ᠠᠩᠬᠠᠷᠤᠯ ᠢᠶᠠᠨ ᠬᠠᠨᠳᠤᠭᠤᠯᠤᠮᠤ︕ ᠪᠠᠷᠠᠭᠤᠨ ᠣᠷᠣᠨ ᠤ ᠲᠥᠯᠥᠪᠯᠡᠭᠡ ᠳᠤ ᠨᠡᠷ᠎ᠡ ᠮᠡᠳᠡᠭᠦᠯᠵᠦ ᠡᠬᠢᠯᠡᠪᠡ
ᠨᠡᠶᠢᠲᠡᠯᠡᠭᠰᠡᠨ ᠴᠠᠭ᠄
2023/4/21
       2023 ᠣᠨ ᠤ ᠣᠶᠤᠲᠠᠳ ᠤᠨ ᠰᠠᠶᠢᠨ ᠳᠤᠷ᠎ᠠ ᠠᠴᠠ ᠪᠠᠨ ᠪᠠᠷᠠᠭᠤᠨ ᠣᠷᠣᠨ ᠳᠤ ᠦᠢᠯᠡᠴᠢᠯᠡᠬᠦ ᠲᠥᠯᠥᠪᠯᠡᠭᠡ ᠳᠤ ᠨᠡᠷ᠎ᠡ ᠮᠡᠳᠡᠭᠦᠯᠵᠦ ᠡᠬᠢᠯᠡᠪᠡ︕      4 ᠳ᠋ᠦ᠋ᠭᠡᠷ ᠰᠠᠷ᠎ᠠ ᠶᠢᠨ 12᠎ ᠤᠨ ᠡᠳᠦᠷ ᠠᠴᠠ ᠡᠬᠢᠯᠡᠨ 5 ᠳ᠋ᠤᠭᠠᠷ ᠰᠠᠷ᠎ᠠ ᠶᠢᠨ ᠳᠤᠮᠳᠠᠴᠢ ᠰᠡᠭᠦᠯᠴᠢ ᠪᠣᠯᠲᠠᠯ᠎ᠠ ᠪᠠᠷᠠᠭᠤᠨ ᠣᠷᠣᠨ ᠤ ᠲᠥᠯᠥᠪᠯᠡᠭᠡ ᠶᠢᠨ ᠠᠯᠪᠠᠨ ᠤ ᠰᠦᠯᠵᠢᠶ᠎ᠡ ︵http://xibu.youth.cn︶᠎ ᠪᠠᠷ ᠡᠩ ᠤᠨ ᠳᠡᠭᠡᠳᠦ ᠵᠡᠷᠭᠡ ᠶᠢᠨ ᠰᠤᠷᠭᠠᠭᠤᠯᠢ ᠶᠢᠨ ᠲᠤᠰ ᠵᠢᠯ ᠤᠨ ᠲᠡᠭᠦᠰᠦᠭᠰᠡᠳ ᠪᠤᠶᠤ ᠰᠤᠷᠭᠠᠭᠤᠯᠢ ᠳᠤ ᠰᠤᠷᠤᠯᠴᠠᠵᠤ ᠪᠠᠶᠢᠭ᠎ᠠ ᠰᠣᠳᠣᠯᠬᠤ ᠰᠤᠷᠤᠭᠴᠢᠳ ᠤᠨ ᠨᠡᠷ᠎ᠡ ᠮᠡᠳᠡᠭᠦᠯᠬᠦ ᠶᠢ ᠭᠥᠯᠢᠶᠡᠨ ᠠᠪᠴᠤ ᠪᠤᠢ       2023 ᠣᠨ ᠳᠤ ᠪᠠᠷᠠᠭᠤᠨ ᠣᠷᠣᠨ ᠤ ᠲᠥᠯᠥᠪᠯᠡᠭᠡ ᠶᠢᠨ ᠪᠥᠬᠦ ᠤᠯᠤᠰ ᠤᠨ ᠲᠥᠷᠥᠯ ᠵᠦᠢᠯ ᠤᠨ ᠬᠡᠷᠡᠭᠵᠢᠭᠦᠯᠬᠦ ᠬᠡᠪᠴᠢᠶ᠎ᠡ ᠳᠤ ᠦᠷᠭᠦᠯᠵᠢᠯᠡᠨ 2 ᠲᠦᠮᠡᠨ ᠬᠥᠮᠥᠨ᠋ ᠢ ᠪᠠᠲᠤᠯᠠᠨ᠂ ᠣᠷᠣᠨ ᠨᠤᠲᠤᠭ ᠲᠠᠬᠢ ᠲᠥᠷᠥᠯ ᠵᠦᠢᠯ ᠤᠨ ᠬᠡᠷᠡᠭᠵᠢᠭᠦᠯᠬᠦ ᠬᠡᠪᠴᠢᠶ᠎ᠡ ᠶᠢ ᠵᠢᠱᠢᠯᠲᠡ ᠪᠠᠷ 4 ᠲᠦᠮᠡᠨ ᠬᠥᠮᠥᠨ ᠠᠴᠠ ᠳᠠᠪᠠᠭᠤᠯᠵᠤ᠂ ᠬᠥᠳᠡᠭᠡ ᠲᠣᠰᠬᠤᠨ ᠤ ᠰᠤᠷᠭᠠᠨ ᠬᠥᠮᠦᠵᠢᠯ᠂ ᠬᠥᠳᠡᠭᠡ ᠲᠣᠰᠬᠤᠨ ᠤ ᠪᠦᠲᠦᠭᠡᠨ ᠪᠠᠶᠢᠭᠤᠯᠤᠯᠲᠠ ᠳᠤ ᠦᠢᠯᠡᠴᠢᠯᠡᠬᠦ᠂ ᠡᠷᠡᠭᠦᠯ ᠡᠩᠬᠡ ᠬᠥᠳᠡᠭᠡ ᠲᠣᠰᠬᠤᠨ᠂ ᠦᠨᠳᠦᠰᠦᠨ ᠱᠠᠲᠤᠨ ᠤ ᠵᠠᠯᠠᠭᠤᠴᠤᠳ ᠤᠨ ᠠᠵᠢᠯ᠂ ᠬᠥᠳᠡᠭᠡ ᠲᠣᠰᠬᠤᠨ ᠤ ᠨᠡᠶᠢᠭᠡᠮ ᠤᠨ ᠵᠠᠰᠠᠯᠲᠠ᠂ ᠰᠢᠨᠵᠢᠶᠠᠩ ᠳᠤ ᠦᠢᠯᠡᠴᠢᠯᠡᠬᠦ᠂ ᠲᠥᠪᠡᠳ ᠲᠤ ᠦᠢᠯᠡᠴᠢᠯᠡᠬᠦ ᠵᠡᠷᠭᠡ 7 ᠲᠤᠰᠬᠠᠢ ᠵᠦᠢᠯ ᠬᠤᠪᠢᠶᠠᠨ᠎ᠠ  ᠃                  ︽ᠪᠠᠷᠠᠭᠤᠨ ᠣᠷᠣᠨ ᠤ ᠲᠥᠯᠥᠪᠯᠡᠭᠡ︾᠎ ᠶᠢᠨ ᠲᠤᠬᠠᠢ ᠲᠠᠨ ᠤ ᠮᠡᠳᠡᠬᠦ ᠶᠣᠰᠣᠲᠠᠢ ᠵᠦᠢᠯᠡᠰ       ᠣᠶᠤᠲᠠᠳ ᠤᠨ ᠰᠠᠶᠢᠨ ᠳᠤᠷ᠎ᠠ ᠠᠴᠠ ᠪᠠᠨ ᠪᠠᠷᠠᠭᠤᠨ ᠣᠷᠣᠨ ᠳᠤ ᠦᠢᠯᠡᠴᠢᠯᠡᠬᠦ ᠲᠥᠯᠥᠪᠯᠡᠭᠡ ︵ᠲᠣᠪᠴᠢᠯᠠᠭᠠᠳ ᠪᠠᠷᠠᠭᠤᠨ ᠣᠷᠣᠨ ᠤ ᠲᠥᠯᠥᠪᠯᠡᠭᠡ ᠭᠡᠳᠡᠭ︶ ᠪᠣᠯ ᠲᠥᠷᠥ ᠶᠢᠨ ᠶᠠᠪᠤᠳᠠᠯ ᠤᠨ ᠬᠤᠷᠢᠶᠠᠨ ᠤ ᠪᠠᠶᠢᠩᠭᠤ ᠶᠢᠨ ᠬᠤᠷᠠᠯ ᠢᠶᠠᠷ ᠳᠠᠮᠵᠢᠨ ᠲᠣᠭᠲᠠᠭᠠᠵᠤ᠂ ᠡᠪ ᠬᠠᠮᠲᠤ ᠵᠠᠯᠠᠭᠤᠴᠤᠳ ᠤᠨ ᠡᠪᠯᠡᠯ ᠤᠨ ᠲᠥᠪ ᠬᠤᠷᠢᠶ᠎ᠠ᠂ ᠰᠤᠷᠭᠠᠨ ᠬᠥᠮᠦᠵᠢᠯ ᠤᠨ ᠶᠠᠮᠤᠨ᠂ ᠡᠳ᠋ ᠤᠨ ᠵᠠᠰᠠᠭ ᠤᠨ ᠶᠠᠮᠤᠨ᠂ ᠬᠥᠮᠥᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠶᠠᠮᠤᠨ ᠬᠠᠮᠲᠤ ᠪᠠᠷ ᠵᠣᠬᠢᠶᠠᠨ ᠪᠠᠶᠢᠭᠤᠯᠤᠨ ᠬᠡᠷᠡᠭᠵᠢᠭᠦᠯᠵᠦ ᠪᠠᠶᠢᠭ᠎ᠠ ᠴᠢᠳᠠᠪᠤᠷᠢᠲᠠᠨ ᠤ ᠲᠤᠬᠠᠢ ᠴᠢᠬᠤᠯᠠ ᠶᠡᠭᠡ ᠢᠨᠵᠧᠨᠧᠷᠢᠩ ᠮᠥᠨ       ᠲᠤᠰ ᠲᠥᠷᠥᠯ ᠵᠦᠢᠯ ᠢ 2003 ᠣᠨ ᠳᠤ ᠡᠬᠢᠯᠡᠨ ᠬᠡᠷᠡᠭᠵᠢᠭᠦᠯᠦᠭᠰᠡᠨ ᠠᠴᠠ ᠨᠠᠭᠠᠰᠢ᠂ ᠨᠢᠭᠡᠨᠲᠡ ᠨᠡᠶᠢᠲᠡ 46.5 ᠲᠦᠮᠡ ᠭᠠᠷᠤᠢ ᠶᠡᠭᠡ ᠳᠡᠭᠡᠳᠦ ᠰᠤᠷᠭᠠᠭᠤᠯᠢ ᠲᠡᠭᠦᠰᠦᠭᠰᠡᠳ ᠪᠠ ᠰᠣᠳᠣᠯᠬᠤ ᠰᠤᠷᠤᠭᠴᠢᠳ ᠢ ᠡᠯᠰᠡᠭᠡᠳ᠂ 2000 ᠭᠠᠷᠤᠢ ᠰᠢᠶᠠᠨ ︵ᠬᠤᠲᠠ᠂ ᠲᠣᠭᠤᠷᠢᠭ᠂ ᠬᠤᠰᠢᠭᠤ︶᠎ ᠤ ᠦᠨᠳᠦᠰᠦᠨ ᠱᠠᠲᠤᠨ ᠳᠤ ᠦᠢᠯᠡᠴᠢᠯᠡᠭᠦᠯᠵᠦ᠂ ᠪᠦᠬᠦ ᠨᠡᠶᠢᠭᠡᠮ ᠢᠯᠠᠩᠭᠤᠶ᠎ᠠ ᠵᠠᠯᠠᠭᠤᠴᠤᠳ ᠤᠨ ᠳᠤᠮᠳᠠ ᠪᠠᠷᠠᠭᠤᠨ ᠣᠷᠣᠨ ᠳᠤ ᠣᠴᠢᠬᠤ᠂ ᠦᠨᠳᠦᠰᠦᠨ ᠱᠠᠲᠤᠨ ᠳᠤ ᠣᠴᠢᠬᠤ᠂ ᠡᠬᠡ ᠤᠯᠤᠰ ᠪᠠ ᠠᠷᠠᠳ ᠲᠦᠮᠡᠨ ᠤ ᠬᠠᠮᠤᠭ ᠤᠨ ᠬᠡᠷᠡᠭᠴᠡᠭᠡ ᠲᠠᠢ ᠭᠠᠵᠠᠷ ᠲᠤ ᠣᠴᠢᠵᠤ ᠭᠠᠪᠢᠶ᠎ᠠ ᠪᠠᠶᠢᠭᠤᠯᠤᠨ ᠦᠢᠯᠡᠰ ᠴᠣᠭᠴᠠᠯᠠᠬᠤ ᠴᠠᠭ ᠦᠶ᠎ᠡ ᠶᠢᠨ ᠤᠷᠢᠶ᠎ᠠ ᠶᠢ ᠬᠠᠩᠭᠢᠨᠠᠭᠤᠯᠪᠠ᠃ 2023 ᠣᠨ ᠠᠴᠠ 2024 ᠣᠨ ᠳᠤ᠂ ᠲᠥᠪ ᠤᠨ ᠡᠳ᠋ ᠤᠨ ᠵᠠᠰᠠᠭ ᠠᠴᠠ ᠳᠡᠮᠵᠢᠵᠦ᠂ ᠡᠩ ᠤᠨ ᠶᠡᠭᠡ ᠳᠡᠭᠡᠳᠦ ᠰᠤᠷᠭᠠᠭᠤᠯᠢ ︵ᠰᠤᠷᠭᠠᠨ ᠬᠥᠮᠦᠵᠢᠯ ᠤᠨ ᠶᠠᠮᠤᠨ ᠤ ︽ᠪᠥᠬᠦ ᠤᠯᠤᠰ ᠤᠨ ᠡᠩ ᠤᠨ ᠶᠡᠭᠡ ᠳᠡᠭᠡᠳᠦ ᠰᠤᠷᠭᠠᠭᠤᠯᠢ ᠶᠢᠨ ᠨᠡᠷᠡᠰ︾᠎ ᠲᠤ ᠵᠢᠭᠰᠠᠭᠠᠭᠳᠠᠭᠰᠠᠨ ᠶᠡᠭᠡ ᠳᠡᠭᠡᠳᠦ ᠰᠤᠷᠭᠠᠭᠤᠯᠢ︶ ᠎ ᠨᠤᠭᠤᠳ ᠤᠨ ᠲᠤᠰ ᠵᠢᠯ ᠤᠨ ᠲᠡᠭᠦᠰᠦᠭᠰᠡᠳ ᠪᠤᠶᠤ ᠰᠤᠷᠤᠯᠴᠠᠵᠤ ᠪᠠᠶᠢᠭ᠎ᠠ ᠰᠣᠳᠣᠯᠬᠤ ᠰᠤᠷᠤᠭᠴᠢᠳ᠋᠊ ᠠᠴᠠ ᠪᠠᠷᠠᠭᠤᠨ ᠣᠷᠣᠨ ᠤ ᠲᠥᠯᠥᠪᠯᠡᠭᠡ ᠶᠢᠨ ᠪᠦᠬᠦ ᠤᠯᠤᠰ ᠤᠨ ᠲᠥᠷᠥᠯ ᠵᠦᠢᠯ ᠤᠨ 2 ᠲᠦᠮᠡᠨ ᠰᠠᠶᠢᠨ ᠳᠤᠷᠠᠴᠤᠳ᠋᠊ ᠢ ᠢᠯᠡ ᠪᠠᠷ ᠡᠯᠰᠡᠬᠦ᠂ ᠰᠠᠶᠢᠨ ᠳᠤᠷ᠎ᠠ ᠠᠴᠠ ᠪᠠᠨ ᠨᠡᠷ᠎ᠡ ᠮᠡᠳᠡᠭᠦᠯᠬᠦ᠂ ᠵᠣᠬᠢᠶᠠᠨ ᠪᠠᠶᠢᠭᠤᠯᠵᠤ ᠰᠢᠯᠢᠨ ᠰᠣᠩᠭᠤᠬᠤ᠂ ᠨᠢᠭᠡᠳᠦᠯᠲᠡᠢ ᠲᠣᠮᠢᠯᠠᠬᠤ ᠵᠡᠷᠭᠡ ᠠᠷᠭ᠎ᠠ ᠮᠠᠶ᠋ᠢᠭ ᠢᠶᠠᠷ ᠡᠯᠰᠡᠬᠦ ᠪᠠ ᠰᠢᠯᠢᠨ ᠰᠣᠩᠭᠤᠵᠤ ᠪᠠᠷᠠᠭᠤᠨ ᠣᠷᠣᠨ ᠤ ᠦᠨᠳᠦᠰᠦᠨ ᠱᠠᠲᠤᠨ ᠳᠤ ᠲᠣᠮᠢᠯᠠᠨ ᠠᠵᠢᠯᠯᠠᠭᠤᠯᠤᠨ᠎ᠠ ︵ᠨᠢᠭᠡᠨᠲᠡ ᠡᠯᠰᠡᠭᠰᠡᠨ ᠬᠤᠷᠢᠨ ᠲᠠᠪᠤᠳᠤᠭᠠᠷ ᠬᠤᠭᠤᠴᠠᠭᠠᠨ ᠤ ᠳᠤᠮᠳᠠᠳᠤ ᠤᠯᠤᠰ ᠤᠨ ᠵᠠᠯᠠᠭᠤ ᠰᠠᠶᠢᠨ ᠳᠤᠷᠠᠴᠤᠳ ᠤᠨ ᠶᠠᠳᠠᠭᠤ ᠶᠢ ᠲᠡᠳᠬᠦᠬᠦ ᠪᠤᠤᠬᠢᠶ᠎ᠠ ᠲᠥᠯᠥᠪᠯᠡᠭᠡ ᠶᠢᠨ ᠰᠣᠳᠣᠯᠬᠤ ᠰᠤᠷᠤᠭᠴᠢᠳ ᠤᠨ ᠰᠤᠷᠭᠠᠨ ᠬᠥᠮᠦᠵᠢᠯ ᠢ ᠳᠡᠮᠵᠢᠬᠦ ᠪᠦᠯᠬᠦᠮ ᠤᠨ ᠰᠠᠶᠢᠨ ᠳᠤᠷᠠᠴᠤᠳ ᠢ ᠪᠠᠭᠲᠠᠭᠠᠨ᠎ᠠ︶᠃ ᠡᠯ᠎ᠡ ᠭᠠᠵᠠᠷ ᠤᠨ ᠬᠢᠨ ᠪᠥᠬᠦ ᠤᠯᠤᠰ ᠤᠨ ᠲᠥᠷᠥᠯ ᠵᠦᠢᠯ ᠤᠨ ᠠᠵᠢᠯᠯᠠᠭᠠᠨ ᠤ ᠵᠠᠭᠪᠤᠷ ᠪᠠ ᠠᠵᠢᠯ ᠤᠨ ᠱᠠᠭᠠᠷᠳᠠᠯᠭ᠎ᠠ ᠪᠠᠷ ᠯᠠᠪᠯᠠᠯᠲᠠ ᠪᠣᠯᠭᠠᠨ᠂ ᠪᠠᠷᠠᠭᠤᠨ ᠣᠷᠣᠨ ᠤ ᠲᠥᠯᠥᠪᠯᠡᠭᠡ ᠶᠢᠨ ᠣᠷᠣᠨ ᠨᠤᠲᠤᠭ ᠲᠠᠬᠢ ᠲᠥᠷᠥᠯ ᠵᠦᠢᠯ ᠢ ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠵᠢᠱᠢᠯᠲᠡ ᠪᠠᠷ ᠬᠡᠷᠡᠭᠵᠢᠭᠦᠯᠬᠦ ᠬᠡᠪᠴᠢᠶ᠎ᠡ ᠨᠢ 4 ᠲᠦᠮᠡ ᠬᠥᠮᠥᠨ ᠠᠴᠠ ᠳᠠᠪᠠᠭᠤᠯᠬᠤ ᠪᠣᠯᠣᠨ᠎ᠠ᠃ ᠪᠠᠷᠠᠭᠤᠨ ᠣᠷᠣᠨ ᠤ ᠲᠥᠯᠥᠪᠯᠡᠭᠡ ᠶᠢᠨ ᠠᠯᠪᠠᠨ ᠤ ᠰᠦᠯᠵᠢᠶ᠎ᠡ ︵http://xibu.youth.cn︶᠎ ᠪᠠᠷ ᠪᠠᠷᠠᠭᠤᠨ ᠣᠷᠣᠨ ᠤ ᠲᠥᠯᠥᠪᠯᠡᠭᠡ ᠶᠢᠨ ᠪᠦᠬᠦ ᠤᠯᠤᠰ ᠤᠨ ᠲᠥᠷᠥᠯ ᠵᠦᠢᠯ ᠪᠠ ᠣᠷᠣᠨ ᠨᠤᠲᠤᠭ ᠲᠠᠬᠢ ᠲᠥᠷᠥᠯ ᠵᠦᠢᠯ ᠳᠤ ᠨᠡᠷ᠎ᠡ ᠮᠡᠳᠡᠭᠦᠯᠵᠦ ᠪᠣᠯᠣᠨ᠎ᠠ᠃ ᠪᠠᠷᠠᠭᠤᠨ ᠣᠷᠣᠨ ᠤ ᠲᠥᠯᠥᠪᠯᠡᠭᠡ ᠶᠢᠨ ᠦᠢᠯᠡᠴᠢᠯᠡᠭᠡᠨ ᠤ ᠠᠭᠤᠯᠭ᠎ᠠ ᠶᠢ ᠬᠥᠳᠡᠭᠡ ᠲᠣᠰᠬᠤᠨ ᠤ ᠰᠤᠷᠭᠠᠨ ᠬᠥᠮᠦᠵᠢᠯ᠂ ᠬᠥᠳᠡᠭᠡ ᠲᠣᠰᠬᠤᠨ ᠤ ᠪᠦᠲᠦᠭᠡᠨ ᠪᠠᠶᠢᠭᠤᠯᠤᠯᠲᠠ ᠳᠤ ᠦᠢᠯᠡᠴᠢᠯᠡᠬᠦ᠂ ᠡᠷᠡᠭᠦᠯ ᠡᠩᠬᠡ ᠬᠥᠳᠡᠭᠡ ᠲᠣᠰᠬᠤᠨ᠂ ᠦᠨᠳᠦᠰᠦᠨ ᠱᠠᠲᠤᠨ ᠤ ᠵᠠᠯᠠᠭᠤᠴᠤᠳ ᠤᠨ ᠠᠵᠢᠯ᠂ ᠬᠥᠳᠡᠭᠡ ᠲᠣᠰᠬᠤᠨ ᠤ ᠨᠡᠶᠢᠭᠡᠮ ᠤᠨ ᠵᠠᠰᠠᠯᠲᠠ᠂ ᠰᠢᠨᠵᠢᠶᠠᠩ ᠳᠤ ᠦᠢᠯᠡᠴᠢᠯᠡᠬᠦ᠂ ᠲᠥᠪᠡᠳ ᠲᠤ ᠦᠢᠯᠡᠴᠢᠯᠡᠬᠦ ᠭᠡᠬᠦ 7 ᠲᠤᠰᠬᠠᠢ ᠵᠦᠢᠯ ᠬᠤᠪᠢᠶᠠᠨ᠎ᠠ᠃ ᠰᠠᠶᠢᠨ ᠳᠤᠷᠠᠴᠤᠳ ᠤᠨ ᠦᠢᠯᠡᠴᠢᠯᠡᠬᠦ ᠬᠤᠭᠤᠴᠠᠭ᠎ᠠ ᠨᠢ 1᠎ ᠠᠴᠠ 3 ᠵᠢᠯ᠂ ᠦᠢᠯᠡᠴᠢᠯᠡᠭᠡᠨ ᠤ ᠭᠡᠷ᠎ᠡ ᠶᠢ ᠨᠢᠭᠡ ᠵᠢᠯ ᠢᠶᠠᠷ ᠲᠣᠭᠲᠠᠨ᠎ᠠ᠃  ︽ᠬᠡᠷᠬᠢᠨ ᠨᠡᠷ᠎ᠡ ᠮᠡᠳᠡᠭᠦᠯᠬᠦ ᠪᠣᠢ︖︾ ︽ᠨᠡᠷ᠎ᠡ ᠮᠡᠳᠡᠭᠦᠯᠬᠦ ᠳᠤ ᠶᠠᠮᠠᠷ ᠮᠠᠲ᠋ᠧᠷᠢᠶᠠᠯ ᠪᠡᠯᠡᠳᠬᠡᠬᠦ ᠴᠢᠬᠤᠯᠠ ᠲᠠᠢ ᠪᠣᠢ︾ ᠲᠦᠷᠭᠡᠨ ᠦᠵᠡᠭᠡᠷᠡᠢ            ᠨᠡᠷ᠎ᠡ ᠮᠡᠳᠡᠭᠦᠯᠬᠦ ᠦᠶᠡᠰ ᠡᠷᠡᠭᠡᠯᠵᠡᠭᠡ ᠲᠠᠢ ᠵᠦᠢᠯᠡᠰ ᠪᠠᠶᠢᠪᠠᠯ       ᠪᠠᠷᠠᠭᠤᠨ ᠣᠷᠣᠨ ᠤ ᠲᠥᠯᠥᠪᠯᠡᠭᠡ ᠶᠢᠨ ᠡᠯ᠎ᠡ ᠮᠤᠵᠢ ︵ᠣᠷᠣᠨ᠂ ᠬᠤᠲᠠ︶᠎ ᠶᠢᠨ ᠲᠥᠷᠦᠯ ᠵᠦᠢᠯ ᠤᠨ ᠠᠯᠪᠠᠨ ᠭᠡᠷ ᠠᠴᠠ ᠯᠠᠪᠯᠠᠭᠠᠷᠠᠢ      ᠪᠦᠬᠦ ᠤᠯᠤᠰ ᠤᠨ ᠲᠦᠷᠦᠯ ᠵᠦᠢᠯ ᠤᠨ ᠠᠯᠪᠠᠨ ᠭᠡᠷ ᠤᠨ ᠯᠠᠪᠯᠠᠬᠤ ᠤᠲᠠᠰᠤ ᠪᠦᠬᠦ ᠤᠯᠤᠰ ᠤᠨ ᠲᠦᠷᠦᠯ ᠵᠦᠢᠯ ᠤᠨ ᠠᠯᠪᠠᠨ ᠭᠡᠷ 010 — 85212269       ᠡᠯ᠎ᠡ ᠮᠤᠵᠢ ︵ᠣᠷᠣᠨ᠂ ᠬᠤᠲᠠ︶᠎ ᠶᠢᠨ ᠲᠥᠷᠦᠯ ᠵᠦᠢᠯ ᠤᠨ ᠠᠯᠪᠠᠨ ᠭᠡᠷ ᠤᠨ ᠯᠠᠪᠯᠠᠬᠤ ᠤᠲᠠᠰᠤ      ᠪᠡᠭᠡᠵᠢᠩ ᠤᠨ ᠲᠦᠷᠦᠯ ᠵᠦᠢᠯ ᠤᠨ ᠠᠯᠪᠠᠨ ᠭᠡᠷ 010 — 53975857      ᠲᠢᠶᠠᠨᠵᠢᠨ ᠤ ᠲᠦᠷᠦᠯ ᠵᠦᠢᠯ ᠠᠯᠪᠠᠨ ᠭᠡᠷ 022 — 28236859      ᠾᠧᠪᠧᠢ ᠶᠢᠨ ᠲᠦᠷᠦᠯ ᠵᠦᠢᠯ ᠤᠨ ᠠᠯᠪᠠᠨ ᠭᠡᠷ 0311 — 87903813      ᠱᠠᠨ ᠰᠢ ᠶᠢᠨ ᠲᠥᠷᠥᠯ ᠵᠦᠢᠯ ᠤᠨ ᠠᠯᠪᠠᠨ ᠭᠡᠷ 0351 — 12355      ᠥᠪᠥᠷ ᠮᠣᠩᠭᠤᠯ ᠤᠨ ᠲᠥᠷᠥᠯ ᠵᠦᠢᠯ ᠤᠨ ᠠᠯᠪᠠᠨ ᠭᠡᠷ 0471 — 4607245      ᠯᠢᠶᠣᠣᠨᠢᠩ ᠤᠨ ᠲᠥᠷᠥᠯ ᠵᠦᠢᠯ ᠤᠨ ᠠᠯᠪᠠᠨ ᠭᠡᠷ 024 — 22827064      ᠬᠢᠷᠢᠨ ᠤ ᠲᠥᠷᠥᠯ ᠵᠦᠢᠯ ᠤᠨ ᠠᠯᠪᠠᠨ ᠭᠡᠷ 0431 — 85876612      ᠬᠠᠷᠠᠮᠥ᠋ᠷᠡᠨ ᠤ ᠲᠥᠷᠥᠯ ᠵᠦᠢᠯ ᠤᠨ ᠠᠯᠪᠠᠨ ᠭᠡᠷ 0451 — 53620211      ᠱᠠᠩᠬᠠᠢ ᠶᠢᠨ ᠲᠥᠷᠥᠯ ᠵᠦᠢᠯ ᠤᠨ ᠠᠯᠪᠠᠨ ᠭᠡᠷ 021 — 52980326      ᠵᠢᠶᠠᠩᠰᠤ ᠶᠢᠨ ᠲᠥᠷᠥᠯ ᠵᠦᠢᠯ ᠤᠨ ᠠᠯᠪᠠᠨ ᠭᠡᠷ 025 — 86906329      ᠵᠧᠵᠢᠶᠠᠩ ᠤᠨ ᠲᠦᠷᠦᠯ ᠵᠦᠢᠯ ᠤᠨ ᠠᠯᠪᠠᠨ ᠭᠡᠷ 0571 — 85174175      ᠠᠨᠾᠦ᠋ᠢ ᠶᠢᠨ ᠲᠦᠷᠦᠯ ᠵᠦᠢᠯ ᠤᠨ ᠠᠯᠪᠠᠨ ᠭᠡᠷ 0551 — 63609725      ᠹᠦᠵᠢᠶᠠᠨ ᠤ ᠵᠦᠢᠯᠡᠰ ᠤᠨ ᠠᠯᠪᠠᠨ ᠭᠡᠷ 0591 — 87719872      ᠵᠢᠶᠠᠩᠰᠢ ᠶᠢᠨ ᠲᠥᠷᠥᠯ ᠵᠦᠢᠯ ᠤᠨ ᠠᠯᠪᠠᠨ ᠭᠡᠷ 0791 — 88910810      ᠱᠠᠨᠳᠦ᠋ᠩ ᠤᠨ ᠲᠥᠷᠥᠯ ᠵᠦᠢᠯ ᠤᠨ ᠠᠯᠪᠠᠨ ᠭᠡᠷ 0531 — 82073583      ᠾᠧᠨᠠᠨ ᠤ ᠲᠥᠷᠥᠯ ᠵᠦᠢᠯ ᠤᠨ ᠠᠯᠪᠠᠨ ᠭᠡᠷ 0371 — 65903352      ᠬᠤᠪᠧᠢ ᠶᠢᠨ ᠲᠥᠷᠥᠯ ᠵᠦᠢᠯ ᠤᠨ ᠠᠯᠪᠠᠨ ᠭᠡᠷ 027 — 87233557      ᠬᠤᠨᠠᠨ ᠤ ᠲᠥᠷᠥᠯ ᠵᠦᠢᠯ ᠤᠨ ᠠᠯᠪᠠᠨ ᠭᠡᠷ 0731 — 88776720      ᠭᠤᠸᠠᠩᠳᠦ᠋ᠩ ᠤᠨ ᠲᠥᠷᠥᠯ ᠵᠦᠢᠯ ᠤᠨ ᠠᠯᠪᠠᠨ ᠭᠡᠷ 020 — 87786223      ᠭᠤᠸᠠᠩᠰᠢ ᠶᠢᠨ ᠲᠥᠷᠥᠯ ᠵᠦᠢᠯ ᠤᠨ ᠠᠯᠪᠠᠨ ᠭᠡᠷ 0771 — 5719569      ᠬᠠᠶᠢᠨᠠᠨ ᠤ ᠲᠥᠷᠥᠯ ᠵᠦᠢᠯ ᠤᠨ ᠠᠯᠪᠠᠨ ᠭᠡᠷ 0898 — 65399100      ᠴᠦᠩᠴᠢᠩ ᠤᠨ ᠲᠥᠷᠥᠯ ᠵᠦᠢᠯ ᠤᠨ ᠠᠯᠪᠠᠨ ᠭᠡᠷ 023 — 63861259      ᠰᠧᠴᠤᠸᠠᠨ ᠤ ᠲᠥᠷᠥᠯ ᠵᠦᠢᠯ ᠤᠨ ᠠᠯᠪᠠᠨ ᠭᠡᠷ 028 — 86755167 ᠭ᠊      ‍ᠦ᠋ᠢᠵᠧᠦ ᠶᠢᠨ ᠲᠦᠷᠦᠯ ᠵᠦᠢᠯ ᠤᠨ ᠠᠯᠪᠠᠨ ᠭᠡᠷ 0851 — 86571360      ᠶᠦᠨᠨᠠᠨ ᠤ ᠲᠥᠷᠥᠯ ᠵᠦᠢᠯ ᠤᠨ ᠠᠯᠪᠠᠨ ᠭᠡᠷ 0871 — 63995453      ᠲᠥᠪᠡᠳ ᠤᠨ ᠲᠥᠷᠥᠯ ᠵᠦᠢᠯ ᠠᠯᠪᠠᠨ ᠭᠡᠷ 0891 — 6323988      ᠱᠠᠨᠰᠢ ᠶᠢᠨ ᠲᠥᠷᠥᠯ ᠵᠦᠢᠯ ᠤᠨ ᠠᠯᠪᠠᠨ ᠭᠡᠷ 029 — 88401563      ᠭᠠᠨᠰᠤ ᠶᠢᠨ ᠲᠦᠷᠦᠯ ᠵᠦᠢᠯ ᠤᠨ ᠠᠯᠪᠠᠨ ᠭᠡᠷ 0931 — 8122102      ᠬᠥᠬᠡᠨᠠᠭᠤᠷ ᠤᠨ ᠲᠥᠷᠥᠯ ᠵᠦᠢᠯ ᠤᠨ ᠠᠯᠪᠠᠨ ᠭᠡᠷ 0971 — 8220354      ᠨᠢᠩᠰᠢᠶᠠ ᠶᠢᠨ ᠲᠦᠷᠦᠯ ᠵᠦᠢᠯ ᠤᠨ ᠠᠯᠪᠠᠨ ᠭᠡᠷ 0951 — 2090251      ᠰᠢᠨᠵᠢᠶᠠᠩ ᠤᠨ ᠲᠥᠷᠥᠯ ᠵᠦᠢᠯ ᠠᠯᠪᠠᠨ ᠭᠡᠷ 0991 — 2817084      ᠪᠢᠩᠲ᠋ᠤᠸᠠᠨ ᠤ ᠲᠦᠷᠦᠯ ᠵᠦᠢᠯ ᠤᠨ ᠠᠯᠪᠠᠨ ᠭᠡᠷ 0991 — 2890582      ᠶᠡᠭᠡ ᠳᠡᠭᠡᠳᠦ ᠰᠤᠷᠭᠠᠭᠤᠯᠢ ᠶᠢᠨ ᠲᠦᠷᠦᠯ ᠵᠦᠢᠯ ᠤᠨ ᠠᠯᠪᠠᠨ ᠭᠡᠷ ᠢ ᠡᠯ᠎ᠡ ᠶᠡᠭᠡ ᠳᠡᠭᠡᠳᠦ ᠰᠤᠷᠭᠠᠭᠤᠯᠢ ᠶᠢᠨ ᠡᠪᠯᠡᠯ ᠤᠨ ᠬᠤᠷᠢᠶᠠᠨ ᠳᠤ ᠲᠣᠬᠢᠷᠠᠭᠤᠯᠪᠠ
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号