ᠡᠪᠤᠯ ᠤᠨ ᠤᠯᠠᠷᠢᠯ ᠳᠤ ᠢᠳᠡᠭᠡ ᠵᠣᠬᠢᠴᠠᠭᠤᠯᠬᠤ ᠶᠣᠰᠣᠨ
ᠨᠡᠶᠢᠲᠡᠯᠡᠭᠰᠡᠨ ᠴᠠᠭ᠄
2023/12/31
  ᠢᠳᠡᠭᠡ ᠤᠮᠳᠠᠭᠠᠨ ᠢ ᠵᠣᠬᠢᠴᠠᠭᠤᠯᠬᠤ ᠶᠢᠨ ᠤᠴᠢᠷ᠂ ᠢᠳᠡᠭᠡ ᠤᠮᠳᠠᠭᠠᠨ ᠢ ᠲᠡᠩᠴᠡᠭᠦᠯᠬᠦ᠂ ᠡᠪᠦᠯ ᠤᠨ ᠤᠯᠠᠷᠢᠯ ᠳᠤ ᠵᠣᠬᠢᠮᠵᠢᠲᠠᠢ ᠢᠳᠡᠭᠡ ᠶᠢ ᠬᠡᠷᠬᠢᠨ ᠰᠤᠩᠭᠤᠬᠤ᠂ ᠵᠢᠷᠭᠤᠭᠠᠨ ᠠᠮᠢᠲᠠᠨ ᠤ ᠭᠦᠶᠦᠳᠡᠯ᠂ ᠦᠯᠦ ᠵᠣᠬᠢᠯᠳᠤᠬᠤ ᠢᠳᠡᠭᠡ ᠵᠡᠷᠭᠡ ᠶᠢ ᠴᠥᠮ ᠬᠡᠷᠬᠢᠨ ᠠᠩᠬᠠᠷᠬᠤ ᠲᠤᠬᠠᠢ ᠥᠭᠦᠯᠡᠬᠦ ᠪᠣᠯᠤᠨ᠎ᠠ᠃ ᠡᠭᠦᠨ ᠳᠤ᠄   ᠢᠳᠡᠭᠡ ᠤᠮᠳᠠᠭ᠎ᠠ ᠶᠢ ᠲᠡᠩᠴᠡᠭᠦᠯᠪᠡᠯ ᠵᠣᠬᠢᠨ᠎ᠠ᠃ ᠬᠤᠭᠤᠯᠠ ᠤᠮᠳᠠ ᠶᠢ ᠲᠡᠩᠴᠡᠭᠦᠯᠬᠦ ᠨᠢ ᠬᠤᠪᠴᠠᠰᠤ ᠬᠤᠨᠠᠷ ᠢ ᠲᠤᠬᠢᠷᠠᠭᠤᠯᠬᠤ ᠯᠤᠭ᠎ᠠ ᠠᠳᠠᠯᠢ ᠣᠮᠲᠣᠭᠠᠶᠢᠯᠠᠵᠤ ᠦᠯᠦ ᠪᠣᠯᠬᠤ ᠵᠦᠢᠯ ᠶᠤᠮ᠃ ᠬᠤᠭᠤᠯᠠ ᠤᠮᠳᠠᠨ ᠤ ᠰᠢᠮ᠎ᠡ ᠲᠡᠵᠢᠭᠡᠯ ᠭᠦᠢᠴᠡᠳ᠂ ᠬᠦᠨᠳᠦ ᠬᠥᠩᠭᠡᠨ᠂ ᠴᠢᠨᠠᠷ ᠲᠡᠩᠴᠡᠪᠦᠷᠢᠲᠡᠢ ᠪᠣᠯ ᠲᠠᠪᠤᠨ ᠴᠤᠯᠤ ᠬᠦᠴᠦᠷᠬᠡᠭᠵᠢᠨ᠂ ᠵᠢᠷᠭᠤᠭᠠᠨ ᠰᠠᠪᠠ ᠲᠠᠶᠢᠪᠤᠰᠢᠷᠠᠨ᠂ ᠭᠠᠯ ᠤᠨ ᠢᠯᠴᠢ ᠪᠠᠳᠠᠷᠠᠵᠦ᠂ ᠳᠤᠷᠠᠰᠢᠯ ᠠᠮᠤᠷ᠂ ᠡᠷᠬᠡᠲᠡᠨ ᠲᠣᠳᠣᠷᠬᠠᠢ᠂ ᠲᠠᠮᠢᠷ ᠬᠦᠴᠦ ᠨᠡᠮᠡᠭᠳᠡᠨ᠂ ᠥᠳᠬᠡᠨ ᠰᠢᠩᠭᠡᠨ ᠮᠥᠷ ᠬᠡᠮ ᠳᠡᠭᠡᠨ ᠪᠣᠯᠵᠤ᠂ ᠤᠷᠤᠭᠤ ᠠᠷᠢᠯᠭᠠᠭᠴᠢ ᠬᠡᠢ ᠠᠮᠤᠷ ᠬᠦᠶᠦᠨ᠂ ᠪᠡᠶ᠎ᠡ ᠬᠥᠩᠭᠡᠳᠡᠨ᠂ ᠴᠤᠭ ᠪᠠᠳᠠᠷᠠᠩᠭᠤᠢ ᠪᠣᠯᠬᠤ ᠪᠢᠯᠡ᠃  ᠢᠳᠡᠵᠦ ᠪᠠᠶᠢᠭᠠᠳ ᠤᠰᠤ ᠤᠤᠭᠤᠪᠠᠯ ᠮᠢᠬ᠎ᠠ ᠮᠠᠷᠢᠶ᠎ᠠ ᠲᠡᠩᠴᠡᠭᠦᠦ ᠪᠣᠯᠬᠤ᠂ ᠬᠤᠭᠤᠯᠠᠨ ᠤ ᠰᠡᠭᠦᠯ ᠢᠶᠠᠷ ᠤᠰᠤ ᠤᠤᠭᠤᠪᠠᠯ ᠮᠠᠷᠢᠶᠠᠯᠠᠭᠤᠯᠬᠤ᠂ ᠢᠳᠡᠭᠡᠨ ᠤ ᠡᠮᠦᠨ᠎ᠡ ᠤᠰᠤ ᠤᠤᠭᠤᠪᠠᠯ ᠬᠠᠲᠠᠩᠭᠢᠷ ᠪᠣᠯᠤᠨ᠎ᠠ᠃    ᠡᠪᠦᠯ ᠰᠢᠷ᠎ᠠ ᠤᠰᠤᠨ ᠤ ᠰᠦᠪᠡ ᠬᠠᠭᠠᠭᠳᠠᠵᠤ᠂ ᠬᠡᠢ ᠪᠠᠷ ᠭᠠᠯ ᠤᠨ ᠬᠦᠴᠦ ᠶᠢ ᠲᠡᠭᠦᠰ ᠪᠠᠳᠠᠷᠠᠭᠤᠯᠬᠤ ᠲᠤᠯᠠ ᠢᠳᠡᠭᠡ ᠪᠠᠭᠠᠳᠠᠪᠠᠯ ᠲᠠᠮᠢᠷ ᠬᠠᠰᠤᠭᠳᠠᠨ᠎ᠠ᠃ ᠡᠶᠢᠮᠦ ᠠᠴᠠ ᠭᠤᠣᠯᠳᠠᠭᠤ ᠠᠮᠲᠠᠯᠢᠭ᠂ ᠢᠰᠬᠦᠯᠡᠩ᠂ ᠳᠠᠪᠤᠰᠤᠯᠢᠭ ᠢ ᠭᠤᠣᠯ ᠪᠣᠯᠭᠠᠨ ᠮᠣᠩᠭᠤᠯ ᠠᠮᠤ᠂ ᠠᠶᠢᠷᠠᠭ᠂ ᠴᠠᠭ᠎ᠠ᠂ ᠦᠬᠡᠷ ᠤᠨ ᠮᠢᠬ᠎ᠠ ᠢᠳᠡᠪᠡᠯ ᠵᠣᠬᠢᠨ᠎ᠠ᠃   ᠡᠪᠦᠯ ᠤᠨ ᠠᠳᠠᠭ ᠬᠠᠪᠤᠷ ᠤᠨ ᠤᠯᠠᠷᠢᠯ ᠤᠨ ᠡᠬᠢᠨ ᠳᠤ ᠪᠠᠳᠭᠠᠨ ᠬᠡᠩᠬᠦᠳᠡᠭ ᠳᠣᠲᠣᠷ ᠬᠤᠷᠠᠵᠤ᠂ ᠬᠠᠪᠤᠷ ᠤᠨ ᠨᠠᠷᠠᠨ ᠤ ᠡᠯᠴᠢ ᠪᠠᠷ ᠬᠥᠳᠡᠯᠵᠦ᠂ ᠬᠤᠳᠣᠭᠤᠳᠣᠨ ᠤ ᠡᠯᠴᠢ ᠪᠠᠭᠤᠷᠠᠬᠤ ᠲᠤᠯᠠ ᠭᠠᠰᠢᠭᠤᠨ᠂ ᠡᠬᠡᠭᠦᠨ ᠠᠮᠲᠠ ᠶᠢ ᠭᠤᠣᠯᠯᠠᠵᠤ᠂ ᠪᠤᠭᠤᠳᠠᠢ᠂ ᠲᠠᠷᠠᠭ᠂ ᠰᠢᠷ᠎ᠠ ᠲᠣᠰᠣ᠂ ᠬᠤᠨᠢᠨ ᠤ ᠮᠢᠬ᠎ᠠ ᠢᠳᠡᠪᠡᠯ ᠵᠣᠬᠢᠨ᠎ᠠ᠃ ᠲᠡᠵᠢᠭᠡᠯ ᠤᠨ ᠴᠠᠭ ᠲᠤ ᠨᠠᠷᠠᠨ ᠤ ᠢᠯᠴᠢ ᠮᠠᠰᠢ ᠬᠠᠯᠠᠭᠤᠨ ᠪᠣᠯᠵᠤ᠂ ᠪᠡᠶ᠎ᠡ ᠶᠢᠨ ᠬᠦᠴᠦ ᠶᠢ ᠪᠠᠭᠤᠷᠠᠭᠤᠯᠬᠤ ᠲᠤᠯᠠ ᠠᠮᠲᠠᠯᠢᠭ᠂ ᠬᠥᠩᠭᠡᠨ᠂ ᠲᠣᠰᠣᠯᠢᠭ᠂ ᠰᠡᠷᠢᠭᠦᠨ ᠢ ᠭᠤᠣᠯᠳᠠᠭᠤᠯᠵᠤ᠂ ᠴᠠᠭᠠᠨ ᠢᠳᠡᠭᠡ ᠢᠯᠡᠭᠦᠦ ᠢᠳᠡᠵᠦ᠂ ᠰᠠᠭᠠᠭ᠂ ᠨᠣᠭᠤᠭᠠᠨ ᠪᠤᠷᠴᠠᠭ ᠢᠳᠡᠪᠡᠯ ᠵᠣᠬᠢᠨ᠎ᠠ᠃    ᠦᠯᠦ ᠵᠣᠬᠢᠯᠳᠤᠬᠤ ᠢᠳᠡᠭᠡ ᠤᠮᠳᠠᠭᠠᠨ ᠢ ᠠᠩᠬᠠᠷᠪᠠᠯ ᠵᠣᠬᠢᠨ᠎ᠠ᠃ ᠡᠨᠡ ᠨᠢ ᠨᠠᠶᠢᠷᠠᠭᠤᠯᠤᠭᠰᠠᠨ ᠬᠤᠣᠷ ᠪᠢᠯᠡ᠃ ᠵᠢᠭᠠᠰᠤᠨ ᠤ ᠮᠢᠬ᠎ᠠ ᠰᠦ ᠲᠠᠢ ᠦᠯᠦ ᠵᠣᠬᠢᠯᠳᠤᠬᠤ᠂ ᠰᠢᠷ᠎ᠠ ᠲᠣᠰᠣ᠂ ᠱᠥᠯᠦᠨ ᠤ ᠲᠣᠰᠣ᠂ ᠢᠳᠡᠮᠡᠭᠴᠡ ᠬᠦᠢᠲᠡᠨ ᠤᠰᠤ ᠤᠤᠭᠤᠪᠠᠯ ᠭᠡᠳᠡᠰᠦ ᠵᠠᠩᠭᠢᠷᠠᠬᠤ᠂ ᠲᠦᠷᠦᠭᠦᠦ ᠢᠳᠡᠭᠰᠡᠨ ᠰᠢᠩᠭᠡᠭᠡ ᠦᠭᠡᠢ ᠪᠠᠶᠢᠬᠤ ᠳᠤ ᠨᠡᠮᠡᠵᠦ ᠢᠳᠡᠬᠦ᠂ ᠳᠠᠳᠤᠭ᠎ᠠ ᠦᠭᠡᠢ ᠢᠳᠡᠭᠡ ᠶᠢ ᠨᠢᠭᠡ ᠳᠣᠣᠷ᠎ᠠ ᠶᠡᠭᠡ ᠪᠠᠷ ᠢᠳᠡᠬᠦ ᠵᠡᠷᠭᠡ ᠴᠥᠮ ᠬᠤᠣᠷ ᠲᠠᠢ᠃ ᠮᠢᠬ᠎ᠠ ᠴᠢᠨᠠᠭᠠᠳ ᠥᠩᠭᠡ ᠦᠯᠦ ᠬᠤᠪᠢᠷᠠᠪᠠᠯ ᠢᠳᠡᠵᠦ ᠦᠯᠦ ᠪᠣᠯᠬᠤ᠃ ᠬᠤᠨᠢᠨ ᠤ ᠮᠢᠬ᠎ᠠ ᠶᠢ ᠰᠢᠬᠢᠷ ᠲᠠᠢ ᠢᠳᠡᠪᠡᠯ ᠬᠤᠳᠣᠭᠤᠳᠣ ᠭᠡᠮᠲᠦᠵᠦ ᠪᠥᠭᠡᠯᠵᠢᠨ᠎ᠡ᠃    ᠵᠢᠷᠮᠦᠰᠦᠨ ᠪᠦᠰᠡᠭᠦᠢ ᠢᠮᠠᠭᠠᠨ ᠤ ᠮᠢᠬ᠎ᠠ ᠶᠡᠭᠡ ᠢᠳᠡᠬᠦ ᠨᠢ ᠵᠣᠬᠢᠮᠵᠢ ᠦᠭᠡᠢ᠃                                          ᠡᠬᠡ ᠰᠤᠷᠪᠤᠯᠵᠢ᠄ ︽ᠮᠣᠩᠭᠤᠯ ᠤᠨ ᠢᠳᠡᠭᠡᠨ ᠲᠣᠪᠴᠢᠶ᠎ᠠ︾
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号