﹇ᠦᠷ᠎ᠡ ᠵᠢᠮᠢᠰ ᠤᠨ ᠤᠯᠠᠷᠢᠯ · ᠦᠷᠡᠵᠢᠯ ᠬᠥᠭᠵᠢᠯ ᠤᠨ ᠳᠠᠭᠤᠯᠠᠯ ﹈ 6000 ᠮᠤ᠋ ᠴᠢᠯᠢ 4200 ᠲᠦᠮᠡᠨ ᠲᠥᠭᠦᠷᠢᠭ ᠤᠨ ᠣᠷᠣᠯᠭ᠎ᠠ ᠣᠯᠣᠨ᠎ᠠ
ᠨᠡᠶᠢᠲᠡᠯᠡᠭᠰᠡᠨ ᠴᠠᠭ᠄
2024/10/17
ᠵᠣᠣ ᠢᠦᠢ ᠰᠢᠨ᠂ ᠡᠷᠳᠡᠨᠢᠬᠦᠦ
     ᠠᠯᠲᠠᠨ ᠨᠠᠮᠤᠷ ᠤᠨ ᠠᠷᠪᠠᠳᠤᠭᠠᠷ ᠰᠠᠷ᠎ᠠ ᠳᠤ ᠂ ᠤᠨᠳᠤᠷᠤᠯᠲᠤ ᠪᠠᠯᠭᠠᠰᠤᠨ ᠤ 6000 ᠮᠤ᠋ ᠤᠯᠠᠭᠠᠨ ᠴᠢᠯᠢ ᠡᠯᠪᠡᠭ ᠬᠤᠷᠢᠶᠠᠯᠲᠠ ᠣᠯᠵᠤ᠂ ᠲᠠᠷᠢᠶᠠᠯᠠᠩᠴᠢᠳ ᠴᠠᠭ ᠬᠤᠭᠤᠴᠠᠭ᠎ᠠ ᠲᠠᠢ ᠤᠷᠤᠯᠳᠤᠨ ᠤᠷᠭᠤᠴᠠ ᠪᠠᠨ ᠬᠤᠷᠢᠶᠠᠵᠤ ᠂ ᠪᠣᠷᠣᠯᠠᠭᠤᠯᠭ᠎ᠠ ᠳᠤ ᠭᠠᠷᠭᠠᠵᠤ ᠂ ᠲᠠᠷᠢᠶᠠᠯᠠᠩ ᠤᠨ ᠲᠠᠯᠠᠪᠠᠢ ᠳᠤ ᠤᠨᠠᠭᠰᠠᠨ ᠮᠠᠯᠠᠭᠠᠢ ᠪᠠᠨ ᠠᠪᠬᠤ ᠵᠠᠪ ᠦᠭᠡᠢ ᠶᠠᠭᠠᠷᠠᠯᠳᠤᠨ᠎ᠠ᠃
     ᠴᠢᠯᠢ ᠶᠢᠨ ᠲᠠᠷᠢᠶᠠᠯᠠᠯᠲᠠ ᠨᠢ ᠬᠤᠷᠳᠤᠨ ᠦᠷ᠎ᠡ ᠳ᠋ᠦᠩ ᠳᠤ ᠬᠦᠷᠭᠡᠳᠡᠭ ᠦᠷ᠎ᠡ ᠠᠰᠢᠭ ᠲᠠᠢ ᠬᠥᠳᠡᠭᠡ ᠠᠵᠤ ᠠᠬᠤᠢ ᠶᠢᠨ ᠰᠠᠯᠪᠤᠷᠢ ᠪᠥᠭᠡᠳ ᠬᠥᠳᠡᠯᠮᠦᠷᠢ ᠶᠡᠭᠡ ᠱᠠᠭᠠᠷᠳᠠᠳᠠᠭ ᠃ ᠦᠷᠡᠵᠢᠭᠦᠯᠭᠡ ᠂ ᠲᠠᠷᠢᠬᠤ ᠂ ᠠᠷᠠᠴᠢᠯᠠᠭ᠎ᠠ ᠂ ᠤᠷᠭᠤᠴᠠ ᠬᠤᠷᠢᠶᠠᠯᠲᠠ ᠭᠡᠬᠦ ᠮᠡᠲᠦ ᠪᠦᠬᠦ ᠦᠶ᠎ᠡ ᠱᠠᠲᠤᠨ ᠳᠤ ᠬᠥᠳᠡᠯᠮᠦᠷᠢ ᠬᠡᠷᠡᠭᠲᠡᠢ ᠃ ᠢᠩᠭᠢᠭᠰᠡᠨ ᠢᠶᠠᠷ ᠡᠮᠡᠭᠲᠡᠶᠢᠴᠦᠳ ᠂ ᠠᠬᠠᠮᠠᠳ ᠨᠠᠰᠤᠲᠠᠨ ᠪᠣᠯᠣᠨ ᠠᠵᠢᠯ ᠬᠢᠬᠦ ᠪᠣᠯᠣᠮᠵᠢ ᠦᠭᠡᠢ ᠪᠠᠯᠭᠠᠰᠤᠨ ᠤ ᠢᠷᠭᠡᠳ ᠠᠵᠢᠯ ᠲᠠᠢ ᠪᠣᠯᠵᠤ ᠪᠠᠶᠢᠨ᠎ᠠ ᠃ ︽ᠮᠠᠨ ᠤ ᠭᠡᠷ ᠤᠨ ᠭᠠᠵᠠᠷ ᠲᠦᠷᠢᠶᠡᠰᠦᠯᠡᠭᠳᠡᠵᠦ᠂ ᠲᠦᠷᠢᠶᠡᠰᠦ ᠶᠢᠨ ᠮᠥᠩᠭᠦ ᠣᠯᠳᠠᠭ ᠂ ᠮᠥᠨ ᠡᠳᠦᠷ ᠪᠦᠷᠢ ᠭᠡᠷ ᠤᠨ ᠢᠶᠠᠨ ᠣᠶᠢᠷᠠᠯᠴᠠᠭ᠎ᠠ ᠠᠵᠢᠯᠯᠠᠵᠤ ᠂ 200 ᠭᠠᠷᠤᠢ ᠲᠥᠭᠦᠷᠢᠭ ᠤᠨ ᠣᠷᠣᠯᠭ᠎ᠠ ᠣᠯᠳᠠᠭ ︾ ᠬᠡᠮᠡᠨ ᠨᠢᠭᠡᠨ ᠪᠠᠯᠭᠠᠰᠤᠨ ᠤ ᠢᠷᠭᠡᠨ ᠪᠠᠶᠠᠷᠲᠠᠢ ᠪᠠᠷ ᠬᠡᠯᠡᠯ᠎ᠡ ᠃
    ᠎ ︽ᠡᠨᠡ ᠵᠢᠯ ᠪᠢ 1000 ᠵᠢᠩ ᠴᠢᠯᠢ ᠲᠠᠷᠢᠶᠠᠯᠠᠬᠤ ᠦᠷ᠎ᠡ ᠶᠢ ᠰᠣᠩᠭᠤᠵᠤ ᠂ ᠣᠨ ᠤ ᠡᠬᠢ ᠪᠠᠷ ᠨᠢᠭᠡᠨ ᠺᠣᠮᠫᠠᠨᠢ ᠲᠠᠢ ᠭᠡᠷ᠎ᠡ ᠪᠠᠶᠢᠭᠤᠯᠵᠤ ᠂ ᠪᠣᠷᠣᠯᠠᠭᠤᠯᠭ᠎ᠠ ᠳᠤ ᠰᠠᠨᠠᠭ᠎ᠠ ᠵᠣᠪᠠᠭ᠋ᠤ ᠵᠦᠢᠯ ᠦᠭᠡᠢ ᠂ ᠵᠥᠪᠬᠡᠨ ᠴᠢᠯᠢ ᠶᠢᠨ ᠴᠢᠨᠠᠷ ᠂ ᠤᠷᠭᠤᠴᠠ ᠶᠢ ᠬᠠᠩᠭᠠᠬᠤ ᠯᠡ ᠬᠡᠷᠡᠭᠲᠡᠢ ᠃ ᠪᠢ 250 ᠮᠤ᠋ ᠲᠠᠯᠠᠪᠠᠢ ᠳᠤ ᠴᠢᠯᠢ ᠲᠠᠷᠢᠭᠰᠠᠨ ᠂ ᠨᠢᠭᠡ ᠮᠤ᠋ ᠨᠢ 2000 ᠺᠢᠯᠣᠭ᠍ᠷᠠᠮ ᠤᠷᠭᠤᠴᠠ ᠥᠭᠳᠡᠭ ᠂ ᠦᠨ᠎ᠡ ᠨᠢ 1.35 ᠲᠥᠭᠦᠷᠢᠭ \ ᠵᠢᠩ ᠪᠥᠭᠡᠳ ᠰᠡᠭᠦᠯ ᠤᠨ ᠦᠶ᠎ᠡ ᠳᠤ ᠦᠨ᠎ᠡ ᠥᠰᠬᠦ ᠬᠠᠨᠳᠤᠯᠭ᠎ᠠ ᠲᠠᠢ ᠪᠠᠶᠢᠨ᠎ᠠ ︾ ᠭᠡᠵᠦ ᠪᠠᠶᠠᠨᠬᠥ᠋ᠳᠡᠭᠡ ᠭᠠᠴᠠᠭᠠᠨ ᠤ ᠲᠠᠷᠢᠶᠠᠯᠠᠩᠴᠢ ᠯᠢᠦ ᠷᠦᠩ ᠰᠢᠶᠠᠨ ᠶᠠᠷᠢᠵᠠᠢ ᠃
     ᠴᠢᠯᠢ ᠶᠢᠨ ᠲᠠᠯᠠᠪᠠᠢ ᠳᠤ ᠥᠨᠳᠥᠷ ᠨᠠᠷᠢᠪᠴᠢᠯᠠᠯ ᠲᠠᠢ ᠪᠠᠶᠢᠷᠢᠰᠢᠯ ᠤᠨ ᠰᠢᠰᠲ᠋ᠧᠮ ᠢᠶᠠᠷ ᠲᠣᠨᠣᠭᠯᠠᠭᠳᠠᠭᠰᠠᠨ ᠠᠦ᠋ᠲ᠋ᠣᠮᠠᠲ ᠬᠤᠷᠢᠶᠠᠭᠴᠢ ᠮᠠᠰᠢᠨ ᠨᠤᠭᠤᠳ ᠨᠢ ᠤᠯᠠᠮᠵᠢᠯᠠᠯᠲᠤ ᠭᠠᠷ ᠠᠵᠢᠯᠯᠠᠭ᠎ᠠ ᠶᠢ ᠣᠷᠣᠯᠠᠨ ᠂ ᠴᠢᠯᠢ ᠶᠢ ᠬᠤᠷᠢᠶᠠᠬᠤ ᠂ ᠲᠡᠭᠡᠭᠡᠪᠦᠷᠢᠯᠡᠬᠦ ᠂ ᠪᠠᠭᠲᠠᠭᠠᠬᠤ ᠂ ᠡᠪᠡᠰᠦ ᠬᠠᠶᠠᠭᠳᠠᠯ ᠪᠣᠯᠪᠠᠰᠤᠷᠠᠭᠤᠯᠬᠤ ᠭᠡᠬᠦ ᠮᠡᠲᠦ ᠠᠵᠢᠯ ᠤᠳ ᠢ ᠬᠢᠵᠦ ᠭᠦᠢᠴᠡᠳᠬᠡᠳᠡᠭ ᠃ ᠡᠨᠡ ᠨᠢ ᠬᠥᠳᠡᠯᠮᠦᠷᠢ ᠶᠢ ᠶᠡᠬᠡᠬᠡᠨ ᠬᠥᠩᠭᠡᠪᠴᠢᠯᠡᠵᠦ ᠂ ᠪᠦᠲᠦᠭᠡᠮᠵᠢ ᠶᠢ ᠳᠡᠭᠡᠭᠰᠢᠯᠡᠭᠦᠯᠳᠡᠭ ᠃      ᠬᠠᠪᠰᠤᠷᠤᠯᠴᠠᠨ ᠬᠥᠭᠵᠢᠬᠦ ᠬᠤᠷᠰᠢᠶᠠᠵᠢᠯ ᠨᠢ ᠣᠶᠢᠷᠠᠯᠴᠠᠭᠠᠬᠢ ᠭᠠᠴᠠᠭ᠎ᠠ ᠠᠴᠠ ᠴᠢᠯᠢ ᠶᠢ ᠬᠤᠳᠠᠯᠳᠤᠨ ᠠᠪᠴᠤ ᠂ ᠡᠰᠡᠪᠡᠯ ᠰᠢᠨᠡᠬᠡᠨ ᠪᠠᠶᠢᠳᠠᠯ ᠢᠶᠠᠷ ᠡᠰᠡᠪᠡᠯ ᠵᠢᠩ ᠤᠨ ᠬᠡᠮᠵᠢᠶ᠎ᠡ ᠪᠠᠷ ᠰᠠᠪᠠᠯᠠᠵᠤ ᠂ ᠬᠠᠲᠠᠭᠠᠵᠤ ᠂ ᠬᠠᠭᠤᠷᠠᠢ ᠴᠢᠯᠢ ᠪᠣᠯᠭᠠᠨ ᠦᠢᠯᠡᠳᠪᠦᠷᠢᠯᠡᠵᠦ ᠂ ᠠᠩᠬᠠᠨ ᠱᠠᠲᠤᠨ ᠤ ᠪᠣᠯᠪᠠᠰᠤᠷᠠᠭᠤᠯᠤᠯᠲᠠ ᠬᠢᠳᠡᠭ ᠃ ᠡᠨᠡ ᠬᠦ ᠦᠢᠯᠡ ᠶᠠᠪᠤᠴᠠ ᠨᠢ ᠨᠡᠮᠡᠯᠲᠡ ᠠᠰᠢᠭ ᠥᠭᠴᠦ ᠂ ᠦᠢᠯᠡᠳᠪᠦᠷᠢᠯᠡᠯ ᠤᠨ ᠠᠰᠢᠭ ᠣᠷᠣᠯᠭ᠎ᠠ ᠶᠢ 30% ᠬᠦᠷᠲᠡᠯ᠎ᠡ ᠨᠡᠮᠡᠭᠳᠡᠭᠦᠯᠳᠡᠭ ᠪᠠᠶᠢᠨ᠎ᠠ ᠃
     ᠰᠡᠭᠦᠯ ᠤᠨ ᠵᠢᠯ ᠤᠳ ᠲᠤ ᠤᠨᠳᠤᠷᠤᠯᠲᠤ ᠪᠠᠯᠭᠠᠰᠤᠨ ᠤ ᠵᠠᠰᠠᠭ ᠤᠨ ᠣᠷᠳᠣᠨ ︽ᠱᠦᠵᠢ ᠶᠢᠨ ᠲᠥᠰᠥᠯ ︾ ᠬᠥᠲᠥᠯᠪᠦᠷᠢ ᠶᠢ ᠬᠡᠷᠡᠭᠵᠢᠭᠦᠯᠵᠦ ᠂ ᠬᠥᠳᠡᠭᠡ ᠠᠵᠤ ᠠᠬᠤᠢ ᠶᠢ ᠰᠡᠷᠭᠦᠭᠡᠬᠦ ᠳᠤ ᠲᠦᠯᠬᠢᠴᠡ ᠥᠭᠴᠦ ᠪᠠᠶᠢᠨ᠎ᠠ ᠃ ︽ᠭᠠᠴᠠᠭᠠᠨ ᠤ ᠵᠥᠪᠯᠡᠯ + ᠭᠡᠷ ᠪᠦᠯᠢ ᠶᠢᠨ ᠲᠠᠷᠢᠶᠠᠯᠠᠩ + ᠬᠤᠷᠰᠢᠶᠠᠵᠢᠯ ︾ ᠵᠠᠭᠪᠤᠷ ᠢ ᠬᠡᠷᠡᠭᠵᠢᠭᠦᠯᠵᠦ ᠂ ᠴᠢᠯᠢ ᠲᠡᠷᠢᠶᠠᠯᠠᠯᠲᠠ ᠶᠢ ᠰᠤᠷᠲᠠᠯᠴᠢᠯᠠᠨ ᠂ ᠣᠷᠣᠯᠭ᠎ᠠ ᠨᠡᠮᠡᠭᠳᠡᠭᠦᠯᠬᠦ ᠳᠤ ᠲᠣᠮᠣᠬᠠᠨ ᠠᠮᠵᠢᠯᠲᠠ ᠭᠠᠷᠭᠠᠵᠤ ᠪᠠᠶᠢᠨ᠎ᠠ ᠃ ᠪᠠᠶᠠᠨᠬᠥ᠋ᠳᠡᠭᠡ ᠭᠠᠴᠠᠭ᠎ᠠ ᠨᠢ ᠬᠠᠮᠲᠤ ᠶᠢᠨ ᠭᠠᠵᠠᠷ ᠨᠤᠲᠤᠭ ᠢᠶᠠᠨ ᠲᠠᠷᠢᠶᠠᠯᠠᠩᠴᠢᠳ ᠲᠤ ᠲᠦᠷᠢᠶᠡᠰᠦᠯᠡᠭᠦᠯᠦᠭᠰᠡᠨ ᠢᠶᠠᠷ ᠵᠢᠯ ᠪᠦᠷᠢ 71 ᠲᠦᠮᠡᠨ ᠲᠥᠭᠦᠷᠢᠭ ᠤᠨ ᠣᠷᠣᠯᠭ᠎ᠠ ᠣᠯᠬᠤ ᠪᠣᠯᠣᠮᠵᠢ ᠲᠠᠢ ᠪᠣᠯᠣᠭᠰᠠᠨ ᠃
     ᠤᠨᠳᠤᠷᠤᠯᠲᠤ ᠪᠠᠯᠭᠠᠰᠤᠨ ᠥᠪᠡᠷ ᠤᠨ ᠨᠥᠭᠡᠴᠡ ᠪᠣᠯᠣᠮᠵᠢ ᠪᠠᠨ ᠲᠦᠰᠢᠭᠯᠡᠨ ᠂ ᠬᠦᠨᠡᠰᠦ ᠨᠣᠭᠤᠭᠠᠨ ᠤ ᠪᠦᠲᠦᠭᠡᠭᠳᠡᠬᠦᠨ ᠤ ᠨᠡᠶᠢᠯᠡᠭᠦᠯᠦᠯᠲᠡ ᠶᠢ ᠲᠣᠭᠲᠠᠪᠤᠷᠢᠲᠠᠢ ᠪᠠᠶᠢᠯᠭᠠᠵᠤ ᠂ ᠬᠥᠳᠡᠭᠡ ᠠᠵᠤ ᠠᠬᠤᠢ ᠶᠢᠨ ᠪᠦᠲᠦᠴᠡ ᠵᠣᠬᠢᠶᠠᠨ ᠪᠠᠶᠢᠭᠤᠯᠤᠯᠲᠠ ᠶᠢ ᠰᠠᠶᠢᠵᠢᠷᠠᠭᠤᠯᠬᠤ ᠠᠵᠢᠯ ᠢ ᠬᠢᠵᠦ ᠭᠦᠢᠴᠡᠳᠬᠡᠵᠦ ᠪᠠᠶᠢᠨ᠎ᠠ ᠃ ᠡᠨᠡ ᠵᠢᠯ ᠨᠡᠶᠢᠲᠡ 6000 ᠮᠤ᠋ ᠲᠠᠯᠠᠪᠠᠢ ᠳᠤ ᠴᠢᠯᠢ ᠲᠠᠷᠢᠶᠠᠯᠠᠵᠤ ᠂ 4200 ᠲᠦᠮᠡᠨ ᠲᠥᠭᠦᠷᠢᠭ ᠤᠨ ᠣᠷᠣᠯᠭ᠎ᠠ ᠣᠯᠬᠤ ᠤᠷᠢᠳᠴᠢᠯᠠᠭᠰᠠᠨ ᠲᠣᠭᠠᠴᠠᠭ᠎ᠠ ᠲᠠᠢ ᠪᠠᠶᠢᠨ᠎ᠠ ᠃ ᠴᠢᠯᠢ ᠶᠢᠨ ᠲᠠᠷᠢᠶᠠᠯᠠᠯᠲᠠ ᠨᠢ ᠤᠨᠳᠤᠷᠤᠯᠲᠤ ᠪᠠᠯᠭᠠᠰᠤᠨ ᠤ ᠲᠠᠷᠢᠶᠠᠯᠠᠩᠴᠢᠳ ᠤᠨ ᠴᠢᠨᠡᠭᠡᠯᠢᠭᠵᠢᠬᠦ ᠭᠤᠣᠯ ᠰᠠᠯᠪᠤᠷᠢ ᠨᠤᠭᠤᠳ ᠤᠨ ᠨᠢᠭᠡ ᠪᠣᠯᠵᠤ ᠪᠠᠶᠢᠨ᠎ᠠ ᠃      ᠴᠢᠯᠢ᠄ ᠯᠠᠵᠢᠶᠣᠣ            
 
ᠢᠷᠡᠯᠲᠡ᠄ ᠤᠨᠳᠤᠷᠤᠯᠲᠤ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号