| ᠨᠠᠷᠢᠮᠤ᠄ ᠠᠮᠳᠠᠳᠠᠢ ᠪᠦᠬᠡᠳ ᠰᠠᠷᠢᠬᠦᠨ ᠴᠢᠨᠠᠷᠳᠠᠢ᠂ ᠪᠠᠰᠠ ᠲᠠᠯᠢᠬᠦᠦ ᠶᠢ ᠴᠢᠬᠢᠷᠠᠬᠵᠢᠭᠤᠯᠬᠤ ᠴᠢᠬᠢᠭ ᠨᠤᠶᠢᠳᠠᠨ ᠢ | ᠠᠷᠢᠯᠭᠠᠵᠤ ᠰᠡᠳᠬᠢᠯ ᠢ ᠠᠮᠤᠷᠵᠢᠭᠤᠯᠬᠤ ᠦᠢᠯᠡᠳᠦᠯ ᠲᠠᠢ᠃ | ᠡᠷᠳᠡᠨᠢ ᠰᠢᠰᠢ᠄ ᠡᠷᠳᠡᠨᠢ ᠰᠢᠰᠢ ᠪᠤᠯ ᠲᠡᠯᠡᠬᠡᠢ ᠨᠠᠶᠢᠳᠠ ᠪᠠᠷ ᠢᠶᠠᠨ ᠮᠡᠳᠡᠷᠡᠵᠤ ᠪᠦᠬᠦᠢ ᠰᠢᠵᠢᠷ ᠠᠯᠳᠠᠨ ᠲᠠᠷᠢᠮᠠᠯ | ᠮᠦᠨ ᠃ ᠰᠢᠷᠭᠡᠭᠯᠢᠭ ᠡᠳ᠋ ᠨᠢ ᠲᠤᠳᠤᠷᠭ᠎ᠠ᠂ ᠭᠤᠯᠢᠷ ᠠᠴᠠ 4 — 10 ᠲᠠᠬᠢᠨ ᠪᠦᠬᠡᠳ ᠬᠤᠳᠤᠭᠤᠳᠤ ᠬᠡᠳᠡᠰᠦᠨ | ᠤ ᠬᠦᠳᠡᠯᠭᠡᠭᠡᠨ ᠢ ᠲᠦᠷᠬᠡᠳᠬᠡᠨ ᠪᠦᠳᠦᠬᠦᠨ ᠬᠡᠳᠡᠰᠦᠨ ᠤ ᠦᠮᠠᠨ ᠤ ᠭᠧᠨ ᠢ ᠠᠷᠢᠯᠭᠠᠵᠤ ᠰᠦᠰᠦᠨ ᠤ ᠠᠯᠺᠤᠤᠯ ᠢ | ᠪᠠᠭᠠᠰᠬᠠᠨ ᠲᠢᠳᠢᠮ ᠯᠤᠬᠰᠢᠭᠤᠨ ᠰᠤᠳᠠᠰᠤᠨ ᠴᠢᠨᠠᠷᠳᠠᠢ ᠵᠢᠷᠦᠬᠡᠨ ᠡᠪᠡᠳᠴᠢᠨ ᠳᠤ ᠨᠡᠷᠪᠡᠭᠳᠡᠬᠦ ᠶᠢ ᠰᠡᠷᠬᠡᠶᠢᠯᠡᠵᠤ ᠴᠢᠳᠠᠨ᠎ᠠ᠃ | ᠡᠷᠳᠡᠨᠢ ᠰᠢᠰᠢ ᠪᠠᠰᠠ ᠬᠦᠮᠦᠨ ᠤ ᠪᠠᠶ᠎ᠠ ᠳᠠᠬᠢ ᠨᠢᠬᠡ ᠬᠡᠰᠡᠭ ᠦᠵᠦᠮ ᠤᠨ ᠰᠢᠬᠢᠷ ᠢ ᠰᠢᠩᠬᠡᠬᠡᠨ ᠠᠪᠳᠠᠭ ᠪᠤᠯᠬᠤᠷ | ᠰᠢᠬᠢᠷ ᠰᠢᠵᠢᠩ ᠡᠪᠡᠳᠴᠢᠨ ᠢ ᠨᠠᠮᠳᠠᠭᠤᠯᠬᠤ ᠦᠢᠯᠡᠳᠦᠯ ᠲᠠᠢ᠃ | ᠠᠷᠪᠠᠢ ᠄ ᠠᠮᠳᠠᠳᠠᠢ᠂ ᠱᠦᠯᠳᠦᠯᠢᠭ᠂ ᠰᠠᠷᠢᠬᠦᠨ ᠴᠢᠨᠠᠷᠳᠠᠢ ᠪᠠᠶᠢᠳᠠᠭ᠃ ᠬᠤᠳᠤᠭᠤᠳᠤᠨ ᠳᠤ ᠲᠠᠭᠠᠳᠠᠢ᠂ | ᠬᠡᠳᠡᠰᠦ ᠶᠢ ᠰᠢᠯᠤᠭᠤᠳᠬᠠᠵᠤ ᠰᠢᠬᠡᠯᠬᠡᠬᠦ ᠦᠢᠯᠡᠳᠦᠯ ᠲᠠᠢ ᠪᠦᠬᠡᠳ ᠵᠠᠩᠬᠢᠷᠠᠭ᠎ᠠ᠂ ᠤᠰᠤᠨ ᠬᠠᠪᠤᠡᠭ᠂ ᠬᠠᠯᠠᠭᠰᠠᠨ | ᠰᠢᠷᠬ᠎ᠠ ᠵᠡᠷᠭᠡ ᠶᠢ ᠵᠠᠰᠠᠬᠤ ᠳᠤ ᠲᠤᠰᠠᠳᠠᠢ᠃ ᠲᠠᠷᠠᠴᠢᠯᠠᠨ ᠪᠠᠰᠠ ᠰᠢᠩᠬᠡᠬᠡᠯᠳᠡ ᠶᠢ ᠰᠠᠶᠢᠵᠢᠷᠠᠭᠤᠯᠤᠨ ᠬᠡᠢ ᠶᠢ ᠲᠤᠷᠤᠬᠰᠢ | ᠬᠦᠬᠡᠬᠡᠬᠦ ᠦᠢᠯᠡᠳᠦᠯ ᠲᠠᠢ ᠪᠠᠶᠢᠳᠠᠭ᠃ | ᠰᠢᠷ᠎ᠠ ᠪᠤᠷᠴᠠᠭ᠄ ᠠᠮᠳᠠᠳᠠᠢ ᠪᠦᠬᠡᠳ ᠲᠠᠯᠢᠬᠦᠦ ᠶᠢ ᠰᠠᠶᠢᠵᠢᠷᠠᠭᠤᠯᠤᠨ ᠬᠠᠯᠠᠭᠤᠨ ᠢ ᠬᠦᠬᠡᠬᠡᠵᠤ ᠴᠢᠬᠢᠭ ᠢ | ᠠᠷᠢᠯᠭᠠᠬᠤ ᠦᠢᠯᠡᠳᠦᠯ ᠲᠠᠢ᠃ ᠪᠠᠰᠠ ᠬᠡᠳᠡᠰᠦ ᠬᠦᠬᠡᠬᠡᠵᠤ ᠰᠠᠭᠤᠯᠭᠠᠬᠤ᠂ ᠵᠢᠷᠮᠦᠰᠦᠨ ᠬᠤᠭᠤᠴᠠᠭᠠᠨ ᠤ ᠬᠤᠤᠷᠳᠠᠯ᠂ | ᠶᠡᠭᠡ ᠰᠢᠷᠬᠠᠯᠠᠭ᠎ᠠ ᠶᠢᠨ ᠬᠠᠪᠤᠳᠠᠷ᠂ ᠭᠠᠳᠠᠷ ᠰᠢᠷᠬ᠎ᠠ ᠠᠴᠠ ᠴᠢᠰᠦ ᠭᠠᠷᠬᠤ ᠵᠡᠷᠭᠡ ᠶᠢ ᠵᠠᠰᠠᠬᠤ ᠳᠤ ᠲᠤᠰᠠᠯᠠᠬᠤ | ᠦᠢᠯᠡᠳᠦᠯ ᠦᠵᠡᠬᠦᠯᠳᠡᠭ᠃ | ᠨᠤᠭᠤᠭᠠᠨ ᠪᠤᠷᠴᠠᠭ᠄ ᠠᠮᠳᠠᠳᠠᠢ ᠪᠦᠬᠡᠳ ᠰᠠᠷᠢᠬᠦᠨ ᠴᠢᠨᠠᠷᠳᠠᠢ᠃ ᠲᠠᠷᠠᠴᠢᠯᠠᠨ ᠬᠠᠪᠤᠳᠠᠷ ᠢ ᠬᠦᠬᠡᠬᠡᠨ ᠬᠤᠤᠷ ᠢ | ᠲᠠᠶᠢᠯᠬᠤ ᠦᠢᠯᠡᠳᠦᠯ ᠲᠠᠢ ᠪᠠᠶᠢᠳᠠᠭ᠃ | ᠤᠯᠠᠭᠠᠨ ᠪᠤᠷᠴᠠᠭ᠄ ᠦᠨᠦᠷ ᠠᠮᠳᠠ ᠨᠢ ᠰᠠᠶᠢᠬᠠᠨ ᠪᠦᠬᠡᠳ ᠲᠠᠯᠢᠬᠦᠦ ᠶᠢ ᠰᠠᠶᠢᠵᠢᠷᠠᠭᠤᠯᠤᠨ ᠬᠠᠯᠠᠭᠤᠨ ᠢ | ᠬᠦᠬᠡᠬᠡᠵᠤ ᠬᠤᠤᠷ ᠲᠠᠶᠢᠯᠳᠠᠭ ᠢᠶᠠᠷ ᠪᠠᠷᠠᠬᠤ ᠦᠬᠡᠢ ᠪᠠᠰᠠ ᠴᠢᠰᠦ ᠶᠢ ᠵᠤᠬᠰᠤᠭᠠᠵᠤ ᠴᠠᠩᠭ᠎ᠠ ᠶᠢ ᠲᠠᠶᠢᠯᠬᠤ ᠦᠢᠯᠡᠳᠦᠯ ᠲᠠᠢ | ᠪᠠᠶᠢᠳᠠᠭ᠃ ᠬᠢᠳᠡᠳ ᠡᠮᠨᠡᠯᠭᠡ ᠶᠢᠨ ᠤᠬᠠᠭᠠᠨ ᠳᠤ ᠤᠯᠠᠭᠨᠠ ᠪᠤᠷᠴᠠᠭ ᠢ ᠪᠦᠬᠡᠷ᠎ᠠ ᠶᠢᠨ ᠡᠪᠡᠳᠴᠢᠨ ᠢ ᠵᠠᠰᠠᠬᠤ ᠳᠤ | ᠬᠡᠷᠡᠭᠯᠡᠳᠡᠭ᠃ ᠲᠠᠷᠠ ᠨᠢ ᠲᠠᠪᠤᠨ ᠴᠤᠯᠤ ᠶᠢ ᠲᠠᠮᠢᠷᠵᠢᠭᠤᠯᠵᠤ ᠰᠤᠳᠠᠯ ᠢ ᠵᠤᠬᠢᠴᠠᠭᠤᠯᠳᠠᠭ᠃ | ᠶᠤᠤᠮᠠᠢ᠄ ᠶᠤᠤᠮᠠᠢ ᠶᠢᠨ ᠤᠭᠤᠷᠠᠭ ᠤᠨ ᠠᠭᠤᠯᠤᠬᠳᠠᠴᠠ ᠲᠤᠳᠤᠷᠭ᠎ᠠ ᠪᠤᠯᠤᠨ ᠭᠤᠯᠢᠷ ᠤᠨ 16 — 22 | ᠲᠠᠬᠢᠨ᠂ ᠦᠬᠡᠬᠦᠨ ᠤ ᠠᠭᠤᠯᠤᠬᠳᠠᠴᠠ ᠨᠢ 2 —2.5 ᠲᠠᠬᠢᠨ ᠪᠠᠶᠢᠳᠠᠭ᠃ ᠶᠤᠤᠮᠠᠢ ᠶᠢᠨ ᠦᠬᠡᠬᠦᠯᠢᠭ | ᠪᠦᠷᠢᠯᠳᠦᠬᠦᠨ ᠤ ᠲᠤᠳᠤᠷᠡᠬᠢ ᠲᠤᠳᠠᠭᠤ ᠲᠤᠰᠤᠨ ᠬᠦᠴᠢᠯ ᠤᠨ ᠠᠭᠤᠯᠤᠬᠳᠠᠴᠠ ᠨᠠᠯᠢᠶᠠᠳ ᠠᠷᠪᠢᠨ ᠪᠤᠯᠬᠤᠷ ᠬᠦᠮᠦᠨ ᠤ | ᠪᠠᠶ᠎ᠠ ᠳᠤ ᠠᠮᠠᠷᠬᠠᠨ ᠰᠢᠩᠬᠡᠬᠡᠭᠳᠡᠵᠤ ᠬᠦᠮᠦᠨ ᠤ ᠪᠠᠶ᠎ᠠ ᠶᠢᠨ ᠴᠢᠰᠦᠨ ᠳᠠᠬᠢ ᠰᠦᠰᠦᠨ ᠤ ᠠᠯᠺᠤᠤᠯ ᠢ ᠪᠠᠭᠤᠷᠠᠭᠤᠯᠬᠤ | ᠦᠢᠯᠡᠳᠦᠯ ᠲᠠᠢ ᠪᠠᠶᠢᠳᠠᠭ᠃ ᠶᠤᠤᠮᠠᠢ ᠳᠤ ᠰᠢᠬᠢᠷ ᠤᠨ ᠠᠭᠤᠯᠤᠬᠳᠠᠴᠠ ᠪᠠᠭ᠎ᠠ ᠪᠤᠯᠬᠤᠷ ᠰᠢᠬᠢᠷ ᠰᠢᠵᠢᠩ ᠡᠪᠡᠳᠴᠢᠳᠡᠨ | ᠤ ᠴᠢᠬᠤᠯᠠ ᠢᠳᠡᠬᠡᠨ ᠪᠤᠯᠤᠨ᠎ᠠ᠃ | ᠰᠠᠭᠠᠭ᠄ ᠰᠠᠭᠠᠭ ᠲᠤ ᠪᠤᠰᠤᠳ ᠢᠳᠡᠬᠡᠨ ᠳᠤ ᠪᠠᠶᠢᠬᠤ ᠦᠬᠡᠢ ︽ ᠨᠠᠪᠴᠢᠨ ᠤ ᠨᠤᠭᠤᠭᠠᠨ ᠡᠳ᠋︾ ᠪᠤᠯᠤᠨ ︽ | ᠷᠦᠲ᠋ᠢᠨ︾ ᠠᠭᠤᠯᠵᠤ ᠪᠠᠶᠢᠳᠠᠭ᠃ ᠰᠠᠭᠠᠭ ᠤᠨ ᠸᠢᠲ᠋ᠠᠮᠢᠨ B1 ᠪᠠ ᠸᠢᠲ᠋ᠠᠮᠢᠨ B2 ᠤᠨ ᠠᠭᠤᠯᠤᠬᠳᠠᠴᠠ ᠨᠢ | ᠨᠠᠷᠢᠮᠦ ᠠᠴᠠ ᠬᠤᠶᠠᠷ ᠲᠠᠬᠢᠨ ᠢᠯᠡᠬᠦᠦ᠂ ᠨᠢᠺᠤᠲ᠋ᠢᠨ ᠬᠦᠴᠢᠯ ᠤᠨ ᠠᠭᠤᠯᠤᠬᠳᠠᠴᠠ 3 —4 ᠲᠠᠬᠢᠨ ᠪᠠᠶᠢᠳᠠᠭ | ᠪᠤᠯᠬᠤᠷ ᠨᠢᠺᠤᠲ᠋ᠢᠨ ᠬᠦᠴᠢᠯ ᠪᠤᠯᠤᠨ ᠷᠦᠲ᠋ᠢᠨ ᠪᠤᠯ ᠴᠢᠰᠦᠨ ᠲᠠᠷᠤᠯᠳᠠ ᠦᠨᠳᠦᠷ ᠡᠪᠡᠳᠴᠢᠨ ᠢ ᠵᠠᠰᠠᠬᠤ ᠰᠠᠶᠢᠨ ᠡᠮ | ᠪᠤᠤᠯᠨᠠ᠃ ᠰᠠᠭᠠᠭ ᠢ ᠦᠷᠬᠦᠯᠵᠢ ᠢᠳᠡᠪᠡᠯ ᠰᠢᠬᠢᠷ ᠰᠢᠵᠢᠩ ᠡᠪᠡᠳᠴᠢᠨ ᠢ ᠵᠠᠰᠠᠬᠤ ᠪᠠᠷ ᠪᠠᠷᠠᠬᠤ ᠦᠬᠡᠢ ᠪᠠᠰᠠ ᠭᠠᠳᠠᠷ | ᠰᠢᠷᠬ᠎ᠠ ᠰᠤᠷᠪᠢ ᠶᠢᠨ ᠬᠠᠪᠤᠳᠠᠷ ᠢ ᠴᠤ ᠵᠠᠰᠠᠵᠤ ᠴᠢᠳᠠᠳᠠᠭ᠃ | ︵ ︽ ᠡᠷᠢᠨ ᠴᠠᠭ ᠲᠤ ᠨᠦᠯᠦᠬᠡ ᠲᠠᠢ99 ᠠᠮᠢᠳᠤᠷᠠᠯ ᠤᠨ ᠠᠷᠭ᠎ᠠ ᠤᠬᠠᠭᠠᠨ︾ ᠨᠤᠮ | ᠠᠴᠠ ᠠᠪᠤᠪᠠ︶ | |