ᠡᠪᠦᠯ ᠤᠨ ᠴᠠᠭ ᠲᠤ  ᠡᠷᠡᠬᠦᠯ ᠮᠠᠨᠳᠦ ᠳᠤ  ᠳᠤᠰᠠᠳᠠᠢ ᠢᠳᠡᠰᠢᠨ ᠨᠤᠭᠤᠭ᠎ᠠ
ᠨᠡᠶᠢᠲᠡᠯᠡᠭᠰᠡᠨ ᠴᠠᠭ᠄
2023/12/31
 ᠠᠢ ᠯᠠᠨ              ᠡᠪᠦᠯ ᠬᠦᠮᠦᠰ ᠤᠨ  ᠪᠡᠶ᠎ᠠ ᠮᠠᠬᠠᠪᠤᠳ ᠲᠤ  ᠬᠤᠪᠢᠷᠠᠯᠳᠠ ᠭᠠᠷᠴᠤ᠂ ᠳᠠᠷᠤᠢ ᠪᠢᠯᠢᠭ ᠪᠠᠳᠠᠷᠠᠨ ᠠᠷᠭ᠎ᠠ ᠪᠠᠭᠤᠷᠠᠵᠤ ᠂ ᠬᠠᠭᠤᠴᠢᠨ ᠡᠪᠡᠳᠴᠢᠨ ᠬᠦᠳᠡᠯᠬᠦ ᠶᠢᠨ ᠳᠠᠭᠠᠤ ᠰᠢᠨ᠎ᠠ ᠡᠪᠡᠳᠴᠢᠨ ᠴᠦ  ᠳᠡᠯᠬᠡᠷᠡᠳᠡᠭ᠃  ᠠᠳᠡ ᠪᠢᠳᠠ ᠬᠦᠮᠦᠨ ᠤ  ᠪᠡᠶ᠎ᠠ ᠶᠢ ᠦᠯᠴᠢᠷ ᠪᠤᠯᠭᠠᠨ ᠡᠪᠡᠳᠴᠢᠨ ᠢ  ᠡᠰᠡᠷᠬᠦᠴᠡᠬᠦ ᠴᠢᠳᠠᠯ ᠢ  ᠨᠡᠮᠡᠭᠳᠡᠬᠦᠯᠳᠡᠭ ᠢᠳᠡᠰᠢᠨ ᠨᠤᠭᠤᠭ᠎ᠠ ᠶᠢ ᠳᠠᠨᠢᠯᠴᠠᠭᠤᠯᠤᠶ᠎ᠠ᠃       ᠯᠠᠵᠤᠤ  ᠪᠦᠯᠢᠶᠡᠨ ᠴᠢᠨᠠᠷ ᠲᠠᠢ᠂  ᠬᠦᠢᠳᠡᠨ  ᠎ ᠢ  ᠳᠠᠷᠬᠠᠭᠠᠨ᠂ ᠢᠳᠡᠰᠢᠨ ᠳᠤᠷᠠᠰᠢᠯ ᠢ  ᠨᠡᠮᠡᠭᠳᠡᠬᠦᠯᠵᠦ᠂ ᠰᠢᠩᠭᠡᠭᠡᠯᠳᠡ ᠶᠢ ᠰᠠᠶᠢᠵᠢᠷᠠᠭᠤᠯᠤᠨ᠎ᠠ᠃  ᠡᠪᠦᠯ ᠯᠠᠵᠤᠤ ᠢᠳᠡᠪᠡᠯ  ᠬᠢᠮᠤᠷᠠᠭ᠎ᠠ ᠪᠠ ᠬᠤᠶᠠᠩ ᠢ  ᠰᠡᠷᠬᠡᠶᠢᠯᠡᠳᠡᠭ᠃  ᠬᠡᠪᠡᠴᠦ  ᠮᠦᠬᠡᠷᠰᠦᠨ ᠬᠤᠭᠤᠯᠠᠢ ᠶᠢᠨ ᠦᠷᠪᠢᠰᠦᠯ᠂ ᠠᠭᠤᠰᠬᠢᠨ ᠰᠦᠷᠢᠶ᠎ᠠ᠂ ᠱᠠᠮᠪᠠᠷᠠᠮ᠂ ᠬᠤᠳᠤᠭᠤᠳᠤ ᠪᠠ ᠨᠤᠭᠤᠯᠤᠭᠤᠷ ᠬᠡᠳᠡᠰᠦᠨ ᠤ  ᠰᠢᠷᠬᠠᠯᠠᠭ᠎ᠠ ᠲᠠᠢ ᠬᠦᠮᠦᠨ ᠠᠷᠪᠢᠨ ᠢᠳᠡᠵᠦ ᠪᠤᠯᠬᠤ ᠦᠬᠡᠢ᠃       ᠰᠠᠷᠢᠮᠰᠠᠭ  ᠬᠤᠳᠤᠭᠤᠳᠤ ᠶᠢ ᠬᠠᠯᠠᠭᠤᠯᠤᠨ ᠳᠡᠯᠢᠬᠦᠦ ᠶᠢ ᠴᠢᠬᠢᠷᠠᠭᠵᠢᠭᠤᠯᠵᠤ᠂ ᠢᠳᠡᠬᠡᠨ ᠢ ᠰᠢᠩᠭᠡᠭᠡᠨ ᠬᠡᠢ ᠶᠢ ᠳᠡᠭᠰᠢᠳᠭᠡᠳᠡᠭ᠃  ᠦᠷᠬᠦᠯᠵᠢ ᠰᠠᠷᠢᠮᠰᠠᠭ ᠢᠳᠡᠪᠡᠯ ᠰᠢᠬᠢᠷ ᠰᠢᠵᠢᠩ ᠡᠪᠡᠳᠴᠢᠨ᠂ ᠲᠢᠳᠢᠮ  ᠵᠢᠷᠦᠬᠡ ᠰᠤᠳᠠᠯ ᠤᠨ ᠡᠪᠡᠳᠴᠢᠨ᠂ ᠳᠠᠷᠢᠬᠢᠨ ᠤ  ᠴᠢᠰᠦᠨ ᠪᠦᠯᠦᠩ ᠪᠠ ᠬᠤᠳᠤᠭᠤᠳᠤᠨ ᠦᠮᠡᠨ ᠵᠡᠷᠬᠡ ᠶᠢ  ᠰᠡᠷᠬᠡᠶᠢᠯᠡᠨ᠎ᠠ᠃      ᠰᠤᠩᠬᠢᠨ᠎ᠠ  ᠠᠭᠤᠰᠬᠢᠨ ᠬᠠᠯᠠᠭᠤᠨ ᠢ  ᠠᠷᠢᠯᠭᠠᠨ ᠬᠤᠳᠤᠭᠤᠳᠤ ᠶᠢ ᠰᠠᠶᠢᠵᠢᠷᠠᠭᠤᠯᠵᠤ ᠴᠢᠰᠤᠨ ᠰᠤᠳᠠᠯ ᠢ  ᠵᠦᠭᠡᠯᠡᠷᠡᠬᠦᠯᠬᠦ ᠦᠢᠯᠡᠳᠦᠯ ᠲᠠᠢ᠃  ᠡᠪᠦᠯ ᠰᠤᠩᠬᠢᠨ᠎ᠠ ᠠᠷᠪᠢᠨ ᠢᠳᠡᠪᠠᠯ ᠠᠮᠢᠰᠬᠤᠯ ᠤᠨ  ᠵᠠᠮ᠂  ᠰᠢᠩᠭᠡᠭᠡᠯᠳᠡ ᠶᠢᠨ ᠵᠠᠮ ᠎ ᠤᠨ  ᠡᠪᠡᠳᠴᠢᠨ ᠢ ᠰᠡᠷᠬᠡᠶᠢᠯᠡᠬᠦ ᠪᠠ ᠳᠢᠳᠢᠮ ᠵᠢᠷᠦᠬᠡ ᠰᠤᠳᠠᠯ ᠤᠨ ᠡᠪᠡᠳᠴᠢᠨ ᠳᠤ  ᠵᠠᠰᠠᠯ ᠪᠤᠯᠤᠨ᠎ᠠ᠃       ᠪᠦᠬᠡᠷᠡᠩᠬᠡᠢ ᠰᠤᠩᠬᠢᠨ᠎ᠠ  ᠠᠭᠤᠰᠬᠢ ᠶᠢ ᠪᠦᠯᠢᠶᠡᠳᠬᠡᠨ ᠴᠡᠷ ᠢ  ᠬᠤᠪᠬᠤᠯᠵᠤ᠂ ᠬᠤᠤᠷ᠎ᠠ ᠶᠢ ᠳᠠᠶᠢᠯᠤᠨ ᠬᠠᠪᠤᠳᠠᠷ ᠎ ᠢ  ᠬᠠᠷᠢᠭᠤᠯᠵᠤ᠂ ᠴᠢᠰᠤᠨ ᠰᠤᠳᠠᠯ ᠢ  ᠵᠦᠬᠡᠯᠡᠷᠡᠬᠦᠯᠳᠡᠭ᠃ ᠬᠢᠮᠤᠷᠠᠭ᠎ᠠ᠂ ᠦᠶ᠎ᠠ ᠶᠢᠨ ᠦᠷᠪᠢᠰᠦᠯ᠂ ᠴᠢᠰᠦᠨ ᠳᠠᠷᠤᠯᠳᠠ ᠦᠨᠳᠦᠷᠵᠢᠬᠦ᠂  ᠠᠷᠲ᠋ᠧᠷᠢ ᠶᠢᠨ ᠠᠭᠰᠢᠯᠳᠠ᠂ ᠲᠢᠳᠢᠮ ᠵᠢᠷᠦᠬᠡ ᠰᠤᠳᠠᠯ ᠤᠨ  ᠡᠪᠡᠳᠴᠢᠨ ᠪᠠ ᠴᠢᠰᠦᠨ ᠰᠤᠳᠠᠯ ᠳᠠᠭᠵᠢᠷᠠᠬᠤ ᠳᠤ ᠵᠠᠰᠠᠯ ᠪᠤᠯᠤᠨ᠎ᠠ᠃        ᠯᠤᠤᠪᠠᠨᠭ᠌   ᠬᠠᠨᠢᠶᠠᠳᠤ ᠶᠢ ᠵᠤᠭᠰᠤᠭᠠᠨ ᠴᠡᠷ ᠢ  ᠬᠠᠶᠢᠯᠤᠭᠤᠯᠵᠤ᠂  ᠠᠭᠰᠠᠭ᠎ᠠ ᠶᠢ  ᠳᠠᠷᠤᠨ  ᠬᠠᠯᠠᠭᠤᠨ ᠢ  ᠪᠠᠭᠤᠷᠠᠭᠤᠯᠵᠤ᠂  ᠬᠤᠤᠷ᠎ᠠ ᠶᠢ ᠳᠠᠶᠢᠯᠤᠨ ᠴᠢᠰᠤᠨ ᠤ  ᠳᠤᠰᠤᠯᠢᠭ ᠢ  ᠳᠤᠷᠤᠭᠰᠢᠯᠠᠭᠤᠯᠳᠠᠭ᠃  ᠦᠷᠬᠦᠯᠵᠢ ᠯᠤᠤᠪᠠᠨᠭ᠌ ᠢᠳᠡᠪᠡᠯ ᠴᠡᠷ ᠲᠠᠢ ᠬᠠᠨᠢᠶᠠᠯᠭᠠᠬᠤ᠂ ᠴᠢᠰᠦ ᠲᠠᠢ ᠬᠠᠨᠢᠶᠠᠯᠭᠠᠬᠤ᠂  ᠠᠷᠲ᠋ᠧᠷᠢ ᠶᠢᠨ ᠠᠭᠰᠢᠯᠳᠠ᠂  ᠲᠢᠳᠢᠮ ᠵᠢᠷᠦᠬᠡ ᠰᠤᠳᠠᠯ ᠎ ᠤᠨ  ᠡᠪᠡᠳᠴᠢᠨ ᠪᠠ ᠰᠦᠰᠦᠨ ᠤ  ᠴᠢᠯᠠᠭᠤᠰᠢᠷᠠᠯ ᠢ  ᠰᠡᠷᠬᠡᠶᠢᠯᠡᠬᠦ ᠦᠢᠯᠡᠳᠦᠯ ᠲᠠᠢ᠃         ᠬᠤ᠋ ᠯᠤᠤᠪᠠᠨᠭ᠌  ᠳᠡᠯᠢᠬᠦᠦ ᠶᠢ ᠲᠦᠯᠦᠵᠢᠬᠦᠯᠦᠨ ᠬᠤᠳᠤᠭᠤᠳᠦ ᠶᠢ ᠴᠢᠬᠢᠷᠠᠭᠵᠢᠭᠤᠯᠵᠤ᠂  ᠬᠠᠯᠠᠭᠤᠨ ᠢ  ᠬᠦᠬᠡᠬᠡᠨ ᠬᠠᠷᠠᠭ᠎ᠠ ᠶᠢ  ᠰᠠᠷᠠᠭᠤᠯᠵᠢᠭᠤᠯᠳᠠᠭ᠃  ᠬᠤ᠋ ᠯᠤᠤᠪᠠᠨᠭ᠌ ᠢᠳᠡᠪᠡᠯ ᠬᠤᠷᠭᠤᠰᠤ ᠬᠠᠳᠠᠬᠤ᠂ ᠴᠢᠰᠤᠨ ᠳᠠᠷᠤᠯᠳᠠ ᠦᠨᠳᠦᠷᠵᠢᠬᠦ᠂ ᠳᠠᠬᠢᠶᠠᠨ ᠬᠠᠷᠠᠩᠭᠤ᠂ ᠠᠮᠢᠰᠬᠤᠯ ᠤᠨ  ᠵᠠᠮ  ᠦᠷᠪᠢᠰᠬᠦ᠂  ᠠᠭᠤᠰᠬᠢᠨ ᠦᠮᠡᠨ ᠵᠡᠷᠬᠡ  ᠡᠪᠡᠳᠴᠢᠨ ᠢ  ᠰᠡᠷᠬᠡᠶᠢᠯᠡᠬᠦ ᠪᠠ ᠵᠠᠰᠠᠨ᠎ᠠ᠃         ᠴᠠᠭᠠᠨ ᠨᠤᠭᠤᠭ᠎ᠠ  ᠬᠤᠳᠤᠭᠤᠳᠤ ᠶᠢ ᠳᠡᠵᠢᠬᠡᠨ ᠤᠮᠳᠠ ᠳᠠᠷᠤᠵᠤ᠂ ᠰᠢᠬᠡᠯᠬᠡᠨ  ᠦᠳᠬᠡᠨ ᠮᠦᠷ  ᠎ ᠢ  ᠨᠡᠪᠳᠡᠷᠡᠬᠦᠯᠬᠦ ᠪᠠ ᠬᠠᠯᠠᠭᠤᠨ ᠢ  ᠠᠷᠢᠯᠭᠠᠨ ᠴᠡᠷ ᠲᠠᠢ ᠬᠠᠨᠢᠶᠠᠯᠭᠠᠬᠤ᠂ ᠰᠢᠬᠡᠰᠦᠨ ᠰᠦᠪᠡ ᠦᠷᠪᠢᠰᠬᠦ᠂ ᠬᠤᠨᠭᠤᠰᠤ ᠬᠠᠳᠠᠬᠤ᠂  ᠡᠯᠢᠬᠡᠨ ᠦᠷᠪᠢᠰᠦᠯ ᠵᠡᠷᠬᠡ ᠡᠪᠡᠳᠴᠢᠨ ᠢ  ᠰᠡᠷᠬᠡᠶᠢᠯᠡᠵᠦ ᠵᠠᠰᠠᠨ᠎ᠠ᠃         ᠪᠦᠬᠡᠷᠡᠩᠬᠡᠢ ᠴᠠᠭᠠᠨ ᠨᠤᠭᠤᠭ᠎ᠠ    ᠬᠤᠳᠤᠭᠤᠳᠤ ᠪᠦᠬᠡᠷ᠎ᠠ ᠶᠢ ᠴᠢᠬᠢᠷᠠᠭᠵᠢᠭᠤᠯᠵᠤ᠂ ᠰᠤᠳᠠᠯ ᠢ  ᠨᠡᠪᠳᠡᠷᠡᠬᠦᠯᠦᠨ ᠶᠠᠰᠤ ᠶᠢ ᠰᠢᠮᠡᠵᠢᠬᠦᠯᠵᠦ᠂  ᠳᠠᠷᠢᠬᠢ ᠨᠤᠭᠤᠰᠦ ᠶᠢ ᠰᠠᠶᠢᠵᠢᠷᠠᠭᠤᠯᠳᠠᠭ᠃  ᠡᠪᠦᠯ ᠭᠠᠷᠠᠭ ᠲᠤ ᠨᠢᠬᠡ ᠤᠳᠠᠭ᠎ᠠ  ᠪᠦᠬᠡᠷᠡᠩᠬᠡᠢ ᠴᠠᠭᠠᠨ ᠨᠤᠭᠤᠭ᠎ᠠ ᠶᠢᠨ ᠵᠠᠭᠤᠰᠢ ᠢᠳᠡᠪᠡᠯ ᠡᠪᠡᠳᠴᠢᠨ  ᠡᠮᠬᠡᠭ ᠢ  ᠰᠡᠷᠬᠡᠶᠢᠯᠡᠬᠦ ᠦᠢᠯᠡᠳᠦᠯ ᠲᠠᠢ ᠶᠤᠮ᠃        ᠬᠠᠶᠢᠳᠠᠢ    ᠴᠡᠷ ᠢ  ᠬᠤᠪᠬᠤᠯᠤᠨ ᠶᠠᠪᠤᠳᠠᠯ ᠮᠦᠷ ᠢ  ᠨᠡᠪᠳᠡᠷᠡᠬᠦᠯᠵᠦ᠂ ᠴᠢᠰᠦᠨ ᠳᠠᠷᠤᠯᠳᠠ ᠶᠢ  ᠪᠠᠭᠤᠷᠠᠭᠤᠯᠳᠠᠭ᠃  ᠦᠷᠬᠦᠯᠵᠢ ᠬᠠᠶᠢᠳᠠᠢ ᠢᠳᠡᠪᠡᠯ ᠬᠠᠨᠢᠶᠠᠯᠭᠠᠬᠤ᠂  ᠤᠰᠤᠨ ᠬᠠᠪᠤᠡᠭ᠂ ᠴᠢᠰᠤᠨ ᠳᠠᠷᠤᠯᠳᠠ ᠦᠨᠳᠦᠷᠵᠢᠬᠦ᠂ ᠲᠢᠳᠢᠮ ᠵᠢᠷᠦᠬᠡ ᠰᠤᠳᠠᠯ ᠤᠨ  ᠡᠪᠡᠳᠴᠢᠨ᠂  ᠴᠢᠰᠦ ᠦᠵᠢᠷᠡᠬᠦ ᠡᠪᠡᠳᠴᠢᠨ᠂ ᠶᠠᠰᠤ ᠡᠪᠡᠳᠬᠦ ᠵᠡᠷᠬᠡ ᠡᠪᠡᠳᠴᠢᠨ ᠢ  ᠰᠡᠷᠬᠡᠶᠢᠯᠡᠨ ᠵᠠᠰᠠᠳᠠᠭ᠃          ᠮᠦᠬᠦ    ᠳᠡᠯᠢᠬᠦᠦ ᠶᠢ ᠰᠠᠶᠢᠵᠢᠷᠠᠭᠤᠯᠤᠨ  ᠬᠡᠢ ᠶᠢ ᠳᠡᠭᠰᠢᠳᠭᠡᠵᠦ᠂ ᠴᠡᠷ ᠢ  ᠬᠠᠶᠢᠯᠤᠭᠤᠯᠤᠨ  ᠢᠳᠡᠰᠢᠨ ᠳᠤᠷᠠᠰᠢᠯ ᠢ  ᠨᠡᠮᠡᠭᠳᠡᠬᠦᠯᠦᠨ᠎ᠠ᠃ ᠮᠦᠬᠦ ᠢᠳᠡᠪᠡᠯ ᠬᠠᠨᠢᠶᠠᠯᠭᠠᠬᠤ᠂  ᠴᠡᠷ ᠠᠷᠪᠢᠳᠤᠨ ᠴᠡᠬᠡᠵᠢ ᠳᠦᠬᠦᠷᠬᠦ᠂  ᠳᠠᠮᠢᠷᠳᠠᠬᠤ ᠶᠢ ᠵᠠᠰᠠᠳᠠᠭ ᠪᠦᠬᠡᠳ ᠠᠭᠤᠰᠬᠢᠨ ᠦᠮᠡᠨ ᠢ  ᠰᠡᠷᠬᠡᠶᠢᠯᠡᠬᠦ ᠦᠢᠯᠡᠳᠦᠯ ᠲᠠᠢ᠃             ᠢᠷᠡᠯᠳᠡ᠄ ︽ᠰᠢᠨᠵᠢᠯᠡᠬᠦ ᠤᠬᠠᠭᠠᠨ  ︾ ᠰᠡᠳᠭᠦᠯ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号