ᠭᠡᠷ ᠠᠴᠢᠬᠤ
ᠨᠡᠶᠢᠲᠡᠯᠡᠭᠰᠡᠨ ᠴᠠᠭ᠄
2024/10/17
ᠭᠠᠪᠽᠠᠩᠴᠡᠷᠡᠩ       ᠮᠣᠩᠭᠤᠯᠴᠣᠳ ᠭᠡᠷ ᠠᠴᠢᠬᠤ ᠳᠤ ᠪᠠᠨ ᠮᠠᠰᠢ ᠶᠡᠭᠡ ᠶᠤᠰᠤ ᠵᠠᠩᠰᠢᠯ ᠳᠦᠷᠢᠮ ᠭᠤᠷᠢᠮ ᠲᠠᠢ ᠪᠠᠶᠢᠳᠠᠭ᠃ ᠭᠡᠷ ᠠᠴᠢᠬᠤ ᠳᠤ ᠣᠷᠢᠳᠠᠪᠡᠷ ᠳᠣᠭᠰᠢᠨ ᠲᠡᠮᠡᠭᠡ ᠶᠢ ᠠᠴᠢᠳᠠᠭ᠂ ᠳᠣᠭᠰᠢᠨ ᠲᠡᠮᠡᠭᠡᠨ ᠳᠤ ᠭᠤᠤᠯᠳᠠᠭᠤ ᠭᠡᠷ ᠤᠨ ᠮᠣᠳᠣ ᠮᠡᠳᠤ ᠶᠢᠨ ᠭᠦᠨᠳᠦ ᠪᠦᠭᠡᠳ ᠠᠮᠠᠷᠠᠬᠠᠨ ᠡᠪᠳᠡᠷᠡᠵᠤ ᠰᠦᠢᠷᠡᠭᠦ ᠦᠭᠡᠢ ᠵᠦᠢᠯ ᠢ ᠠᠴᠢᠳᠠᠭ᠃ ᠳᠠᠷᠠᠭ᠎ᠠ ᠳᠤᠨᠢ ᠨᠣᠮᠣᠬᠠᠨ ᠲᠡᠮᠡᠭᠡᠨ ᠳᠤ ᠠᠪᠳᠠᠷ᠎ᠠ ᠬᠤᠷᠭᠤ ᠪᠣᠯᠣᠨ ᠭᠡᠷ ᠳᠣᠲᠣᠷᠠᠬᠢ ᠵᠦᠢᠯᠡᠰ ᠢᠶᠠᠨ ᠠᠴᠢᠵᠦ᠂ ᠭᠦᠨᠵᠢᠯᠡ ᠪᠣᠶᠣ ᠭᠡᠷ ᠶᠢᠨ ᠳᠡᠭᠡᠪᠦᠷ ᠢᠶᠠᠷ ᠪᠦᠷᠭᠦᠭᠡᠨ ᠳᠠᠷᠣᠭᠤᠯᠳᠠᠭ ᠪᠢᠯᠡ᠂ ᠬᠠᠮᠤᠭ ᠰᠡᠭᠦᠯ ᠳᠤ ᠰᠡᠭᠦᠯ ᠤᠨ ᠲᠡᠮᠡᠭᠡᠨ ᠠᠴᠢᠶᠠᠨ ᠭᠦᠨᠳᠦ ᠭᠡᠭᠴᠢ ᠪᠠᠷ ᠦᠯᠡᠳᠡᠭᠰᠡᠨ ᠵᠦᠢᠯ ᠢᠶᠠᠨ ᠪᠦᠭᠦᠨ ᠢ ᠠᠴᠢᠳᠠᠭ᠃ ᠶᠡᠭᠡᠩᠭᠢ ᠳᠡᠭᠡᠨ ᠨᠢᠭᠡ ᠲᠡᠮᠡᠭᠡ 250 — 300 kg ᠣᠷᠴᠢᠮ ᠤᠨ ᠠᠴᠢᠶ᠎ᠠ ᠳᠠᠭᠠᠭᠠᠳᠠᠭ᠃ ᠭᠡᠷ ᠤᠨ ᠮᠣᠳᠣ ᠶᠢ ᠠᠴᠢᠬᠤ ᠳᠠᠭᠠᠨ ᠣᠨᠢ ᠲᠡᠷᠢᠮ᠎ᠡ ᠶᠢ ᠳᠦᠷᠪᠡ ᠳᠦᠷᠪᠡᠨ ᠬᠡᠰᠡᠭ ᠪᠣᠯᠭᠠᠨ ᠪᠠᠭᠯᠠᠵᠣ ᠬᠤᠶᠠᠷ ᠲᠡᠮᠡᠭᠡᠨ ᠳᠤ ᠬᠤᠪᠢᠶᠠᠵᠣ ᠠᠴᠢᠳᠠᠭ᠃ ᠭᠡᠷ ᠠᠴᠢᠬᠤ ᠳᠠᠭᠠᠨ ᠣᠷᠢᠳᠠᠪᠡᠷ ᠲᠡᠮᠡᠭᠡᠨ ᠳᠤ ᠪᠠᠨ ᠠᠪᠳᠠᠷ᠎ᠠ ᠪᠠᠨ ᠲᠡᠩᠨᠡᠵᠣ᠂ ᠳᠡᠭᠡᠷ᠎ᠡ ᠠᠴᠠ ᠨᠢ ᠲᠡᠷᠢᠮ᠎ᠡ ᠪᠠᠨ ᠠᠴᠢᠵᠣ᠂ ᠲᠡᠷᠮ᠎ᠡ ᠳᠡᠭᠡᠷ᠎ᠡ ᠠᠴᠠ ᠪᠠᠨ ᠣᠨᠢ ᠪᠠᠨ ᠠᠴᠢᠵᠣ᠂ ᠬᠠᠮᠤᠭ ᠳᠡᠭᠡᠷ᠎ᠡ ᠠᠴᠠ ᠨᠢ ᠭᠡᠷ ᠤᠨ ᠲᠣᠭᠤᠷᠭ᠎ᠠ ᠪᠠᠷ ᠪᠦᠷᠭᠦᠭᠡᠨ ᠠᠴᠢᠶᠠᠨ ᠳᠡᠭᠡᠰᠦ ᠪᠠᠷ ᠲᠠᠲᠠᠲᠠᠭ᠃ ᠠᠴᠢᠶ᠎ᠠ ᠳᠠᠷᠠᠭᠤᠯᠬᠤ ᠪᠣᠶᠣ ᠲᠠᠳᠠᠬᠤ ᠳᠤ ᠠᠴᠢᠶᠠᠨ ᠳᠡᠭᠡᠰᠦ ᠶᠢ ᠠᠴᠢᠶᠠᠨ ᠤ ᠭᠤᠣᠯ ᠳᠣᠮᠳᠠᠭᠤᠷ ᠡᠮᠦᠨ᠎ᠡ ᠠᠴᠠ ᠨᠢ ᠬᠤᠶᠢᠰᠢ ᠬᠠᠶᠠᠵᠣ᠂ ᠬᠤᠶᠠᠷ ᠭᠦᠮᠦᠨ ᠬᠤᠶᠠᠷ ᠳᠠᠯ᠎ᠠ ᠲᠤᠨᠢ ᠭᠠᠷᠴᠣ ᠨᠢᠭᠡ  ᠨᠢ ᠡᠮᠦᠨ᠎ᠡ ᠠᠴᠠ ᠨᠢ ᠬᠤᠶᠢᠰᠢ ᠳᠠᠷᠠᠭᠤᠯᠬᠤ ᠳᠤ ᠨᠦᠭᠦᠭᠡ ᠨᠢ ᠬᠤᠶᠢᠨ᠎ᠡ ᠠᠴᠠ ᠨᠢ ᠡᠮᠦᠨᠡᠰᠢ ᠳᠠᠷᠠᠭᠤᠯᠳᠠᠭ᠃ ᠠᠴᠢᠶ᠎ᠠ ᠲᠠᠷᠠᠭᠤᠯᠠᠵᠤ ᠪᠠᠷᠠᠭᠠᠳ ᠳᠡᠭᠡᠰᠦᠨ ᠦᠵᠦᠭᠦᠷ ᠢ ᠵᠠᠩᠭᠢᠯᠠᠬᠤ ᠳᠠᠭᠠᠨ ᠳᠡᠭᠡᠰᠦᠨ ᠦᠵᠦᠭᠦᠷ ᠲᠤ ᠭᠤᠭᠴᠤᠭ᠎ᠠ ᠭᠠᠷᠭᠠᠬᠤ ᠶᠢ ᠬᠢᠴᠢᠶᠠᠨ᠎ᠠ᠃ ᠡᠭᠦᠳᠡ ᠬᠠᠷᠠᠭᠠᠴᠠ ᠠᠴᠢᠬᠤ ᠳᠠᠭᠠᠨ ᠦᠭᠡᠷ᠎ᠡ ᠨᠢᠭᠡᠨ ᠲᠡᠮᠡᠭᠡᠨ ᠳᠤ ᠵᠣᠤᠬ᠎ᠠ ᠪᠣᠯᠣᠨ ᠭᠤᠮᠪᠣᠭ ᠢᠶᠠᠨ ᠲᠡᠩᠨᠡᠵᠣ ᠳᠡᠭᠡᠷ᠎ᠡ ᠠᠴᠠ ᠨᠢ ᠦᠯᠡᠳᠡᠭᠰᠡᠨ ᠣᠨᠢ ᠲᠡᠷᠮ᠎ᠡ ᠪᠠᠨ ᠠᠴᠢᠵᠣ ᠭᠡᠷ ᠤᠨ ᠳᠡᠭᠡᠪᠦᠷ ᠢᠶᠠᠷ ᠪᠦᠷᠭᠦᠭᠡᠨ ᠡᠭᠦᠳᠡ ᠪᠠᠨ ᠲᠡᠭᠡᠭᠰᠢ ᠬᠠᠨᠳᠦᠭᠤᠯᠤᠨ ᠠᠴᠢᠵᠣ᠂ ᠬᠠᠮᠤᠭ ᠳᠡᠭᠡᠷ᠎ᠡ ᠠᠴᠠ ᠨᠢ ᠬᠠᠷᠠᠭᠠᠴᠠ  ᠪᠠᠨ ᠠᠴᠢᠳᠠᠭ᠃ ᠠᠴᠢᠶ᠎ᠠ ᠲᠠᠲᠠᠬᠤ ᠳᠤ ᠬᠡᠳᠦᠨ ᠵᠦᠢᠯ ᠢ ᠠᠩᠬᠠᠷᠬᠤ ᠴᠢᠬᠤᠯᠡᠲᠠᠢ᠃ ᠡᠭᠦᠨ ᠳᠤ ᠠᠴᠢᠶ᠎ᠠ ᠲᠠᠲᠠᠬᠤ  ᠳᠤ ᠳᠡᠭᠡᠰᠦᠨ ᠤ ᠳᠡᠭᠡᠭᠦᠷ ᠳᠣᠤᠭᠤᠷ᠂ ᠵᠦᠪ ᠪᠣᠷᠣᠭᠤ ᠲᠠᠲᠠᠬᠤ ᠶᠢ ᠠᠩᠬᠠᠷᠬᠤ ᠴᠢᠬᠤᠯᠡᠲᠠᠢ︔ ᠠᠴᠢᠶᠠᠨ ᠳᠡᠭᠡᠰᠦᠨ ᠤ ᠴᠢᠩᠭ᠎ᠠ ᠰᠤᠯᠠ ᠲᠠᠲᠠᠬᠤ ᠶᠢ ᠠᠩᠬᠠᠷᠬᠤ ᠴᠢᠬᠤᠯᠡᠲᠠᠢ ᠪᠠᠶᠢᠳᠠᠭ︔ ᠳᠡᠭᠡᠰᠦ ᠰᠢᠳᠡᠮᠡᠰᠦᠨ ᠤ ᠦᠵᠦᠭᠦᠷ ᠣᠨᠵᠢᠢᠵᠤ ᠲᠡᠮᠡᠭᠡᠨ ᠬᠦᠯ ᠳᠤ ᠤᠷᠢᠶᠠᠯᠳᠣᠵᠣ ᠲᠡᠮᠡᠭᠡ ᠭᠦᠭᠯᠡᠬᠦ ᠶᠢ ᠠᠩᠬᠠᠷᠬᠤ ᠴᠢᠬᠤᠯᠡᠲᠠᠢ᠃        
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号