ᠰᠡᠴᠡᠨᠪᠠᠲᠤ ᠬᠤᠲᠠ ᠶᠢᠨ ᠳᠠᠪᠴᠢᠭᠤᠬᠠᠨ ᠥᠷᠥᠭᠡᠨ ᠳᠤ 300 ︽ᠲᠡᠮᠡᠭᠡ︾ ᠬᠠᠷᠢᠭᠤᠯᠵᠤ ᠰᠠᠭᠤᠨ᠎ᠠ
ᠨᠡᠶᠢᠲᠡᠯᠡᠭᠰᠡᠨ ᠴᠠᠭ᠄
2023/12/31
                 ᠰᠡᠴᠡᠨ᠂ ᠡᠷᠳᠡᠨᠢᠬᠦᠦ       ᠦᠢ ᠤᠯᠠᠨ ᠮᠠᠯᠴᠢᠨ ᠤ ᠦᠷ᠎ᠡ ᠰᠠᠳᠤ ᠳᠤ ᠡᠷᠳᠡᠮ ᠨᠣᠮ ᠰᠤᠷᠭᠠᠨ᠂ ᠦᠨᠳᠦᠰᠦᠨ ᠱᠠᠲᠤᠨ ᠤ ᠰᠤᠷᠭᠠᠨ ᠬᠥᠮᠦᠵᠢᠯ ᠤᠨ ᠠᠵᠢᠯ ᠳᠤ 40 ᠵᠢᠯ ᠭᠠᠪᠰᠢᠭᠠᠶᠢᠯᠠᠵᠤ᠂ ᠢᠷᠠᠭᠤ ᠠᠯᠳᠠᠷ ᠲᠠᠢ ᠪᠠᠷ ᠠᠵᠢᠯ ᠤᠨ ᠠᠮᠠᠷᠠᠯᠲᠠ ᠪᠠᠨ ᠠᠪᠤᠭᠰᠠᠨ ᠠᠬᠠᠮᠠᠳ ᠪᠠᠭᠰᠢ ᠰᠡᠴᠡᠨᠪᠠᠲᠤ ᠭᠤᠸᠠᠢ ᠪᠠᠶᠠᠨᠬᠤᠲᠠ ᠳᠤ 300 ︽ᠲᠡᠮᠡᠭᠡ︾ ᠬᠠᠷᠢᠭᠤᠯᠵᠤ ᠰᠠᠭᠤᠭ᠎ᠠ ᠰᠤᠷᠠᠭ ᠲᠤᠭᠤᠯᠵᠦ ᠰᠣᠷᠪᠤᠯᠵᠢᠯᠠᠭ᠎ᠠ ᠠᠪᠬᠤ ᠬᠦᠰᠡᠯ ᠡᠪᠦᠷᠯᠡᠨ ᠬᠦᠷᠴᠦ ᠣᠴᠢᠭᠰᠠᠨ ᠶᠤᠮ᠃       ᠪᠠᠶᠠᠨᠬᠤᠲᠠ ᠶᠢᠨ ᠯᠦᠩ ᠰᠢᠨ ᠵᠠᠬ᠎ᠠ ᠳᠡᠯᠭᠡᠭᠦᠷ ᠤᠨ ᠡᠰᠡᠷᠭᠦ ᠲᠠᠯ᠎ᠠ ᠳᠤ ᠪᠠᠶᠢᠷᠢᠯᠠᠭ᠎ᠠ ᠸᠠᠨ ᠵᠢᠶᠠ ᠹᠦ᠋ ᠬᠠᠴᠢᠨ ᠴᠢᠯᠠᠭᠤᠨ ᠤ ᠬᠦᠷᠢᠶᠡᠯᠡᠩ ᠳᠠᠬᠢ ︽ᠭᠤᠪᠢ ᠶᠢᠨ ᠤᠯᠠᠭᠠᠨ ᠲᠡᠮᠡᠭᠡ︾ ᠬᠠᠴᠢᠨ ᠴᠢᠯᠠᠭᠤᠨ ᠤ ᠳᠡᠯᠭᠡᠭᠦᠷ ᠲᠤ ᠰᠡᠴᠡᠨᠪᠠᠲᠤ ᠮᠠᠨᠢ ᠬᠠᠴᠢᠨ ᠴᠢᠯᠠᠭᠤ ᠪᠠᠨ ᠳᠣᠳᠣᠮᠳᠠᠵᠤ ᠰᠠᠭᠤᠨ᠎ᠠ᠃ ᠲᠡᠭᠦᠨ ᠤ ᠬᠠᠴᠢᠨ ᠴᠢᠯᠠᠭᠤᠨ ᠤ ᠳᠡᠯᠭᠡᠭᠦᠷ ᠤᠨ ᠲᠠᠯᠠᠪᠠᠢ ᠨᠢ ᠪᠠᠭᠠᠬᠠᠨ᠂ ᠪᠠᠷᠤᠭ ᠯᠠ ᠮᠢᠩᠭᠠᠭᠠᠳ ᠬᠠᠴᠢᠨ ᠴᠢᠯᠠᠭᠤ ᠶᠢ ᠲᠣᠬᠢᠲᠠᠢ ᠣᠷᠣᠨ ᠪᠠᠶᠢᠷᠢ ᠶᠢ ᠨᠢ ᠣᠯᠵᠤ ᠲᠠᠯᠪᠢᠨ᠂ ᠪᠠᠰᠠ ᠵᠠᠷᠢᠮ ᠬᠠᠴᠢᠨ ᠴᠢᠯᠠᠭᠤ ᠪᠠᠨ ᠡᠯᠡᠰᠦ᠂ ᠡᠪᠡᠰᠦ ᠨᠣᠭᠤᠭ᠎ᠠ ᠪᠠᠷ ᠦᠵᠡᠮᠦᠷᠢ ᠬᠢᠵᠦ ᠦᠵᠡᠮᠵᠢ ᠪᠦᠷᠢᠳᠦᠭᠦᠯᠵᠦ ᠲᠠᠯᠪᠢᠬᠰᠠᠨ ᠬᠠᠷᠠᠭᠳᠠᠨ᠎ᠠ᠃ ᠡᠲᠡᠭᠡᠷ ᠬᠠᠴᠢᠨ ᠴᠢᠯᠠᠭᠤᠨ ᠤ ᠳᠤᠮᠳᠠ ᠠᠴᠠ ᠲᠤᠰᠬᠠᠢ ᠨᠢᠭᠡ ᠱᠦᠭᠦᠢ ᠭᠠᠷᠭᠠᠵᠤ᠂ ᠲᠡᠮᠡᠭᠡ ᠲᠠᠢ ᠠᠳᠠᠯᠢ ᠳᠦᠷᠰᠦ ᠲᠠᠢ ᠬᠠᠴᠢᠨ ᠴᠢᠯᠠᠭᠤᠳ ᠢ ᠦᠷᠦᠵᠦ ᠲᠠᠯᠪᠢᠬᠰᠠᠨ ᠨᠢ ᠰᠡᠴᠡᠨᠪᠠᠲᠤ ᠪᠠᠭᠰᠢ ᠶᠢᠨ ᠬᠠᠶᠢᠷᠠᠯᠠᠵᠤ ᠨᠠᠨᠳᠢᠩᠨᠠᠨ ᠬᠤᠲᠠ ᠭᠠᠵᠠᠷ ᠬᠠᠷᠢᠭᠤᠯᠵᠤ ᠰᠠᠭᠤᠭ᠎ᠠ 300 ᠭᠠᠷᠤᠢ ︽ᠲᠡᠮᠡᠭᠡ︾ ᠨᠢ ᠠᠵᠢ᠃       1982 ᠣᠨ ᠳᠤ ᠠᠵᠢᠯ ᠤᠨ ᠭᠠᠷᠤᠭ᠎ᠠ ᠪᠠᠨ ᠠᠪᠴᠤ᠂ ᠬᠤᠤᠰᠪᠦ᠋ᠷᠢᠳᠦ᠂ ᠪᠠᠶᠠᠨᠨᠢᠷᠤᠭᠤᠨ᠂ ᠵᠢᠷᠭᠠᠯᠰᠠᠶᠢᠬᠠᠨ ᠵᠡᠷᠭᠡ ᠦᠨᠳᠦᠰᠦᠨ ᠱᠠᠲᠤᠨ ᠤ ᠰᠤᠷᠭᠠᠭᠤᠯᠢ ᠳᠤ ᠪᠠᠭᠰᠢ ᠶᠢᠨ ᠠᠵᠢᠯ ᠠᠯᠪᠠ ᠭᠦᠢᠴᠡᠳᠬᠡᠵᠦ ᠶᠠᠪᠤᠭᠰᠠᠨ ᠰᠡᠴᠡᠨᠪᠠᠲᠤ 2007 ᠣᠨ ᠠᠴᠠ ᠡᠬᠢᠯᠡᠵᠦ ᠬᠠᠴᠢᠨ ᠴᠢᠯᠠᠭᠤ ᠬᠤᠷᠢᠶᠠᠵᠤ ᠬᠠᠳᠠᠭᠠᠯᠠᠬᠤ ᠠᠵᠢᠯ ᠳᠤ ᠭᠠᠷ ᠲᠦᠷᠢᠵᠡᠢ᠃ ᠠᠩᠬ᠎ᠠ ᠡᠬᠢᠯᠡᠵᠦ ᠴᠢᠯᠠᠭᠤ ᠬᠤᠷᠢᠶᠠᠭᠰᠠᠨ ᠨᠢ ᠲᠠᠮᠠᠬᠢ ᠪᠠᠨ ᠵᠣᠭᠰᠤᠭᠠᠬᠤ ᠪᠤᠳᠤᠯ ᠲᠠᠢ ᠲᠠᠮᠠᠬᠢ ᠲᠠᠲᠠᠬᠤ ᠵᠣᠭᠤᠰ ᠢᠶᠠᠷ ᠢᠶᠠᠨ ᠠᠯᠠᠱᠠ ᠨᠤᠲᠤᠭ ᠤᠨ ᠢᠶᠠᠨ ᠬᠠᠴᠢᠨ ᠴᠢᠯᠠᠭᠤ ᠶᠢ ᠬᠤᠷᠢᠶᠠᠵᠤ ᠬᠠᠳᠠᠭᠠᠯᠠᠶ᠎ᠠ ᠭᠡᠵᠦ ᠪᠤᠳᠤᠬᠰᠠᠨ ᠪᠣᠯ ᠠᠭᠠᠵᠢᠮ ᠢᠶᠠᠷ ᠬᠠᠴᠢᠨ ᠴᠢᠯᠠᠭᠤ ᠬᠤᠷᠢᠶᠠᠵᠤ ᠬᠠᠳᠠᠭᠠᠯᠠᠬᠤ ᠨᠢ ᠲᠡᠭᠦᠨ ᠤ ᠠᠵᠢᠯ ᠤᠨ ᠴᠢᠯᠦᠭᠡᠨ ᠤ ᠬᠠᠮᠤᠭ ᠤᠨ ᠳᠤᠷ᠎ᠠ ᠪᠠᠬ᠎ᠠ ᠲᠠᠢ ᠶᠠᠪᠤᠳᠠᠯ ᠪᠣᠯᠵᠠᠢ᠃ ᠲᠡᠭᠡᠪᠡᠯ ᠲᠡᠮᠡᠭᠡᠨ ᠤ ᠳᠦᠷᠰᠦ ᠲᠠᠢ ᠴᠢᠯᠠᠭᠤ ᠬᠤᠷᠢᠶᠠᠬᠤ ᠪᠤᠯᠤᠬᠰᠠᠨ ᠨᠢ ᠪᠠᠰᠠ ᠴᠠᠭᠠᠨ᠎ᠠ ᠪᠠᠨ ᠥᠯᠢᠭᠡᠷ ᠤᠴᠢᠷ ᠲᠠᠢ᠃ 2008 ᠣᠨ ᠤ ᠤᠴᠢᠷ ᠠᠵᠢ᠃ ᠠᠮᠠᠷᠠᠯᠲᠠ ᠶᠢᠨ ᠡᠳᠦᠷ ᠰᠤᠯᠠ ᠠᠯᠬᠤᠵᠤ ᠪᠡᠶ᠎ᠡ ᠪᠠᠨ ᠪᠣᠯᠪᠠᠰᠤᠷᠠᠭᠤᠯᠳᠠᠭ ᠵᠤᠷᠰᠢᠯ ᠢᠶᠠᠷ ᠬᠤᠷᠢᠶᠠᠯᠠᠯ ᠠᠴᠠ ᠪᠠᠨ ᠠᠯᠬᠤᠵᠤ ᠰᠦᠮ᠎ᠡ ᠶᠢᠨ ᠡᠭᠦᠳᠡ ᠣᠶᠢᠷᠠᠳᠬᠤ  ᠳᠤ ᠰᠦᠮ᠎ᠡ ᠶᠢᠨ ᠡᠭᠦᠳᠡᠨ᠎ᠡ ᠳᠡᠯᠭᠡᠭᠳᠡᠭᠰᠡᠨ ᠬᠠᠴᠢᠨ ᠴᠢᠯᠠᠭᠤᠨ ᠤ ᠠᠷᠠᠯᠵᠢᠶ᠎ᠠ ᠮᠠᠶᠢᠮᠠᠢ ᠰᠡᠴᠡᠨᠪᠠᠲᠤ ᠶᠢᠨ ᠰᠣᠨᠢᠭᠤᠴᠢ ᠰᠡᠳᠬᠢᠯ ᠢ ᠬᠥᠳᠡᠯᠭᠡᠯ᠎ᠡ᠃ ᠵᠦᠢᠯ ᠵᠢᠰᠦᠮ ᠤᠨ ᠥᠩᠭᠡ ᠠᠯᠠᠭᠯᠠᠭᠰᠠᠨ ᠤᠯᠠᠨ ᠴᠢᠯᠠᠭᠤᠨ ᠤ ᠳᠤᠮᠳᠠ ᠠᠴᠠ ᠨᠢᠭᠡ ᠲᠡᠮᠡᠭᠡ ᠲᠠᠢ ᠠᠳᠠᠯᠢᠬᠠᠨ ᠰᠠᠨᠠᠭᠳᠠᠭᠰᠠᠨ ᠴᠢᠯᠠᠭᠤ ᠶᠢ ᠲᠣᠭᠤᠵᠤ ᠠᠪᠴᠢᠬᠠᠭᠠᠳ᠂ ᠴᠢᠯᠠᠭᠤ ᠪᠠᠨ ᠪᠠᠷᠢᠨ ᠱᠣᠬᠤᠭᠤᠷᠬᠠᠬᠤ ᠵᠠᠭᠤᠷ᠎ᠠ ᠨᠢᠭᠡ ᠪᠦᠰᠡᠭᠦᠢ ᠳᠡᠷᠭᠡᠳᠡ ᠨᠢ ᠢᠷᠡᠭᠡᠳ ᠴᠢᠯᠠᠭᠤ ᠶᠢ ᠨᠢ ᠶᠡᠭᠡᠯᠡ ᠲᠣᠭᠤᠵᠤ ︽ᠡᠨᠡ ᠴᠢᠨᠢ ᠶᠠᠮᠠᠷ ᠰᠠᠶᠢᠬᠠᠨ ᠲᠡᠮᠡᠭᠡᠨ ᠤ ᠳᠦᠷᠰᠦ ᠲᠠᠢ ᠴᠢᠯᠠᠭᠤ ᠪᠤᠢ᠂ ᠶᠠᠭᠠᠬᠢᠵᠤ ᠢᠩᠭᠢᠵᠦ ᠰᠠᠶᠢᠬᠠᠨ ᠪᠦᠲᠦᠭᠰᠡᠨ ᠪᠠᠶᠢᠨ᠎ᠠ︕︾ ᠬᠡᠮᠡᠨ ᠱᠠᠭᠰᠢᠷᠠᠬᠤ ᠳᠤ ᠰᠡᠴᠡᠨᠪᠠᠲᠤ ᠴᠤ ᠬᠤᠳᠠᠯᠳᠤᠵᠤ ᠠᠪᠤᠭᠰᠠᠨ ᠴᠢᠯᠠᠭᠤ ᠪᠠᠨ ᠲᠣᠭᠤᠵᠤ᠂ ︽ᠶᠡᠷᠦᠨᠢ ᠲᠤᠰᠠᠬᠠᠶᠢᠯᠠᠨ ᠲᠡᠮᠡᠭᠡᠨ ᠤ ᠬᠡᠯᠪᠡᠷᠢ ᠳᠦᠷᠰᠦ ᠲᠠᠢ ᠴᠢᠯᠠᠭᠤ ᠶᠢ ᠬᠤᠷᠢᠶᠠᠵᠤ ᠬᠠᠳᠠᠭᠠᠯᠠᠪᠠᠯ ᠶᠠᠭᠠᠬᠢᠬᠤ ᠪᠣᠯ︖︾ ᠭᠡᠰᠡᠨ ᠪᠤᠳᠤᠯ ᠣᠶᠤᠨ ᠤᠬᠠᠭᠠᠨ ᠳᠤᠨᠢ ᠴᠠᠭᠢᠯᠦᠨ ᠣᠷᠣᠯ᠎ᠠ᠃ ᠲᠡᠭᠦᠨ ᠠᠴᠠ ᠬᠤᠶᠢᠰᠢ ᠬᠠᠴᠢᠨ ᠴᠢᠯᠠᠭᠤᠨ ᠤ ᠠᠷᠠᠯᠵᠢᠶ᠎ᠠ ᠮᠠᠶᠢᠮᠠᠢ ᠬᠡᠰᠦᠬᠦ ᠳᠡᠭᠡᠨ ᠴᠢᠯᠠᠭᠤ ᠪᠣᠯᠭᠠᠨ ᠤ ᠬᠡᠯᠪᠡᠷᠢ ᠳᠦᠷᠰᠦ ᠶᠢ ᠰᠠᠶᠢᠨ ᠠᠵᠢᠵᠤ᠂ ᠲᠡᠮᠡᠭᠡᠨ ᠤ ᠬᠡᠯᠪᠡᠷᠢ ᠳᠦᠷᠰᠦ ᠲᠠᠢ ᠴᠢᠯᠠᠭᠤ ᠯᠠ ᠪᠣᠯ ᠬᠤᠷᠢᠶᠠᠵᠤ ᠬᠠᠳᠠᠭᠠᠯᠠᠭᠰᠠᠭᠠᠷ ᠡᠳᠦᠭᠡ 300 ᠭᠠᠷᠤᠢ ᠲᠡᠮᠡᠭᠡᠨ ᠤ ᠳᠦᠷᠰᠦ ᠲᠠᠢ ᠴᠢᠯᠠᠭᠤ ᠲᠠᠢ ᠪᠤᠯᠤᠬᠰᠠᠨ ᠨᠢ ᠡᠨᠡ᠃       ︽ᠮᠠᠨ ᠤ ᠠᠯᠠᠱᠠ ᠴᠢᠨᠢ ᠲᠡᠮᠡᠭᠡᠲᠦ ᠨᠤᠲᠤᠭ ᠭᠡᠰᠡᠨ ᠨᠡᠷᠡᠶᠢᠳᠦᠯ ᠲᠠᠢ᠃ ᠲᠡᠮᠡᠭᠡ ᠭᠡᠵᠦ ᠪᠠᠷᠤᠭ ᠯᠠ ᠡᠨᠡ ᠬᠤᠷᠸ᠎ᠠ ᠶᠢᠨ ᠬᠠᠮᠤᠭ ᠤᠨ ᠲᠠᠶᠢᠪᠤᠩ᠂ ᠰᠦᠷᠯᠢᠭ᠂ ᠬᠠᠮᠤᠭ ᠤᠨ ᠤᠶᠠᠨ ︿ᠰᠡᠳᠬᠢᠯ ᠲᠠᠢ﹀᠂ ᠣᠲᠣ ᠭᠥᠷᠳᠡᠯ᠎ᠡ ᠤᠯᠠᠨ ᠤᠪᠠᠳᠢᠰ ᠢᠶᠠᠨ ᠬᠠᠳᠠᠭᠠᠯᠠᠭᠰᠠᠭᠠᠷ ᠪᠠᠶᠢᠭ᠎ᠠ ᠠᠮᠢᠳᠠᠨ᠃ ᠲᠡᠶᠢᠮᠦ ᠳᠡᠭᠡᠨ ᠲᠡᠮᠡᠭᠡ ᠪᠠᠨ ᠬᠠᠶᠢᠷᠠᠯᠠᠵᠤ᠂ ᠲᠡᠮᠡᠭᠡ ᠪᠠᠨ ᠰᠢᠲᠦᠵᠦ ᠶᠠᠪᠤᠬᠤ ᠶᠣᠰᠣᠲᠠᠢ᠃ ᠤᠯᠠᠨ ᠬᠥᠮᠥᠨ ᠮᠢᠨᠤ ᠲᠡᠮᠡᠭᠡᠨ ᠤ ᠳᠦᠷᠰᠦ ᠲᠠᠢ ᠴᠢᠯᠠᠭᠤᠨ ᠳᠤ ᠥᠨᠳᠥᠷ ᠦᠨ᠎ᠡ ᠥᠭᠴᠦ ᠬᠤᠳᠠᠯᠳᠤᠨ ᠠᠪᠤᠨ᠎ᠠ ᠭᠡᠳᠡᠭ᠃ ᠮᠢᠨᠤ ᠭᠠᠷ ᠲᠤ ᠬᠠᠳᠠᠭᠠᠯᠠᠭᠳᠠᠵᠤ ᠯᠠ ᠪᠠᠶᠢᠪᠠᠯ ᠡᠨᠡ ᠴᠢᠨᠢ ᠨᠤᠲᠤᠭ ᠣᠷᠣᠨ ᠤ ᠮᠢᠨᠢ ᠲᠡᠦᠬᠡ ᠰᠣᠶᠣᠯ ᠪᠣᠯᠣᠨ᠎ᠠ ᠭᠡᠵᠦ ᠪᠤᠳᠤᠭᠠᠳ ᠲᠠᠭ ᠬᠤᠳᠠᠯᠳᠤᠳᠠᠭ ᠦᠭᠡᠢ︾ ᠭᠡᠵᠦ ᠰᠡᠴᠡᠨᠪᠠᠲᠤ ︽ᠲᠡᠮᠡᠭᠡᠳ︾  ᠢᠶᠠᠨ ᠬᠠᠷᠠᠵᠤ ᠪᠠᠶᠠᠰᠤᠨ᠎ᠠ᠃       ᠰᠡᠴᠡᠨᠪᠠᠲᠤ ᠶᠢᠨ ᠬᠤᠷᠢᠶᠠᠨ ᠬᠠᠳᠠᠭᠠᠯᠠᠭᠰᠠᠨ ︽ᠲᠡᠮᠡᠭᠡᠳ︾  ᠤᠨ ᠳᠣᠲᠣᠷ᠎ᠠ ᠭᠤᠷᠪᠠ ᠶᠢᠰᠦ ᠶᠢᠨ ᠬᠦᠢᠲᠡᠨ ᠳᠤ ᠬᠥᠬᠡᠰᠣ ᠰᠠᠪᠰᠠᠭᠤᠯᠤᠨ ᠬᠦᠷᠴᠢᠭᠢᠨᠡᠵᠦ ᠪᠠᠶᠢᠭ᠎ᠠ ᠬᠠᠪᠰᠢᠭᠰᠠᠨ ᠪᠤᠤᠷ᠎ᠠ ᠶᠢᠨ ᠬᠡᠯᠪᠡᠷᠢ ᠲᠠᠢ ᠴᠢᠯᠠᠭᠤ ᠪᠠᠶᠢᠨ᠎ᠠ᠃ ᠬᠦᠵᠦᠭᠦᠦ ᠰᠤᠩᠭᠠᠨ ᠤᠰᠤ ᠤᠤᠭᠤᠵᠤ ᠵᠣᠭᠰᠤᠭ᠎ᠠ ᠲᠡᠮᠡᠭᠡᠨ ᠤ ᠳᠦᠷᠰᠦ ᠲᠠᠢ ᠴᠢᠯᠠᠭᠤ ᠴᠤ ᠪᠤᠢ᠂ ᠪᠠᠰᠠ ᠵᠠᠷᠢᠮ ᠨᠢ ᠪᠣᠲᠣᠭᠤᠨ ᠤ ᠪᠠᠨ ᠠᠨᠢᠷ ᠲᠤ ᠭᠤᠩᠭᠠᠨᠢᠨ ᠢᠷᠡᠬᠦ ᠢᠩᠭᠡ ᠮᠡᠲᠦ᠂ ᠪᠤᠷᠠᠨᠲᠠᠭ ᠲᠠᠢ ᠨᠣᠮᠣᠬᠠᠨ ᠬᠠᠷ᠎ᠠ ᠠᠳᠠ ᠮᠡᠲᠦ᠂ ᠬᠠᠪᠤᠷ ᠴᠠᠭ ᠲᠤ ᠦᠰᠦ ᠨᠣᠣᠰᠣ ᠨᠢ ᠭᠤᠭᠤᠵᠢᠭᠰᠠᠨ ᠲᠠᠶᠢᠯᠤᠭ ᠦᠦ ᠭᠡᠮᠡᠷ ᠬᠠᠴᠢᠨ ᠰᠡᠪᠡᠭᠦᠨ ᠳᠦᠷᠰᠦ ᠲᠠᠢ᠃ ᠵᠠᠷᠢᠮ ᠴᠢᠯᠠᠭᠤ ᠶᠢ ᠨᠢ ᠲᠡᠮᠡᠭᠡ ᠲᠠᠢ ᠶᠠᠭ ᠠᠳᠠᠯᠢ ᠭᠡᠵᠦ ᠬᠡᠯᠡᠬᠦ ᠶᠢᠨ ᠠᠷᠭ᠎ᠠ ᠦᠭᠡᠢ᠂ ᠭᠡᠲᠡᠯ᠎ᠡ ᠠᠬᠢᠭᠠᠳ ᠬᠠᠷᠠᠬᠤ ᠳᠤ ᠶᠠᠭᠠᠬᠢᠬᠤ ᠶᠢᠨ ᠠᠷᠭ᠎ᠠ ᠦᠭᠡᠢ ᠲᠡᠮᠡᠭᠡᠨ ᠤ ᠳᠦᠷᠰᠦ ᠲᠠᠢ ᠤᠶᠢᠷᠠᠯᠴᠠᠭ᠎ᠠ ᠴᠢᠯᠠᠭᠤᠳ ᠪᠠᠶᠢᠯ᠎ᠠ᠃ ᠡᠲᠡᠭᠡᠷ ᠬᠠᠴᠢᠨ ᠴᠢᠯᠠᠭᠤ ᠶᠢ ᠬᠠᠷᠠᠭᠠᠳ ︽ᠶᠠᠭᠠᠬᠢᠵᠤ ᠪᠦᠲᠦᠭᠰᠡᠨ ᠪᠣᠯ︖︾ ᠬᠡᠮᠡᠨ ᠭᠠᠶᠢᠬᠠᠰᠢ ᠲᠥᠷᠥᠬᠦ ᠶᠤᠮ᠃ ᠪᠠᠶᠢᠭᠠᠯᠢ ᠳᠡᠯᠡᠬᠡᠢ ᠶᠢᠨ ᠬᠠᠴᠢᠨ ᠭᠠᠶᠢᠬᠠᠮᠰᠢᠭ ᠢ ᠦᠨᠡᠬᠡᠷ ᠭᠠᠶᠢᠬᠠᠭᠠᠳ ᠪᠠᠷᠠᠰᠢ ᠦᠭᠡᠢ᠃ ︽ᠬᠤᠷᠸ᠎ᠠ ᠬᠡᠮᠡᠭᠴᠢ ᠬᠥᠮᠥᠨ ᠲᠥᠷᠥᠯᠬᠢᠲᠡᠨ ᠤ ᠳᠡᠶᠢᠯᠵᠦ ᠮᠡᠳᠡᠭᠰᠡᠨ ᠲᠦᠮᠡᠨ ᠣᠨᠢᠰᠤᠭ᠎ᠠ᠂ ᠳᠡᠶᠢᠯᠵᠦ ᠠᠮᠵᠢᠭ᠎ᠠ ᠦᠭᠡᠢ ᠪᠤᠮᠠᠨ ᠣᠨᠢᠰᠤᠭ᠎ᠠ᠂ ᠲᠠᠭᠠᠬᠤ ᠶᠢᠨ ᠠᠷᠭ᠎ᠠ ᠦᠭᠡᠢ ᠲᠠᠷᠪᠤᠮ ᠣᠨᠢᠰᠤᠭ᠎ᠠ ᠠᠴᠠ ᠪᠦᠷᠢᠳᠦᠨᠡᠮ︾ ᠭᠡᠳᠡᠭ ᠤᠨ ᠤᠴᠢᠷ ᠲᠡᠷᠡ ᠪᠢᠵᠡ᠃       ︽ᠮᠢᠨᠤ ᠡᠲᠡᠭᠡᠷ ︿ᠲᠡᠮᠡᠭᠡ﹀ ᠴᠢᠨᠢ ᠪᠦᠷ ᠠᠯᠠᠱᠠ ᠨᠤᠲᠤᠭ ᠤᠨ ᠬᠠᠴᠢᠨ ᠴᠢᠯᠠᠭᠤ ᠰᠢᠤ᠃ ᠳᠣᠲᠣᠷ᠎ᠠ ᠨᠢ ᠴᠠᠭᠠᠨ ᠮᠠᠨᠤ᠂ ᠤᠯᠠᠭᠠᠨ ᠮᠠᠨᠤ᠂ ᠭᠤᠪᠢ ᠶᠢᠨ ᠴᠢᠯᠠᠭᠤ᠂ ᠰᠢᠷ᠎ᠠ ᠨᠣᠭᠤᠭᠠᠨ ᠬᠠᠰ ᠵᠡᠷᠭᠡ ᠤᠯᠠᠨ ᠳᠦᠷᠦᠯ ᠤᠨ ᠴᠢᠯᠠᠭᠤ ᠪᠤᠢ᠃ ᠠᠷᠪᠠᠨ ᠬᠡᠳᠦᠨ ᠵᠢᠯ ᠬᠦᠴᠦ ᠬᠥᠯᠥᠰᠦ ᠪᠠᠨ ᠵᠠᠷᠤᠴᠠᠭᠤᠯᠵᠤ ᠬᠤᠷᠢᠶᠠᠨ ᠬᠠᠳᠠᠭᠠᠯᠠᠭᠰᠠᠨ ᠪᠣᠯᠬᠤᠷ ᠡᠲᠡᠭᠡᠷ ᠴᠢᠯᠠᠭᠤᠳ ᠢᠶᠠᠨ ᠬᠠᠶᠢᠷᠠᠯᠠᠵᠤ ᠬᠠᠷᠠᠮᠨᠠᠨ᠂ ᠬᠤᠳᠠᠯᠳᠤᠵᠤ ᠵᠣᠭᠤᠰ ᠮᠥᠩᠭᠦ ᠬᠤᠪᠢᠯᠭᠠᠶ᠎ᠠ ᠭᠡᠰᠡᠨ ᠪᠤᠳᠤᠯ ᠲᠠᠭ ᠣᠷᠤᠭ᠎ᠠ ᠦᠭᠡᠢ᠃ ᠲᠡᠮᠡᠭᠡᠨ ᠳᠦᠷᠰᠦ ᠲᠠᠢ ᠴᠢᠯᠠᠭᠤᠳ ᠮᠢᠨᠢ ᠲᠡᠮᠡᠭᠡᠲᠦ ᠨᠤᠲᠤᠭ ᠲᠠᠭᠠᠨ ᠪᠠᠶᠢᠵᠤ ᠯᠠ ᠪᠠᠶᠢᠭ ᠃ ᠣᠳᠣᠬᠠᠨ ᠳᠤ ᠪᠣᠯ ᠥᠪᠡᠷ ᠤᠨ ᠳᠤᠷ᠎ᠠ ᠪᠠᠬ᠎ᠠ ᠳᠠᠭᠠᠨ ᠬᠥᠲᠥᠯᠥᠭᠳᠡᠨ ᠬᠤᠷᠢᠶᠠᠨ ᠬᠠᠳᠠᠭᠠᠯᠠᠬᠤ ᠶᠢᠨ ᠬᠠᠮᠲᠤ ᠬᠥᠮᠥᠰ ᠲᠤ ᠰᠣᠨᠢᠷᠬᠠᠭᠤᠯᠬᠤ ᠪᠤᠳᠤᠯ ᠲᠠᠢ ᠡᠨᠡ ᠠᠵᠢᠯ ᠢ ᠬᠢᠵᠦ ᠪᠠᠶᠢᠨ᠎ᠠ︾ ᠭᠡᠵᠦ ᠰᠡᠴᠡᠨᠪᠠᠲᠤ ᠶᠠᠷᠢᠯ᠎ᠠ᠃ ᠪᠠᠶᠢᠭᠠᠯᠢ ᠳᠡᠯᠡᠬᠡᠢ ᠠᠴᠠ ᠰᠣᠶᠣᠷᠬᠠᠭᠰᠠᠨ ᠬᠠᠴᠢᠨ ᠴᠢᠯᠠᠭᠤ ᠶᠢ ᠪᠠᠶᠠᠨᠬᠤᠲᠠ ᠶᠢᠨ ᠳᠠᠪᠴᠢᠭᠤᠬᠠᠨ ᠥᠷᠥᠭᠡᠨ ᠳᠡᠭᠡᠨ ᠬᠠᠳᠠᠭᠠᠯᠠᠵᠤ᠂ ᠤᠯᠠᠨ ᠬᠥᠮᠥᠰ ᠲᠤ ᠰᠣᠨᠢᠷᠬᠠᠭᠤᠯᠵᠤ ᠰᠠᠭᠤᠭ᠎ᠠ ᠰᠡᠴᠡᠨᠪᠠᠲᠤ ᠮᠠᠨᠢ ᠥᠲᠡᠯᠦᠭᠡ ᠨᠠᠰᠤᠨ ᠤ ᠠᠵᠤ ᠠᠮᠢᠳᠤᠷᠠᠯ ᠢᠶᠠᠨ ᠬᠠᠴᠢᠨ ᠴᠢᠯᠠᠭᠤ ᠪᠠᠷ ᠵᠡᠷᠭᠡᠯᠡᠵᠦ᠂ ᠬᠠᠴᠢᠨ ᠴᠢᠯᠠᠭᠤᠨ ᠠᠴᠠ ᠨᠤᠲᠤᠭ ᠣᠷᠣᠨ ᠤ ᠪᠠᠨ ᠥᠯᠢᠭᠡᠷ ᠲᠡᠦᠬᠡ᠂ ᠰᠣᠶᠣᠯ ᠠᠭᠤᠯᠬᠤᠨ ᠢ ᠠᠭᠤᠳᠠᠯᠯᠠᠵᠤ ᠰᠠᠭᠤᠭ᠎ᠠ ᠨᠢ ᠪᠢᠰᠢᠷᠡᠭᠦᠰᠢᠲᠡᠢ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ᠂ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号