ᠰᠢᠲᠠᠮᠠᠬᠠᠢ ᠬᠡᠢ ᠶᠢ ᠬᠡᠷᠡᠭᠯᠡᠬᠦ ᠳᠤ ᠡᠲᠡᠭᠡᠷ ᠵᠦᠢᠯ ᠢ ᠠᠩᠬᠠᠷᠬᠤ ᠭᠡᠷᠡᠭᠳᠡᠢ
ᠨᠡᠶᠢᠲᠡᠯᠡᠭᠰᠡᠨ ᠴᠠᠭ᠄
2023/12/31
                  ᠰᠢᠲᠠᠮᠠᠬᠠᠢ ᠬᠡᠢ ᠶᠢᠨ ᠰᠠᠪᠠ ᠶᠢᠨ ᠬᠡᠷᠡᠭᠯᠡᠬᠦ ᠬᠤᠭᠤᠴᠠᠭ᠎ᠠ᠄       ᠰᠢᠲᠠᠮᠠᠬᠠᠢ ᠬᠡᠢ ᠶᠢᠨ ᠰᠠᠪᠠ ᠪᠣᠯ ᠮᠥᠩᠬᠡ ᠶᠢᠨ ᠡᠳ᠋ ᠪᠢᠰᠢ᠂ ᠲᠡᠭᠦᠨ ᠤ ᠠᠶᠤᠯ ᠦᠭᠡᠢ ᠬᠡᠷᠡᠭᠯᠡᠬᠦ ᠬᠤᠭᠤᠴᠠᠭ᠎ᠠ ᠨᠢ ᠵᠥᠪᠬᠡᠨ 15 ᠵᠢᠯ ᠪᠠᠶᠢᠳᠠᠭ᠃ 5 ᠵᠢᠯ ᠪᠦᠷᠢ ᠳᠤ ᠨᠢᠭᠡ ᠤᠳᠠᠭᠠᠨ ᠤ ᠲᠣᠭᠲᠠᠮᠠᠯ ᠬᠤᠭᠤᠴᠠᠭ᠎ᠠ ᠲᠠᠢ ᠪᠠᠶᠢᠴᠠᠭᠠᠯᠲᠠ ᠬᠢᠵᠦ ᠂ ᠣᠷᠣᠰᠢᠵᠤ ᠪᠠᠶᠢᠭ᠎ᠠ ᠠᠰᠠᠭᠤᠳᠠᠯ ᠢ ᠪᠠᠶᠢᠴᠠᠭᠠᠨ ᠭᠠᠷᠭᠠᠬᠤ ᠭᠡᠷᠡᠭᠲᠡᠢ᠃       ᠰᠢᠲᠠᠮᠠᠬᠠᠢ ᠬᠡᠢ ᠶᠢᠨ ᠰᠠᠪᠠ ᠶᠢᠨ ᠳᠡᠯᠪᠡᠷᠡᠯᠲᠡ ᠶᠢᠨ ᠰᠦᠷ ᠬᠦᠴᠦ ᠨᠢ ᠬᠡᠳᠦᠢ ᠶᠡᠭᠡ ᠪᠤᠢ︖       ᠭᠡᠷ ᠲᠤ ᠬᠡᠷᠡᠭᠯᠡᠬᠦ‍ ᠨᠢᠭᠡ ᠰᠠᠪᠠ ᠰᠢᠲᠠᠮᠠᠬᠠᠢ ᠬᠡᠢ ᠨᠢ 145 ᠺᠢᠯᠣᠭ᠍ᠷᠠᠮ TNT ᠳᠠᠷᠢ ᠲᠠᠢ ᠲᠡᠩᠴᠡᠵᠦ᠂ ᠬᠤᠶᠠᠷ ᠳᠠᠪᠬᠤᠷ ᠠᠰᠠᠷ ᠢ ᠳᠡᠯᠪᠡᠴᠢᠵᠦ ᠲᠠᠶᠢᠯᠤᠨ᠎ᠠ᠃       ᠰᠢᠲᠠᠮᠠᠬᠠᠢ ᠬᠡᠢ ᠶᠢᠨ ᠰᠠᠪᠠ ᠳᠡᠯᠪᠡᠷᠡᠬᠦ ᠰᠢᠨᠵᠢ ᠲᠡᠮᠳᠡᠭ᠄       ᠭᠠᠵᠠᠷ ᠳᠡᠭᠡᠷ᠎ᠡ ᠤᠨᠠᠭᠠᠳ ᠠᠰᠠᠵᠤ ᠪᠠᠶᠢᠭ᠎ᠠ ᠰᠢᠲᠠᠮᠠᠬᠠᠢ ᠬᠡᠢ ᠶᠢᠨ ᠰᠠᠪᠠ 4 ᠮᠢᠨᠦ᠋ᠲ ᠠᠴᠠ ᠬᠡᠲᠦᠷᠡᠪᠡᠯ ᠳᠠᠷᠤᠢ ᠳᠡᠯᠪᠡᠷᠡᠯᠲᠡ ᠡᠭᠦᠰᠬᠦ ᠪᠣᠯᠣᠯᠴᠠᠭ᠎ᠠ ᠲᠠᠢ᠃       ᠰᠢᠲᠠᠮᠠᠬᠠᠢ ᠬᠡᠢ ᠶᠢᠨ ᠰᠠᠪᠠ ᠮᠡᠳᠡᠭᠳᠡᠮ᠎ᠡ ᠲᠡᠯᠡᠭᠰᠡᠨ ᠰᠢᠨᠵᠢ ᠢᠯᠡᠷᠡᠭᠰᠡᠨ ᠪᠠᠶᠢᠪᠠᠯ ᠳᠡᠯᠪᠡᠷᠡᠯᠲᠡ ᠡᠭᠦᠰᠬᠦ ᠪᠣᠯᠣᠯᠴᠠᠭ᠎ᠠ ᠲᠠᠢ᠃       ᠭᠠᠯ ᠤᠨ ᠲᠥᠯᠥ ᠶᠢᠨ ᠥᠩᠭᠡ ᠨᠢ ᠤᠯᠠᠪᠤᠷ ᠪᠠᠶᠢᠭᠰᠠᠨ ᠠᠴᠠ ᠪᠠᠨ ᠵᠢᠭᠠᠬᠠᠨ ᠴᠠᠶᠢᠷᠠᠵᠤ᠂ ᠲᠠᠭᠤ ᠨᠢ ︽ᠬᠤᠷᠬᠢᠷᠠᠬᠤ︾ ᠲᠠᠭᠤᠨ ᠠᠴᠠ ︽ᠱᠠᠷᠴᠢᠭᠢᠨᠠᠬᠤ︾ ᠲᠠᠭᠤ ᠪᠣᠯᠵᠤ ᠬᠤᠪᠢᠷᠠᠪᠠᠯ ᠤᠳᠠᠯ ᠦᠭᠡᠢ ᠳᠡᠯᠪᠡᠷᠡᠬᠦ ᠪᠠᠷ ᠪᠠᠶᠢᠭ᠎ᠠ ᠶᠤᠮ᠃       ᠭᠠᠯ ᠤᠨ ᠲᠥᠯᠥ ᠪᠣᠯᠣᠨ ᠲᠠᠭᠤᠨ ᠤ ᠬᠤᠪᠢᠷᠠᠯᠲᠠ ᠨᠢ 5 — 10 ᠰᠧᠺᠦ᠋ᠨ᠋ᠳ᠋ ᠦᠷᠭᠦᠯᠵᠢᠯᠡᠵᠦ᠂ ᠭᠡᠨᠡᠳᠲᠡ ᠦᠭᠡᠢ ᠪᠣᠯᠴᠢᠬᠠᠪᠠᠯ ᠴᠠᠭ ᠢᠮᠠᠭᠲᠠ ᠳᠡᠯᠪᠡᠷᠡᠯᠲᠡ ᠡᠭᠦᠰᠬᠦ ᠪᠣᠯᠣᠯᠴᠠᠭ᠎ᠠ ᠲᠠᠢ᠃             ᠰᠢᠲᠠᠮᠠᠬᠠᠢ ᠬᠡᠢ ᠶᠢᠨ ᠰᠠᠪᠠ ᠶᠢᠨ ᠳᠡᠯᠪᠡᠷᠡᠯᠲᠡ ᠡᠭᠦᠰᠬᠦ ᠰᠢᠯᠲᠠᠭᠠᠨ ᠨᠢ ᠶᠠᠭᠤ ᠪᠤᠢ︖       1. ᠰᠢᠲᠠᠮᠠᠬᠠᠢ ᠬᠡᠢ ᠶᠢᠨ ᠰᠠᠪᠠ ᠳᠤ ᠡᠨᠧᠷᠭᠢ ᠬᠡᠲᠦ ᠳᠦᠭᠦᠷᠡᠩ       ᠰᠢᠲᠠᠮᠠᠬᠠᠢ ᠬᠡᠢ ᠶᠢᠨ ᠰᠠᠪᠠ ᠳᠤ ᠬᠡᠢ ᠰᠠᠪᠠᠯᠠᠬᠤ ᠬᠡᠮᠵᠢᠶ᠎ᠡ ᠨᠢ ᠲᠡᠭᠦᠨ ᠤ ᠪᠠᠭᠲᠠᠭᠠᠮᠵᠢ ᠶᠢᠨ 85% ᠎ ᠠᠴᠠ ᠬᠡᠲᠦᠷᠡᠭᠦᠯᠵᠦ ᠪᠣᠯᠬᠤ ᠦᠭᠡᠢ᠃ ᠬᠡᠳᠦᠶᠢᠪᠡᠷ ᠪᠠᠭᠲᠠᠭᠠᠮᠵᠢ ᠨᠢ ᠬᠡᠲᠦᠷᠡᠭᠰᠡᠨ ᠰᠢᠲᠠᠮᠠᠬᠠᠢ ᠬᠡᠢ ᠶᠢᠨ ᠰᠠᠪᠠ ᠶᠢ ᠬᠡᠪ ᠤᠨ ᠪᠠᠶᠢᠳᠠᠯ ᠢᠶᠠᠷ ᠬᠡᠷᠡᠭᠯᠡᠵᠦ ᠪᠣᠯᠬᠤ ᠪᠣᠯᠪᠠᠴᠤ ᠳᠡᠯᠪᠡᠷᠡᠬᠦ ᠠᠶᠤᠯ ᠲᠠᠢ᠃       2. ᠰᠢᠲᠠᠮᠠᠬᠠᠢ ᠬᠡᠢ ᠶᠢᠨ ᠰᠠᠪᠠ ᠶᠢ ᠭᠡᠪᠳᠡᠭᠡᠵᠤ ᠨᠣᠴᠣᠭᠠᠬᠤ       ᠰᠢᠲᠠᠮᠠᠬᠠᠢ ᠬᠡᠢ ᠶᠢᠨ ᠰᠠᠪᠠ ᠨᠢ ᠪᠥᠭᠡᠷᠡᠩᠬᠡᠢ ᠪᠠᠭᠠᠨ᠎ᠠ ᠬᠡᠯᠪᠡᠷᠢᠲᠡᠢ᠂ ᠳᠠᠷᠤᠯᠲᠠ ᠪᠠᠭᠤᠷᠠᠭᠤᠯᠬᠤ ᠨᠡᠭᠡᠯᠡᠭᠡᠢ ᠶᠢ ᠤᠭᠰᠠᠷᠠᠪᠠᠯ ᠬᠦᠨᠳᠦᠴᠡ ᠶᠢ ᠨᠡᠮᠡᠭᠳᠡᠭᠦᠯᠳᠡᠭ᠃ ᠵᠢᠱᠢᠶᠡᠯᠡᠪᠡᠯ᠄ ᠰᠢᠲᠠᠮᠠᠬᠠᠢ ᠬᠡᠢ ᠶᠢᠨ ᠰᠠᠪᠠ ᠶᠢ ᠭᠠᠵᠠᠷ ᠳᠡᠭᠡᠷ᠎ᠡ ᠬᠡᠪᠲᠡᠭᠦᠯᠪᠡᠯ ᠳᠠᠷᠤᠯᠲᠠ ᠪᠠᠭᠤᠷᠠᠭᠤᠯᠬᠤ ᠨᠡᠭᠡᠯᠡᠭᠡᠢ ᠶᠢᠨ ᠬᠡᠢ ᠭᠠᠷᠭᠠᠬᠤ ᠠᠮᠠᠰᠠᠷ ᠨᠢ ᠭᠠᠵᠠᠷ ᠤᠨ ᠭᠠᠳᠠᠷᠭᠤ ᠵᠦᠭ ᠬᠠᠨᠳᠤᠵᠤ ᠰᠢᠳᠡᠨ᠎ᠡ᠃ ᠡᠭᠦᠨ ᠳᠤ ᠭᠠᠵᠠᠷ ᠤᠨ ᠭᠠᠳᠠᠷᠭᠤ ᠨᠢ ᠱᠦᠢᠨᠢ᠂ ᠯᠢᠴᠢᠩ᠂ ᠴᠢᠯᠠᠭᠤᠨ ᠬᠠᠪᠲᠠᠰᠤ ᠵᠡᠷᠭᠡ ᠪᠠᠶᠢᠪᠠᠯ ᠰᠢᠲᠠᠯᠲᠠ ᠶᠢᠨ ᠳᠤᠯᠠᠭᠠᠨ ᠤ ᠬᠡᠮᠵᠢᠶ᠎ᠡ ᠨᠢ ᠰᠠᠪᠠ ᠳᠡᠭᠡᠷ᠎ᠡ ᠰᠠᠴᠤᠷᠠᠭᠠᠳ ᠮᠠᠰᠢ ᠲᠦᠷᠭᠡᠨ ᠰᠢᠲᠠᠳᠠᠭ᠃       3. ᠬᠠᠯᠠᠭᠤᠨ ᠤᠰᠤ ᠪᠠᠷ ᠰᠢᠲᠠᠮᠠᠬᠠᠢ ᠬᠡᠢ ᠶᠢᠨ ᠰᠠᠪᠠ ᠶᠢ ᠬᠠᠯᠠᠭᠠᠬᠤ       ᠡᠪᠦᠯ ᠤᠨ ᠴᠠᠭ ᠲᠤ ᠰᠢᠩᠭᠡᠵᠢᠮᠠᠯ ᠬᠡᠢ ᠪᠠᠷ ᠭᠠᠯ ᠢ ᠬᠥᠭᠵᠢᠭᠡᠨ ᠪᠠᠳᠠᠷᠠᠭᠠᠬᠤ ᠶᠢᠨ ᠲᠥᠯᠥᠭᠡ ᠵᠠᠷᠢᠮ ᠬᠡᠷᠡᠭᠯᠡᠭᠴᠢ ᠬᠠᠯᠠᠭᠤᠨ ᠤᠰᠤ ᠪᠠᠷ ᠰᠢᠲᠠᠮᠠᠬᠠᠢ ᠬᠡᠢ ᠶᠢᠨ ᠰᠠᠪᠠ ᠶᠢ ᠬᠠᠯᠠᠭᠠᠳᠠᠭ᠃ ᠣᠨᠴᠠᠭᠠᠶᠢᠯᠠᠨ ᠭᠠᠯ ᠢᠶᠠᠷ ᠰᠢᠲᠠᠮᠠᠬᠠᠢ ᠬᠡᠢ ᠶᠢᠨ ᠰᠠᠪᠠ ᠶᠢ ᠬᠠᠯᠠᠭᠠᠪᠠᠯ ᠲᠡᠭᠦᠨ ᠤ ᠳᠣᠲᠣᠷ᠎ᠠ ᠪᠠᠶᠢᠪᠠᠰᠤ ᠵᠣᠬᠢᠬᠤ ᠬᠦᠴᠦᠯᠡᠴᠡ ᠶᠢ ᠠᠯᠳᠠᠭᠤᠯᠵᠤ ᠠᠮᠠᠷᠬᠠᠨ ᠳᠡᠯᠪᠡᠷᠡᠭᠦᠯᠳᠡᠭ᠃  
 
ᠢᠷᠡᠯᠲᠡ᠄ ᠠᠯᠠᠱᠠ ᠶᠢᠨ ᠡᠳᠦᠷ ᠤᠨ ᠰᠣᠨᠢᠨ᠂
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号