ᠵᠢᠷᠦᠬᠡᠨ ᠤ ᠰᠢᠭᠢᠳᠦᠭᠡᠰᠦ ᠤᠨ ᠡᠷᠲᠡ ᠦᠶ᠎ᠡ ᠶᠢᠨ ᠰᠢᠨᠵᠢ ᠲᠡᠮᠳᠡᠭ ᠤᠳ
ᠨᠡᠶᠢᠲᠡᠯᠡᠭᠰᠡᠨ ᠴᠠᠭ᠄
2024/10/17
                              ᠠᠯᠬᠤᠮ №1                         ᠵᠡᠭᠦᠨ ᠮᠥᠷ ᠬᠦᠨᠳᠦᠷᠡᠵᠦ ᠂ ᠬᠥᠰᠢᠨ᠎ᠡ ᠃             ᠠᠯᠬᠤᠮ №2                         ᠵᠢᠷᠦᠬᠡ ᠭᠡᠨᠡᠳᠲᠡ ᠬᠠᠳᠬᠤᠭᠤᠯᠬᠤ ᠮᠥᠨ ᠪᠠᠵᠠᠵᠤ ᠂ ᠰᠢᠬᠠᠬᠤ ᠪᠣᠯᠣᠨ ᠳᠠᠷᠤᠭᠠᠳ ᠪᠠᠶᠢᠭ᠎ᠠ ᠮᠡᠲᠦ ᠮᠡᠳᠡᠷᠡᠭᠳᠡᠬᠦ ᠃             ᠠᠯᠬᠤᠮ №3                         20 ᠳᠡᠭᠡᠭᠰᠢ ᠮᠢᠨᠦ᠋ᠲ ᠳᠡᠯᠡᠰᠬᠦ ᠃ ᠡᠨᠡ ᠨᠢ ᠵᠢᠷᠦᠬᠡ ᠠᠴᠢᠶᠠᠯᠠᠯ ᠢᠶᠠᠨ ᠳᠡᠶᠢᠯᠬᠦ ᠦᠭᠡᠢ ᠪᠠᠶᠢᠨ᠎ᠠ ᠭᠡᠰᠡᠨ ᠦᠭᠡ ᠃ ᠲᠡᠶᠢᠮᠦ ᠠᠴᠠ ᠲᠠᠶᠢᠪᠤᠰᠢᠷᠠᠭᠤᠯᠬᠤ ᠡᠮ ᠤᠤᠭᠤᠵᠤ ᠂ ᠠᠮᠠᠷᠠᠬᠤ ᠬᠡᠷᠡᠭᠲᠡᠢ ᠃ ᠮᠦᠨ ᠬᠦᠢᠲᠡᠨ ᠴᠡᠪᠡᠷ ᠤᠰᠤ ᠤᠤᠭᠤᠭᠠᠷᠠᠢ ᠃ ᠬᠡᠪᠲᠡᠬᠦ ᠳᠤ ᠪᠠᠨ ᠳᠡᠭᠡᠭᠰᠢ ᠪᠠᠨ ᠬᠠᠷᠠᠵᠤ ᠬᠡᠪᠲᠡᠭᠡᠷᠡᠢ ᠃ ᠵᠢᠷᠦᠬᠡ ᠪᠠᠨ ᠳᠠᠷᠤᠵᠤ ᠬᠡᠪᠲᠡᠬᠦ ᠨᠢ ᠠᠶᠤᠯᠲᠠᠢ ᠃             ᠠᠯᠬᠤᠮ №4                         ᠲᠡᠰᠬᠦ ᠶᠢᠨ ᠠᠷᠭ᠎ᠠ ᠦᠭᠡᠢ ᠡᠪᠡᠳᠬᠦ ᠤᠯᠠᠮ ᠢᠶᠠᠷ ᠠᠮᠢᠰᠬᠤᠯᠯᠠᠬᠤ ᠳᠤ ᠲᠦᠪᠡᠭᠲᠡᠢ ᠪᠣᠯᠬᠤ ᠃ ᠳᠠᠰᠬᠠᠯ ᠬᠥᠳᠡᠯᠭᠡᠭᠡᠨ ᠬᠢᠭᠰᠡᠨ ᠤ ᠳᠠᠷᠠᠭ᠎ᠠ ᠡᠶᠢᠨ ᠬᠦ ᠰᠢᠨᠵᠢ ᠲᠡᠮᠳᠡᠭ ᠢᠯᠡᠷᠡᠵᠦ ᠪᠠᠶᠢᠪᠠᠯ ᠲᠠ ᠵᠢᠷᠦᠬᠡᠨ ᠤ ᠰᠢᠭᠢᠳᠦᠭᠡᠰᠦ ᠪᠠᠷ ᠡᠪᠡᠳᠴᠢᠯᠡᠬᠦ ᠮᠠᠭᠠᠳᠯᠠᠯ ᠲᠠᠢ ᠪᠠᠶᠢᠨ᠎ᠠ ᠃             ᠠᠯᠬᠤᠮ №5                         ᠡᠪᠡᠳᠴᠢᠯᠡᠯᠲᠡ ᠶᠢᠨ ᠡᠰᠡᠷᠭᠦ ᠮᠠᠰᠢ ᠬᠦᠴᠦᠲᠡᠢ ᠡᠮ ᠪᠣᠯᠣᠨ ᠲᠠᠷᠢᠶᠠᠨ ᠳᠤ ᠨᠠᠮᠳᠠᠬᠤ ᠃ ᠡᠳᠡᠭᠡᠷ ᠰᠢᠨᠵᠢ ᠲᠡᠮᠳᠡᠭ ᠢᠯᠡᠷᠡᠵᠦ ᠪᠠᠶᠢᠪᠠᠯ ᠲᠠ ᠨᠡᠩ ᠶᠠᠭᠠᠷᠠᠯᠲᠠᠢ ᠮᠡᠷᠭᠡᠵᠢᠯ ᠤᠨ ᠡᠮᠴᠢ ᠳᠤ ᠦᠵᠡᠭᠦᠯᠦᠭᠡᠷᠡᠢ ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号