ᠨᠣᠬᠠᠢ ᠶᠢᠨ ᠮᠢᠬᠠᠨ ᠤ ᠰᠢᠮ᠎ᠡ ᠲᠡᠵᠢᠭᠡᠯ
ᠨᠡᠶᠢᠲᠡᠯᠡᠭᠰᠡᠨ ᠴᠠᠭ᠄
2024/10/22
      ᠨᠣᠬᠠᠢ ᠶᠢᠨ ᠮᠢᠬ᠎ᠠ᠂ ᠪᠦᠯᠢᠶᠡᠨ ᠳᠤᠯᠠᠭᠠᠨ ᠱᠣᠷᠪᠣᠭ ᠠᠮᠲᠠᠨ ᠳᠤᠨᠢ ᠤᠭᠤᠷᠠᠭ᠂ ᠥᠭᠡᠬᠦ᠂ ᠪᠤᠯᠴᠢᠩ ᠤᠨ ᠬᠦᠴᠢᠯ᠂ ᠫᠦᠷᠢᠨ ᠤ ᠲᠥᠷᠥᠯ᠂ ᠺᠠᠯᠢ᠂ ᠨᠠᠲᠷᠢ᠂ ᠾᠯᠣᠷ ᠵᠡᠷᠭᠡ ᠠᠭᠤᠯᠠᠳᠠᠭ᠃ ᠲᠡᠭᠦᠨ ᠤ ᠴᠢᠳᠠᠪᠬᠢ ᠨᠢ 5 ᠴᠤᠯᠤ᠂ ᠳᠡᠯᠢᠭᠦᠦ ᠶᠢ ᠨᠥᠬᠦᠵᠦ ᠬᠡᠢ ᠶᠢ ᠰᠠᠶᠢᠵᠢᠷᠠᠭᠤᠯᠬᠤ᠂ ᠪᠥᠭᠡᠷᠡᠨ ᠤ ᠠᠵᠢᠯᠯᠠᠭ᠎ᠠ ᠶᠢ ᠰᠠᠶᠢᠵᠢᠷᠠᠭᠤᠯᠵᠤ᠂ ᠳᠡᠯᠢᠭᠦᠦ ᠪᠥᠭᠡᠷᠡᠨ ᠤ ᠡᠪᠡᠳᠴᠢᠲᠡᠢ᠂ ᠴᠡᠭᠡᠵᠢ ᠬᠡᠪᠡᠯᠢ ᠳᠦᠭᠦᠷᠡᠩ᠂ ᠲᠣᠮᠣᠷᠠᠬᠤ᠂ ᠬᠠᠪᠤᠳᠬᠤ᠂ ᠪᠡᠶ᠎ᠡ ᠮᠠᠭᠤᠳᠠᠬᠤ᠂ ᠨᠢᠷᠤᠭᠤ ᠡᠪᠡᠳᠬᠦ᠂ ᠬᠥᠯ ᠬᠦᠷᠬᠦ ᠵᠡᠷᠭᠡ ᠡᠪᠡᠳᠴᠢᠨ ᠢ ᠠᠨᠠᠭᠠᠬᠤ ᠳᠤ ᠪᠦᠷ ᠠᠰᠢᠭᠲᠠᠢ ᠪᠠᠶᠢᠳᠠᠭ᠃ ᠨᠣᠬᠠᠢ ᠶᠢᠨ ᠮᠢᠬᠠᠨ ᠤ ᠴᠢᠨᠠᠷ ᠲᠠᠢ ᠳᠤᠯᠠᠭᠠᠨ᠂ ᠢᠳᠡᠬᠦ ᠨᠢ ᠬᠠᠯᠠᠭᠤᠳᠠᠬᠤ᠂ ᠭᠠᠯ ᠬᠥᠳᠡᠯᠬᠦ᠂ ᠵᠢᠴᠢ ᠢᠳᠡᠷ ᠴᠢᠭᠢᠷᠠᠭ ᠪᠠᠶᠢᠳᠠᠭ᠂ ᠡᠶᠢᠮᠦ ᠠᠴᠠ ᠢᠳᠡᠷ ᠵᠠᠯᠠᠭᠤ ᠨᠠᠰᠤᠨ ᠤ ᠦᠶ᠎ᠡ᠂ ᠬᠠᠯᠠᠭᠤᠨ ᠡᠪᠡᠳᠴᠢᠨ ᠤ ᠰᠡᠷᠭᠦᠯᠲᠡ ᠶᠢᠨ ᠬᠤᠭᠤᠴᠠᠭ᠎ᠠ᠂ ᠡᠯ᠎ᠡ ᠵᠦᠢᠯ ᠤᠨ ᠴᠢᠰᠤ ᠭᠠᠷᠬᠤ ᠡᠪᠡᠳᠴᠢᠲᠡᠨ ᠵᠢᠴᠢ ᠡᠯ᠎ᠡ ᠵᠦᠢᠯ ᠤᠨ ᠲᠦᠷᠭᠡᠨ ᠴᠢᠨᠠᠷ ᠲᠠᠢ ᠦᠷᠪᠢᠰᠦᠯ᠂ ᠨᠠᠮᠤᠰᠦ᠂ ᠪᠢᠯᠢᠭ ᠤᠭᠤᠲᠠᠨ ᠳᠤᠨᠢ ᠬᠠᠯᠠᠭᠤᠨ ᠣᠷᠣᠭᠰᠠᠳ ᠵᠢᠴᠢ ᠭᠡᠭᠡᠯ ᠲᠠᠢ ᠬᠤᠭᠤᠴᠠᠭᠠᠨ ᠳᠤ ᠴᠥᠮ ᠴᠡᠭᠡᠷᠯᠡᠬᠦ ᠬᠡᠷᠡᠭᠲᠡᠢ᠃ ᠨᠣᠬᠠᠢ ᠶᠢᠨ ᠮᠢᠬ᠎ᠠ ᠰᠠᠷᠢᠮᠰᠠᠭ᠂ ᠴᠠᠢ ᠴᠡᠭᠡᠷᠯᠡᠬᠦ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号