ᠡᠪᠦᠯ ᠤᠨ ᠤᠮᠪᠠᠯᠳᠠ
ᠨᠡᠶᠢᠲᠡᠯᠡᠭᠰᠡᠨ ᠴᠠᠭ᠄
2023/12/31
    ᠡᠪᠦᠯ ᠤᠨ ᠤᠮᠪᠠᠯᠲᠠ ᠪᠣᠯ ᠡᠪᠦᠯ ᠤᠨ ᠬᠦᠢᠲᠡᠨ ᠳᠤ ᠭᠤᠣᠯ ᠪᠣᠶᠣ ᠭᠠᠳᠠᠨᠠᠬᠢ ᠤᠮᠪᠠᠯᠲᠠ ᠶᠢᠨ ᠭᠠᠵᠠᠷ ᠤᠮᠪᠠᠭ᠋ᠤ ᠶᠢ ᠬᠡᠯᠡᠳᠡᠭ᠃ ᠶᠡᠷᠦᠩᠬᠡᠢ ᠳᠤ ᠪᠠᠨ ᠤᠰᠤᠨ ᠤ ᠲᠤᠯᠠᠭᠠᠨ 10 ᠭᠷᠡᠳᠦ᠋ᠰ ᠪᠣᠶᠣ ᠡᠭᠦᠨ ᠠᠴᠠ ᠳᠣᠣᠷ᠎ᠠ ᠪᠠᠶᠢᠳᠠᠭ᠃ ᠶᠠᠷᠢᠶᠠᠨ ᠦᠭᠡᠢ ᠬᠠᠮᠤᠭ ᠬᠦᠢᠲᠡᠨ ᠳᠤ ᠪᠠᠨ 0 ᠭᠷᠡᠳᠦ᠋ᠰ ᠬᠦᠷᠴᠤ ᠬᠠᠮᠤᠭ ᠬᠡᠴᠡᠭᠦᠦ ᠪᠠᠶᠢᠳᠠᠯ ᠳᠤ ᠣᠷᠣᠳᠠᠭ᠃      ᠡᠪᠦᠯ ᠤᠨ ᠤᠮᠪᠠᠯᠲᠠ ᠬᠢᠬᠦ ᠳᠤ ᠵᠣᠷᠢᠭ ᠰᠦᠰᠤ ᠪᠠ ᠴᠠᠭ ᠬᠡᠷᠡᠭᠲᠡᠢ᠃ ᠠᠩᠬ᠎ᠠ ᠤᠮᠪᠠᠭ᠋ᠤ ᠭᠡᠵᠤ ᠪᠠᠶᠢᠭ᠎ᠠ ᠬᠦᠮᠦᠰ ᠵᠤᠨ ᠠᠴᠠ ᠨᠠᠮᠤᠷ᠂ ᠨᠠᠮᠤᠷ ᠠᠴᠠ ᠡᠪᠦᠯ ᠪᠣᠯᠬᠤ ᠰᠢᠯᠵᠢᠯᠲᠡ ᠶᠢᠨ ᠬᠤᠭᠤᠴᠠᠭ᠎ᠠ ᠳᠤ ᠵᠠᠪᠠᠯ ᠡᠳᠤᠷ ᠡᠳᠦᠷ ᠤᠮᠪᠠᠭ᠋ᠤ ᠶᠢ ᠪᠠᠷᠢᠮᠲᠠᠯᠠᠵᠤ ᠢᠳᠡᠭ ᠢᠳᠡᠭ ᠢᠶᠠᠷ ᠤᠰᠤᠨ ᠤ ᠬᠦᠢᠲᠠᠷᠡᠯᠲᠡ ᠳᠤ ᠳᠠᠰᠬᠤ ᠬᠡᠷᠡᠭᠲᠡᠢ᠃ ᠬᠦᠢᠲᠡᠷᠡᠵᠤ ᠪᠠᠶᠢᠭ᠎ᠠ ᠬᠤᠭᠤᠴᠠᠭᠠᠨ ᠳᠤ ᠳᠠᠷᠤᠢ ᠨᠠᠮᠤᠷ ᠠᠴᠠ ᠡᠪᠦᠯ ᠪᠣᠯᠬᠤ ᠬᠤᠭᠤᠴᠠᠭᠠᠨ ᠳᠤ ᠤᠮᠪᠠᠭ᠋ᠤ ᠴᠠᠭ ᠢᠶᠠᠨ ᠥᠪᠡᠷ ᠤᠨ ᠪᠡᠶ᠎ᠡ ᠎ ᠶᠢᠨ ᠪᠠᠶᠢᠳᠠᠯ ᠲᠠᠢ ᠪᠠᠨ ᠵᠤᠬᠢᠴᠠᠭᠤᠯᠵᠦ ᠢᠳᠡᠭ ᠢᠳᠡᠭ ᠢᠶᠠᠷ ᠬᠠᠰᠤᠵᠤ ᠪᠠᠭᠠᠰᠬᠠᠬᠤ ᠬᠡᠷᠡᠭᠲᠡᠢ᠃ ᠶᠢᠰᠦ ᠶᠢᠨ ᠬᠦᠢᠲᠡᠨ ᠪᠣᠯᠬᠤ ᠦᠶ᠎ᠡ ᠳᠤ ᠪᠠᠷᠤᠭ ᠯᠠ ᠬᠡᠳᠦᠬᠡᠨ ᠮᠢᠨᠦ᠋ᠲ ᠤᠮᠪᠠᠭ᠋ᠤ ᠪᠣᠯᠳᠠᠭ᠃ ᠲᠤᠰᠬᠠᠢ ᠡᠪᠦᠯ ᠤᠨ ᠤᠮᠪᠠᠯᠲᠠ ᠶᠢᠨ ᠭᠠᠵᠠᠷ ᠨᠢ ᠰᠠᠪᠤᠩ ᠤᠨ ᠥᠷᠥᠭᠡ ᠪᠠᠶᠢᠳᠠᠭ᠃ ᠬᠠᠷᠠᠵᠠᠨ ᠤ ᠣᠰᠤᠨ ᠳᠤ ᠤᠮᠪᠠᠭᠠᠳ ᠪᠠᠷᠤᠭ ᠬᠥᠯᠳᠡᠬᠦ ᠰᠢᠬᠠᠭᠠᠳ ᠬᠠᠯᠠᠭᠤᠨ ᠰᠠᠪᠤᠩ ᠤᠨ ᠦᠷᠦᠭᠡᠨ ᠳᠤ ᠣᠷᠣᠵᠤ ᠶᠡᠭᠡ ᠬᠦᠯᠦᠷᠦᠭᠡᠳ ᠳᠠᠬᠢᠨ ᠭᠠᠷᠴᠤ ᠬᠦᠢᠲᠡᠨ ᠤᠰᠤᠨ ᠳᠤ ᠤᠷᠤᠨ᠎ᠠ᠃ ᠲᠠᠷᠠᠭ᠎ᠠ ᠨᠢ ᠡᠷᠭᠢᠭᠡᠳ ᠰᠠᠪᠤᠩ ᠤᠨ ᠥᠷᠥᠭᠡᠨ ᠳᠤ ᠪᠠᠨ ᠣᠷᠣᠳᠠᠭ᠃ ᠡᠨᠡ ᠦᠢᠯᠡ ᠶᠢ ᠳᠠᠬᠢᠨ ᠳᠠᠪᠲᠠᠨ ᠬᠢᠵᠤ ᠪᠣᠯᠣᠨ᠎ᠠ᠃ ᠭᠡᠪᠡᠴᠤ ᠪᠡᠶ᠎ᠡ ᠶᠢᠨ ᠪᠠᠶᠢᠳᠠᠯ ᠢᠶᠠᠨ ᠦᠨᠳᠦᠰᠦᠯᠡᠬᠦ ᠬᠡᠷᠡᠭᠲᠡᠢ᠃ ᠳᠠᠭᠠᠷᠠᠵᠤ ᠬᠠᠯᠠᠭᠰᠠᠨ ᠠᠴᠠ ᠪᠣᠯᠵᠤ ᠴᠢᠰᠤᠨ ᠰᠤᠳᠠᠯ ᠲᠡᠯᠡᠵᠤ ᠠᠪᠴᠢᠨ ᠶᠡᠭᠡ ᠡᠨᠧᠷᠭᠢ ᠵᠠᠷᠤᠴᠠᠭᠤᠯᠳᠠᠭ᠃ ᠡᠨᠡ ᠨᠢ ᠳᠠᠷᠤᠢ ᠬᠦᠮᠦᠰ ᠤᠨ ᠶᠠᠷᠢᠭᠠᠳ ᠪᠠᠶᠢᠳᠠᠭ ᠴᠢᠰᠤᠨ ᠰᠤᠳᠠᠯ ᠤᠨ ᠲᠠᠮᠢᠷ ᠪᠣᠯᠣᠨ᠎ᠠ᠃      ᠪᠡᠶ᠎ᠡ ᠶᠢᠨ ᠡᠷᠡᠬᠦᠯ ᠴᠢᠬᠢᠷᠠᠭ ᠤᠨ ᠲᠦᠯᠦᠭᠡ ᠮᠠᠰᠢ ᠤᠯᠠᠨ ᠬᠦᠮᠦᠰ ᠡᠪᠤᠯ ᠤᠨ ᠤᠮᠪᠠᠯᠳᠠ ᠬᠢᠳᠡᠭ ᠪᠤᠯᠤᠭᠰᠠᠨ ᠪᠠᠶᠢᠨ᠎ᠠ᠃ ᠲᠡᠭᠡᠪᠡᠯ ᠲᠠᠨᠠᠷ ᠶᠠᠭᠠᠬᠢᠭᠠᠳ ᠡᠪᠦᠯ ᠤᠮᠪᠠᠳᠠᠭ ᠪᠣᠢ︖ ᠶᠠᠮᠠᠷ ᠬᠡᠷᠡᠭᠴᠡᠭᠡᠳᠡᠢ ᠪᠤᠢ︖ ᠭᠡᠵᠤ ᠪᠣᠳᠤᠬᠤ ᠮᠠᠭᠠᠳ᠃ ᠡᠪᠦᠯ ᠤᠨ ᠤᠮᠪᠠᠯᠲᠠ ᠨᠢ ᠬᠦᠮᠦᠰ ᠤᠨ ᠪᠡᠶ᠎ᠡ ᠮᠠᠬᠠᠪᠤᠳ ᠲᠤ ᠮᠠᠰᠢ ᠰᠠᠶᠢᠨ ᠡᠶᠡᠷᠭᠦ ᠡᠨᠧᠷᠭᠢ ᠥᠭᠳᠡᠭ ᠮᠦᠷᠲᠡᠭᠡᠨ ᠮᠠᠰᠢ ᠣᠯᠠᠨ ᠠᠰᠢᠭ ᠲᠤᠰᠠ ᠶᠢ ᠨᠢ ᠬᠦᠷᠳᠡᠭᠡᠳᠡᠭ᠃        ᠡᠪᠦᠯ ᠤᠨ ᠤᠮᠪᠠᠯᠲᠠ ᠨᠢ ᠬᠦᠮᠦᠰ ᠤᠨ ᠵᠢᠷᠦᠬᠡ ᠴᠢᠰᠤᠨ ᠰᠤᠳᠠᠯ ᠤᠨ ᠴᠢᠳᠠᠮᠵᠢ ᠶᠢ ᠳᠡᠭᠡᠭᠰᠢᠯᠡᠭᠦᠯᠦᠨ᠎ᠡ᠃ ᠤᠮᠪᠠᠵᠤ ᠪᠠᠶᠢᠭ᠎ᠠ ᠦᠶ᠎ᠡ ᠳᠤ ᠬᠦᠢᠲᠡᠨ ᠤᠰᠤᠨ ᠤ ᠰᠡᠲᠡᠯᠲᠡ ᠠᠴᠠ ᠪᠣᠯᠵᠤ ᠭᠠᠳᠠᠨᠠᠬᠢ ᠠᠷᠠᠰᠤᠨ ᠤ ᠴᠢᠰᠤᠨ ᠰᠤᠳᠠᠯ ᠦᠳᠳᠡᠷ ᠲᠦᠷᠭᠡᠨ ᠠᠪᠴᠢᠵᠤ᠂ ᠴᠢᠰᠤᠨ ᠤ ᠡᠷᠭᠢᠯᠲᠡ ᠲᠦᠷᠭᠡᠰᠴᠤ᠂ ᠪᠡᠶ᠎ᠡ ᠶᠢᠨ ᠡᠷᠬᠡᠲᠡᠨ ᠤ ᠴᠤᠯᠤ ᠰᠠᠪᠠᠨ ᠳᠤ ᠰᠤᠷᠤᠭᠳᠠᠵᠤ ᠬᠤᠷᠠᠳᠠᠭ᠂ ᠡᠨᠡ ᠦᠶ᠎ᠡ ᠳᠤ ᠳᠣᠲᠣᠷ᠎ᠠ ᠡᠷᠬᠡᠲᠡᠨ ᠤ ᠴᠢᠰᠦᠨ ᠰᠤᠳᠠᠯ ᠨᠢ ᠲᠡᠯᠡᠳᠡᠭ᠃ ᠤᠰᠤᠨ ᠠᠴᠠ ᠭᠠᠷᠤᠭᠠᠳ ᠬᠠᠯᠠᠭᠤᠨ ᠭᠡᠷ ᠪᠣᠶᠣ ᠰᠠᠪᠤᠩ ᠤᠨ ᠦᠷᠦᠭᠡᠨ ᠳᠤ ᠣᠷᠣᠬᠤ ᠳᠤ ᠭᠠᠳᠠᠨᠠᠬᠢ ᠴᠢᠰᠤᠨ ᠰᠤᠳᠠᠯ ᠬᠡᠪ ᠤᠨ ᠪᠠᠶᠢᠳᠠᠯ ᠳᠤ ᠪᠠᠨ ᠣᠷᠣᠭᠠᠳ ᠴᠢᠰᠤ ᠳᠣᠲᠣᠷ᠎ᠠ ᠡᠷᠬᠡᠲᠡᠨ ᠠᠴᠠ ᠭᠠᠳᠠᠭᠰᠢ ᠢᠶᠠᠨ ᠤᠷᠤᠰᠳᠠᠭ᠃ ᠡᠨᠡ ᠬᠤᠭᠤᠷᠤᠨᠳᠤ ᠴᠢᠰᠤᠨ ᠰᠤᠳᠠᠯ ᠶᠠᠭ ᠲᠡᠯᠡᠵᠤ ᠠᠪᠴᠢᠬᠤ ᠬᠦᠳᠡᠯᠭᠡᠭᠡᠨ ᠬᠢᠳᠡᠭ ᠪᠠᠶᠢᠨ᠎ᠠ᠃ ᠬᠦᠮᠦᠰ ᠡᠭᠦᠨ ᠢ ᠴᠢᠰᠤᠨ ᠰᠤᠳᠠᠯ ᠤᠨ ᠲᠠᠮᠢᠷ ᠭᠡᠵᠤ ᠬᠡᠯᠡᠳᠡᠭ᠃ ᠲᠡᠶᠢᠮᠦ ᠠᠴᠠ ᠡᠪᠦᠯ ᠤᠨ ᠤᠮᠪᠠᠯᠲᠠ ᠬᠢᠳᠡᠭ ᠬᠦᠮᠦᠰ ᠤᠨ ᠴᠢᠰᠤᠨ ᠤ ᠡᠷᠭᠢᠯᠲᠡ ᠮᠠᠰᠢ ᠰᠠᠶᠢᠨ ᠪᠠᠶᠢᠳᠠᠭ᠃ ᠪᠠᠷᠤᠭ ᠵᠢᠷᠦᠬᠡ ᠴᠢᠰᠤᠨ ᠰᠤᠳᠠᠯ ᠤᠨ ᠬᠠᠮᠢᠶ᠎ᠠ ᠲᠠᠢ ᠡᠪᠡᠳᠴᠢᠨ ᠳᠤ ᠨᠡᠷᠪᠡᠭᠳᠡᠳᠡᠭ ᠦᠭᠡᠢ᠃        ᠡᠪᠤᠯ ᠤᠨ ᠤᠮᠪᠠᠯᠲᠠ ᠨᠢ ᠪᠠᠰᠠ ᠪᠡᠶ᠎ᠡ ᠶᠢᠨ ᠳᠣᠲᠣᠭᠠᠳᠤ ᠡᠷᠬᠡᠲᠡᠨ ᠵᠢᠷᠦᠬᠡ᠂ ᠡᠯᠢᠭᠡ᠂ ᠠᠭᠤᠰᠭᠢ ᠵᠡᠷᠭᠡ ᠶᠢᠨ ᠴᠢᠰᠤᠨ ᠤ ᠬᠠᠩᠭᠠᠯᠲᠠ ᠶᠢ ᠨᠡᠮᠡᠭᠳᠡᠭᠦᠯᠵᠦ᠂ ᠴᠢᠰᠤᠨ ᠤ ᠡᠷᠭᠢᠯᠲᠡ ᠶᠢ ᠳᠠᠭᠠᠯᠳᠣᠨ ᠶᠡᠭᠡ ᠬᠡᠮᠵᠢᠶᠡᠨ ᠤ ᠬᠦᠴᠢᠯᠳᠦ᠋ᠷᠦᠭᠴᠢ ᠶᠢ ᠶᠡᠭᠡ ᠳᠠᠷᠢᠬᠢᠨ ᠤ ᠡᠰ ᠲᠤ ᠬᠦᠷᠭᠡᠵᠤ ᠮᠡᠳᠡᠷᠡᠯ ᠤᠨ ᠰᠢᠰᠲ᠋ᠧᠮ ᠤᠨ ᠶᠠᠳᠠᠷᠠᠭ᠎ᠠ ᠶᠢ ᠦᠭᠡᠶᠢᠰᠭᠡᠳᠡᠭ᠃        ᠡᠪᠦᠯ ᠤᠨ ᠣᠮᠪᠠᠯᠲᠠ ᠨᠢ ᠶᠡᠭᠡ ᠬᠡᠮᠵᠢᠶᠡᠨ ᠤ ᠡᠨᠧᠷᠭᠢ ᠵᠠᠷᠤᠴᠠᠭᠤᠯᠳᠠᠭ ᠤᠴᠢᠷ ᠠᠴᠠ ᠬᠦᠮᠦᠰ ᠤᠨ  ᠬᠤᠳᠤᠭᠤᠳᠤ ᠭᠡᠳᠡᠰᠤᠨ ᠤ ᠠᠵᠢᠯᠯᠠᠭ᠎ᠠ ᠶᠢ ᠰᠠᠶᠢᠵᠢᠷᠠᠭᠤᠯᠵᠤ ᠰᠢᠩᠭᠡᠭᠡᠯᠳᠡ ᠪᠤᠯᠪᠠᠰᠤᠷᠠᠭᠤᠯᠤᠯᠳᠠ ᠳᠤ ᠰᠠᠶᠢᠨ ᠨᠥᠯᠥᠭᠡ ᠲᠠᠢ᠃        ᠡᠪᠦᠯ ᠤᠨ ᠤᠮᠪᠠᠯᠲᠠ ᠮᠠᠰᠢ ᠣᠯᠠᠨ ᠠᠰᠢᠭᠲᠠᠢ ᠲᠠᠯ᠎ᠠ ᠪᠣᠢ᠃ ᠡᠪᠤᠯ ᠤᠨ ᠤᠮᠪᠠᠯᠳᠠ ᠤᠳᠠᠭᠠᠨ ᠬᠢᠭᠰᠡᠨ ᠬᠦᠮᠦᠰ ᠤᠨ ᠨᠢᠳᠦᠨ ᠤ ᠣᠶᠢᠷ᠎ᠠ ᠬᠠᠷᠠᠭ᠎ᠠ ᠡᠳᠡᠭᠡᠷᠡᠭᠰᠡᠨ᠂ ᠬᠠᠮᠠᠷ ᠤᠨ ᠦᠷᠪᠢᠰᠦᠯ ᠨᠢ ᠡᠳᠡᠭᠡᠷᠡᠭᠰᠡᠨ᠂ ᠦᠶ᠎ᠡ ᠭᠡᠰᠢᠭᠦᠦ ᠶᠢᠨ ᠡᠪᠡᠳᠴᠢᠨ ᠎ ᠨᠢ ᠡᠳᠡᠭᠡᠷᠡᠭᠰᠡᠨ᠂ ᠲᠡᠭᠡᠪᠡᠯ ᠪᠠᠰᠠ ᠴᠢᠰᠤᠨ ᠰᠢᠬᠢᠷ ᠥᠨᠳᠥᠷ᠂ ᠴᠢᠰᠤᠨ ᠥᠭᠡᠬᠦ ᠦᠨᠳᠦᠷ ᠬᠦᠮᠦᠰ ᠴᠦᠮ ᠵᠦᠭᠡᠷ ᠪᠣᠯᠣᠭᠰᠠᠨ ᠵᠢᠱᠢᠶ᠎ᠡ ᠵᠦᠩᠳᠡᠭᠡᠨ ᠪᠣᠢ᠃        ᠣᠳᠣᠬᠠᠨ ᠳᠤ ᠤᠯᠤᠰ ᠤᠨ ᠳᠣᠲᠣᠭᠠᠳᠣ ᠭᠠᠳᠠᠭᠠᠳᠣ ᠳᠤ ᠣᠯᠠᠨ ᠡᠪᠦᠯ ᠤᠨ ᠤᠮᠪᠠᠯᠲᠠ ᠶᠢᠨ ᠨᠡᠶᠢᠭᠡᠮᠯᠢᠭ ᠪᠣᠢ᠃ ᠪᠠᠰᠠ ᠣᠯᠠᠨ ᠬᠦᠳᠡᠯᠭᠡᠭᠡᠨ ᠤᠷᠤᠯᠳᠤᠭᠠᠨ ᠦᠷᠨᠢᠭᠦᠯᠵᠤ ᠣᠯᠠᠨ ᠲᠦᠮᠡᠨ ᠢ ᠤᠷᠢᠶᠠᠯᠠᠵᠤ ᠪᠠᠶᠢᠨ᠎ᠠ᠃ ᠵᠦᠪ ᠡᠨᠧᠷᠭᠢ᠂ ᠡᠷᠡᠭᠦᠯ ᠡᠩᠬᠡ ᠶᠢᠨ ᠲᠦᠯᠦᠭᠡ ᠡᠪᠦᠯ ᠤᠨ ᠤᠮᠪᠠᠯᠲᠠ ᠶᠢᠨ ᠳᠤᠷ᠎ᠠ ᠪᠠᠭ᠋ᠠᠳᠠᠨ ᠡᠳᠦᠷ ᠠᠴᠠ ᠡᠳᠦᠷ᠂ ᠵᠢᠯ ᠠᠴᠠ ᠵᠢᠯ ᠣᠯᠠᠨ ᠪᠣᠯᠵᠤ ᠪᠠᠶᠢᠨ᠎ᠠ᠃ ᠡᠷᠡᠭᠦᠯ ᠮᠡᠨᠳᠦ ᠬᠦᠳᠡᠯᠭᠡᠭᠡᠨ ᠳᠤ ᠣᠷᠣᠯᠴᠠᠵᠤ ᠡᠪᠡᠳᠴᠢᠨ ᠵᠣᠪᠠᠯᠠᠩ ᠠᠴᠠ ᠪᠠᠨ ᠡᠷᠳᠡ ᠬᠠᠭᠠᠴᠠᠬᠤ ᠪᠣᠯᠲᠤᠭᠠᠢ︕                                              ︵ᠬᠤᠯᠪᠤᠭ᠎ᠠ ᠰᠦᠯᠵᠢᠶᠡᠨ ᠠᠴᠠ ᠨᠠᠶᠢᠷᠠᠭᠤᠯᠤᠨ ᠠᠪᠤᠪᠠ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号