ᠲᠠᠪᠤᠨ ᠲᠠᠷᠢᠶᠠᠨ ᠤ ᠪᠠᠶ᠎ᠠ ᠴᠢᠬᠢᠷᠠᠬᠵᠢᠭᠤᠯᠬᠤ ᠦᠢᠯᠡᠳᠦᠯ
ᠨᠡᠶᠢᠲᠡᠯᠡᠭᠰᠡᠨ ᠴᠠᠭ᠄
2023/12/31
     ᠨᠠᠷᠢᠮᠤ᠄  ᠠᠮᠳᠠᠳᠠᠢ ᠪᠦᠬᠡᠳ ᠰᠠᠷᠢᠬᠦᠨ ᠴᠢᠨᠠᠷᠳᠠᠢ᠂  ᠪᠠᠰᠠ ᠲᠠᠯᠢᠬᠦᠦ ᠶᠢ ᠴᠢᠬᠢᠷᠠᠬᠵᠢᠭᠤᠯᠬᠤ ᠴᠢᠬᠢᠭ ᠨᠤᠶᠢᠳᠠᠨ ᠢ  ᠠᠷᠢᠯᠭᠠᠵᠤ ᠰᠡᠳᠬᠢᠯ ᠢ ᠠᠮᠤᠷᠵᠢᠭᠤᠯᠬᠤ ᠦᠢᠯᠡᠳᠦᠯ ᠲᠠᠢ᠃     ᠡᠷᠳᠡᠨᠢ ᠰᠢᠰᠢ᠄  ᠡᠷᠳᠡᠨᠢ ᠰᠢᠰᠢ ᠪᠤᠯ ᠲᠡᠯᠡᠬᠡᠢ ᠨᠠᠶᠢᠳᠠ ᠪᠠᠷ ᠢᠶᠠᠨ ᠮᠡᠳᠡᠷᠡᠵᠤ ᠪᠦᠬᠦᠢ ᠰᠢᠵᠢᠷ ᠠᠯᠳᠠᠨ ᠲᠠᠷᠢᠮᠠᠯ ᠮᠦᠨ  ᠃  ᠰᠢᠷᠭᠡᠭᠯᠢᠭ ᠡᠳ᠋ ᠨᠢ ᠲᠤᠳᠤᠷᠭ᠎ᠠ᠂  ᠭᠤᠯᠢᠷ ᠠᠴᠠ 4 — 10 ᠲᠠᠬᠢᠨ ᠪᠦᠬᠡᠳ ᠬᠤᠳᠤᠭᠤᠳᠤ ᠬᠡᠳᠡᠰᠦᠨ  ᠤ  ᠬᠦᠳᠡᠯᠭᠡᠭᠡᠨ ᠢ  ᠲᠦᠷᠬᠡᠳᠬᠡᠨ ᠪᠦᠳᠦᠬᠦᠨ ᠬᠡᠳᠡᠰᠦᠨ ᠤ  ᠦᠮᠠᠨ ᠤ  ᠭᠧᠨ ᠢ  ᠠᠷᠢᠯᠭᠠᠵᠤ ᠰᠦᠰᠦᠨ ᠤ  ᠠᠯᠺᠤᠤᠯ ᠢ  ᠪᠠᠭᠠᠰᠬᠠᠨ ᠲᠢᠳᠢᠮ ᠯᠤᠬᠰᠢᠭᠤᠨ ᠰᠤᠳᠠᠰᠤᠨ ᠴᠢᠨᠠᠷᠳᠠᠢ ᠵᠢᠷᠦᠬᠡᠨ ᠡᠪᠡᠳᠴᠢᠨ ᠳᠤ  ᠨᠡᠷᠪᠡᠭᠳᠡᠬᠦ ᠶᠢ ᠰᠡᠷᠬᠡᠶᠢᠯᠡᠵᠤ ᠴᠢᠳᠠᠨ᠎ᠠ᠃  ᠡᠷᠳᠡᠨᠢ ᠰᠢᠰᠢ ᠪᠠᠰᠠ ᠬᠦᠮᠦᠨ ᠤ  ᠪᠠᠶ᠎ᠠ ᠳᠠᠬᠢ  ᠨᠢᠬᠡ ᠬᠡᠰᠡᠭ ᠦᠵᠦᠮ ᠤᠨ  ᠰᠢᠬᠢᠷ ᠢ  ᠰᠢᠩᠬᠡᠬᠡᠨ ᠠᠪᠳᠠᠭ ᠪᠤᠯᠬᠤᠷ ᠰᠢᠬᠢᠷ ᠰᠢᠵᠢᠩ ᠡᠪᠡᠳᠴᠢᠨ ᠢ  ᠨᠠᠮᠳᠠᠭᠤᠯᠬᠤ ᠦᠢᠯᠡᠳᠦᠯ ᠲᠠᠢ᠃     ᠠᠷᠪᠠᠢ  ᠄  ᠠᠮᠳᠠᠳᠠᠢ᠂  ᠱᠦᠯᠳᠦᠯᠢᠭ᠂  ᠰᠠᠷᠢᠬᠦᠨ ᠴᠢᠨᠠᠷᠳᠠᠢ ᠪᠠᠶᠢᠳᠠᠭ᠃  ᠬᠤᠳᠤᠭᠤᠳᠤᠨ ᠳᠤ  ᠲᠠᠭᠠᠳᠠᠢ᠂  ᠬᠡᠳᠡᠰᠦ ᠶᠢ ᠰᠢᠯᠤᠭᠤᠳᠬᠠᠵᠤ ᠰᠢᠬᠡᠯᠬᠡᠬᠦ ᠦᠢᠯᠡᠳᠦᠯ ᠲᠠᠢ ᠪᠦᠬᠡᠳ ᠵᠠᠩᠬᠢᠷᠠᠭ᠎ᠠ᠂  ᠤᠰᠤᠨ ᠬᠠᠪᠤᠡᠭ᠂  ᠬᠠᠯᠠᠭᠰᠠᠨ ᠰᠢᠷᠬ᠎ᠠ ᠵᠡᠷᠭᠡ ᠶᠢ ᠵᠠᠰᠠᠬᠤ ᠳᠤ  ᠲᠤᠰᠠᠳᠠᠢ᠃  ᠲᠠᠷᠠᠴᠢᠯᠠᠨ ᠪᠠᠰᠠ ᠰᠢᠩᠬᠡᠬᠡᠯᠳᠡ ᠶᠢ ᠰᠠᠶᠢᠵᠢᠷᠠᠭᠤᠯᠤᠨ ᠬᠡᠢ ᠶᠢ ᠲᠤᠷᠤᠬᠰᠢ ᠬᠦᠬᠡᠬᠡᠬᠦ ᠦᠢᠯᠡᠳᠦᠯ ᠲᠠᠢ ᠪᠠᠶᠢᠳᠠᠭ᠃     ᠰᠢᠷ᠎ᠠ ᠪᠤᠷᠴᠠᠭ᠄  ᠠᠮᠳᠠᠳᠠᠢ ᠪᠦᠬᠡᠳ ᠲᠠᠯᠢᠬᠦᠦ ᠶᠢ ᠰᠠᠶᠢᠵᠢᠷᠠᠭᠤᠯᠤᠨ ᠬᠠᠯᠠᠭᠤᠨ ᠢ  ᠬᠦᠬᠡᠬᠡᠵᠤ ᠴᠢᠬᠢᠭ ᠢ  ᠠᠷᠢᠯᠭᠠᠬᠤ ᠦᠢᠯᠡᠳᠦᠯ ᠲᠠᠢ᠃  ᠪᠠᠰᠠ ᠬᠡᠳᠡᠰᠦ ᠬᠦᠬᠡᠬᠡᠵᠤ ᠰᠠᠭᠤᠯᠭᠠᠬᠤ᠂  ᠵᠢᠷᠮᠦᠰᠦᠨ ᠬᠤᠭᠤᠴᠠᠭᠠᠨ ᠤ  ᠬᠤᠤᠷᠳᠠᠯ᠂  ᠶᠡᠭᠡ ᠰᠢᠷᠬᠠᠯᠠᠭ᠎ᠠ ᠶᠢᠨ ᠬᠠᠪᠤᠳᠠᠷ᠂  ᠭᠠᠳᠠᠷ ᠰᠢᠷᠬ᠎ᠠ ᠠᠴᠠ ᠴᠢᠰᠦ ᠭᠠᠷᠬᠤ ᠵᠡᠷᠭᠡ ᠶᠢ ᠵᠠᠰᠠᠬᠤ ᠳᠤ  ᠲᠤᠰᠠᠯᠠᠬᠤ ᠦᠢᠯᠡᠳᠦᠯ ᠦᠵᠡᠬᠦᠯᠳᠡᠭ᠃     ᠨᠤᠭᠤᠭᠠᠨ ᠪᠤᠷᠴᠠᠭ᠄  ᠠᠮᠳᠠᠳᠠᠢ ᠪᠦᠬᠡᠳ ᠰᠠᠷᠢᠬᠦᠨ ᠴᠢᠨᠠᠷᠳᠠᠢ᠃  ᠲᠠᠷᠠᠴᠢᠯᠠᠨ ᠬᠠᠪᠤᠳᠠᠷ ᠢ  ᠬᠦᠬᠡᠬᠡᠨ ᠬᠤᠤᠷ ᠢ  ᠲᠠᠶᠢᠯᠬᠤ ᠦᠢᠯᠡᠳᠦᠯ ᠲᠠᠢ ᠪᠠᠶᠢᠳᠠᠭ᠃     ᠤᠯᠠᠭᠠᠨ ᠪᠤᠷᠴᠠᠭ᠄ ᠦᠨᠦᠷ  ᠠᠮᠳᠠ ᠨᠢ ᠰᠠᠶᠢᠬᠠᠨ ᠪᠦᠬᠡᠳ ᠲᠠᠯᠢᠬᠦᠦ ᠶᠢ ᠰᠠᠶᠢᠵᠢᠷᠠᠭᠤᠯᠤᠨ ᠬᠠᠯᠠᠭᠤᠨ ᠢ  ᠬᠦᠬᠡᠬᠡᠵᠤ ᠬᠤᠤᠷ ᠲᠠᠶᠢᠯᠳᠠᠭ ᠢᠶᠠᠷ ᠪᠠᠷᠠᠬᠤ ᠦᠬᠡᠢ ᠪᠠᠰᠠ ᠴᠢᠰᠦ ᠶᠢ ᠵᠤᠬᠰᠤᠭᠠᠵᠤ ᠴᠠᠩᠭ᠎ᠠ ᠶᠢ ᠲᠠᠶᠢᠯᠬᠤ ᠦᠢᠯᠡᠳᠦᠯ ᠲᠠᠢ ᠪᠠᠶᠢᠳᠠᠭ᠃  ᠬᠢᠳᠡᠳ ᠡᠮᠨᠡᠯᠭᠡ ᠶᠢᠨ ᠤᠬᠠᠭᠠᠨ ᠳᠤ  ᠤᠯᠠᠭᠨ᠎ᠠ ᠪᠤᠷᠴᠠᠭ ᠢ  ᠪᠦᠬᠡᠷ᠎ᠠ ᠶᠢᠨ ᠡᠪᠡᠳᠴᠢᠨ ᠢ  ᠵᠠᠰᠠᠬᠤ ᠳᠤ  ᠬᠡᠷᠡᠭᠯᠡᠳᠡᠭ᠃  ᠲᠠᠷᠠ   ᠨᠢ ᠲᠠᠪᠤᠨ ᠴᠤᠯᠤ ᠶᠢ  ᠲᠠᠮᠢᠷᠵᠢᠭᠤᠯᠵᠤ ᠰᠤᠳᠠᠯ ᠢ  ᠵᠤᠬᠢᠴᠠᠭᠤᠯᠳᠠᠭ᠃    ᠶᠤᠤᠮᠠᠢ᠄  ᠶᠤᠤᠮᠠᠢ ᠶᠢᠨ ᠤᠭᠤᠷᠠᠭ ᠤᠨ  ᠠᠭᠤᠯᠤᠬᠳᠠᠴᠠ ᠲᠤᠳᠤᠷᠭ᠎ᠠ ᠪᠤᠯᠤᠨ ᠭᠤᠯᠢᠷ ᠤᠨ 16 — 22  ᠲᠠᠬᠢᠨ᠂  ᠦᠬᠡᠬᠦᠨ ᠤ  ᠠᠭᠤᠯᠤᠬᠳᠠᠴᠠ ᠨᠢ 2 —2.5  ᠲᠠᠬᠢᠨ ᠪᠠᠶᠢᠳᠠᠭ᠃  ᠶᠤᠤᠮᠠᠢ ᠶᠢᠨ ᠦᠬᠡᠬᠦᠯᠢᠭ ᠪᠦᠷᠢᠯᠳᠦᠬᠦᠨ ᠤ  ᠲᠤᠳᠤᠷᠡᠬᠢ ᠲᠤᠳᠠᠭᠤ ᠲᠤᠰᠤᠨ ᠬᠦᠴᠢᠯ ᠤᠨ  ᠠᠭᠤᠯᠤᠬᠳᠠᠴᠠ ᠨᠠᠯᠢᠶᠠᠳ ᠠᠷᠪᠢᠨ ᠪᠤᠯᠬᠤᠷ ᠬᠦᠮᠦᠨ ᠤ  ᠪᠠᠶ᠎ᠠ ᠳᠤ  ᠠᠮᠠᠷᠬᠠᠨ ᠰᠢᠩᠬᠡᠬᠡᠭᠳᠡᠵᠤ ᠬᠦᠮᠦᠨ ᠤ  ᠪᠠᠶ᠎ᠠ ᠶᠢᠨ ᠴᠢᠰᠦᠨ ᠳᠠᠬᠢ ᠰᠦᠰᠦᠨ ᠤ  ᠠᠯᠺᠤᠤᠯ ᠢ ᠪᠠᠭᠤᠷᠠᠭᠤᠯᠬᠤ ᠦᠢᠯᠡᠳᠦᠯ ᠲᠠᠢ ᠪᠠᠶᠢᠳᠠᠭ᠃  ᠶᠤᠤᠮᠠᠢ ᠳᠤ  ᠰᠢᠬᠢᠷ ᠤᠨ  ᠠᠭᠤᠯᠤᠬᠳᠠᠴᠠ ᠪᠠᠭ᠎ᠠ ᠪᠤᠯᠬᠤᠷ ᠰᠢᠬᠢᠷ ᠰᠢᠵᠢᠩ ᠡᠪᠡᠳᠴᠢᠳᠡᠨ  ᠤ  ᠴᠢᠬᠤᠯᠠ ᠢᠳᠡᠬᠡᠨ ᠪᠤᠯᠤᠨ᠎ᠠ᠃     ᠰᠠᠭᠠᠭ᠄  ᠰᠠᠭᠠᠭ ᠲᠤ ᠪᠤᠰᠤᠳ ᠢᠳᠡᠬᠡᠨ ᠳᠤ  ᠪᠠᠶᠢᠬᠤ ᠦᠬᠡᠢ ︽ ᠨᠠᠪᠴᠢᠨ ᠤ  ᠨᠤᠭᠤᠭᠠᠨ ᠡᠳ᠋︾  ᠪᠤᠯᠤᠨ ︽ ᠷᠦᠲ᠋ᠢᠨ︾  ᠠᠭᠤᠯᠵᠤ ᠪᠠᠶᠢᠳᠠᠭ᠃  ᠰᠠᠭᠠᠭ ᠤᠨ  ᠸᠢᠲ᠋ᠠᠮᠢᠨ B1  ᠪᠠ ᠸᠢᠲ᠋ᠠᠮᠢᠨ B2   ᠤᠨ  ᠠᠭᠤᠯᠤᠬᠳᠠᠴᠠ ᠨᠢ ᠨᠠᠷᠢᠮᠦ ᠠᠴᠠ  ᠬᠤᠶᠠᠷ ᠲᠠᠬᠢᠨ ᠢᠯᠡᠬᠦᠦ᠂  ᠨᠢᠺᠤᠲ᠋ᠢᠨ ᠬᠦᠴᠢᠯ ᠤᠨ  ᠠᠭᠤᠯᠤᠬᠳᠠᠴᠠ 3 —4  ᠲᠠᠬᠢᠨ  ᠪᠠᠶᠢᠳᠠᠭ ᠪᠤᠯᠬᠤᠷ ᠨᠢᠺᠤᠲ᠋ᠢᠨ ᠬᠦᠴᠢᠯ ᠪᠤᠯᠤᠨ ᠷᠦᠲ᠋ᠢᠨ ᠪᠤᠯ ᠴᠢᠰᠦᠨ ᠲᠠᠷᠤᠯᠳᠠ ᠦᠨᠳᠦᠷ ᠡᠪᠡᠳᠴᠢᠨ   ᠢ  ᠵᠠᠰᠠᠬᠤ ᠰᠠᠶᠢᠨ ᠡᠮ ᠪᠤᠤᠯᠨ᠎ᠠ᠃  ᠰᠠᠭᠠᠭ ᠢ  ᠦᠷᠬᠦᠯᠵᠢ ᠢᠳᠡᠪᠡᠯ ᠰᠢᠬᠢᠷ ᠰᠢᠵᠢᠩ ᠡᠪᠡᠳᠴᠢᠨ ᠢ  ᠵᠠᠰᠠᠬᠤ ᠪᠠᠷ ᠪᠠᠷᠠᠬᠤ ᠦᠬᠡᠢ ᠪᠠᠰᠠ ᠭᠠᠳᠠᠷ ᠰᠢᠷᠬ᠎ᠠ ᠰᠤᠷᠪᠢ ᠶᠢᠨ ᠬᠠᠪᠤᠳᠠᠷ ᠢ  ᠴᠤ ᠵᠠᠰᠠᠵᠤ ᠴᠢᠳᠠᠳᠠᠭ᠃                      ︵ ︽ ᠡᠷᠢᠨ ᠴᠠᠭ ᠲᠤ ᠨᠦᠯᠦᠬᠡ ᠲᠠᠢ99  ᠠᠮᠢᠳᠤᠷᠠᠯ ᠤᠨ  ᠠᠷᠭ᠎ᠠ ᠤᠬᠠᠭᠠᠨ︾  ᠨᠤᠮ  ᠠᠴᠠ  ᠠᠪᠤᠪᠠ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号