠩᠬᠡᠢ ᠳᠠᠭᠠᠭᠠᠮᠠᠯ ᠵᠢᠢ ᠸᠧᠨ ᠪᠦᠸᠧ ᠲᠠᠢ ᠠᠭᠤᠯᠵᠠᠪᠠ᠃ | ᠬᠤᠸᠠᠩ ᠶᠠ ᠯᠢ ᠵᠢᠢ ᠸᠧᠨ ᠪᠦᠸᠧ ᠵᠡᠷᠭᠡ ᠬᠥᠮᠥᠰ ᠤᠨ ᠬᠦᠷᠦᠯᠴᠡᠨ ᠢᠷᠡᠭᠰᠡᠨ ᠢ ᠬᠠᠯᠠᠭᠤᠨ ᠢᠶᠠᠷ | ᠤᠭᠲᠤᠵᠤ ᠪᠠᠶᠢᠬᠤ ᠪᠠᠨ ᠢᠯᠡᠷᠬᠡᠶᠢᠯᠡᠪᠡ᠃ ᠲᠡᠷᠡ᠂ ᠠᠯᠠᠱᠠ ᠶᠢᠨ ᠦᠵᠡᠮᠵᠢ ᠭᠤᠶᠤ᠂ ᠨᠤᠲᠤᠭ ᠳᠡᠪᠢᠰᠬᠡᠷ ᠥᠷᠭᠡᠨ | ᠠᠭᠤᠳᠠᠮ᠂ ᠣᠳᠣᠬᠠᠨ ᠳᠤ ᠪᠥᠬᠦ ᠤᠯᠤᠰ ᠤᠨ ᠳ᠋ᠦᠩᠰᠢᠭᠤᠷ ᠺᠢᠯᠣᠸᠠᠲ ᠳᠠᠰ ᠤᠨ ᠰᠢᠨ᠎ᠡ ᠡᠨᠧᠷᠭᠢ ᠶᠢᠨ | ᠰᠠᠭᠤᠷᠢᠨ ᠭᠠᠵᠠᠷ ᠢ ᠪᠦᠲᠦᠭᠡᠨ ᠪᠠᠶᠢᠭᠤᠯᠬᠤ ᠶᠢ ᠬᠦᠴᠦ ᠪᠠᠨ ᠲᠥᠪᠯᠡᠷᠡᠭᠦᠯᠦᠨ ᠠᠳᠬᠤᠵᠤ ᠪᠠᠶᠢᠨ᠎ᠠ᠃ ᠵᠥᠩ | ᠭᠤᠸᠠᠩ ᠾᠧ ᠰᠢᠨ᠎ᠡ ᠡᠨᠧᠷᠭᠢ ᠶᠢᠨ ᠥᠪᠥᠷ ᠮᠣᠩᠭᠤᠯ ᠤᠨ ᠬᠤᠪᠢᠶᠠᠷᠢ ᠺᠣᠮᠫᠠᠨᠢ ᠶᠢᠨ ᠬᠢᠨ ᠥᠪᠡᠷ ᠪᠡᠶ᠎ᠡ ᠶᠢᠨ | ᠳᠠᠪᠠᠭᠤᠯᠢᠭ ᠢᠶᠠᠨ ᠭᠦᠢᠴᠡᠳ ᠪᠠᠳᠠᠷᠠᠭᠤᠯᠤᠨ᠂ ᠤᠬᠠᠭᠠᠯᠠᠨ ᠲᠥᠯᠥᠪᠵᠢᠭᠦᠯᠵᠦ᠂ ᠪᠣᠳᠠᠲᠠᠢ ᠬᠠᠮᠲᠤᠷᠠᠨ ᠠᠵᠢᠯᠯᠠᠬᠤ | ᠬᠡᠯᠪᠡᠷᠢ ᠵᠠᠭᠪᠤᠷ ᠢ ᠨᠠᠷᠢᠯᠢᠭ ᠰᠤᠳᠤᠯᠤᠨ᠂ ᠰᠢᠨᠵᠢᠯᠡᠭᠡ ᠮᠡᠷᠭᠡᠵᠢᠯ ᠤᠨ ᠤᠷᠤᠭᠤᠯᠤᠯᠳᠠ ᠪᠠᠨ ᠴᠢᠩᠭᠠᠳᠬᠠᠨ᠂ | ᠬᠠᠮᠲᠤᠷᠠᠨ ᠠᠵᠢᠯᠯᠠᠬᠤ ᠵᠠᠮ ᠮᠥᠷ ᠢᠶᠠᠨ ᠥᠷᠭᠡᠳᠬᠡᠵᠦ᠂ ᠰᠢᠨ᠎ᠡ ᠡᠨᠧᠷᠭᠢ ᠶᠢᠨ ᠬᠥᠭᠵᠢᠯᠲᠡ ᠪᠠ ᠡᠯᠡᠰᠦ ᠶᠢ | ᠵᠠᠰᠠᠵᠤ ᠡᠯᠡᠰᠦ ᠶᠢ ᠰᠡᠷᠭᠡᠶᠢᠯᠡᠬᠦ᠂ ᠰᠢᠨ᠎ᠡ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ᠂ ᠰᠣᠶᠣᠯ | ᠵᠢᠭᠤᠯᠴᠢᠯᠠᠯ᠂ ᠬᠢᠯᠢ ᠪᠠᠨ ᠰᠠᠬᠢᠨ ᠬᠢᠯᠢ ᠪᠠᠨ ᠮᠠᠨᠳᠤᠭᠤᠯᠬᠤ ᠵᠡᠷᠭᠡ ᠬᠦᠷᠢᠶ᠎ᠡ ᠴᠠᠷᠠᠭ᠎ᠠ ᠳᠠᠬᠢ ᠭᠦᠨᠵᠡᠭᠡᠢ ᠬᠠᠮᠲᠤᠷᠠᠨ | ᠠᠵᠢᠯᠯᠠᠬᠤ ᠪᠠᠨ ᠲᠦᠯᠬᠢᠨ ᠠᠬᠢᠭᠤᠯᠵᠤ᠂ ᠠᠯᠠᠱᠠ ᠶᠢᠨ ᠰᠢᠨ᠎ᠡ ᠡᠨᠧᠷᠭᠢ ᠶᠢᠨ ᠪᠥᠬᠦ ᠠᠵᠤ ᠦᠢᠯᠡᠰ ᠤᠨ ᠬᠡᠯᠬᠢᠶ᠎ᠡ | ᠶᠢᠨ ᠬᠥᠭᠵᠢᠯᠲᠡ ᠳᠤ ᠰᠢᠨ᠎ᠡ ᠬᠥᠳᠡᠯᠭᠡᠬᠦ ᠬᠦᠴᠦᠨ ᠨᠡᠮᠡᠷᠢᠯᠡᠬᠦ ᠶᠢ ᠬᠦᠰᠡᠵᠦ ᠪᠠᠶᠢᠨ᠎ᠠ᠃ ᠠᠯᠠᠱᠠ ᠠᠶᠢᠮᠠᠭ | ᠦᠢᠯᠡᠴᠢᠯᠡᠭᠡ ᠪᠠᠲᠤᠯᠠᠭ᠎ᠠ ᠪᠠᠨ ᠴᠢᠩᠭᠠᠳᠬᠠᠨ᠂ ᠠᠵᠤ ᠠᠬᠤᠶᠢᠯᠠᠯ ᠤᠨ ᠬᠥᠭᠵᠢᠯᠲᠡ ᠳᠤ ᠰᠠᠨᠠᠭ᠎ᠠ ᠠᠮᠤᠷ᠂ ᠠᠮᠤᠷ | ᠳᠠᠶᠢᠪᠤᠡᠭ ᠪᠡᠯᠡ ᠤᠷᠤᠭᠤᠯᠤᠯᠳᠠ ᠶᠢᠨ ᠣᠷᠴᠢᠨ ᠨᠥᠬᠦᠴᠡᠯ ᠢ ᠬᠠᠨᠭ᠍ᠭᠠᠨ᠎ᠠ ᠭᠡᠰᠡᠨ ᠪᠠᠶᠢᠨ᠎ᠠ᠃ | ᠵᠢᠢ ᠸᠧᠨ ᠪᠦᠸᠧ ᠺᠣᠮᠫᠠᠨᠢ ᠶᠢᠨ ᠢᠶᠠᠨ ᠰᠢᠨ᠎ᠡ ᠡᠨᠧᠷᠭᠢ ᠶᠢᠨ ᠬᠦᠷᠢᠶᠡᠨ ᠳᠠᠬᠢ ᠠᠮᠵᠢᠯᠲᠠ ᠪᠦᠲᠦᠮᠵᠢ ᠪᠠ | ᠢᠷᠡᠭᠡᠳᠦᠢ ᠶᠢᠨ ᠬᠥᠭᠵᠢᠯᠲᠡ ᠶᠢᠨ ᠲᠥᠯᠥᠪᠯᠡᠭᠡ ᠪᠠᠨ ᠲᠠᠨᠢᠯᠴᠠᠭᠤᠯᠤᠭᠰᠠᠨ ᠪᠥᠭᠡᠳ᠂ ᠠᠯᠠᠱᠠ ᠪᠣᠯ ᠥᠪᠥᠷ | ᠮᠣᠩᠭᠤᠯ ᠤᠨ ᠰᠢᠨ᠎ᠡ ᠡᠨᠧᠷᠭᠢ ᠶᠢᠨ ᠦᠢᠯᠡᠰ ᠢ ᠬᠥᠭᠵᠢᠭᠦᠯᠬᠦ ᠭᠤᠣᠯ ᠲᠠᠯᠠᠪᠤᠷ ᠪᠣᠯᠬᠤ ᠶᠤᠮ᠂ ᠵᠥᠩ ᠭᠤᠸᠠᠩ | ᠾᠧ ᠰᠢᠨ᠎ᠡ ᠡᠨᠧᠷᠭᠢ ᠶᠢᠨ ᠺᠣᠮᠫᠠᠨᠢ ᠶᠢᠨ ᠬᠢᠨ ᠪᠣᠳᠠᠲᠠᠢ ᠬᠠᠮᠲᠤᠷᠠᠨ ᠠᠵᠢᠯᠯᠠᠬᠤ ᠪᠠᠨ ᠭᠦᠨᠵᠡᠭᠡᠶᠢᠷᠡᠭᠦᠯᠦᠨ᠂ ᠪᠡᠯᠡ | ᠤᠷᠤᠭᠤᠯᠤᠯᠳᠠ ᠶᠢᠨ ᠡᠷᠴᠢᠮ ᠢᠶᠠᠨ ᠦᠷᠭᠦᠯᠵᠢᠯᠠᠠ ᠨᠡᠮᠡᠭᠳᠡᠭᠦᠯᠵᠦ᠂ ᠬᠠᠮᠲᠤᠷᠠᠨ ᠠᠵᠢᠯᠯᠠᠬᠤ ᠵᠠᠮ ᠮᠥᠷ ᠢᠶᠠᠨ | ᠦᠷᠭᠡᠳᠭᠡᠠ᠂ ᠠᠯᠠᠱᠠ ᠶᠢᠨ ᠰᠢᠨ᠎ᠡ ᠡᠨᠧᠷᠭᠢ ᠶᠢᠨ ᠦᠢᠯᠡᠰ ᠤᠨ ᠬᠥᠭᠵᠢᠯᠲᠡ ᠳᠤ ᠬᠦᠴᠦ ᠪᠠᠨ ᠢᠳᠡᠪᠬᠢᠲᠡᠢ | ᠡᠷᠭᠦᠨ᠎ᠡ ᠭᠡᠵᠦ ᠢᠯᠡᠷᠬᠡᠶᠢᠯᠡᠭᠰᠡᠨ ᠪᠠᠶᠢᠨ᠎ᠠ᠃ |